lt
ᠲᠠᠮᠢᠷ ᠣᠷᠠᠯᠢᠭ
《ᠦᠨᠦᠳᠦᠷ 》ᠰᠤᠶᠤᠯ ᠵᠠᠭᠤᠴᠢ ᠵᠢᠨ ᠬᠢᠨ ᠡᠬᠡ ᠰᠤᠷᠭᠠᠭᠤᠯᠢ ᠡᠴᠠ ᠪᠠᠨ ᠰᠤᠶᠤᠯ ᠤᠨ ᠠᠶᠠᠨ ᠵᠢᠡᠨ ᠡᠬᠢᠯᠡᠬᠦᠯᠪᠡ 
2014.02.11 ᠲᠣᠰ ᠥᠷᠲᠡᠭᠡᠨ ᠦ ᠨᠠᠢᠷᠠᠭᠤᠯᠤᠭᠴᠢ

3.31 ᠡᠳᠦᠷ ᠂ 《ᠦᠨᠦᠳᠦᠷ 》ᠰᠤᠶᠤᠯ ᠵᠠᠭᠤᠴᠢ ᠵᠢᠨ ᠬᠢᠵᠠᠭᠠᠷᠳᠤ ᠺᠤᠮᠫᠠᠨᠢ 《2016᠂ ᠦᠨᠦᠳᠦᠷ᠂ ᠨᠤᠮ ᠲᠠᠢ ᠮᠣᠩᠭᠤᠯ ᠠᠶᠠᠯᠠᠯ ᠂ ᠣᠩᠰᠢᠭᠴᠢᠳ  ᠦᠨ ᠠᠭᠤᠯᠵᠠᠯᠳᠠ 》ᠣᠩᠨᠢᠭᠤᠳ ᠬᠤᠰᠢᠭᠤᠨ ᠦ ᠪᠤᠷᠤᠬᠤᠳᠠ ᠮᠣᠩᠭᠤᠯ ᠲᠤᠮᠳᠠᠳᠤ ᠰᠤᠷᠭᠠᠭᠤᠯᠢ ᠳᠤ ᠡᠬᠢᠯᠡᠯᠳᠡ ᠵᠢᠨ ᠬᠦᠰᠢᠬᠡ ᠪᠠᠨ ᠨᠡᠬᠡᠬᠡᠪᠡ᠃

《ᠦᠨᠦᠳᠦᠷ》ᠰᠤᠶᠤᠯ ᠵᠠᠭᠤᠴᠢ ᠸᠢᠴᠠᠲ ᠲᠠᠪᠴᠠᠩ ᠢ ᠪᠤᠷᠤᠬᠤᠳᠠ ᠮᠣᠩᠭᠤᠯ ᠲᠤᠮᠳᠠᠳᠤ ᠰᠤᠷᠭᠠᠭᠤᠯᠢ ᠠᠴᠠ ᠲᠡᠬᠦᠰᠦᠭᠰᠡᠨ ᠰᠤᠷᠤᠭᠴᠢ ᠮᠦᠨᠭᠬᠡᠪᠠᠶᠠᠷ᠂ ᠰᠦᠮᠪᠤᠷ ᠨᠠᠷ ᠡᠬᠦᠰᠬᠡᠨ ᠪᠠᠢᠭᠤᠯᠤᠭᠰᠠᠨ ᠪᠦᠬᠡᠳ ᠲᠤᠰ ᠤᠳᠠᠭᠠᠨ ᠤ ᠠᠶᠠᠯᠠᠯ ᠵᠢᠡᠷ ᠵᠢᠡᠨ ᠲᠠᠮᠵᠢᠭᠤᠯᠤᠨ 《ᠨᠤᠮ ᠲᠠᠢ ᠮᠣᠩᠭᠤᠯ》ᠲᠡᠯᠡᠬᠡᠢ ᠵᠢᠨ ᠮᠣᠩᠭᠤᠯᠴᠤᠳ ᠤᠨ ᠨᠤᠮ ᠤᠩᠰᠢᠬᠤ ᠰᠠᠷ᠎ᠠ ᠵᠢᠨ ᠠᠵᠢᠯᠯᠠᠭ᠎ᠠ ᠶᠢ ᠲᠦᠬᠡᠮᠵᠢᠯᠡᠬᠦᠯᠦᠨ ᠲᠡᠬᠦᠯᠳᠡᠷᠵᠢᠯᠬᠦᠯᠬᠦ ᠂ ᠮᠣᠩᠭᠤᠯ ᠨᠤᠮ ᠪᠢᠴᠢᠭ᠌ ᠪᠠ ᠬᠡᠪᠯᠡᠯ ᠦᠨ ᠪᠦᠳᠦᠬᠡᠭᠳᠡᠬᠦᠨ ᠦ ᠤᠩᠰᠢᠭᠴᠢ ᠪᠠ ᠵᠠᠬ᠎ᠠ ᠵᠡᠬᠡᠯᠢ ᠵᠢᠨ ᠰᠢᠨ᠎ᠡ ᠤᠷᠤᠨ ᠵᠠᠢ ᠶᠢ ᠨᠡᠬᠡᠬᠡᠬᠦ᠂ ᠮᠣᠩᠭᠤᠯ ᠨᠤᠮ ᠪᠢᠴᠢᠭ ᠂ ᠬᠡᠪᠯᠡᠯ ᠦᠨ ᠪᠦᠳᠦᠬᠡᠭᠳᠡᠬᠦᠨ ᠪᠠ ᠰᠢᠯᠢᠳᠡᠭ ᠨᠤᠮ ᠦᠨ ᠲᠤᠬᠠᠢ ᠤᠬᠠᠭᠤᠯᠤᠯ ᠬᠢᠬᠦ ᠂ ᠮᠣᠩᠭᠤᠯ ᠲᠡᠤᠬᠡ ᠰᠤᠶᠤᠯ ᠦᠨ ᠲᠤᠬᠠᠢ ᠰᠢᠨ᠎ᠡ ᠲᠠᠨᠢᠯᠳᠠ ᠪᠠ ᠤᠯᠠᠮᠵᠢᠯᠠᠯᠳᠤ ᠰᠤᠶᠤᠯ ᠦᠨ ᠲᠤᠬᠠᠢ ᠲᠦᠬᠡᠮᠡᠯᠵᠢᠬᠦᠯᠤᠨ ᠲᠡᠯᠬᠡᠷᠡᠬᠦᠯᠬᠦ᠂ ᠮᠣᠩᠭᠤᠯ ᠬᠡᠯᠡᠨ ᠦ ᠰᠢᠨ᠎ᠡ ᠵᠠᠭᠤᠴᠢᠯᠠᠭᠤᠷ ᠤᠨ ᠤᠬᠠᠭᠤᠯᠭ᠎ᠠ ᠰᠤᠷᠲᠠᠯᠴᠢᠯᠠᠭ᠎ᠠ ᠶᠢᠨ ᠠᠷᠭ᠎ᠠ ᠬᠡᠮᠵᠢᠶ᠎ᠡ ᠶᠢ ᠰᠢᠨᠡᠴᠢᠯᠡᠬᠦ᠂ ᠲᠤᠤᠷ ᠰᠦᠯᠵᠢᠶ᠎ᠡ ᠪᠠ ᠮᠣᠩᠭᠤᠯ ᠰᠤᠶᠤᠯ ᠤᠨ ᠲᠤᠬᠠᠢ ᠮᠡᠳᠡᠯᠬᠡ ᠶᠢ ᠲᠦᠬᠡᠮᠵᠢᠯᠡᠬᠦᠯᠬᠦ ᠂ 《ᠦᠨᠦᠳᠦᠷ》ᠵᠠᠭᠤᠴᠢ ᠪᠠ ᠤᠩᠰᠢᠭᠴᠢᠳ ᠤᠨ ᠬᠠᠷᠢᠯᠴᠠᠭ᠎ᠠ ᠬᠣᠯᠪᠤᠭ᠎ᠠ ᠶᠢ ᠴᠢᠩᠭᠠᠳᠭᠠᠵᠤ ᠰᠠᠨᠠᠯ ᠪᠤᠳᠤᠯ ᠵᠢᠡᠨ ᠰᠤᠯᠢᠯᠴᠠᠬᠤ ᠵᠣᠷᠢᠯᠭ᠎ᠠ ᠠᠴᠠ ᠡᠬᠦᠰᠴᠤ᠂ ᠠᠶᠠᠯᠠᠯ ᠪᠠ ᠠᠭᠤᠯᠵᠠᠯᠳᠠ ᠵᠢᠨ ᠠᠵᠢᠯᠯᠠᠭ᠎ᠠ ᠢᠯᠡᠳᠬᠡᠯ ᠦᠨ ᠬᠡᠯᠪᠡᠷᠢ ᠪᠡᠷ ᠶᠠᠪᠤᠭᠳᠠᠬᠤ ᠵᠢᠨ ᠬᠠᠮᠳᠤ ᠨᠤᠮ ᠲᠠᠢ ᠮᠣᠩᠭᠤᠯ ᠠᠶᠠᠯᠠᠯ ᠳᠤ 《ᠦᠨᠦᠳᠦᠷ》ᠡᠴᠡ ᠰᠣᠩᠭᠤᠭᠰᠠᠨ ᠨᠢᠬᠡ ᠰᠢᠯᠢᠳᠡᠭ ᠨᠤᠮ ᠢ ᠲᠠᠨᠢᠯᠴᠠᠭᠤᠯᠤᠨ ᠲᠠᠷᠬᠠᠭᠠᠬᠤ ᠪᠣᠯᠤᠨ᠎ᠠ᠃

IMG_2871

IMG_2889

IMG_2885

IMG_2879

IMG_2877

IMG_2897

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠥᠪᠦᠷ ᠮᠣᠩᠭᠤᠯ ᠥᠨᠳᠥᠰᠥᠲᠡᠨ ᠦ ᠰᠤᠷᠭᠠᠨ ᠬᠥᠮᠦᠵᠢᠯ ᠦᠨ ᠰᠦᠯᠵᠢᠶ᠎ᠡ ᠬᠡᠪᠯᠡᠯ ᠦᠨ ᠡᠷᠬᠡ ᠲᠡᠢ ᠃ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃