lt
ᠰᠣᠨᠢᠨ ᠮᠡᠳᠡᠭᠡ
ᠮᠠᠯᠵᠢᠬᠤ ᠬᠤᠷᠰᠢᠶ᠎ᠡ ᠶᠢ ᠴᠤᠭᠴᠠᠯᠠᠭᠴᠢ ᠬᠥᠮᠦᠨ ︱ ᠭᠡᠨᠳᠤᠨ
2016.03.16 ᠲᠣᠰ ᠥᠷᠲᠡᠭᠡᠨ ᠦ ᠨᠠᠢᠷᠠᠭᠤᠯᠤᠭᠴᠢ

 ᠤᠯᠠᠭᠠᠨᠬᠠᠳᠠ ᠬᠣᠲᠠ ᠶᠢᠨ ᠣᠩᠨᠢᠭᠤᠳ ᠬᠣᠰᠢᠭᠤ ᠨᠢ ᠴᠢᠯᠦᠬᠡᠯᠡᠭᠳᠡᠭᠰᠠᠨ ᠤ ᠳᠠᠷᠠᠭᠠᠬᠠᠨ 《 ᠠᠷᠪᠠᠨ ᠬᠣᠶᠠᠷ ᠮᠠᠯᠵᠢᠬᠤ ᠬᠤᠷᠰᠢᠶ᠎ᠡ 》 ᠶᠢ ᠡᠭᠦᠰᠭᠡᠨ ᠪᠡᠢᠭᠤᠯᠤᠭᠠᠳ ᠪᠦᠬᠦ ᠤᠯᠤᠰ ᠲᠦ ᠨᠡᠷ᠎ᠡ ᠭᠠᠷᠤᠭᠰᠠᠨ ᠲᠡᠤᠭᠡᠳᠤ ᠠᠯᠳᠠᠷ ᠲᠠᠢ ᠪᠢᠯᠡ ᠃ ᠡᠨᠳᠡ ᠲᠡᠳᠡᠭᠡᠷ ᠡᠴᠡ ᠠᠩᠬᠠᠨ ᠤ ᠮᠠᠯᠵᠢᠬᠤ ᠬᠤᠷᠰᠢᠶ᠎ᠡ ᠶᠢ ᠡᠭᠦᠰᠭᠡᠨ ᠪᠠᠢᠭᠤᠯᠤᠭᠴᠢ ᠬᠥᠮᠦᠨ ᠭᠡᠨᠳᠤᠨ ᠤ ᠲᠤᠬᠠᠢ ᠲᠣᠪᠴᠢ ᠲᠡᠨᠢᠯᠴᠠᠭᠤᠯᠤᠶ᠎ᠡ ᠃

 ᠬᠠᠷ᠎ᠠ ᠬᠤᠯᠤᠭᠠᠨ᠎ᠠ ᠵᠢᠯ ᠪᠤᠶᠤ 1912 ᠤᠨ ᠳᠤ ᠭᠡᠨᠳᠤᠨ ᠂ ᠣᠩᠨᠢᠭᠤᠳ ᠬᠣᠰᠢᠭᠤᠨ ᠤ ᠬᠠᠢᠯᠠᠰᠤ ᠪᠠᠯᠭᠠᠰᠤᠨ ᠤ ᠬᠠᠯᠵᠠᠨ ᠠᠭᠤᠯᠠ ᠶᠢ ᠨᠦᠮᠤᠷᠳᠡᠵᠤ ᠰᠠᠭᠤᠭᠰᠠᠨ ᠬᠦᠯᠳᠡᠯ᠎ᠡ ᠶᠢᠨ ᠠᠢᠯ ᠳᠤ ᠲᠥᠷᠦᠵᠡᠢ ᠃ 1925 ᠤᠨ ᠳᠤ ᠡᠴᠢᠭᠡ ᠡᠬᠡ ᠪᠠᠨ ᠲᠠᠭᠠᠵᠤ ᠪᠠᠭᠠᠷᠢᠨ ᠪᠠᠷᠠᠭᠤᠨ ᠬᠣᠰᠢᠭᠤᠨ ᠤ ᠪᠤᠷᠳᠤᠰᠤ ᠳᠤ ᠣᠴᠢᠨ ᠪᠠᠶᠠᠨ ᠮᠠᠯᠴᠢᠨ ᠤ ᠳᠤ ᠮᠠᠯ ᠢ ᠨᠢ ᠬᠠᠷᠢᠭᠤᠯᠵᠤ ᠶᠡᠪᠤᠭᠰᠠᠭᠠᠷ 1942 ᠤᠨ ᠳᠤ ᠲᠥᠷᠦᠭᠰᠡᠨ ᠨᠤᠲᠤᠭ ᠲᠠᠭᠠᠨ ᠪᠤᠴᠠᠵᠠᠢ ᠃ ᠲᠡᠢᠨ ᠬᠦ ᠲᠡᠷᠡ ᠪᠠᠷ ᠢᠳᠡᠪᠬᠢᠲᠡᠢ ᠬᠥᠳᠡᠯᠮᠦᠷᠢ ᠪᠠᠷ ᠢᠶᠡᠨ ᠨᠤᠲᠤᠭ ᠤᠰᠤᠨ ᠤ ᠪᠠᠨ ᠬᠥᠮᠦᠰ ᠤᠨ ᠪᠢᠰᠢᠷᠡᠯ ᠮᠠᠭᠲᠠᠭᠠᠯ ᠢ ᠣᠯᠵᠤ ᠪᠠᠢᠭᠰᠠᠨ ᠤ ᠤᠯᠠᠮ ᠢᠶᠡᠷ 1950 ᠤᠨ ᠳᠤ ᠲᠤᠮᠳᠡᠳᠤ ᠤᠯᠤᠰ ᠤᠨ ᠡᠪ ᠬᠠᠮᠲᠤ ᠨᠠᠮ ᠳᠤ ᠡᠯᠰᠡᠭᠳᠡᠵᠡᠢ ᠃ 1952 ᠤᠨ ᠳᠤ ᠂ 18 ᠡᠷᠦᠬᠡ ᠶᠠᠳᠠᠭᠤ ᠮᠠᠯᠴᠢᠳ ᠢ ᠲᠡᠢᠴᠢᠯᠠᠨ ᠤᠷᠢᠶᠡᠯᠡᠵᠤ ᠮᠠᠯᠵᠢᠬᠤ ᠣᠷᠤᠨ ᠳᠠᠬᠢ ᠠᠩᠬᠠᠨ ᠤ ᠮᠠᠯᠵᠢᠬᠤ ᠬᠤᠷᠰᠢᠶ᠎ᠡ ᠪᠣᠯᠬᠤ ︱ ᠤᠯᠠᠭᠠᠡᠡᠤᠳᠤ ᠮᠠᠯᠵᠢᠬᠤ ᠬᠤᠷᠰᠢᠶ᠎ᠡ ᠶᠢ ᠡᠭᠦᠰᠭᠡᠨ ᠪᠠᠢᠭᠤᠯᠵᠡᠢ ᠃ ᠶᠠᠭ ᠡᠢᠨ ᠬᠦ ᠭᠡᠨᠳᠤᠨ ᠤ ᠨᠥᠯᠦᠭᠡ ᠪᠠᠷ ᠣᠷᠴᠢᠨ ᠲᠣᠭᠤᠷᠢᠨ ᠤ ᠰᠢᠨ᠎ᠡ ᠮᠠᠨᠳᠤᠬᠤ ᠂ ᠲᠡᠪᠤᠡᠤᠳᠤ ᠂ ᠬᠤᠯᠤᠰᠤᠳᠡᠢ ᠂ ᠤᠯᠠᠭᠠᠨᠳᠤᠶᠠᠭ᠎ᠠ ᠂ ᠤᠯᠠᠭᠠᠡᠳᠤᠭ ᠵᠡᠷᠭᠡ 11 ᠮᠠᠯᠵᠢᠬᠤ ᠬᠤᠷᠰᠢᠶ᠎ᠡ ᠨᠢ ᠵᠠᠯᠭᠠᠭ᠎ᠠ ᠵᠠᠯᠭᠠᠭ᠎ᠠ ᠪᠠᠷ ᠪᠠᠢᠭᠤᠯᠤᠭᠳᠠᠭᠰᠠᠨ ᠪᠥᠭᠡᠳ 1955 ᠤᠨ ᠳᠤ ᠮᠠᠤ ᠽᠧ ᠳ᠋ᠦᠩ ᠲᠡᠷᠢᠭᠦᠯᠡᠭᠴᠢ ᠡᠴᠡ 《 ᠣᠩᠨᠢᠭᠤᠳ ᠬᠣᠰᠢᠭᠤ ᠨᠢ ᠠᠷᠪᠠᠨ ᠬᠣᠶᠠᠷ ᠮᠠᠯ ᠠᠵᠤ ᠠᠬᠤᠢ ᠦᠢᠯᠡᠳᠪᠦᠷᠢᠯᠡᠯ ᠤᠨ ᠬᠣᠯᠪᠤᠭᠠᠲᠤ ᠬᠤᠷᠰᠢᠶ᠎ᠡ ᠶᠢ ᠪᠠᠢᠭᠤᠯᠵᠤ ᠂ ᠮᠠᠯ ᠠᠵᠤ ᠠᠬᠤᠢ ᠶᠢᠨ ᠦᠢᠯᠡᠳᠪᠦᠷᠢᠯᠡᠯ ᠤᠨ ᠬᠥᠭᠵᠢᠯᠲᠡ ᠶᠢ ᠶᠡᠬᠡᠪᠡᠷ ᠠᠬᠢᠭᠤᠯᠪᠡ 》 ᠬᠡᠮᠡᠬᠦ ᠪᠢᠴᠢᠭ᠌ ᠲᠦ ᠪᠢᠴᠢᠭᠡᠰᠦ ᠪᠢᠴᠢᠨ ᠄ 《 ᠡᠨᠡ ᠵᠣᠬᠢᠶᠠᠯ ᠢ ᠮᠠᠰᠢ ᠰᠠᠢᠬᠠᠨ ᠪᠢᠴᠢᠵᠡᠢ ᠃ ᠪᠤᠢ ᠪᠦᠬᠦᠢ ᠮᠠᠯ ᠠᠵᠤ ᠠᠬᠤᠢ ᠶᠢᠨ ᠬᠣᠯᠪᠤᠭᠠᠲᠤ ᠬᠤᠷᠰᠢᠶ᠎ᠡ ᠨᠤᠭᠤᠳ ᠲᠦ ᠯᠠᠪᠯᠠᠯᠲᠠ ᠪᠣᠯᠭᠠᠵᠤ ᠪᠣᠯᠤᠨ᠎ᠠ 》 ᠭᠡᠵᠦ ᠥᠨᠳᠦᠷ ᠦᠨᠡᠯᠡᠯᠲᠡ ᠥᠭᠭᠦᠭᠰᠡᠨ ᠪᠠᠢᠨ᠎ᠠ ᠃ ᠲᠡᠭᠦᠨ ᠡᠴᠡ ᠠᠪᠤᠭᠠᠳ ᠲᠡᠷᠡ ᠪᠠᠷ ᠢᠲᠡᠭᠡᠯ ᠵᠣᠷᠢᠭ ᠢᠶᠡᠨ ᠨᠡᠩ ᠬᠥᠪᠴᠢᠯᠡᠨ ᠠᠶᠤᠤᠯᠢᠬᠠᠢ ᠳᠦᠭᠦᠷᠡᠩ ᠬᠠᠯᠠᠭᠤᠨ ᠵᠣᠷᠢᠭ ᠂ ᠠᠯᠢᠪᠠ ᠶᠢ ᠢᠯᠠᠬᠤ ᠢᠲᠡᠭᠡᠯ ᠬᠦᠰᠡᠯ ᠢ ᠡᠪᠦᠷᠯᠡᠨ ᠥᠷᠭᠡᠨ ᠲᠦᠮᠡᠨ ᠢᠶᠡᠨ ᠲᠡᠢᠴᠢᠯᠠᠨ ᠬᠠᠮᠲᠤ ᠪᠠᠷ ᠪᠠᠶᠠᠵᠢᠬᠤ ᠶᠢᠨ ᠳᠠᠷᠳᠠᠩ ᠵᠠᠮ ᠢᠶᠡᠨ ᠡᠯᠭᠦᠭᠰᠡᠨ ᠪᠠᠢᠨ᠎ᠠ ᠃ ᠲᠡᠷᠡ ᠪᠠᠷ ᠦᠷᠬᠦᠯᠵᠢᠳᠡ ᠡᠬᠡᠯ ᠪᠣᠷᠤᠭᠵᠢᠭᠤᠨ ᠡᠮᠤᠰᠴᠦ ᠵᠡᠭᠦᠨ ᠠᠵᠢᠯᠴᠢ ᠠᠷᠪᠢᠴᠢ ᠪᠠᠷ ᠠᠵᠤ ᠲᠥᠷᠦᠬᠦ ᠶᠢ ᠡᠷᠬᠢᠮᠯᠡᠵᠦ ᠮᠠᠯᠴᠢᠳ ᠤᠨ ᠣᠲᠤᠷ ᠢᠶᠡᠷ ᠶᠠᠪᠤᠬᠤ ᠳᠠᠭᠠᠨ ᠴᠦ ᠬᠠᠭᠤᠷᠠᠢ ᠬᠦᠨᠡᠰᠦ ᠪᠠᠨ ᠡᠭᠦᠷᠴᠦ ᠶᠡᠪᠤᠳᠠᠭ ᠡᠴᠡ ᠰᠠᠢᠨ ᠰᠠᠢᠬᠠᠨ ᠦᠢᠯᠡ ᠶᠡᠪᠤᠳᠡᠯ ᠨᠢ ᠠᠷᠠᠳ ᠤᠯᠠᠨ ᠤ ᠪᠠᠨ ᠳᠤᠮᠳᠠ ᠠᠮᠠ ᠳᠡᠮᠵᠢᠨ ᠶᠠᠷᠢᠭᠳᠠᠭᠰᠠᠭᠠᠷ ᠪᠠᠢᠨ᠎ᠠ ᠃

 ᠬᠡᠨᠳᠤᠨ ᠤᠷᠢᠳ ᠬᠣᠵᠢᠳ ᠮᠠᠯ ᠠᠵᠤ ᠠᠬᠤᠢ ᠶᠢᠨ ᠬᠣᠯᠪᠤᠭᠠᠲᠤ ᠬᠤᠷᠰᠢᠶᠡᠨ ᠤ ᠡᠷᠬᠢᠯᠡᠭᠴᠢ ᠂ ᠶᠡᠬᠡ ᠪᠡᠷᠢᠭᠠᠳᠡ ᠶᠢᠨ ᠳᠡᠳ᠋ ᠱᠦᠵᠢ ᠪᠡ ᠱᠦᠵᠢ ᠶᠢᠨ ᠲᠤᠰᠢᠶᠠᠯ ᠢ ᠡᠭᠦᠷᠭᠡᠯᠡᠵᠦ ᠦᠩᠬᠡᠷᠡᠭᠰᠠᠨ ᠪᠥᠭᠡᠳ ᠤᠯᠠᠨ ᠤᠳᠠᠭ᠎ᠠ ᠬᠣᠰᠢᠭᠤ ᠠᠢᠮᠠᠭ ᠂ ᠬᠠᠯᠠᠭᠤᠨ ᠭᠣᠣᠯ ᠮᠤᠵᠢ ᠂ ᠥᠪᠦᠷ ᠮᠣᠩᠭᠤᠯ ᠤᠨ ᠥᠪᠡᠷᠲᠡᠭᠡᠨ ᠵᠠᠰᠠᠬᠤ ᠣᠷᠤᠨ ᠤ ᠬᠥᠳᠡᠯᠮᠦᠷᠢ ᠶᠢᠨ ᠵᠢᠱᠢᠶᠡᠴᠢ ᠶᠢᠨ ᠢᠷᠠᠭᠤ ᠠᠯᠳᠠᠷ ᠢ ᠬᠦᠷᠳᠡᠭᠰᠠᠨ ᠤ ᠬᠠᠮᠲᠤ ᠪᠦᠬᠦ ᠤᠯᠤᠰ ᠤᠨ ᠬᠥᠳᠡᠯᠮᠦᠷᠢ ᠶᠢᠨ ᠵᠢᠱᠢᠶᠡᠴᠢ ᠪᠠᠷ ᠬᠣᠶᠠᠷ ᠤᠳᠠᠭ᠎ᠠ ᠰᠣᠩᠭᠤᠭᠳᠠᠵᠤ ᠂ 4 ᠤᠳᠠᠭ᠎ᠠ ᠮᠠᠤ ᠽᠧ ᠳ᠋ᠦᠩ ᠲᠡᠷᠢᠭᠦᠯᠡᠭᠴᠢ ᠶᠢᠨ ᠬᠦᠯᠢᠶᠡᠨ ᠠᠪᠤᠯᠲᠠ ᠶᠢ ᠠᠵᠠ ᠪᠠᠷ ᠬᠦᠷᠳᠡᠵᠡᠢ ᠃ ᠲᠡᠷᠡ ᠪᠣᠯ ᠥᠪᠦᠷ ᠮᠣᠩᠭᠤᠯ ᠤᠨ ᠥᠪᠡᠷᠲᠡᠭᠡᠨ ᠵᠠᠰᠠᠬᠤ ᠣᠷᠤᠨ ᠵᠢᠴᠢ ᠯᠢᠶᠣᠣᠨᠢᠩ ᠮᠤᠵᠢ ᠶᠢᠨ ᠤᠯᠤᠰ ᠲᠥᠷᠦ ᠶᠢᠨ ᠵᠥᠪᠯᠡᠯᠭᠡᠨ ᠤ ᠭᠡᠰᠢᠭᠦᠨ ᠂ ᠪᠦᠬᠦ ᠤᠯᠤᠰ ᠤᠨ ᠤᠯᠤᠰ ᠲᠥᠷᠦ ᠶᠢᠨ ᠵᠥᠪᠯᠡᠯᠭᠡᠨ ᠤ ᠲᠡᠪᠤᠳᠤᠭᠠᠷ ᠬᠤᠭᠤᠴᠠᠭᠠᠨ ᠤ ᠵᠥᠪᠯᠡᠯᠭᠡᠨ ᠤ ᠬᠤᠷᠠᠯ ᠤᠨ ᠭᠡᠰᠢᠭᠦᠨ ᠮᠥᠨ ᠃

 1993 ᠤᠨ ᠤ 8 ᠰᠠᠷ᠎ᠠ ᠳᠤ ᠂ ᠭᠡᠨᠳᠤᠨ ᠨᠥᠬᠦᠷ ᠣᠩᠨᠢᠭᠤᠳ ᠬᠣᠰᠢᠭᠤᠨ ᠤ ᠠᠰᠢᠬᠠᠨ ᠰᠤᠮᠤᠨ ᠤ ᠤᠯᠠᠭᠠᠡᠤᠳᠤ ᠭᠠᠴᠠᠭᠠᠨ ᠳᠤ ᠡᠪᠡᠳᠴᠢᠨ ᠤ ᠤᠯᠠᠮ ᠡᠴᠡ ᠨᠠᠰᠤ ᠪᠠᠷᠠᠪᠠ ᠃

       ( ᠳ᠂ ᠲᠠᠪᠰᠢᠯᠳᠤ ᠡᠮᠬᠢᠳᠬᠡᠪᠡ )

 

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠥᠪᠦᠷ ᠮᠣᠩᠭᠤᠯ ᠥᠨᠳᠥᠰᠥᠲᠡᠨ ᠦ ᠰᠤᠷᠭᠠᠨ ᠬᠥᠮᠦᠵᠢᠯ ᠦᠨ ᠰᠦᠯᠵᠢᠶ᠎ᠡ ᠬᠡᠪᠯᠡᠯ ᠦᠨ ᠡᠷᠬᠡ ᠲᠡᠢ ᠃ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃