lt
ᠪᠢᠴᠢᠭ᠌ ᠮᠠᠲ᠋ᠧᠷᠢᠶᠠᠯ
ᠭᠠᠳᠠᠭᠠᠳᠤ ᠶᠢᠨ ᠬᠡᠦᠬᠡᠳ ᠪᠤᠷᠤᠭᠤ ᠭᠠᠷᠭᠠᠪᠠᠯ ᠶᠠᠭᠠᠬᠢᠳᠠᠭ ᠪᠣᠯ
2016.08.16 ᠲᠣᠰ ᠥᠷᠲᠡᠭᠡᠨ ᠦ ᠨᠠᠢᠷᠠᠭᠤᠯᠤᠭᠴᠢ

 ᠬᠡᠦᠬᠡᠳ ᠲᠤ ᠢᠯᠲᠡᠷ ᠬᠠᠶᠠᠬᠤ ᠪᠣᠯ ᠲᠥᠪ ᠪᠤᠰᠤ ᠠᠵᠢᠯᠯᠠᠭ᠎ᠠ ᠂ ᠴᠢᠨᠠᠭᠰᠢᠯᠠᠪᠠᠯ ᠬᠡᠦᠬᠡᠳ ᠤᠨ ᠲᠥᠪ ᠪᠤᠰᠤ ᠠᠵᠢᠯᠯᠠᠭ᠎ᠠ ᠳᠤ 《 ᠬᠡᠦᠬᠡᠳ ᠶᠡᠲᠡᠷᠡᠴᠢᠬᠠᠪᠡ 》 ᠂ 《 ᠬᠡᠦᠬᠡᠳ ᠤᠷᠮ᠎ᠠ ᠦᠭᠡᠢ ᠪᠠᠢᠨ᠎ᠠ 》 ᠭᠡᠬᠦ ᠰᠢᠯᠲᠠᠬ ᠢᠶᠠᠷ ᠬᠡᠦᠬᠡᠳ ᠢᠶᠠᠨ ᠥᠮᠦᠭᠯᠡᠬᠦ ᠨᠢ ᠡᠴᠢᠭᠡ ᠡᠬᠡ ᠪᠣᠯᠤᠭᠰᠠᠳ ᠬᠡᠦᠬᠡᠳ ᠲᠤ 《 ᠬᠠᠷᠢᠭᠤᠴᠠᠯᠭ᠎ᠠ ᠡᠬᠦᠷᠬᠡᠯᠡᠵᠤ ᠦᠭᠡᠢ 》  ᠶᠢᠨ ᠢᠯᠡᠷᠡᠯ ᠪᠣᠯᠤᠨ᠎ᠠ ᠃ ᠳᠣᠣᠷ᠎ᠠ ᠪᠢᠳᠡ ᠭᠠᠳᠠᠭᠠᠳᠤ ᠶᠢᠨ ᠬᠡᠷ ᠤᠨ ᠠᠬᠠᠮᠠᠳ ᠶᠠᠭᠠᠬᠢᠵᠤ ᠬᠠᠨᠲᠦᠲᠠᠬ ᠢ ᠦᠵᠡᠶ᠎ᠡ ᠃    

    ᠰᠢᠨ᠎ᠡ ᠽᠧᠯᠡᠨᠳ᠋ ᠄ ᠠᠭᠤᠷᠯᠡᠨ ᠲᠣᠷᠭᠠᠬᠤ ᠦᠭᠡᠢ ᠰᠢᠨ᠎ᠡ ᠽᠧᠯᠡᠨᠳ᠋ ᠲᠤ ᠂ ᠬᠡᠦᠬᠡᠳ ᠢ ᠴᠣᠬᠢᠬᠤ ᠨᠢ ᠬᠠᠤᠯᠢ ᠶᠢ ᠵᠥᠷᠢᠴᠡᠭᠰᠡᠨ ᠶᠠᠪᠤᠲᠡᠯ ᠪᠣᠯᠤᠨ᠎ᠠ ᠃ ᠡᠢᠮᠦ ᠡᠴᠡ ᠂ ᠡᠴᠢᠭᠡ ᠡᠬᠡ ᠪᠣᠯᠤᠭᠰᠠᠳ ᠬᠡᠦᠬᠡᠳ ᠢᠶᠠᠨ ᠶᠡᠷᠦᠨᠢ ᠠᠭᠤᠷᠯᠡᠨ ᠲᠤᠷᠭᠠᠲᠠᠬ ᠦᠭᠡᠢ ᠃ ᠬᠡᠷᠪᠡ ᠣᠯᠠᠨ ᠨᠡᠢᠲᠡ ᠶᠢᠨ ᠲᠠᠯᠠᠪᠤᠷ ᠲᠤ ᠠᠭᠠᠰᠢᠯᠠᠵᠤ ᠦᠭᠡ ᠰᠣᠨᠤᠰᠬᠤ ᠦᠭᠡᠢ ᠪᠣᠯ ᠂ ᠪᠤᠰᠤᠳ ᠢ ᠨᠥᠯᠦᠭᠡᠯᠡᠬᠦ ᠦᠭᠡᠢ ᠪᠠᠢᠳᠠᠯ ᠳᠣᠣᠷ᠎ᠠ ᠬᠡᠦᠬᠡᠳ ᠢᠶᠠᠨ ᠬᠠᠮᠢᠶᠠᠷᠬᠤ ᠦᠭᠡᠢ ᠰᠤᠯᠠ ᠲᠠᠯᠪᠢᠨ ᠠᠭᠠᠰᠢᠯᠠᠭᠤᠯᠲᠠᠬ ᠃ ᠬᠡᠷᠪᠡ ᠪᠤᠰᠤᠳ ᠢ ᠨᠥᠯᠦᠭᠡᠯᠡᠭᠰᠡᠨ ᠪᠠᠢᠪᠠᠯ ᠂ ᠬᠡᠦᠬᠡᠳ ᠢᠶᠠᠨ ᠠᠭᠤᠵᠢᠭᠤ ᠰᠡᠯᠡᠭᠦᠦ ᠭᠠᠵᠠᠷ ᠲᠤ ᠠᠪᠠᠴᠢᠵᠤ ᠦᠷᠭᠦᠯᠵᠢᠯᠡᠨ ᠠᠭᠠᠰᠢᠯᠡᠭᠤᠯᠲᠡᠬ ᠃ ᠲᠡᠳᠡᠨ ᠤ ᠦᠵᠡᠬᠦ ᠪᠠᠷ ᠂ ᠬᠡᠦᠬᠡᠳ ᠵᠣᠬᠢᠬᠤ ᠬᠤᠭᠤᠴᠠᠭ᠎ᠠ ᠳᠤᠷ᠎ᠠ ᠪᠠᠷ ᠠᠭᠠᠰᠢᠯᠡᠭᠠᠳ ᠬᠡᠷ ᠤᠨ ᠠᠬᠠᠮᠠᠳ ᠤᠨ ᠠᠩᠬᠠᠷᠤᠯ ᠢ ᠲᠠᠲᠠᠵᠤ ᠲᠠᠢᠯᠦᠭᠰᠡᠨ ᠦᠭᠡᠢ ᠪᠣᠯ ᠡᠨᠡ ᠬᠦ ᠦᠢᠯᠡ ᠠᠵᠢᠯᠯᠠᠭ᠎ᠠ ᠨᠢ ᠲᠤᠰᠠ ᠦᠭᠡᠢ ᠪᠣᠯᠬᠤ ᠶᠢ ᠮᠡᠲᠡᠵᠤ ᠠᠶᠡᠨᠲᠡᠭᠠᠨ ᠵᠣᠭᠰᠤᠬᠤ ᠶᠤᠮ ᠃

    ᠶᠠᠫᠤᠨ ᠄ ᠲᠣᠷᠭᠠᠬᠤ ᠣᠯᠠᠨ ᠵᠦᠢᠯ ᠤᠨ ᠠᠷᠭ᠎ᠠ ᠲᠠᠢ ᠶᠠᠫᠤᠨ ᠤ ᠬᠡᠷ ᠪᠦᠯᠢ ᠳᠤ ᠠᠪᠴᠤ ᠬᠡᠯᠡᠪᠡᠯ ᠂ ᠡᠴᠢᠭᠡ ᠪᠣᠯᠤᠭᠰᠠᠳ ᠲᠤᠩ ᠡᠷᠬᠡ ᠰᠦᠷ ᠲᠠᠢ ᠂ ᠡᠢᠮᠦ ᠡᠴᠡ ᠶᠠᠫᠤᠨ ᠬᠥᠮᠦᠨ ᠰᠠᠬᠢᠯᠭ᠎ᠠ ᠪᠡᠲᠦ ᠶᠢ ᠴᠢᠩᠭ᠎ᠠ ᠰᠡᠬᠢᠲᠡᠬ ᠃ ᠬᠡᠷᠪᠡ ᠬᠡᠦᠬᠡᠳ ᠪᠤᠷᠤᠭᠤ ᠭᠠᠷᠭᠠᠪᠠᠯ ᠣᠯᠠᠨ ᠵᠦᠢᠯ ᠤᠨ ᠠᠷᠭ᠎ᠠ ᠠᠪᠠᠯ ᠢᠶᠠᠷ ᠬᠡᠦᠬᠡᠳ ᠢᠶᠠᠨ ᠰᠢᠳᠬᠡᠲᠡᠭ ᠃ ᠵᠢᠱᠢᠶᠡᠯᠡᠪᠡᠯ ᠂ ᠬᠡᠦᠬᠡᠳ ᠤᠨ ᠨᠠᠭᠠᠳᠬᠤ ᠲᠦᠯᠤᠪᠯᠡᠬᠡ ᠶᠢ ᠬᠦᠴᠦᠨ ᠦᠭᠡᠢ ᠪᠣᠯᠭᠠᠬᠤ ᠂ ᠴᠢᠨᠡᠭᠰᠢᠯᠡᠪᠡᠯ ᠬᠡᠦᠬᠡᠳ ᠲᠤ ᠨᠢᠭᠡ ᠡᠷᠡᠨ ᠤ ᠬᠣᠭᠤᠯᠠ ᠢᠲᠡᠬᠦᠯᠬᠦ ᠦᠭᠡᠢ ᠵᠡᠷᠭᠡ ᠃ ᠭᠡᠪᠡᠴᠦ ᠣᠯᠠᠨ ᠨᠡᠢᠲᠡ ᠶᠢᠨ ᠲᠠᠯᠡᠪᠤᠷ ᠲᠤ ᠪᠤᠷᠤᠭᠤ ᠭᠠᠷᠭᠠᠪᠠᠯ ᠂ ᠡᠴᠢᠭᠡ ᠡᠬᠡ ᠡᠴᠡ ᠬᠡᠦᠬᠡᠳ ᠤᠨ ᠨᠡᠷ᠎ᠡ ᠬᠦᠨᠳᠦ ᠶᠢ ᠪᠣᠳᠤᠵᠤ ᠶᠠᠭᠠᠬᠢᠭᠰᠠᠨ ᠴᠤ ᠣᠯᠠᠨ ᠤ ᠡᠮᠦᠨ᠎ᠡ ᠲᠣᠷᠭᠠᠨ ᠰᠢᠳᠬᠡᠬᠦ ᠦᠭᠡᠢ ᠃

    ᠺᠤᠷᠢᠶᠡ ᠄ ᠭᠠᠷ ᠤᠲᠠᠰᠤ ᠶᠢ ᠨᠢ ᠬᠤᠷᠢᠶᠡᠮᠵᠢᠯᠡᠲᠡᠬ ᠬᠥᠮᠦᠰ ᠤᠨ ᠢᠳᠭᠠᠯ ᠢ ᠰᠣᠨᠤᠰᠬᠤ ᠦᠭᠡᠢ ᠲᠡᠳᠡᠭᠡᠷ ᠬᠡᠦᠬᠡᠳ ᠢ ᠰᠢᠳᠭᠡᠨ ᠲᠣᠷᠭᠠᠬᠤ ᠳᠤ ᠂ ᠬᠠᠮᠤᠭ ᠲᠦᠷᠦᠭᠦᠨ ᠳᠤ ᠬᠡᠦᠬᠡᠳ ᠤᠨ ᠭᠠᠷ ᠤᠲᠠᠰᠤ ᠶᠢ ᠬᠤᠷᠢᠶᠠᠨ ᠠᠪᠬᠤ ᠶᠢ ᠪᠤᠲᠤᠯᠬᠢᠯᠡᠲᠡᠬ ᠃ ᠭᠠᠷ ᠤᠲᠠᠰᠤ ᠨᠢ ᠺᠤᠷᠢᠶᠡ ᠤᠯᠤᠰ ᠤᠨ ᠵᠠᠯᠠᠭᠤᠴᠤᠳ ᠪᠠᠭᠠᠴᠤᠳ ᠤᠨ ᠬᠠᠮᠤᠭ ᠤᠨ ᠬᠠᠢᠷᠡᠯᠡᠲᠡᠬ ᠬᠤᠪᠢ ᠶᠢᠨ ᠬᠡᠷᠡᠭᠯᠡᠭᠡᠨ ᠤ ᠪᠤᠲᠡᠰ ᠪᠣᠯᠤᠨ᠎ᠠ ᠃ ᠲᠡᠳᠡᠨ ᠤ ᠭᠠᠷ ᠤᠲᠠᠰᠤ ᠶᠢ ᠬᠤᠷᠢᠶᠠᠨ ᠠᠪᠤᠪᠡᠯ ᠲᠡᠳᠡ ᠲᠣᠯᠤᠭᠠᠢ ᠪᠠᠨ ᠡᠷᠭᠦᠵᠦ ᠳᠡᠢᠯᠬᠦ ᠦᠭᠡᠢ ᠪᠤᠯᠲᠡᠬ ᠃ ᠪᠠᠢᠴᠠᠭᠠᠯᠲᠠ ᠪᠠᠷ ᠂ ᠺᠤᠷᠢᠶᠡ ᠤᠯᠤᠰ ᠤᠨ 13 ᠡᠴᠡ 15 ᠨᠠᠰᠤᠨ ᠤ ᠵᠠᠯᠠᠭᠤ ᠪᠠᠭᠠᠴᠤᠳ ᠤᠨ 77. 5% ᠨᠢ ᠭᠠᠷ ᠤᠲᠠᠰᠤ ᠪᠣᠯ ᠨᠢᠭᠡᠨ ᠲᠤᠲᠠᠭᠲᠠᠵᠤ ᠪᠣᠯᠤᠰᠢ ᠦᠭᠡᠢ ᠡᠳ᠋ ᠬᠡᠷᠡᠭᠰᠡᠯ ᠭᠡᠵᠦ ᠦᠵᠡᠳᠡᠭ ᠃

    ᠠᠮᠧᠷᠢᠺᠡ ᠄ ᠴᠠᠭ ᠲᠠᠮᠲᠡᠭᠯᠡᠨ ᠲᠤᠰᠠᠭᠠᠷᠯᠠᠨ᠎ᠠ ᠠᠮᠧᠷᠢᠺᠡ ᠶᠢᠨ ᠬᠡᠷ ᠪᠦᠯᠢ ᠵᠢᠴᠢ ᠬᠡᠦᠬᠡᠳ ᠤᠨ ᠴᠡᠴᠡᠷᠯᠢᠭ ᠲᠤ ᠂ ᠡᠴᠢᠭᠡ ᠡᠬᠡ ᠪᠤᠯᠤᠨ ᠪᠠᠭᠰᠢ ᠨᠠᠷ 《 ᠴᠠᠭ ᠲᠠᠮᠲᠡᠭᠯᠡᠨ ᠲᠤᠰᠠᠭᠠᠷᠯᠠᠨ᠎ᠠ 》 ᠭᠡᠵᠦ ᠪᠠᠢᠩᠭᠤ ᠶᠠᠷᠢᠵᠤ ᠂ ᠦᠭᠡ ᠰᠣᠨᠤᠰᠬᠤ ᠦᠭᠡᠢ ᠬᠡᠦᠬᠡᠳ ᠢ ᠠᠷᠭᠠᠲᠠᠲᠠᠬ ᠃ ᠵᠢᠱᠢᠶᠡᠯᠡᠪᠡᠯ ᠂ ᠬᠡᠦᠬᠡᠳ ᠬᠡᠷ ᠲᠡᠭᠡᠨ ᠦᠭᠡ ᠰᠣᠨᠤᠰᠬᠤ ᠦᠭᠡᠢ ᠳᠤᠷ᠎ᠠ ᠵᠣᠷᠢᠭ ᠢᠶᠠᠷ ᠢᠶᠠᠨ ᠠᠭᠠᠰᠢᠯᠠᠪᠠᠯ ᠂ ᠡᠴᠢᠭᠡ ᠡᠬᠡ ᠪᠣᠯᠤᠭᠰᠠᠳ ᠡᠴᠡ ᠬᠡᠦᠬᠡᠳ ᠢᠶᠠᠨ ᠬᠣᠨᠤᠭ ᠤᠨ ᠥᠷᠦᠭᠡᠨ ᠳᠡᠭᠡᠨ ᠲᠡᠪᠡᠷᠢᠨ ᠣᠷᠤᠭᠤᠯᠵᠤ ᠂ ᠲᠡᠭᠦᠨ ᠢ ᠭᠠᠭᠴᠠᠭᠠᠷ ᠨᠢ 3 ᠮᠢᠨᠦ᠋ᠲ ᠲᠤᠰᠠᠭᠠᠷᠯᠠᠲᠠᠬ ᠃ 3 ᠮᠢᠨᠦ᠋ᠲ ᠤᠨ ᠲᠠᠷᠡᠭ᠎ᠠ ᠂ ᠡᠴᠢᠭᠡ ᠡᠬᠡ ᠡᠴᠡ ᠬᠡᠦᠬᠡᠳ ᠢᠶᠠᠨ ᠲᠡᠪᠡᠷᠢᠨ ᠭᠠᠷᠭᠠᠬᠤ ᠶᠢᠨ ᠬᠠᠮᠲᠤ ᠰᠤᠷᠭᠠᠨ ᠬᠦᠮᠦᠵᠢᠬᠦᠯᠲᠡᠭ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠥᠪᠦᠷ ᠮᠣᠩᠭᠤᠯ ᠥᠨᠳᠥᠰᠥᠲᠡᠨ ᠦ ᠰᠤᠷᠭᠠᠨ ᠬᠥᠮᠦᠵᠢᠯ ᠦᠨ ᠰᠦᠯᠵᠢᠶ᠎ᠡ ᠬᠡᠪᠯᠡᠯ ᠦᠨ ᠡᠷᠬᠡ ᠲᠡᠢ ᠃ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃