lt
ᠰᠣᠨᠢᠨ ᠮᠡᠳᠡᠭᠡ
ᠪᠦᠬᠦ ᠣᠷᠤᠨ ᠤ ᠮᠣᠩᠭᠤᠯ ᠢᠶᠠᠷ ᠬᠢᠴᠢᠶᠡᠯᠯᠡᠬᠦ ᠬᠡᠯᠡ ᠪᠢᠴᠢᠭ᠌ ᠦᠨ ᠪᠠᠭᠰᠢ
2016.09.14 ᠲᠣᠰ ᠥᠷᠲᠡᠭᠡᠨ ᠦ ᠨᠠᠢᠷᠠᠭᠤᠯᠤᠭᠴᠢ

ᠨᠤᠷᠪᠦᠪᠠᠽᠠᠷ
ᠮᠣᠩᠭᠤᠯᠴᠤᠳ ᠲᠦ ᠮᠤᠩ ᠦᠭᠡᠢ ᠤᠯᠠᠨ ᠰᠠᠢᠨ ᠰᠠᠢᠬᠠᠨ ᠵᠠᠩ ᠦᠢᠯᠡ ᠲᠠᠢ ᠃ ᠦᠷ᠎ᠡ ᠬᠡᠦᠬᠡᠳ ᠢᠶᠠᠨ ᠥᠰᠪᠦᠷᠢ ᠪᠠᠭ᠎ᠠ ᠡᠴᠡ ᠨᠢ ᠡᠭᠦᠨ ᠢᠶᠠᠷ ᠢᠶᠠᠨ ᠭᠠᠷᠳᠠᠨ ᠬᠥᠮᠦᠵᠢᠭᠦᠯᠵᠦ ᠦᠶ᠎ᠡ ᠵᠠᠯᠭᠠᠨ ᠤᠯᠠᠮᠵᠢᠯᠠᠭᠰᠠᠭᠠᠷ ᠥᠨᠦᠳᠦᠷ ᠲᠦ ᠬᠦᠷᠤᠯ᠎ᠡ ᠃ ᠡᠭᠦᠨ ᠤ ᠳᠣᠲᠤᠷ᠎ᠠ ᠡᠴᠡ ᠠᠬᠠᠰ ᠵᠠᠬᠠᠰ ᠢᠶᠠᠨ ᠬᠦᠨᠳᠦᠯᠡᠬᠦ ᠪᠣᠯᠪᠠᠰᠤᠨ ᠮᠤᠷᠠᠯ ᠢ ᠬᠣᠲᠠᠯᠠ ᠳᠠᠶᠠᠭᠠᠷ ᠲᠦ ᠲᠡᠯᠭᠡᠷᠠᠭᠦᠯᠤᠨ ᠬᠣᠵᠢᠮ ᠬᠣᠢᠰᠢᠳᠠ ᠪᠠᠷᠢᠮᠲᠠᠯᠠᠬᠤ ᠴᠢᠬᠤᠯᠠ ᠲᠠᠢ ᠪᠠᠢᠨ᠎ᠠ ᠃

ᠥᠪᠡᠷ ᠤᠨ ᠲᠥᠷᠦᠯ ᠲᠦᠷᠤᠭᠰᠡᠳ ᠠᠬᠠᠰ ᠵᠠᠬᠠᠰ ᠢ ᠨᠡᠷ᠎ᠡ ᠪᠡᠷ ᠨᠢ ᠲᠠᠭᠤᠳᠠᠭᠤᠯᠳᠠᠭ ᠦᠭᠡᠢ ᠮᠥᠷᠲᠡᠭᠡᠨ ᠠᠢᠯ ᠠᠢᠮᠠᠭ ᠤᠨ ᠠᠬᠠᠰ ᠵᠠᠬᠠᠰ ᠤᠨ ᠨᠡᠷ᠎ᠡ ᠶᠢ ᠴᠦ ᠴᠡᠭᠡᠷᠯᠡᠭᠦᠯᠳᠡᠭ ᠃ ᠦᠶ᠎ᠡ ᠵᠡᠷᠭᠡ ᠨᠢ ᠥᠪᠡᠷ ᠤᠨ ᠠᠬᠠᠮᠠᠳ ᠲᠠᠢ ᠨᠢ ᠶᠠᠭᠠᠬᠢᠵᠤ ᠵᠤᠬᠢᠴᠠᠯᠳᠤᠳᠠᠭ ᠪᠣᠯ ᠲᠡᠭᠡᠵᠦ ᠳᠠᠭᠤᠳᠠᠳᠠᠭ ᠃ ᠵᠢᠱᠢᠶᠡᠯᠡᠪᠡᠯ ᠡᠪᠦᠭᠡ ᠡᠮᠡᠭᠡ ᠲᠠᠢ ᠨᠢ ᠦᠶ᠎ᠡ ᠨᠢᠭᠡ ᠪᠣᠯ ᠡᠪᠦᠭᠡ ᠡᠮᠡᠭᠡ ᠭᠡᠵᠦ ᠂ ᠠᠬ᠎ᠠ ᠡᠭᠡᠴᠢ ᠲᠠᠢ ᠨᠢ ᠠᠰᠯᠠᠳᠠᠭ ᠪᠣᠯ ᠠᠬ᠎ᠠ ᠡᠭᠡᠴᠢ ᠭᠡᠵᠦ ᠂ ᠡᠰᠡᠬᠦᠯ᠎ᠡ ᠰᠠᠭᠤᠴᠠ ᠪᠠᠢᠷᠢᠰᠢᠯ ᠂ ᠪᠡᠶ᠎ᠡ ᠪᠢᠯᠳᠠᠷ ᠂ ᠲᠥᠷᠦᠭᠰᠡᠨ ᠰᠢᠨᠵᠢ ᠲᠥᠯᠦᠪ ᠢᠶᠠᠷ ᠨᠢ ᠪᠠᠷᠠᠭᠤᠨ ᠠᠢᠯ ᠤᠨ ᠡᠪᠦᠭᠡ ᠂ ᠥᠨᠳᠦᠷ ᠡᠵᠢ ᠂ ᠰᠠᠢᠬᠠᠨ ᠠᠭ᠎ᠠ ︵ ᠡᠭᠡᠴᠢ ︶ ᠭᠡᠬᠦ ᠮᠡᠲᠦ ᠪᠡᠷ ᠬᠦᠨᠳᠤᠯᠡᠨ ᠳᠠᠭᠤᠳᠠᠳᠠᠭ ᠃ ᠠᠬᠠᠰ ᠵᠠᠬᠠᠰ ᠲᠠᠢ ᠵᠠᠮ ᠮᠥᠷ ᠂ ᠬᠤᠷᠢᠮ ᠨᠠᠢᠷ ᠂ ᠬᠤᠷᠠᠯ ᠴᠤᠭᠯᠠᠭ᠎ᠠ ᠳᠡᠭᠡᠷ᠎ᠡ ᠤᠴᠠᠷᠠᠪᠠᠯ ᠤᠨᠤᠭ᠎ᠠ ᠬᠥᠰᠭᠡ ᠲᠠᠢ ᠪᠣᠯ ᠤᠷᠢᠳᠠᠪᠠᠷ ᠪᠠᠭᠤᠵᠤ ᠂ ᠮᠠᠯᠠᠭᠠᠢ ᠪᠦᠰᠡ ᠪᠡᠨ ᠲᠡᠭᠰᠢᠯᠡᠨ ᠭᠠᠷ ᠲᠠᠯᠪᠢᠵᠤ ᠲᠥᠪ ᠶᠣᠰᠤᠷᠬᠠᠭ ᠡᠶᠡᠯᠳᠡᠭ ᠳᠠᠷᠤᠤ ᠪᠡᠷ ᠠᠮᠤᠷ ᠮᠡᠨᠳᠦ ᠠᠰᠠᠭᠤᠨ ᠮᠡᠨᠳᠤᠴᠢᠯᠡᠳᠡᠭ ᠃ ᠭᠡᠷ ᠲᠦ ᠣᠷᠤᠬᠤ ᠂ ᠲᠡᠷᠭᠡᠨ ᠳᠤ ᠭᠠᠷᠬᠤ ᠳᠤ ᠠᠬᠠᠮᠠᠳ ᠲᠦ ᠨᠠᠢᠷ ᠲᠠᠯᠪᠢᠨ ᠂ ᠳᠡᠭᠡᠷ᠎ᠡ ᠰᠠᠭᠤᠳᠠᠯ ᠳᠤ ᠰᠠᠭᠤᠳᠠᠭ ᠦᠭᠡᠢ ᠃ ᠭᠡᠷ ᠲᠦ ᠭᠡᠢᠴᠢᠨ ᠤ ᠡᠮᠤᠨᠡᠭᠦᠷ ᠵᠤᠷᠴᠢᠯᠳᠤᠬᠤ ᠂ ᠬᠣᠭᠤᠯᠠ ᠴᠠᠢ ᠶᠢ ᠥᠷᠦᠭᠡᠰᠦᠨ ᠭᠠᠷ ᠢᠶᠠᠷ ᠪᠤᠶᠤ ᠪᠤᠷᠤᠭᠤ ᠭᠠᠷ ᠢᠶᠠᠷ ᠥᠭᠬᠦ ᠂ ᠬᠣᠭ ᠲᠣᠭᠤᠰᠤ ᠪᠤᠵᠢᠭᠢᠨᠠᠭᠤᠯᠵᠦ ᠂ ᠲᠣᠭᠤᠭ᠎ᠠ ᠰᠢᠨᠠᠭ᠎ᠠ ᠬᠠᠷᠰᠢᠭᠤᠯᠬᠤ ᠂ ᠬᠠᠮᠢᠶ᠎ᠠ ᠬᠠᠢᠳᠠᠭ ᠦᠭᠡᠢ ᠮᠠᠷᠰᠠᠭᠠᠨᠠᠨ ᠢᠨᠢᠶᠡᠬᠦ ᠪᠤᠶᠤ ᠪᠤᠰᠤᠳ ᠤᠨ ᠦᠭᠡ ᠵᠣᠭᠤᠭ ᠢ ᠲᠠᠰᠤᠯᠬᠤ ᠂ ᠡᠰᠡᠬᠦᠯ᠎ᠡ ᠮᠡᠳᠡᠮᠡᠬᠡᠢᠷᠡᠨ ᠮᠡᠷᠭᠡᠯᠡᠬᠦ ᠵᠡᠷᠭᠡ ᠶᠢ ᠴᠦ ᠲᠠᠰᠤ ᠴᠠᠭᠡᠷᠯᠡᠭᠦᠯᠳᠡᠭ ᠃ ᠲᠡᠷᠡᠴᠢᠯᠡᠨ ᠵᠥᠪᠰᠢᠶᠡᠷᠡᠯ ᠠᠪᠬᠤ ᠦᠭᠡᠢ ᠪᠡᠷ ᠠᠬᠠᠰ ᠵᠠᠬᠠᠰ ᠲᠠᠢ ᠪᠡᠨ ᠠᠷᠢᠬᠢᠳᠠᠵᠦ ᠲᠠᠮᠠᠭᠢᠯᠴᠠᠵᠦ ᠪᠣᠯᠳᠠᠭ ᠦᠭᠡᠢ ᠃ ᠬᠡᠨ ᠴᠦ ᠪᠣᠯᠤᠭ ᠮᠠᠯᠠᠭᠠᠢ ᠪᠡᠨ ᠬᠠᠵᠠᠭᠠᠢ ᠲᠠᠯᠪᠢᠵᠤ ᠂ ᠡᠩᠭᠡᠷ ᠵᠠᠭᠠᠮ᠎ᠠ ᠪᠡᠨ ᠡᠩᠭᠡᠳᠡᠵᠦ ᠂ ᠬᠣᠷᠮᠤᠢ ᠪᠦᠰᠡ ᠪᠡᠨ ᠴᠢᠷᠴᠦ ᠪᠣᠯᠳᠠᠭ ᠦᠭᠡᠢ ᠪᠥᠭᠡᠳ ᠰᠣᠬᠤᠷ ᠳᠣᠭᠤᠯᠠᠩ ᠲᠦᠯᠠᠢ ᠶᠠᠪᠠ ᠵᠡᠷᠭᠡ ᠡᠷᠬᠡᠲᠡᠨ ᠵᠡᠮᠳᠡᠭ ᠬᠥᠮᠦᠨ ᠢ ᠱᠣᠭᠯᠠᠨ ᠳᠠᠭᠤᠷᠢᠶᠠᠬᠤ ᠪᠤᠶᠤ ᠮᠠᠭᠤᠴᠢᠯᠠᠨ ᠭᠤᠳᠠᠭᠠᠬᠤ ᠶᠢ ᠶᠡᠬᠡᠪᠡᠷ ᠴᠡᠭᠡᠷᠯᠡᠳᠡᠭ ᠃ ᠡᠢᠮᠤᠷᠬᠦᠦ ᠪᠣᠯᠪᠠᠰᠤᠨ ᠰᠤᠷᠲᠠᠯ ᠦᠭᠡᠢ ᠬᠥᠮᠦᠨ ᠶᠢ ︽ ᠲᠣᠯᠤᠭᠠᠢ ᠲᠦᠷᠤᠭᠦᠦ ᠦᠭᠡᠢ ᠂ ᠲᠣᠮᠤᠭ᠎ᠠ ᠤᠬᠠᠭ᠎ᠠ ᠦᠭᠡᠢ ︾ ᠭᠡᠵᠦ ᠵᠢᠮᠡᠯᠡᠨ ᠪᠤᠷᠤᠭᠤᠰᠢᠶᠠᠳᠠᠭ ᠃

ᠲᠡᠭᠡᠭᠡᠭᠰᠡᠨ ᠢᠶᠠᠷ ᠢᠶᠠᠨ ᠮᠣᠩᠭᠤᠯ ᠣᠷᠤᠨ ᠨᠢ ᠠᠬᠠᠮᠠᠳ ᠨᠠᠰᠤᠲᠠᠨ ᠢᠶᠠᠨ ᠬᠦᠨᠳᠤᠯᠡᠨ ᠠᠴᠢᠯᠠᠵᠤ ᠂ ᠠᠩᠭ᠎ᠠ ᠨᠢᠯᠬᠠᠰ ᠢᠶᠠᠨ ᠠᠰᠠᠷᠠᠨ ᠲᠤᠳᠤᠮᠳᠠᠵᠦ ᠂ ᠳᠥᠷᠪᠡᠨ ᠦᠶ᠎ᠡ ᠪᠡᠷ ᠢᠶᠠᠨ ᠴᠤᠭ ᠠᠮᠢᠳᠤᠷᠠᠵᠤ ᠪᠠᠢᠬᠤ ᠂ ᠠᠢᠯ ᠠᠢᠮᠠᠭ ᠢᠶᠠᠷ ᠢᠶᠠᠨ ᠡᠶ᠎ᠡ ᠨᠠᠢᠷᠲᠠᠢ ᠠᠵᠤ ᠲᠦᠷᠤᠵᠦ ᠪᠠᠢᠭ᠎ᠠ ᠡᠷᠦᠬᠡ ᠴᠥᠭᠡᠨ ᠪᠤᠰᠤ ᠪᠠᠢᠳᠠᠭ ᠪᠢᠯᠡ᠃

ᠭᠡᠲᠡᠯ᠎ᠡ ᠤᠢᠷ᠎ᠡ ᠶᠢᠨ ᠵᠢᠯ ᠤᠳ ᠡᠴᠡ ᠵᠠᠯᠠᠭᠤ ᠪᠠᠭ᠎ᠠ ᠡᠴᠡ ᠪᠡᠨ ᠠᠷᠢᠬᠢ ᠲᠠᠮᠠᠬᠢ ᠲᠠᠲᠠᠵᠤ ᠂ ᠠᠬᠠᠰ ᠵᠠᠬᠠᠰ ᠢᠶᠠᠨ ᠬᠦᠨᠳᠦᠯᠡᠬᠦ ᠶᠣᠰᠤᠨ ᠢ ᠠᠷᠤ ᠳᠠᠭᠠᠨ ᠲᠠᠶᠠᠭᠳᠠᠨ ᠂ ᠪᠢᠷ᠎ᠠ ᠴᠢᠳᠠᠯ ᠦᠭᠡᠢ ᠂ ᠲᠡᠩᠬᠡᠭᠡ ᠲᠠᠮᠢᠷ ᠦᠭᠡᠢ ᠪᠡᠨ ᠮᠠᠭᠤ ᠦᠵᠡᠬᠦ ᠦᠵᠡᠭᠳᠡᠯ ᠡᠨᠳᠡ ᠲᠡᠨᠳᠡ ᠦᠭᠡᠢ ᠬᠠᠷᠠᠭᠳᠠᠵᠤ ᠪᠠᠢᠨ᠎ᠠ ᠃ ᠰᠤᠳᠤᠷ ᠢᠶᠠᠨ ᠭᠡᠭᠡᠵᠦ ᠰᠤᠷᠤᠭᠰᠠᠨ ᠢᠶᠠᠨ ᠮᠠᠷᠲᠠᠨ ᠂ ᠰᠤᠷᠲᠠᠯ ᠰᠤᠷᠭᠠᠯ ᠦᠭᠡᠢ ᠠᠭᠠᠰᠢᠯᠠᠭᠴᠢᠳ ᠢ ᠤᠯᠠᠨ ᠨᠡᠢᠲᠡ ᠪᠡᠷ ᠢᠶᠠᠨ ᠰᠤᠷᠭᠠᠵᠤ ᠂ ᠠᠭᠰ ᠵᠠᠬᠠᠰ ᠢᠶᠠᠨ ᠬᠦᠨᠳᠦᠯᠡᠬᠦ ᠮᠣᠩᠭᠤᠯ ᠤᠨ ᠰᠠᠢᠬᠠᠨ ᠵᠠᠩᠰᠢᠯ ᠢᠶᠠᠷ ᠲᠡᠳᠡᠨ ᠢ ᠵᠠᠰᠠᠮᠵᠢᠯᠠᠪᠠᠯ ᠨᠡᠢᠭᠡᠮ ᠨᠡᠢᠲᠡ ᠶᠢᠨ ᠵᠠᠩ ᠮᠤᠷᠠᠯ ᠡᠳᠦᠷ ᠡᠴᠡ ᠡᠳᠦᠷ ᠰᠠᠢᠵᠢᠷᠠᠬᠤ ᠨᠢ ᠵᠠᠢᠯᠠᠰᠢ ᠦᠭᠡᠢ ᠶᠤᠮ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠥᠪᠦᠷ ᠮᠣᠩᠭᠤᠯ ᠥᠨᠳᠥᠰᠥᠲᠡᠨ ᠦ ᠰᠤᠷᠭᠠᠨ ᠬᠥᠮᠦᠵᠢᠯ ᠦᠨ ᠰᠦᠯᠵᠢᠶ᠎ᠡ ᠬᠡᠪᠯᠡᠯ ᠦᠨ ᠡᠷᠬᠡ ᠲᠡᠢ ᠃ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃