lt
ᠪᠢᠴᠢᠭ᠌ ᠮᠠᠲ᠋ᠧᠷᠢᠶᠠᠯ
ᠬᠠᠷ᠎ᠠ ᠲᠡᠮᠠᠬᠡᠨ ᠵᠢᠯᠠᠭ᠎ᠠ
2016.05.27 ᠲᠣᠰ ᠥᠷᠲᠡᠭᠡᠨ ᠦ ᠨᠠᠢᠷᠠᠭᠤᠯᠤᠭᠴᠢ

QQ截图20160502170953

                       ᠡᠷᠳᠡᠨᠢᠪᠠᠶᠠᠷ
    ᠪᠠᠷᠢᠮᠲᠠᠲᠤ ᠥᠭᠦᠯᠡᠯᠭᠡ
    ᠦᠨᠡᠬᠡᠨ ᠬᠠᠷᠠᠩᠭᠤᠢ ᠰᠠᠭᠤᠯᠠᠭ᠎ᠠ ᠲᠠᠢ ᠤᠰᠤᠨ ᠳᠦ ᠰᠦ ᠳᠤᠰᠤᠭᠠᠬᠤ ᠮᠡᠲᠦ ᠳᠣᠷᠤᠨ᠎ᠠ ᠵᠦᠭ ᠡᠴᠡ ᠠᠭᠠᠵᠢᠮ ᠢᠶᠠᠷ ᠴᠠᠢᠷᠠᠨ ᠦᠷ᠎ᠡ ᠲᠣᠭᠤᠷᠢᠮ ᠤᠨ ᠶᠠᠭᠤᠮ᠎ᠠ ᠬᠡᠤᠮ᠎ᠡ ᠪᠦᠳᠡᠭᠢ ᠰᠦᠳᠡᠬᠢ ᠬᠠᠷᠠᠭᠳᠠᠬᠤ ᠲᠠᠢ ᠪᠣᠯᠪᠠ ᠃ ᠪᠤᠷᠭᠠᠰᠤᠨ ᠬᠠᠰᠢᠶ᠎ᠠ ᠶᠢᠨ ᠨᠥᠮᠦᠷᠢ ᠳᠦ ᠰᠥᠨᠢᠵᠢᠨ ᠰᠢᠳᠦ ᠪᠡᠨ ᠬᠠᠪᠢᠷᠤᠨ ᠠᠭᠰᠤᠮᠨᠠᠨ ᠬᠣᠨᠤᠭᠰᠠᠨ ᠬᠠᠷ᠎ᠠ ᠪᠤᠤᠷ᠎ᠠ ᠡᠷᠬᠢᠨ ᠲᠣᠭᠤᠷᠢᠨ ᠤ ᠪᠤᠲᠠ ᠪᠤᠷᠭᠠᠰᠤ ᠬᠠᠰᠢᠶ᠎ᠠ ᠰᠠᠷᠠᠪᠴᠢ ᠶᠢ ᠢᠵᠢᠯᠢ ᠰᠦᠷᠦᠭ ᠬᠡᠮᠡᠨ ᠡᠨᠳᠡᠭᠦᠷᠡᠨ ᠬᠠᠷᠠᠭᠰᠠᠨ ᠮᠡᠲᠦ ᠤᠬᠤᠰᠬᠢᠨ ᠪᠣᠰᠴᠤ ᠡᠪᠦᠯ ᠤᠨ ᠬᠦᠢᠲᠡᠨ ᠵᠢᠪᠡᠷ ᠢ ᠰᠥᠷᠦᠨ ᠣᠴᠤᠢᠨ ᠰᠠᠭᠤᠵᠤ ᠪᠠᠢᠭᠠᠯᠢ ᠡᠴᠡ ᠵᠠᠶᠠᠭᠠᠭᠰᠠᠨ ᠢᠵᠢᠯ ᠪᠤᠰᠤ ᠬᠦᠢᠰᠦᠲᠡᠨ ᠢ ᠬᠦᠰᠡᠬᠦ ᠬᠣᠷᠢᠭᠯᠠᠭᠳᠠᠰᠢ ᠦᠭᠡᠢ ᠲᠠᠴᠢᠶᠠᠯ ᠳᠦ ᠪᠠᠨ ᠬᠥᠲᠦᠯᠦᠭᠳᠡᠨ ᠭᠠᠯᠵᠠᠭᠤᠷᠠᠮ᠎ᠠ ᠮᠡᠲᠦ ᠬᠢᠯᠢᠩᠨᠡᠨ ᠬᠢᠯᠢᠩᠨᠡᠨ ᠵᠢᠳᠭᠦᠪᠡᠴᠦ ᠬᠤᠯᠤᠰᠤᠨ ᠪᠤᠢᠯᠠ ᠂ ᠰᠢᠷᠪᠦᠰᠦᠨ ᠲᠡᠪ ᠂ ᠲᠡᠮᠦᠷ ᠭᠠᠷᠠᠬ᠎ᠠ ᠲᠠᠢ ᠬᠢᠯᠭᠠᠰᠤᠨ ᠪᠤᠷᠠᠨᠲᠠᠭ ᠢ ᠲᠠᠰᠤᠳᠠᠨ ᠴᠢᠳᠠᠬᠤ ᠦᠭᠡᠢ ᠬᠥᠯ ᠢᠶᠠᠨ ᠲᠡᠪᠰᠡᠯᠡᠨ ᠲᠡᠪᠰᠡᠯᠡᠨ ᠲᠣᠭᠲᠠᠨ ᠶᠠᠳᠠᠵᠤ ᠪᠡᠬᠢ ᠤᠶᠠᠭ᠎ᠠ ᠪᠠᠨ ᠡᠷᠬᠢᠨ ᠡᠷᠬᠢᠨ ᠭᠤᠩᠬᠢᠨᠠᠬᠤ ᠠᠵᠠᠢ ᠃
    ᠣᠶᠤᠨ᠎ᠠ ᠠᠷᠭᠠᠯ ᠠᠪᠴᠢᠷᠠᠵᠤ ᠭᠠᠯ ᠢᠶᠠᠨ ᠥᠷᠳᠡᠭᠰᠡᠨ ᠢᠶᠠᠨ ᠴᠢᠪ ᠬᠦᠢᠲᠡᠨ ᠭᠠᠷ ᠢᠶᠠᠷ ᠢᠶᠠᠨ ᠠᠮᠲᠠᠲᠠᠢᠬᠠᠨ ᠤᠨᠲᠠᠵᠤ ᠪᠠᠢᠭ᠎ᠠ ᠡᠷ᠎ᠡ ᠨᠥᠬᠦᠷ ᠢᠳᠡᠷ ᠤᠨ ᠢᠶᠠᠨ ᠬᠠᠴᠠᠷ ᠢ ᠬᠦᠩᠬᠡᠬᠡᠨ ᠢᠯᠢᠭᠰᠡᠨ ᠳᠦ ᠢᠳᠡᠷ ᠰᠣᠴᠢᠨ ᠰᠡᠷᠢᠭᠰᠡᠨ ᠪᠣᠯᠪᠠᠴᠤ ᠦᠯᠦ ᠤᠴᠠᠭᠠᠷᠯᠠᠨ ᠡᠬᠡᠨᠡᠷ ᠤᠨ ᠢᠶᠠᠨ ᠭᠠᠷ ᠡᠴᠡ ᠲᠠᠪ ᠬᠢᠨ ᠪᠠᠷᠢᠵᠤ ᠪᠡᠶ᠎ᠡ ᠵᠦᠭ ᠢᠶᠠᠨ ᠣᠢᠷᠠᠲᠤᠭᠤᠯᠬᠤ ᠳᠦ ᠣᠶᠤᠨ᠎ᠠ ᠴᠣ᠋ ᠡᠷᠬᠡᠯᠡᠨ ᠢᠨᠠᠭᠰᠢᠵᠦ ᠬᠦᠢᠲᠡᠨ ᠬᠠᠴᠠᠷ ᠢᠶᠠᠨ ᠢᠳᠡᠷ ᠤᠨ ᠬᠠᠯᠠᠭᠤᠨ ᠬᠠᠴᠠᠷ ᠲᠦ ᠨᠠᠭᠠᠪᠠ ᠃ 《 ᠬᠤᠷᠳᠤᠨ ᠪᠣᠰᠤᠭᠠᠷᠠᠢ ᠂ ᠵᠠᠮ ᠬᠤᠯᠠ ᠰᠢᠦ ᠳ᠋ᠠ 》 ᠭᠡᠵᠦ ᠣᠶᠤᠨ᠎ᠠ ᠡᠷ᠎ᠡ ᠶᠢᠨ ᠢᠶᠠᠨ ᠴᠢᠬᠢᠨ ᠳᠦ ᠰᠡᠮᠬᠡᠨ ᠰᠢᠪᠡᠨᠡᠭᠰᠡᠨ ᠢᠶᠠᠨ ᠡᠷ᠎ᠡ ᠨᠥᠬᠦᠷ ᠤᠨ ᠢᠶᠠᠨ ᠠᠭᠠᠯᠢᠬᠦᠢᠳᠡᠨᠰᠠᠷᠪᠠᠯᠵᠠᠬᠤ ᠭᠠᠷ ᠢ ᠬᠥᠩᠭᠡᠨ ᠲᠦᠯᠬᠢᠨ ᠵᠢᠷᠭᠠᠯᠳᠠᠢᠬᠠᠨ ᠮᠦᠰᠢᠶᠡᠪᠡ ᠃ ᠠᠶᠠᠨ ᠳᠦ ᠶᠠᠪᠤᠬᠤ ᠪᠡᠨ ᠰᠠᠶᠢ ᠰᠠᠨᠠᠵᠤ ᠣᠯᠤᠭᠰᠠᠨ ᠢᠳᠡᠷ ᠶᠠᠭᠠᠷᠠᠪᠴᠢᠯᠠᠨ ᠪᠣᠰᠤᠯ᠎ᠠ ᠂ ᠬᠡᠷ ᠲᠦ ᠭᠠᠯ ᠤᠨ ᠢᠯᠴᠢ ᠪᠠᠳᠠᠷᠠᠨ ᠲᠠᠷᠬᠢᠯᠡᠨ ᠪᠤᠴᠠᠯᠬᠤ ᠴᠠᠢ ᠡᠴᠡ ᠠᠭᠤᠷ ᠰᠠᠪᠰᠠᠨ ᠪᠠᠢᠪᠠ ᠃
    ᠢᠳᠡᠷ ᠳᠤᠯᠠᠭᠠᠨ ᠬᠡᠷ ᠡᠴᠡ ᠪᠡᠨ ᠭᠠᠷᠬᠤ ᠳᠦ ᠶᠢᠰᠦ ᠶᠢᠨ ᠭᠣᠣᠯ ᠤᠨ ᠬᠦᠢᠲᠡᠨ ᠵᠢᠪᠠᠷ ᠬᠠᠴᠠᠷ ᠢ ᠬᠠᠭᠠᠷᠢᠨ ᠠᠮᠠᠨ ᠡᠴᠡ ᠨᠢ ᠴᠠᠭᠠᠨ ᠠᠭᠤᠷ ᠰᠠᠪᠰᠠᠬᠤ ᠠᠵᠠᠢ ᠃ ᠦᠬᠡᠷ ᠬᠣᠨᠢ ᠨᠢ ᠬᠦᠢᠲᠡᠨ ᠡᠴᠡ ᠰᠢᠷᠬᠢᠢᠵᠦ ᠳᠤᠯᠠᠭᠠᠨ ᠬᠠᠰᠢᠶᠠᠨ ᠳᠦ ᠪᠡᠨ ᠲᠠᠢᠪᠤᠩ ᠬᠡᠪᠲᠡᠵᠦ ᠲᠠᠪᠠᠲᠠᠢᠬᠠᠨ ᠬᠡᠪᠢᠵᠦ ᠡᠵᠡᠨ ᠢᠶᠠᠨ ᠠᠮᠤᠭᠤᠯᠠᠩ ᠰᠢᠷᠳᠡᠵᠦ ᠪᠠᠢᠯ᠎ᠠ ᠃ ᠭᠠᠭᠴᠠ ᠬᠦ ᠳᠣᠭᠰᠢᠨ ᠬᠠᠷ᠎ᠠ ᠪᠤᠤᠷ᠎ᠠ ᠨᠢ ᠡᠵᠡᠨ ᠢᠶᠠᠨ ᠬᠠᠷᠠᠵᠤ ᠡᠷᠬᠡᠯᠡᠵᠦ ᠲᠤᠨᠢᠷᠬᠠᠭᠰᠠᠨ ᠪᠣᠯᠪᠠᠤ ᠬᠡᠮᠡᠷ ᠰᠢᠳᠦ ᠪᠡᠨ 《 ᠵᠢᠤᠷᠳ᠋ ᠵᠢᠤᠷᠳ᠋ 》 ᠬᠠᠪᠢᠷᠴᠤ ᠠᠮᠠᠨ ᠡᠴᠡ ᠪᠡᠨ ᠬᠥᠭᠡᠰᠦ ᠰᠠᠬᠠᠷᠠᠭᠤᠯᠤᠨ ᠬᠣᠢᠲᠤ ᠬᠣᠶᠠᠷ ᠬᠥᠯ ᠳᠡᠭᠡᠷ᠎ᠡ ᠪᠡᠨ ᠴᠢᠨᠡᠭᠡ ᠪᠡᠷ ᠢᠶᠠᠨ ᠰᠠᠭᠤᠵᠤ ᠯᠤᠤ ᠡᠷᠳᠡᠨᠢ ᠶᠢᠨ ᠬᠦᠵᠦᠭᠦᠦ ᠪᠡᠨ ᠴᠢᠨᠡᠭᠡ ᠪᠡᠷ ᠢᠶᠠᠨ ᠰᠤᠩᠭᠠᠨ ᠰᠢᠬᠡᠰᠦ ᠰᠠᠪᠢᠷᠠᠭᠤᠯᠵᠤ ᠭᠠᠬᠠᠢ ᠡᠷᠳᠡᠨᠢ ᠶᠢᠨ ᠰᠡᠭᠦᠯ ᠢᠶᠠᠷ ᠢᠶᠠᠨ ᠰᠢᠪᠰᠢᠪᠠᠴᠤ ᠡᠵᠡᠨ ᠨᠢ ᠰᠡᠭᠦᠯ ᠢ ᠨᠢ ᠪᠦᠬᠦ ᠲᠠᠢ ᠨᠢ ᠬᠣᠯᠪᠤᠨ ᠤᠶᠠᠭᠰᠠᠨ ᠲᠤᠯᠠ ᠰᠡᠭᠦᠯ ᠢᠶᠠᠨ ᠲᠡᠮᠡᠢᠯᠡ ᠰᠠᠪᠠᠯᠠᠬᠤ ᠠᠵᠠᠢ ᠃ ᠡᠵᠡᠨ ᠨᠢ ᠳᠣᠭᠰᠢᠨ ᠰᠦᠷᠳᠤ ᠲᠡᠮᠡᠭᠡ ᠪᠡᠨ ᠰᠦᠷᠯᠢᠭ ᠪᠣᠯᠭᠠᠬᠤ ᠬᠡᠮᠡᠨ ᠲᠠᠬᠢᠶ᠎ᠠ ᠡᠷᠳᠡᠨᠢ ᠶᠢᠨ ᠥᠪᠦᠩ ᠳᠡᠭᠡᠷ᠎ᠡ ᠨᠢ ᠤᠯᠠᠭᠠᠨ ᠪᠦᠰ ᠤᠶᠠᠭᠰᠠᠨ ᠨᠢ ᠪᠤᠤᠷ᠎ᠠ ᠶᠢ ᠤᠯᠠᠮ ᠣᠮᠤᠭᠰᠢᠭᠤᠨ ᠪᠣᠯᠭᠠᠵᠠᠢ ᠃ ᠢᠳᠡᠷ ᠨᠤᠲᠤᠭ ᠤᠨ ᠵᠠᠭᠠᠨ ᠬᠡᠮᠡᠭᠳᠡᠭᠰᠡᠨ ᠰᠦᠷᠯᠢᠭ ᠲᠣᠮᠤ ᠬᠠᠷ᠎ᠠ ᠪᠤᠤᠷ᠎ᠠ ᠪᠡᠨ ᠪᠠᠬᠠᠷᠬᠠᠨ ᠬᠠᠷᠠᠵᠤ ᠄ 《 ᠡᠪᠡᠰᠦ ᠤᠰᠤᠨ ᠡᠴᠡ ᠭᠠᠷᠴᠢᠬᠠᠭᠰᠠᠨ ᠠᠮᠢᠲᠠᠨ ᠳ᠋ᠠ ᠂ ᠰᠢᠷᠡᠭᠡ ᠪᠣᠰᠤᠭ᠎ᠠ ᠪᠦᠬᠦ ᠨᠢ ᠠᠯᠢ ᠡᠳᠦᠷ ᠰᠢᠪᠲᠤᠷᠤᠭᠰᠠᠨ ᠭᠡᠳᠡᠰᠦ ᠮᠡᠲᠦ ᠬᠠᠮᠰᠠᠢᠵᠦ ᠲᠤᠷᠤᠭ ᠪᠡᠶ᠎ᠡ ᠨᠢ ᠶᠠᠰᠤᠨ ᠬᠡᠳᠡᠷᠡᠬᠡ ᠪᠣᠯᠬᠤ ᠪᠤᠢ 》 ᠭᠡᠵᠦ ᠬᠠᠷᠠᠮᠰᠠᠨ ᠪᠤᠳᠤᠪᠠ ᠃ ᠶᠡᠬᠡ ᠪᠠᠢᠭᠠᠯᠢ ᠡᠴᠡ ᠵᠠᠶᠠᠭᠠᠭᠰᠠᠨ ᠡᠷ᠎ᠡ ᠬᠦᠢᠰᠦᠲᠡᠨ ᠤ ᠣᠷᠤᠭ᠎ᠠ ᠬᠡᠢᠷᠬᠡᠯ ᠳᠦ ᠪᠡᠨ ᠡᠵᠡᠯᠡᠬᠦᠯᠦᠭᠰᠡᠨ ᠳᠣᠭᠰᠢᠨ ᠬᠠᠷ᠎ᠠ ᠪᠤᠤᠷ᠎ᠠ ᠴᠡᠭᠡᠵᠢ ᠬᠦᠷᠴᠢᠬᠢᠨᠡᠬᠦᠯᠦᠨ ᠬᠥᠯ ᠲᠡᠪᠰᠡᠯᠡᠨ ᠬᠠᠪᠢᠳᠠᠭᠰᠠᠨ ᠪᠦᠬᠦᠨ ᠢ ᠬᠡᠮᠬᠡ ᠪᠠᠯᠪᠠ ᠭᠢᠰᠭᠢᠵᠦ ᠬᠠᠶᠠᠮᠠᠷ ᠠᠭᠠᠰᠢᠯᠠᠨᠠᠮ ᠃ ᠨᠠᠢᠷ ᠤᠨ ᠲᠠᠯᠠᠪᠠᠢ ᠳᠦ ᠣᠮᠤᠭ ᠰᠢᠲᠠᠵᠤ ᠠᠷᠰᠯᠠᠨ ᠪᠠᠷᠰ ᠮᠡᠲᠦ ᠳᠡᠪᠢᠵᠦ ᠶᠠᠪᠤᠭᠰᠠᠨ ᠢᠳᠡᠷ ᠠᠭᠰᠤᠮᠨᠠᠬᠤ ᠪᠤᠤᠷ᠎ᠠ ᠪᠡᠨ ᠪᠠᠬᠠᠷᠬᠠᠨ ᠬᠠᠷᠠᠵᠤ ᠄ 《 ᠥᠨᠦᠳᠦᠷ ᠬᠣᠶᠠᠭᠤᠯᠠ ᠪᠡᠨ ᠪᠠᠶᠠᠨᠲᠣᠬᠤᠢ ᠳᠦ ᠣᠴᠢᠵᠤ ᠬᠢᠲᠠᠳ ᠠᠢᠯ ᠡᠴᠡ ᠠᠮᠤ ᠪᠤᠳᠠᠭ᠎ᠠ ᠣᠯᠵᠤ ᠢᠷᠡᠨ᠎ᠡ ᠳ᠋ᠠ 》 ᠭᠡᠵᠦ ᠪᠤᠤᠷᠠᠨ ᠳᠦ ᠪᠡᠨ ᠬᠡᠯᠡᠭᠡᠳ ᠬᠡᠷ ᠲᠦ ᠪᠡᠨ ᠣᠷᠤᠪᠠ

    ᠨᠠᠷᠠ ᠮᠠᠨᠳᠤᠵᠤ ᠵᠢᠪᠡᠷ ᠰᠠᠯᠬᠢ ᠨᠠᠮ ᠬᠢᠪᠡ ᠃ ᠠᠢᠪᠤᠭᠤ ᠲᠠᠢᠪᠤᠭᠤ ᠡᠨᠡ ᠨᠤᠲᠤᠭ ᠤᠨ ᠦᠷᠯᠦᠬᠡᠤᠷᠤᠭᠰᠠᠨ ᠪᠤᠤᠷ᠎ᠠ ᠶᠢᠨ ᠬᠦᠷᠴᠢᠭᠢᠨᠡᠨ ᠬᠦᠷᠬᠢᠷᠡᠬᠦ ᠳᠠᠰᠤᠯ ᠲᠠᠭᠤᠨ ᠢᠶᠠᠷ ᠨᠠᠢᠷᠯᠠᠯ ᠬᠥᠭᠵᠢᠮ ᠪᠣᠯᠭᠠᠨ ᠡᠬᠢᠯᠡᠪᠡ ᠃ ᠤᠯᠠᠩᠭᠠᠰᠤᠨ ᠬᠦᠷᠬᠢᠷᠡᠬᠦ ᠪᠤᠤᠷ᠎ᠠ ᠶᠢᠨ ᠲᠠᠭᠤ ᠴᠢᠮᠡᠭᠡ ᠬᠣᠶᠠᠷ ᠭᠠᠵᠠᠷ ᠤᠨ ᠲᠡᠷᠲᠡᠭᠡ ᠴᠤᠤᠷᠢᠶᠠᠯᠠᠬᠤ ᠨᠢ ᠮᠠᠭᠠᠳ ᠲᠠᠢ ᠃ ᠢᠳᠡᠷ ᠣᠶᠤᠨ᠎ᠠ ᠬᠣᠶᠠᠭᠤᠯᠠ ᠮᠠᠯ ᠠᠬᠤᠢ ᠶᠢᠨ ᠢᠶᠠᠨ ᠲᠤᠬᠠᠢ ᠲᠦᠩᠬᠡᠷ ᠲᠠᠩᠭᠠᠷ ᠵᠣᠭᠤᠭᠳᠠᠵᠤ ᠡᠷᠲᠡ ᠶᠢᠨ ᠴᠠᠢ ᠪᠠᠨ ᠤᠤᠭᠤᠪᠠ ᠃ ᠣᠶᠤᠨ᠎ᠠ ᠬᠡᠷ ᠲᠡᠷᠭᠡ ᠪᠡᠨ ᠴᠡᠪᠡᠷᠯᠡᠵᠦ ᠦᠨᠡᠰᠦ ᠬᠣᠭ ᠢᠶᠠᠨ ᠬᠡᠬᠡᠵᠦ ᠂ ᠢᠳᠡᠷ ᠰᠢᠷᠢᠳᠡᠭ ᠲᠣᠬᠤᠮ ᠤᠭᠤᠲᠠ ᠰᠢᠭᠤᠳᠠᠢ ᠪᠠᠨ ᠪᠡᠯᠡᠳᠭᠡᠪᠡ ᠃ ᠣᠶᠤᠨ᠎ᠠ ᠂ ᠡᠷ᠎ᠡ ᠨᠥᠬᠦᠷ ᠤᠨ ᠢᠶᠠᠨ ᠡᠮᠦᠰᠬᠦ ᠨᠡᠬᠡᠢ ᠳᠡᠪᠡᠯ ᠂ ᠦᠨᠡᠬᠡᠨ ᠯᠣᠪᠤᠤᠵᠠ ᠂ ᠢᠰᠡᠬᠡᠢ ᠣᠢᠮᠤᠰᠤ ᠲᠠᠢ ᠭᠤᠲᠤᠯ ᠢ ᠨᠢ ᠭᠠᠷᠭᠠᠵᠤ ᠢᠷᠡᠪᠡ ᠃ ᠢᠳᠡᠷ ᠨᠡᠬᠡᠢ ᠳᠡᠪᠡᠯ ᠢᠶᠠᠨ ᠬᠡᠳᠦᠷᠴᠦ ᠪᠥᠬᠡᠴᠢᠨ ᠬᠥᠮᠦᠨ ᠤ ᠶᠣᠰᠤᠭᠠᠷ ᠦᠷᠬᠡᠨᠴᠡᠬᠡᠵᠢ ᠪᠡᠨ ᠬᠠᠩᠬᠠᠯᠵᠠᠭᠤᠯᠤᠨ ᠰᠦᠪᠡᠬᠡ ᠳᠠᠷᠤᠨ ᠬᠡᠩᠬᠦᠯᠵᠡᠬᠦ ᠳᠦ ᠣᠶᠤᠨ᠎ᠠ ᠰᠢᠷ᠎ᠠ ᠲᠣᠷᠭᠠᠨ ᠪᠦᠰᠡ ᠶᠢ ᠨᠢ ᠤᠷᠠᠨ ᠡᠪᠯᠢᠭ ᠭᠠᠷ ᠢᠶᠠᠷ ᠢᠶᠠᠨ ᠴᠢᠪ ᠴᠢᠩᠭ᠎ᠠ ᠣᠷᠢᠶᠠᠵᠤ ᠵᠠᠩᠬᠢᠳᠤᠳᠠᠯ᠎ᠠ ᠢᠳᠡᠷ ᠭᠡᠨᠡᠳᠲᠡ ᠡᠬᠡᠨᠡᠷ ᠢᠶᠠᠨ ᠴᠢᠩᠭ᠎ᠠ ᠡᠴᠡ ᠴᠢᠩᠭ᠎ᠠ ᠲᠡᠪᠡᠷᠢᠵᠦ ᠬᠡᠷᠡᠯ ᠭᠡᠭᠡ ᠲᠠᠲᠠᠭᠰᠠᠨ ᠴᠠᠰᠤ ᠴᠠᠭᠠᠨ ᠬᠦᠵᠦᠭᠦᠦ ᠳᠡᠭᠡᠷ᠎ᠡ ᠨᠢ ᠤᠷᠤᠭᠤᠯ ᠢᠶᠠᠨ ᠨᠠᠭᠠᠨ ᠰᠢᠨᠤᠭᠯᠠᠨ ᠦᠨᠦᠰᠦᠯ᠎ᠡ ᠃ ᠪᠥᠬᠡᠴᠢᠨ ᠡᠷ᠎ᠡ ᠶᠢᠨ ᠬᠠᠩᠬᠠᠭᠠᠷ ᠴᠡᠭᠡᠵᠢᠨ ᠳᠦ ᠲᠠᠰᠤ ᠨᠠᠭᠠᠯᠳᠤᠭᠰᠠᠨ ᠣᠶᠤᠨ᠎ᠠ ᠮᠥᠨ ᠬᠦ ᠲᠡᠪᠡᠷᠢ ᠪᠠᠭᠲᠠᠮ᠎ᠠ ᠦᠭᠡᠢ ᠬᠦᠳᠡᠷ ᠲᠣᠮᠤ ᠪᠡᠶ᠎ᠡ ᠶᠢ ᠨᠢ ᠬᠦᠴᠦᠯᠡᠨ ᠲᠡᠪᠡᠷᠢᠵᠦ ᠥᠷᠭᠡᠨ ᠮᠥᠷᠦ ᠶᠢ ᠨᠢ ᠲᠠᠷᠯᠠᠨ ᠨᠢᠳᠦ ᠪᠡᠨ ᠬᠦᠩᠬᠡᠬᠡᠨ ᠠᠨᠢᠪᠠ ᠃ ᠬᠡᠰᠡᠭ ᠤᠳᠠᠭᠰᠠᠨ ᠢᠶᠠᠨ ᠣᠶᠤᠨ᠎ᠠ ᠄ 《 ᠡᠳᠦᠷ ᠰᠥᠨᠢ ᠦᠭᠡᠢ ᠲᠡᠪᠡᠷᠢᠯᠴᠡᠬᠡᠳ ᠦᠨᠡᠬᠡᠷ ᠢᠴᠢᠮᠡᠷ ︕》 ᠭᠡᠵᠦ ᠡᠷᠬᠡᠯᠡᠩᠬᠦᠢ ᠳᠤᠤᠭᠠᠷᠴᠤ ᠢᠳᠡᠷ ᠢ ᠬᠥᠩᠭᠡᠨ ᠲᠦᠯᠬᠢᠨ ᠵᠠᠢᠯᠠᠭᠤᠯᠵᠤ ᠦᠰᠦ ᠭᠡᠵᠢᠭᠡ ᠪᠡᠨ ᠶᠠᠩᠵᠤᠯᠠᠪᠠ ᠃ ᠪᠦᠬᠡᠴᠢᠨᠢᠳᠡᠷ ᠬᠡᠷ ᠤᠨ ᠪᠠᠷᠠᠭᠤᠨ ᠲᠠᠯ᠎ᠠ ᠶᠢᠨ ᠵᠠᠪᠠᠭ ᠲᠦ ᠬᠠᠪᠴᠢᠭᠤᠯᠤᠭᠰᠠᠨ ᠡᠷ᠎ᠡ ᠬᠠᠷ᠎ᠠ ᠰᠤᠷ ᠢᠶᠠᠷ ᠮᠤᠰᠭᠢᠭᠰᠠᠨ ᠪᠦᠳᠦᠭᠦᠨ ᠲᠠᠰᠢᠭᠤᠷ ᠢᠶᠠᠨ ᠲᠣᠬᠤᠮ ᠰᠢᠷᠢᠳᠡᠭ ᠤᠨ ᠬᠠᠮᠲᠤ ᠠᠪᠴᠤ ᠭᠠᠷᠪᠠ ᠃
    ᠴᠡᠭᠡᠵᠢ ᠬᠦᠷᠴᠢᠬᠢᠨᠡᠬᠦᠯᠦᠨ ᠰᠢᠳᠦ ᠵᠠᠵᠢᠬᠢᠨᠠᠭᠤᠯᠤᠭᠰᠠᠨ ᠳᠣᠭᠰᠢᠨ ᠬᠠᠷ᠎ᠠ ᠪᠤᠤᠷ᠎ᠠ ᠤᠯᠠᠭᠠᠨ ᠰᠠᠴᠤᠭ ᠲᠠᠢ ᠲᠣᠮᠤ ᠲᠣᠯᠤᠭᠠᠢ ᠪᠠᠨ ᠴᠠᠭᠠᠨ ᠬᠥᠭᠡᠰᠦ ᠪᠡᠷ ᠪᠤᠯᠠᠵᠤ ᠂ ᠬᠣᠷᠢᠭᠯᠠᠭᠳᠠᠰᠢ ᠦᠭᠡᠢ ᠴᠢᠩᠭ᠎ᠠ ᠰᠢᠨᠤᠯ ᠳᠦ ᠪᠡᠨ ᠲᠣᠭᠲᠠᠨ ᠶᠠᠳᠠᠨ ᠵᠢᠳᠭᠦᠵᠦ ᠪᠦᠬᠡᠴᠢᠨᠡᠵᠡᠨ ᠤ ᠢᠳᠡ ᠬᠦᠴᠦ ᠂ ᠰᠤᠷ ᠲᠠᠰᠢᠭᠤᠷ ᠤᠨ ᠴᠢᠩᠭ᠎ᠠ ᠬᠠᠲᠠᠭᠤ ᠶᠢ ᠬᠡᠳᠦᠢᠨᠢ ᠤᠮᠠᠷᠲᠠᠭᠰᠠᠨ ᠮᠡᠲᠦ ᠃ ᠢᠳᠡᠷ ᠪᠦᠳᠦᠭᠦᠨ ᠲᠠᠰᠢᠭᠤᠷ ᠢᠶᠠᠨ ᠳᠡᠭᠡᠷ᠎ᠡ ᠲᠠᠯᠠᠢᠵᠦ 《 ᠬᠠᠢ ︕ 》 ᠬᠡᠮᠡᠨ ᠴᠢᠩᠭ᠎ᠠ ᠳᠤᠤᠭᠠᠷᠴᠤ ᠭᠠᠯᠵᠠᠭᠤᠷᠠᠮ᠎ᠠ ᠪᠣᠯᠤᠭᠰᠠᠨ ᠪᠤᠤᠷ᠎ᠠ ᠶᠢᠨ ᠪᠤᠷᠠᠨᠲᠠᠭ ᠡᠴᠡ ᠳᠤᠭᠲᠤᠷᠬᠤ ᠳᠦ ᠤᠯᠠᠩᠭᠠᠰᠠᠭᠰᠠᠨ ᠪᠤᠤᠷ᠎ᠠ ᠭᠡᠨᠡᠳᠲᠡ ᠥᠭᠡᠳᠡ ᠡᠴᠡ ᠨᠢ ᠢᠪᠡᠵᠦ ᠢᠷᠡᠬᠦᠶ᠎ᠡ ᠬᠠᠷᠠᠵᠤ ᠵᠣᠭᠰᠤᠭᠰᠠᠨ ᠣᠶᠤᠨ᠎ᠠ ᠲᠠᠭᠤ ᠠᠯᠳᠠᠨ ᠬᠠᠰᠭᠢᠷᠬᠤ ᠭᠱᠡᠨ᠎ᠡ ᠪᠥᠬᠡᠴᠢᠨ ᠡᠷ᠎ᠡ ᠬᠡᠳᠦᠢᠨᠢ ᠬᠠᠯᠢᠰᠬᠢᠨ ᠵᠠᠢᠯᠠᠵᠤ ᠰᠤᠷ ᠲᠠᠰᠢᠭᠤᠷ ᠢᠶᠠᠷ ᠪᠤᠤᠷ᠎ᠠ ᠶᠢᠨ ᠪᠡᠴᠢᠨ ᠡᠷᠳᠡᠨᠢ ᠶᠢᠨ ᠭᠤᠶ᠎ᠠ ᠤᠷᠤᠭᠤ 《 ᠲᠠᠰ ᠨᠢᠰ 》 ᠬᠢᠲᠡᠯ᠎ᠡ ᠬᠡᠳᠦᠨᠲᠡ ᠣᠷᠢᠶᠠᠯᠭᠠᠭᠰᠠᠨ ᠳᠦ ᠠᠷᠠᠰᠤ ᠮᠢᠬᠠᠨ ᠤ ᠡᠪᠡᠷᠰᠢᠶᠡᠯ ᠳᠦ ᠤᠴᠠᠷᠠᠭᠰᠠᠨ ᠳᠣᠭᠰᠢᠨ ᠪᠤᠤᠷ᠎ᠠ ᠠᠷᠠᠢ ᠬᠡᠮᠡᠨ ᠡᠵᠡᠨ ᠢᠶᠠᠨ ᠲᠠᠨᠢᠵᠤ ᠡᠷᠬᠡ ᠦᠭᠡᠢ ᠨᠤᠮᠤᠬᠠᠷᠠᠪᠠ ᠃ ᠡᠵᠡᠨ ᠤ ᠰᠦᠷ ᠰᠤᠷ ᠲᠠᠰᠢᠭᠤᠷ ᠤᠨ ᠬᠦᠴᠦ ᠪᠡᠷ ᠪᠤᠤᠷ᠎ᠠ ᠶᠢᠨ ᠣᠮᠤᠭ ᠢ ᠳᠠᠷᠤᠵᠤ ᠰᠦᠬᠦᠳᠬᠡᠭᠰᠡᠨ ᠢᠶᠠᠨ ᠪᠥᠬᠡᠴᠢᠨ ᠢᠳᠡᠷ ᠲᠣᠬᠤᠮ ᠰᠢᠷᠢᠳᠡᠭ ᠢᠶᠠᠨ ᠲᠣᠬᠤᠵᠤ ᠤᠭᠤᠲᠠ ᠰᠢᠭᠤᠳᠠᠢ ᠪᠡᠨ ᠠᠴᠢᠨ ᠳᠣᠭᠰᠢᠨ ᠪᠤᠤᠷ᠎ᠠ ᠶᠢᠨ ᠨᠢᠳᠦᠨ ᠳᠦ ᠰᠤᠷ ᠲᠠᠰᠢᠭᠤᠷ ᠢᠶᠠᠨ ᠢᠮᠠᠭᠲᠠ ᠦᠵᠡᠭᠦᠯᠵᠦ ᠴᠢᠬᠢᠨ ᠳᠦ ᠨᠢ ᠴᠢᠩᠭ᠎ᠠ ᠲᠠᠭᠤ ᠪᠡᠨ ᠢᠮᠠᠭᠲᠠ ᠰᠤᠨᠤᠰᠬᠠᠵᠦ 《 ᠡᠵᠡᠨ ᠴᠢᠨᠢ ᠡᠨᠳᠡ ᠪᠤᠢ ᠂ ᠪᠢᠲᠡᠭᠡᠢ ᠲᠡᠮᠡᠢᠷᠠ 》 ᠭᠡᠵᠦ ᠴᠠᠭ ᠢᠮᠠᠭᠲᠠ ᠰᠠᠨᠠᠭᠤᠯᠵᠤ ᠪᠠᠢᠪᠠ ᠃ ᠬᠠᠷ᠎ᠠ ᠪᠤᠤᠷ᠎ᠠ ᠶᠢᠨ ᠪᠡᠶ᠎ᠡ ᠡᠴᠡ ᠰᠢᠬᠡᠰᠦ ᠰᠢᠩᠬᠡᠭ ᠰᠡᠪᠡᠰᠦ ᠪᠣᠬᠢ ᠶᠢᠨ ᠦᠨᠦᠷ ᠶᠢᠰᠦ ᠶᠢᠨ ᠬᠦᠢᠲᠡᠨ ᠳᠦ ᠬᠥᠯᠳᠡᠨ ᠠᠯᠳᠠᠨ ᠲᠠᠷᠬᠠᠬᠤ ᠨᠢ ᠣᠶᠤᠨ᠎ᠠ ᠶᠢᠨ ᠬᠠᠮᠠᠷ ᠲᠦ ᠬᠦᠷᠴᠦ ᠪᠠᠢᠪᠠ ᠃ 《 ᠣᠷᠤᠭᠰᠠᠨ ᠪᠤᠤᠷ᠎ᠠ ᠪᠠᠨ ᠬᠡᠴᠢᠶᠠ ᠳ᠋ᠡ 》 ᠭᠡᠵᠦ ᠣᠶᠤᠨ᠎ᠠ ᠠᠶᠤᠳᠠᠰᠤ ᠭᠦᠷᠦᠨ ᠰᠠᠨᠠᠭᠤᠯᠳᠠᠯ᠎ᠠ ᠢᠳᠡᠷ ᠬᠡᠳᠦᠢᠨᠢ ᠰᠢᠷᠡᠭᠡ ᠪᠣᠰᠤᠭ᠎ᠠ ᠬᠣᠶᠠᠷ ᠪᠦᠬᠦ ᠶᠢᠨ ᠬᠣᠭᠤᠷᠤᠨᠳᠤ ᠠᠯᠠᠪᠬᠢᠨ ᠮᠣᠷᠳᠠᠪᠠ ᠃ ᠬᠠᠷ᠎ᠠ ᠪᠤᠤᠷ᠎ᠠ ᠶᠢᠨ ᠬᠦᠴᠦᠷᠬᠡᠭ ᠬᠣᠶᠠᠷ ᠭᠤᠶ᠎ᠠ ᠲᠣᠮᠤ ᠲᠠᠪᠠᠬᠠᠢ ᠬᠥᠯᠳᠡᠭᠦᠦ ᠭᠠᠵᠠᠷ ᠢ ᠲᠠᠴᠢᠬᠢᠨᠠᠳᠠᠯ᠎ᠠ ᠠᠯᠠᠭᠠᠳᠠᠨ ᠪᠣᠰᠬᠤ ᠳᠦ ᠢᠳᠡᠷ ᠡᠮᠦᠨᠡᠰᠢ ᠱᠤᠩᠭᠤᠰᠬᠢᠨ ᠭᠤᠳᠤᠷᠴᠦ ᠪᠦᠬᠦ ᠡᠴᠡ ᠨᠢ ᠲᠠᠰᠤ ᠵᠢᠭᠤᠷᠠᠨᠠᠷᠠᠢ ᠲᠤᠭᠳᠠᠳᠠᠯ᠎ᠠ ᠬᠠᠷ᠎ᠠ ᠪᠤᠤᠷ᠎ᠠ ᠬᠣᠶᠠᠷ ᠬᠠ ᠪᠡᠨ ᠨᠢᠭᠡᠨᠲᠡ ᠥᠨᠳᠡᠢᠨ ᠦᠰᠦᠴᠢᠬᠦ ᠮᠡᠲᠦ ᠬᠡᠢ ᠲᠠᠪᠠᠷᠠᠨᠵᠤᠭᠰᠤᠬᠤ ᠳᠦ ᠢᠳᠡᠷ ᠬᠣᠢᠰᠢ ᠬᠠᠨᠳᠤᠷᠠᠨ ᠭᠤᠯᠰᠠᠵᠤ ᠠᠷᠠᠢ ᠯᠠ ᠰᠢᠳᠡᠭᠳᠡᠭᠰᠡᠨ ᠦᠭᠡᠢ ᠡ ᠃ ᠶᠡᠬᠡ ᠪᠠᠢᠭᠠᠯᠢ ᠡᠴᠡ ᠵᠠᠶᠠᠭᠠᠭᠰᠠᠨ ᠬᠣᠷᠢᠭᠯᠠᠭᠳᠠᠰᠢ ᠦᠭᠡᠢ ᠠᠷᠳᠠᠭ ᠰᠢᠨᠤᠯ ᠳᠦ ᠪᠡᠨ ᠬᠦᠳᠦᠯᠦᠬᠦᠯᠦᠭᠰᠡᠨ ᠬᠠᠷ᠎ᠠ ᠪᠤᠤᠷ᠎ᠠ ᠶᠢ ᠪᠥᠬᠡᠴᠢᠨ ᠢᠳᠡᠷ ᠣᠮᠤᠭ ᠰᠦᠷ ᠢᠶᠠᠷ ᠠᠶᠤᠯᠭᠠᠨ ᠵᠠᠬᠢᠷᠴᠤ ᠵᠠᠭᠠᠨ ᠬᠦᠯᠦᠭᠯᠡᠭᠰᠡᠨ ᠵᠠᠩᠵᠤᠨ ᠮᠡᠲᠦ ᠡᠮᠦᠨ᠎ᠡ ᠵᠦᠭ ᠢ ᠵᠣᠷᠢᠪᠠ ᠃ 《 ᠡᠵᠡᠨ ᠤᠨᠤᠭ᠎ᠠ ᠬᠣᠶᠠᠭᠤᠯᠠ ᠪᠡᠨ ᠡᠰᠡᠨ ᠮᠡᠨᠳᠦ ᠢᠷᠡᠬᠦ ᠪᠣᠯᠲᠤᠭᠠᠢ ︕ 》 ᠭᠡᠵᠦ ᠲᠡᠭᠷᠢ ᠪᠤᠷᠬᠠᠨ ᠳᠦ ᠪᠡᠨ ᠳᠠᠭᠠᠳᠭᠠᠭᠰᠠᠨ ᠣᠶᠤᠨ᠎ᠠ ᠦᠬᠡᠷ ᠬᠣᠨᠢ ᠪᠡᠨ ᠪᠡᠯᠴᠢᠬᠡᠷᠯᠡᠬᠦᠯᠬᠦ ᠪᠡᠷ ᠬᠣᠢᠰᠢ ᠡᠷᠬᠢᠪᠡ ᠃
    ᠡᠪᠦᠯ ᠤᠨ ᠬᠦᠢᠲᠡᠨ ᠤ ᠡᠷᠴᠢ ᠴᠢᠩᠭᠠᠷᠠᠵᠦ ᠪᠠᠢᠭ᠎ᠠ ᠴᠤ ᠥᠨᠳᠦᠷ ᠪᠣᠰᠤᠭ᠎ᠠ ᠪᠦᠬᠦ ᠶᠢᠨ ᠳᠤᠮᠳᠠ ᠰᠠᠭᠤᠵᠤ ᠂ ᠦᠨᠡᠭᠡᠨ ᠯᠤᠪᠤᠵᠠ ᠪᠡᠨ ᠪᠠᠭᠤᠯᠭᠠᠭᠰᠠᠨ ᠢᠳᠡᠷ ᠲᠤ ᠲᠠᠭᠠᠷᠠᠬᠤ ᠤᠴᠢᠷ ᠦᠭᠡᠢ ᠃ ᠨᠡᠬᠡᠢ ᠳᠡᠪᠡᠯ ᠢᠰᠡᠭᠡᠢ ᠣᠢᠮᠤᠰᠤ ᠲᠠᠢ ᠭᠤᠲᠤᠯ ᠡᠮᠦᠰᠳᠡᠭ ᠲᠡᠷᠡ ᠪᠡᠷ ᠲᠠᠭᠠᠷᠠᠵᠤ ᠪᠡᠭᠡᠷᠡᠨ᠎ᠡ ᠭᠡᠳᠡᠭ ᠢ ᠶᠡᠷᠦ ᠦᠵᠡᠭᠡ ᠦᠭᠡᠢ ᠶᠠᠪᠤᠳᠠᠭ ᠠᠵᠠᠢ ᠃ ᠡᠪᠦᠯ ᠤᠨ ᠬᠠᠲᠠᠭᠤ ᠳᠤ ᠨᠠᠪᠴᠢ ᠨᠠᠮᠠᠭ᠎ᠠ ᠪᠡᠨ ᠱᠤᠯᠠᠭᠤᠯᠤᠭᠰᠠᠨ ᠪᠤᠷᠭᠠᠰᠤ ᠮᠣᠳᠤ ᠡᠷᠪᠡᠢᠨ ᠲᠡᠷᠪᠡᠢᠨ ᠥᠩᠭᠡ ᠦᠭᠡᠢ ᠬᠠᠷᠠᠭᠳᠠᠬᠤ ᠨᠢ ᠦᠰᠦ ᠵᠣᠭᠳᠤᠷ ᠭᠦᠢᠴᠡᠳ ᠥᠩᠰᠢᠭ ᠲᠠᠷᠭᠤ ᠲᠠᠢ ᠬᠠᠷ᠎ᠠ ᠪᠤᠤᠷ᠎ᠠ ᠶᠢ ᠨᠢ ᠨᠡᠩᠳᠡ ᠤᠮᠤᠭᠰᠢᠭᠤᠯᠬᠤ ᠮᠡᠲᠦ ᠪᠣᠯᠵᠤ ᠵᠣᠭᠳᠤᠷ ᠬᠥᠳᠡᠯᠭᠡᠭᠡᠨ ᠲᠡᠰᠢᠭᠦᠯᠪᠡ ᠃ ᠁ ᠪᠥᠬᠡᠴᠢᠨ ᠢᠳᠡᠷ ᠤᠨ ᠬᠠᠷ᠎ᠠ ᠪᠤᠤᠷ᠎ᠠ ᠶᠢ ᠰᠣᠨᠤᠰᠤᠮᠠᠭᠴᠠ ᠠᠢᠯ ᠤᠨ ᠬᠢᠨ ᠤᠯᠠᠨ ᠳᠦ ᠪᠠᠬᠠᠷᠬᠠᠬᠤ ᠰᠦᠷᠳᠡᠬᠦ ᠪᠣᠳᠤᠯ ᠵᠡᠷᠭᠡ ᠪᠠᠭᠤᠳᠠᠭ ᠠᠪᠠᠢ ᠃ ᠬᠠᠷ᠎ᠠ ᠪᠤᠤᠷ᠎ᠠ ᠶᠢᠨ ᠪᠡᠶ᠎ᠡ ᠭᠠᠯᠪᠢᠷ ᠨᠢ ᠲᠡᠮᠡᠭᠡᠨ ᠤ ᠳᠣᠲᠤᠷ᠎ᠠ ᠪᠡᠨ ᠲᠣᠮᠤ ᠡᠴᠡ ᠲᠣᠮᠤ ᠂ ᠠᠭᠠᠰᠢ ᠠᠷᠠᠨᠰᠢᠨ ᠲᠤᠯᠬᠢᠨᠲᠤᠭᠰᠢᠨ ᠂ ᠬᠦᠴᠦᠨ ᠴᠢᠳᠠᠯ ᠶᠡᠬᠡ ᠡᠴᠡ ᠶᠡᠬᠡ ᠲᠤᠯᠠ ᠰᠦᠷᠦᠭ ᠤᠨ ᠮᠠᠩᠯᠠᠢ ᠪᠣᠯᠵᠤ ᠲᠠᠢᠯᠤᠭ ᠪᠠᠢᠬᠤ ᠳᠦ ᠪᠡᠨ ᠲᠣᠮᠤ ᠪᠤᠤᠷ᠎ᠠ ᠢ ᠬᠠᠵᠠᠨ ᠰᠢᠷᠬᠠᠲᠤᠭᠤᠯᠵᠦ ᠲᠡᠪᠢᠰᠦᠨ ᠠᠯᠠᠭᠰᠠᠨ ᠡᠴᠡ ᠬᠤᠯᠠ ᠦᠷ᠎ᠡ ᠳᠦ ᠴᠤᠤ ᠮᠠᠨᠳᠤᠵᠤ ᠂ ᠣᠷᠤᠭᠰᠠᠨ ᠪᠤᠤᠷ᠎ᠠ ᠨᠤᠭᠤᠳ ᠪᠠᠷ᠎ᠠ ᠪᠡᠷ ᠨᠢ ᠵᠠᠢᠯᠠᠵᠤ ᠶᠠᠪᠤᠳᠠᠭ ᠪᠥᠭᠡᠳ ᠠᠢᠯ ᠠᠢᠮᠠᠭ ᠤᠨ ᠬᠡᠦᠬᠡᠳ ᠪᠠᠭᠠᠴᠤᠤᠯ 《 ᠬᠠᠷ᠎ᠠ ᠪᠤᠤᠷ᠎ᠠ ᠢᠷᠡᠯ᠎ᠡ 》 ᠭᠡᠪᠡᠯ ᠤᠬᠢᠯᠠᠬᠤ ᠪᠡᠨ ᠵᠣᠭᠰᠤᠳᠠᠭ ᠠᠪᠠᠢ ᠃
    ᠥᠨᠥ ᠥᠷᠯᠦᠭᠡ ᠬᠠᠷ᠎ᠠ ᠪᠤᠤᠷ᠎ᠠ ᠤᠶᠠᠭᠠᠨ ᠡᠴᠡ ᠪᠡᠨ ᠠᠷᠠᠢ ᠰᠠᠯᠪᠠ ᠭᠡᠰᠡᠨ ᠮᠠᠶᠢᠭ ᠲᠠᠢ ᠪᠡᠶ᠎ᠡ ᠶᠢᠨ ᠴᠢᠯᠡᠭᠡ ᠭᠠᠷᠭᠠᠨ ᠴᠡᠭᠡᠵᠢ ᠬᠦᠷᠴᠢᠭᠡᠨᠡᠭᠦᠯᠦᠨ ᠰᠢᠳᠦ ᠬᠠᠪᠢᠷᠤᠨ ᠬᠥᠭᠡᠰᠦ ᠰᠠᠬᠠᠷᠠᠭᠤᠯᠤᠨ ᠬᠦᠵᠦᠭᠦᠦ ᠲᠠᠯᠪᠢᠨ ᠳᠤᠯᠠᠬᠤ ᠨᠢ ᠡᠭᠦᠯᠡ ᠬᠦᠯᠦᠭᠯᠡᠨ ᠳᠠᠯᠠᠢ ᠳᠦ ᠤᠮᠪᠠᠬᠤ ᠮᠡᠲᠦ ᠃ ᠤᠯᠠᠨ ᠵᠠᠭᠤᠨ ᠭᠠᠩᠭᠠᠩ ᠢᠩᠭᠡ ᠂ ᠡᠷᠡᠯᠬᠡᠭ ᠠᠳᠠ ᠶᠢᠨ ᠳᠤᠮᠳᠠ ᠰᠦᠷᠦᠭ ᠤᠨ ᠲᠦᠷᠦᠭᠦᠦ ᠪᠣᠯᠵᠤ ᠲᠡᠩᠬᠢᠢᠵᠦ ᠶᠠᠪᠤᠭᠰᠠᠨ ᠲᠡᠭᠦᠨ ᠢ ᠢᠳᠡ ᠣᠷᠤᠭ᠎ᠠ ᠶᠢᠨ ᠦᠶ᠎ᠡ ᠳᠦ ᠡᠵᠡᠨ ᠨᠢ ᠶᠠᠭᠤᠨ ᠳᠦ ᠬᠦᠴᠦ ᠪᠡᠷ ᠰᠠᠯᠭᠠᠵᠤ ᠳᠤᠷ᠎ᠠ ᠬᠦᠰᠡᠯ ᠢ ᠨᠢ ᠬᠠᠰᠢᠵᠤ ᠬᠣᠷᠢᠭᠰᠠᠨ ᠢ ᠤᠭᠲᠤ ᠤᠬᠠᠭᠠᠷᠠᠯ ᠦᠭᠡᠢ ᠶᠠᠪᠤᠭᠰᠠᠨ ᠬᠠᠷ᠎ᠠ ᠪᠤᠤᠷ᠎ᠠ ᠲᠠᠭᠠᠷᠠᠭᠰᠠᠨ ᠪᠦᠬᠦᠨ ᠢ ᠳᠡᠯᠪᠡ ᠳᠠᠭᠠᠷᠢᠵᠤ ᠦᠷᠢᠲᠦᠭᠰᠡᠨ ᠪᠦᠬᠦᠨ ᠢ ᠨᠢᠴᠠ ᠭᠢᠰᠭᠢᠵᠦ ᠂ ᠤᠢᠷᠠᠲᠤᠭᠰᠠᠨ ᠪᠣᠯᠭᠠᠨ ᠢ ᠬᠡᠮᠬᠡ ᠬᠠᠵᠠᠬᠤ ᠡᠴᠡ ᠦᠯᠦ ᠪᠤᠴᠠᠨᠠᠮ ᠃ ᠭᠡᠲᠡᠯ᠎ᠡ ᠰᠤᠷ ᠲᠠᠰᠢᠭᠤᠷ ᠲᠠᠰᠢᠶ᠎ᠠ ᠤᠷᠤᠭᠤ ᠨᠢ 《 ᠲᠠᠰ ᠨᠢᠰ 》 ᠪᠠᠭᠤᠬᠤ ᠳᠤ ᠯᠡ ᠬᠠᠷ᠎ᠠ ᠪᠤᠤᠷ᠎ᠠ ᠨᠦᠷ ᠡᠴᠡ ᠪᠡᠨ ᠰᠡᠷᠢᠵᠦ ᠡᠵᠡᠨ ᠤ ᠬᠢᠨᠢ 《 ᠬᠠᠢ 》 ᠭᠡᠬᠦ ᠣᠮᠤᠭᠲᠠᠢ ᠰᠦᠷᠳᠡᠮ᠎ᠡ ᠵᠠᠩᠳᠤᠷᠤᠯᠲᠠ ᠳᠤ ᠵᠡᠭᠦᠳᠦᠨ ᠡᠴᠡ ᠪᠡᠨ ᠰᠠᠯᠵᠤ ᠠᠷᠠᠢ ᠵᠠᠮ ᠢᠶᠠᠨ ᠣᠯᠵᠤ ᠶᠠᠪᠤᠭ᠎ᠠ ᠠᠵᠠᠢ ᠃ ᠢᠳᠡᠷ ᠲᠤ ᠭᠤᠷᠪᠠᠨ ᠭᠠᠢᠬᠠᠭᠤᠯᠬᠤ ᠶᠠᠭᠤᠮ᠎ᠠ ᠲᠠᠢ ᠭᠡᠵᠦ ᠦᠶ᠎ᠡ ᠶᠢᠨ ᠬᠢᠨ ᠱᠣᠣᠯᠠᠳᠠᠭ ᠃ ᠬᠣᠰᠢᠭᠤ ᠨᠠᠢᠷ ᠲᠤ ᠲᠦᠷᠦᠭᠦᠯᠡᠵᠦ ᠬᠣᠲᠠᠯᠠ ᠤᠯᠠᠨ ᠳᠦ ᠪᠢᠰᠢᠷᠡᠭᠳᠡᠭᠰᠡᠨ ᠲᠤᠯᠠ ᠪᠥᠬᠡᠴᠢᠨ ᠢᠶᠠᠷ ᠢᠶᠠᠨ ᠪᠠᠬᠠᠷᠬᠠᠬᠤ ᠨᠢ ᠭᠠᠭᠴᠠ ᠢᠳᠡᠷ ᠪᠤᠰᠤ ᠤᠯᠠᠨ ᠤ ᠪᠠᠬᠠᠷᠬᠠᠯ ᠃ ᠭᠡᠷ ᠨᠡᠪᠲᠡ ᠭᠡᠬᠡ ᠴᠠᠭᠠᠨ ᠴᠢᠷᠠᠢ ᠲᠠᠢ ᠬᠠᠴᠠᠷ ᠭᠤᠸ᠎ᠠ ᠪᠦᠰᠡᠭᠦᠢ ᠣᠶᠤᠨ᠎ᠠ ᠪᠡᠷ ᠢᠶᠠᠨ ᠭᠠᠢᠬᠠᠭᠤᠯᠬᠤ ᠨᠢ ᠯᠠᠪᠲᠠᠢᠶ᠎ᠠ ᠢᠳᠡᠷ ᠤᠨ ᠣᠮᠤᠭᠰᠢᠯ ᠃ ᠲᠦᠷᠯᠡᠬᠡᠷ ᠬᠠᠷ᠎ᠠ ᠨᠢᠳᠦ ᠪᠡᠷ ᠢᠶᠠᠨ ᠲᠣᠭᠯᠠᠨ ᠢᠨᠢᠶᠡᠵᠦ ᠂ ᠲᠤᠭᠤᠷ ᠤᠨ ᠴᠡᠴᠡᠭ ᠮᠡᠲᠦ ᠤᠷᠤᠭᠤᠯ ᠳᠦ ᠪᠡᠨ ᠮᠦᠰᠢᠶᠡᠯ ᠬᠠᠳᠠᠭᠠᠯᠠᠵᠤ ᠶᠠᠪᠤᠳᠠᠭ ᠣᠶᠤᠨ᠎ᠠ ᠶᠢ ᠢᠳᠡᠷ ᠦᠵᠡᠮᠡᠭᠴᠡ ᠪᠡᠨ ᠰᠦᠨᠡᠰᠦ ᠪᠡᠨ ᠲᠠᠯᠠᠯᠤᠭᠤᠯᠤᠭᠰᠠᠨ ᠮᠡᠲᠦ ᠪᠣᠯᠵᠤ 《 ᠡᠢᠮᠦ ᠰᠠᠢᠬᠠᠨ ᠬᠥᠮᠦᠨ ᠢ ᠪᠤᠷᠬᠠᠨ ᠨᠠᠮ᠎ᠠ ᠳᠦ ᠢᠯᠡᠬᠡᠵᠡᠢ 》 ᠭᠡᠵᠦ ᠲᠠᠰᠤ ᠦᠨᠡᠮᠰᠢᠨᠨᠠᠢᠷ ᠤᠨ ᠲᠠᠯᠠᠪᠠᠢ ᠳᠦ ᠡᠪᠦᠳᠦᠭ ᠰᠢᠷᠤᠢᠳᠠᠭ᠎ᠠ ᠦᠭᠡᠢ ᠶᠠᠪᠤᠭᠰᠠᠨ ᠵᠣᠷᠢᠭᠲᠤ ᠡᠷ᠎ᠡ ᠮᠠᠨᠢ ᠦᠵᠡᠰᠭᠦᠯᠡᠩᠲᠦ ᠥᠬᠢᠨ ᠤ ᠡᠮᠦᠨ᠎ᠡ ᠰᠡᠳᠭᠢᠯ ᠨᠢᠯᠬᠠᠷᠠᠨ ᠠᠷᠠᠢ ᠯᠡ ᠰᠦᠭᠦᠷᠡᠭᠰᠡᠨ ᠦᠭᠡᠢ ᠃ ᠦᠵᠡᠰᠭᠦᠯᠡᠩᠲᠦ ᠣᠶᠤᠨ᠎ᠠ ᠨᠢ ᠵᠠᠭᠤᠨ ᠡᠷ᠎ᠡ ᠵᠢᠷᠦᠬᠡ ᠰᠡᠳᠭᠢᠯ ᠢᠶᠠᠨ ᠦᠭᠬᠦᠶ᠎ᠡ ᠭᠡᠵᠦ ᠦᠬᠦᠵᠦ ᠬᠠᠲᠠᠮᠠᠷ ᠭᠤᠶᠤᠭᠰᠠᠨ ᠴᠤ ᠥᠨᠳᠦᠷ ᠰᠦᠷᠯᠢᠭ ᠪᠡᠶ᠎ᠡ ᠲᠠᠢ ᠥᠷᠭᠡᠨ ᠬᠠᠩᠬᠠᠭᠠᠷ ᠴᠡᠭᠡᠵᠢ ᠲᠠᠢ ᠂ ᠰᠡᠳᠭᠢᠯ ᠤᠨ ᠤᠭ ᠡᠴᠡ ᠪᠡᠨ ᠭᠬᠢᠷ ᠦᠭᠡᠢ ᠴᠠᠭᠠᠨ ᠢᠶᠠᠷ ᠢᠶᠠᠨ ᠢᠨᠢᠶᠡᠵᠦ ᠶᠠᠪᠤᠳᠠᠭ ᠵᠠᠯᠠᠭᠤ ᠭᠠᠴᠤᠷ᠎ᠠ ᠰᠢᠭ ᠰᠠᠢᠬᠠᠨ ᠪᠡᠶ᠎ᠡ ᠲᠠᠢ ᠰᠢᠯᠤᠭᠤᠨ ᠵᠠᠩ ᠲᠠᠢ ᠢᠳᠡᠷ ᠲᠤ ᠬᠠᠯᠠᠭᠤᠨ ᠬᠠᠷᠠᠴᠠ ᠪᠡᠨ ᠱᠠᠩᠨᠠᠭᠰᠠᠨ ᠠᠵᠠᠢ ᠃ ᠲᠡᠷᠡ ᠡᠪᠦᠯ ᠢᠳᠡᠷ ᠮᠥᠨ ᠬᠦ ᠬᠠᠷ᠎ᠠ ᠪᠤᠤᠷ᠎ᠠ ᠪᠠᠨ ᠲᠡᠰᠢᠬᠦᠯᠦᠭᠰᠡᠬᠡᠷ ᠬᠤᠨᠢᠨ ᠳᠦ ᠶᠠᠪᠤᠭ᠎ᠠ ᠣᠶᠤᠨ᠎ᠠ ᠶᠢᠨ ᠳᠡᠷᠭᠡᠳᠡ ᠠᠩᠬ᠎ᠠ ᠢᠷᠡᠵᠦ 《 ᠪᠡᠷᠢ ᠲᠠᠢ ᠪᠣᠯᠪᠠᠯ ᠦᠭᠬᠦᠶ᠎ᠡ 》 ᠭᠡᠵᠦ ᠡᠵᠢ ᠶᠢᠨ ᠢᠶᠠᠨ ᠬᠠᠳᠠᠭᠠᠯᠠᠭᠰᠠᠨ ᠣᠭ᠍ᠶᠤ ᠰᠢᠳᠬᠢᠭᠡᠷᠢ ᠲᠠᠢ ᠮᠥᠩᠭᠦᠨ ᠪᠥᠭᠡᠵᠢ ᠪᠡᠨ ᠣᠶᠤᠨ᠎ᠠ ᠶᠢᠨ ᠰᠦᠮᠪᠦᠨ ᠴᠠᠭᠠᠨ ᠬᠤᠷᠤᠭᠤᠨ ᠳᠦ ᠬᠦᠷᠵᠡ ᠮᠡᠲᠦ ᠲᠣᠮᠤ ᠭᠠᠷ ᠢᠶᠠᠷ ᠢᠶᠠᠨ ᠡᠪ ᠬᠠᠪᠤ ᠦᠭᠡᠢ ᠵᠡᠭᠦᠯᠭᠡᠨ ᠥᠭᠬᠦ ᠳᠦ ᠪᠥᠬᠡᠴᠢᠨ ᠡᠷ᠎ᠡ ᠶᠢᠨ ᠪᠦᠬᠦ ᠪᠡᠶ᠎ᠡ ᠴᠡᠴᠡᠷᠡᠵᠦ ᠠᠷᠠᠢ ᠯᠡ ᠮᠡᠳᠡᠭᠡ ᠠᠯᠳᠠᠭᠰᠠᠨ ᠦᠭᠡᠢ ᠃ ᠭᠡᠬᠦ ᠳᠦ ᠴᠠᠰᠤ ᠴᠠᠭᠠᠨ ᠴᠢᠷᠠᠢ ᠨᠢ ᠴᠢᠰᠤᠨ ᠤᠯᠠᠭᠠᠨ ᠪᠣᠯᠵᠤ ᠶᠠᠭᠠᠷᠠᠭᠰᠠᠨ ᠣᠶᠤᠨ᠎ᠠ ᠭᠤᠷᠪᠠ ᠪᠡᠷ ᠳᠠᠷᠤᠭᠤᠯᠤᠭᠰᠠᠨ ᠤᠷᠲᠤ ᠬᠠᠷ᠎ᠠ ᠭᠡᠵᠢᠭᠡ ᠪᠡᠨ ᠤᠷᠤᠯᠳᠤᠵᠤ ᠵᠣᠭᠰᠤᠬᠤ ᠳᠦ ᠪᠡᠨ ᠮᠥᠨ ᠯᠡ ᠠᠯᠠᠭ ᠨᠢᠳᠦ ᠪᠡᠷ ᠢᠶᠠᠨ ᠠᠶᠠᠲᠠᠢᠬᠠᠨ ᠢᠨᠢᠶᠡᠮᠰᠦᠭᠯᠡᠵᠦ ᠂ ᠳᠣᠭᠰᠢᠷᠠᠨ ᠤᠴᠤᠢᠵᠦ ᠬᠦᠷᠴᠢᠭᠢᠨᠡᠨ ᠬᠦᠷᠬᠢᠷᠡᠬᠦ ᠬᠠᠷ᠎ᠠ ᠪᠤᠤᠷ᠎ᠠ ᠶᠢ ᠨᠢ ᠵᠠᠩᠭᠠᠵᠦ 《 ᠬᠣᠶᠠᠭᠤᠯᠠ ᠪᠡᠨ ᠬᠠᠷ᠎ᠠ ᠪᠤᠤᠷ᠎ᠠ ᠳᠦ ᠪᠡᠨ ᠰᠤᠨᠳᠠᠯᠠᠵᠤ ᠦᠵᠡᠬᠦ ᠤᠤ ︖ ᠭᠠᠭᠴᠠᠭᠠᠷ ᠤᠨᠤᠬᠤ ᠡᠴᠡ ᠠᠶᠤᠨ᠎ᠠ 》 ᠭᠡᠵᠦ ᠨᠠᠮᠬᠠᠨ ᠰᠢᠪᠡᠨᠡᠬᠦ ᠳᠦ ᠢᠳᠡᠷ ᠮᠠᠨᠢ ᠵᠢᠯᠤᠭᠤ ᠠᠯᠳᠠᠨ ᠬᠡᠭᠡᠷ᠎ᠡ ᠶᠢᠨ ᠰᠠᠯᠬᠢ ᠡᠴᠡ ᠥᠭᠡᠷ᠎ᠡ ᠬᠦᠷᠦᠭᠰᠡᠨ ᠶᠠᠭᠤᠮ᠎ᠠ ᠦᠭᠡᠢ ᠠᠷᠢᠭᠤᠨ ᠭᠤᠸ᠎ᠠ ᠪᠡᠶ᠎ᠡ ᠳᠦ ᠨᠢ ᠭᠠᠷ ᠬᠦᠷᠴᠦ ᠠᠩᠬᠢᠯᠤᠮ᠎ᠠ ᠲᠣᠷᠭᠠᠨ ᠤᠷᠤᠭᠤᠯ ᠳᠤᠨᠢ ᠤᠷᠤᠭᠤᠯ ᠬᠦᠷᠴᠦ ᠬᠠᠨᠤᠰᠢ ᠦᠭᠡᠢ ᠦᠨᠦᠰᠦᠨ ᠬᠠᠭᠠᠴᠠᠰᠢ ᠦᠭᠡᠢ ᠲᠡᠪᠡᠷᠢᠯᠳᠦᠭᠰᠡᠨ ᠢᠶᠠᠨ ᠣᠳᠤ ᠡᠷᠬᠢᠨ ᠰᠠᠨᠠᠬᠤ ᠳᠦ ᠪᠤᠯᠴᠢᠩ ᠰᠢᠷᠪᠦᠰᠦ ᠨᠢ ᠴᠢᠩᠭᠠᠷᠠᠵᠤ ᠪᠠᠶᠠᠷ ᠵᠢᠷᠭᠠᠯ ᠨᠡᠮᠡᠭᠳᠡᠬᠦ ᠮᠡᠲᠦ ᠪᠣᠯᠵᠤ ᠪᠠᠢᠪᠠ ᠃ ᠬᠠᠷ᠎ᠠ ᠪᠤᠤᠷ᠎ᠠ ᠨᠢ ᠬᠦᠴᠦ ᠴᠢᠳᠠᠯ ᠬᠦᠳᠡᠷ ᠪᠡᠶ᠎ᠡ ᠪᠡᠷ ᠢᠶᠠᠨ ᠬᠤᠯᠠ ᠦᠷ᠎ᠡ ᠳᠦ ᠠᠯᠳᠠᠷᠰᠢᠨ 《 ᠤᠰᠤᠨ ᠳᠦ ᠪᠡᠨ ᠪᠠᠢᠪᠠᠯ ᠰᠦᠷᠦᠭ ᠢᠶᠠᠨ ᠴᠢᠮᠡᠳᠡᠭ ᠂ ᠤᠤᠭᠤᠭᠠᠳ ᠭᠠᠷᠪᠠᠯ ᠪᠡᠯᠴᠢᠭᠡᠷ ᠢᠶᠠᠨ ᠴᠢᠮᠡᠳᠡᠭ ᠂ ᠤᠶᠠᠭᠠᠨ ᠳᠦ ᠪᠡᠨ ᠪᠠᠢᠪᠠᠯ ᠬᠤᠳᠠ ᠪᠡᠨ ᠴᠢᠮᠡᠳᠡᠭ ᠂ ᠤᠨᠤᠭᠠᠳ ᠭᠠᠷᠪᠠᠯ ᠡᠵᠡᠨ ᠢᠶᠠᠨ ᠴᠢᠮᠡᠳᠡᠭ 》 ᠲᠤᠯᠠ ᠢᠳᠡᠷ ᠤᠨ ᠪᠠᠬᠠᠷᠬᠠᠯ ᠪᠣᠯᠬᠤ ᠨᠢ ᠶᠠᠷᠢᠶᠠᠨ ᠦᠭᠡᠢ ᠃ ᠦᠨᠡᠨ ᠳᠦ ᠪᠡᠨ ᠢᠳᠡᠷ ᠲᠦ ᠡᠨᠡ ᠪᠦᠬᠦᠨ ᠡᠴᠡ ᠢᠯᠡᠭᠦᠦ ᠪᠠᠬᠠᠷᠬᠠᠯ ᠪᠣᠯᠬᠤ ᠵᠦᠢᠯ ᠪᠠᠰᠠ ᠨᠢᠭᠡᠨ ᠡᠷᠬᠢᠮ ᠵᠦᠢᠯ ᠪᠠᠢᠳᠠᠭ ᠢ ᠦᠶᠡᠴᠤᠤᠯ ᠨᠢ ᠲᠡᠳᠦᠢᠯᠡ ᠠᠩᠵᠠᠭᠠᠷᠠᠳᠠᠭ ᠦᠭᠡᠢ ᠠᠪᠠᠢ ᠃ ᠲᠡᠷᠡ ᠪᠣᠯᠪᠠᠰᠤ ᠲᠡᠭᠦᠨ ᠤ ᠠᠮᠢᠨ ᠬᠠᠢᠷᠠᠲᠠᠢ ᠨᠤᠲᠤᠭ ᠤᠰᠤᠨ ᠪᠦᠯᠦᠭᠡ ᠃ ᠡᠨᠡ ᠨᠤᠲᠤᠭ ᠤᠨ ᠠᠯᠳᠠᠨ ᠰᠢᠷᠤᠢ ᠳᠦ ᠤᠨᠠᠵᠤ ᠂ ᠷᠠᠰᠢᠶᠠᠨ ᠤᠰᠤ ᠶᠢ ᠨᠢ ᠤᠤᠭᠤᠵᠤ ᠂ ᠠᠷᠢᠭᠤᠨ ᠠᠭᠠᠷ ᠢ ᠨᠢ ᠠᠮᠢᠰᠭᠤᠵᠤ ᠥᠰᠦᠭᠰᠡᠨ ᠤ ᠬᠢ ᠪᠣᠯᠪᠠᠤ ᠳ᠋ᠠ ᠂ ᠨᠤᠲᠤᠭ ᠤᠰᠤᠨ ᠳᠦ ᠪᠡᠨ ᠬᠡᠲᠦᠷᠬᠡᠢ ᠬᠠᠢᠷ᠎ᠠ ᠬᠦᠷᠳᠡᠭ ᠨᠢ ᠢᠳᠡᠷ ᠤᠨ ᠥᠨᠢᠳᠡ ᠶᠢᠨ ᠠᠷᠠᠨᠰᠢᠨ ᠪᠢᠯᠡ ᠃ 

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠥᠪᠦᠷ ᠮᠣᠩᠭᠤᠯ ᠥᠨᠳᠥᠰᠥᠲᠡᠨ ᠦ ᠰᠤᠷᠭᠠᠨ ᠬᠥᠮᠦᠵᠢᠯ ᠦᠨ ᠰᠦᠯᠵᠢᠶ᠎ᠡ ᠬᠡᠪᠯᠡᠯ ᠦᠨ ᠡᠷᠬᠡ ᠲᠡᠢ ᠃ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃