lt
ᠲᠠᠮᠢᠷ ᠣᠷᠠᠯᠢᠭ
ᠰᠠᠢᠬᠠᠨ ᠤᠷᠤᠢ ᠶᠢᠨ ᠣᠪᠤᠭᠠᠨ  ᠤ ᠲᠣᠪᠴᠢ ᠲᠠᠨᠢᠯᠴᠠᠭᠤᠯᠭ᠎ᠠ
2012.06.18 ᠲᠣᠰ ᠥᠷᠲᠡᠭᠡᠨ ᠦ ᠨᠠᠢᠷᠠᠭᠤᠯᠤᠭᠴᠢ

    ᠪᠠᠶᠠᠨᠨᠢᠷᠤᠭᠤ ᠪᠠᠯᠭᠠᠰᠤᠨ ᠤ ᠴᠠᠭᠠᠨᠪᠠᠢᠴᠠ ᠭᠠᠴᠠᠭᠠᠨ ᠤ ᠬᠠᠷᠢᠶᠠᠨ ᠳᠤ ᠪᠠᠢᠷᠢᠰᠢᠵᠤ ᠪᠠᠢᠭ᠎ᠠ ᠦᠵᠡᠮᠵᠢᠲᠦ ᠠᠭᠤᠯᠠ ᠪᠣᠯᠬᠤ ᠰᠠᠢᠬᠠᠨ ᠤᠷᠤᠢ ᠪᠣᠯ ᠰᠠᠢᠬᠠᠨ ᠬᠠᠨ ᠠᠭᠤᠯᠠ ᠶᠢᠨ ᠵᠡᠭᠦᠨ ᠡᠮᠦᠨ᠎ᠡ ᠰᠡᠵᠢᠭᠦᠷ ᠣᠷᠭᠢᠯ ᠶᠤᠮ ᠃ ᠰᠠᠢᠬᠠᠨ ᠤᠷᠤᠢ ᠨᠢ ᠤᠮᠠᠷᠠᠳᠤ ᠥᠷᠭᠡᠷᠢᠭ ᠤᠨ 44。12′4. 95 ″᠂ ᠵᠡᠭᠦᠨ ᠤᠷᠲᠤᠷᠢᠭ ᠤᠨ 118。55′57.68″ᠲᠤ ᠪᠠᠢᠷᠢᠯᠠᠵᠤ ᠂ ᠳᠠᠯᠠᠢ ᠶᠢᠨ ᠲᠦᠪᠰᠢᠨ ᠡᠴᠡ 1800 ᠭᠠᠷᠤᠢ ᠮᠧᠲ᠋ᠷ ᠡᠷᠭᠦᠭᠳᠡᠵᠦ ᠪᠠᠢᠳᠠᠭ ᠰᠦᠷᠯᠢᠭ ᠰᠠᠢᠬᠠᠨ ᠠᠭᠤᠯᠠ ᠶᠤᠮ ᠃

aobao01

    ᠰᠠᠢᠬᠠᠨ ᠤᠷᠤᠢ ᠶᠢᠨ ᠤᠪᠤᠭ᠎ᠠ ᠶᠢ ᠥᠩᠭᠡᠷᠡᠭᠰᠡᠨ ᠵᠠᠭᠤᠨ ᠡᠴᠡ ᠣᠳᠤ ᠪᠣᠯᠲᠠᠯ᠎ᠠ ᠪᠠᠶᠠᠠᠠᠭᠤᠯᠠ ᠶᠢᠨ ᠴᠠᠭᠠᠨᠪᠠᠢᠴᠠ ᠂ ᠬᠦᠬᠡᠬᠠᠳᠠ ᠂ ᠤᠯᠠᠭᠠᠨᠲᠤᠯᠤᠭᠠᠢ ᠂ ᠮᠤᠷᠢᠨᠬᠤᠰᠢᠭᠤ ᠂ ᠬᠠᠷᠠᠪᠠᠢᠴᠠ  ᠶᠢᠨ ᠮᠠᠯᠴᠢᠨ ᠲᠦᠮᠡᠨ ᠵᠢᠯ ᠪᠦᠷᠢ ᠶᠢᠨ ᠪᠢᠯᠢᠭ᠌ ᠤᠨ ᠤᠯᠠᠷᠢᠯ ᠤᠨ 5 ᠰᠠᠷ᠎ᠠ ᠶᠢᠨ 9 ᠳ᠋ᠤ ᠲᠠᠬᠢᠳᠠᠭ ᠪᠠᠢᠪᠠ ᠃ ᠨᠠᠰᠤᠲᠠᠳ ᠤᠨ ᠬᠡᠯᠡᠬᠦ ᠶᠢ ᠦᠨᠳᠦᠰᠦᠯᠡᠪᠡᠯ ᠄ ᠲᠤᠰ ᠣᠪᠤᠭᠠᠨ ᠤ ᠱᠦᠩᠰᠢᠭ ᠪᠣᠯ ᠬᠣᠷᠭᠤ ᠬᠠᠨ ᠠᠭᠤᠯᠠ ᠶᠢᠨ ᠣᠪᠤᠭᠠᠨ ᠱᠦᠩᠰᠢᠭ ᠢ ᠰᠢᠯᠵᠢᠭᠦᠯᠦᠨ ᠠᠪᠴᠢᠷᠠᠭᠰᠠᠨ ᠱᠦᠩᠰᠢᠭ ᠭᠡᠳᠡᠭ ᠃ ᠤᠪᠤᠭ᠎ᠠ ᠶᠢ ᠴᠠᠭᠠᠨᠪᠠᠢᠴᠠ ᠶᠢᠨ ᠰᠦᠮ᠎ᠡ ︵ ᠰᠢᠨ᠎ᠡ ᠪᠡᠢᠰᠡ ᠶᠢᠨ ᠰᠦᠮ᠎ᠡ ︶ ᠶᠢᠨ ᠳᠥᠷᠪᠡᠳᠦᠭᠡᠷ ᠳᠦᠷᠢ ᠶᠢᠨ ᠬᠤᠪᠢᠯᠭᠠᠨ ᠯᠠᠮᠠ ︱ ︱ ᠰᠧᠯᠡᠵᠠᠪ ᠪᠠᠢᠭᠤᠯᠵᠤ ᠲᠠᠬᠢᠯᠭ᠎ᠠ ᠡᠬᠢᠯᠡᠭᠦᠯᠦᠭᠰᠡᠨ ᠪᠠᠢᠵᠠᠢ ᠃ ᠣᠪᠤᠭᠠᠨ ᠤ ᠰᠢᠲᠦᠭᠡᠨ ᠨᠢ ᠰᠠᠢᠬᠠᠨ ᠬᠠᠨ ᠠᠭᠤᠯᠠ ᠶᠢᠨ ᠰᠢᠲᠦᠭᠡᠨ ᠪᠣᠯᠬᠤ ᠴᠠᠭᠨᠠᠳᠤᠷᠵᠢ ︱ ︱ ᠸᠴᠢᠷᠪᠠᠨᠢ ︵ ᠸᠴᠢᠷ ᠪᠠᠷᠢᠭᠴᠢ ︶ ᠪᠤᠷᠬᠠᠨ ᠪᠢᠯᠡ ᠃ ᠠᠭᠤᠯᠠ ᠶᠢᠨ ᠰᠠᠪᠳᠠᠭ ᠨᠢ ᠪᠣᠯ ᠮᠥᠨ ᠬᠠᠨ ᠠᠭᠤᠯᠠ ᠶᠢᠨ ᠰᠠᠪᠳᠠᠭ ᠪᠣᠯᠬᠤ ᠷᠠᠳᠦ᠋ᠯᠸᠡᠩᠪᠦ ︵ ᠳᠠᠢᠰᠤᠨ ᠢ ᠨᠤᠮᠤᠳᠬᠠᠭᠴᠢ ᠸᠴᠢᠷ ︶ ᠪᠣᠯᠤᠨ᠎ᠠ ᠃ ᠭᠣᠣᠯ ᠤᠩᠰᠢᠯᠭ᠎ᠠ ᠶᠢᠨ ᠨᠣᠮ ᠨᠢ ︽ ᠰᠠᠢᠬᠠᠨ ᠬᠠᠨ ᠠᠭᠤᠯᠠ ᠶᠢᠨ ᠣᠪᠤᠭᠠᠨ ᠲᠠᠬᠢᠯᠭ᠎ᠠ ᠶᠢᠨ ᠰᠤᠳᠤᠷ ︾ ᠶᠤᠮ ᠃ ᠮᠠᠯᠴᠢᠳ ᠮᠠᠨᠢ ᠣᠪᠤᠭᠠᠨ ᠲᠠᠬᠢᠯᠭ᠎ᠠ ᠳᠠᠭᠠᠨ ᠡᠨᠡ ᠬᠣᠶᠠᠷ ᠰᠢᠲᠦᠭᠡᠨ ᠢᠶᠠᠨ ᠰᠢᠳᠦᠨ ᠲᠠᠬᠢᠵᠤ ᠂ ᠬᠤᠷ᠎ᠠ ᠤᠰᠤ ᠵᠢᠯ ᠵᠢᠯ ᠲᠡᠭᠰᠢ ᠪᠠᠢᠵᠤ ᠂ ᠬᠥᠮᠦᠨ ᠠᠮᠢᠲᠠᠨ ᠤᠨ ᠤᠨ ᠳᠠᠭᠠᠨ ᠠᠮᠤᠷ ᠠᠮᠤᠭᠤᠯᠠᠩ ᠪᠠᠢᠬᠤ ᠶᠢ ᠬᠦᠰᠡᠨ ᠳᠠᠭᠠᠳᠭᠠᠳᠠᠭ ᠶᠤᠮᠰᠠᠨ ᠃

aobao02

    1952 ᠤᠨ ᠳᠤ ᠂ ᠤᠤᠯ ᠤᠨ ᠵᠡᠭᠦᠨ ᠪᠠᠭᠠᠷᠢᠨ ᠤ ᠲᠠᠪᠤᠳᠤᠭᠠᠷ ᠲᠣᠭᠤᠷᠢᠭ ᠪᠠ ᠵᠢᠷᠭᠤᠳᠤᠭᠠᠷ ᠲᠣᠭᠤᠷᠢᠭ ᠪᠣᠯᠬᠤ ᠰᠤᠪᠤᠷᠭ᠎ᠠ ᠂ ᠨᠤᠤᠷᠭᠠᠢ ᠬᠣᠶᠠᠷ ᠨᠤᠲᠤᠭ ᠢ ᠪᠠᠷᠠᠭᠤᠨ ᠪᠠᠭᠠᠷᠢᠨ ᠳᠤ ᠥᠭᠴᠦ ᠬᠠᠷᠢᠶᠠᠯᠠᠭᠳᠠᠭᠤᠯᠬᠤ ᠪᠣᠯᠤᠭᠰᠠᠨ ᠡᠴᠡ ᠵᠡᠭᠦᠨ ᠪᠠᠭᠠᠷᠢᠨ ᠤ ᠬᠣᠰᠢᠭᠤ ᠤᠪᠤᠭ᠎ᠠ ᠶᠢᠨ ᠲᠠᠬᠢᠯᠭ᠎ᠠ ᠵᠣᠭᠰᠤᠭᠰᠠᠨ ᠪᠢᠯᠡ ᠃ ᠡᠨᠡ ᠵᠢᠯ ᠤᠨ ᠡᠬᠢᠨ ᠳᠤ ᠂ ᠥᠷᠭᠡᠨ ᠤᠯᠠᠨ ᠮᠠᠯᠴᠢᠨ ᠲᠦᠮᠡᠨ ᠤ ᠰᠠᠨᠠᠯ ᠱᠠᠭᠠᠷᠳᠠᠯᠭ᠎ᠠ ᠶᠢ ᠦᠨᠳᠦᠰᠦᠯᠡᠨ ᠂ ᠬᠣᠰᠢᠭᠤᠨ ᠤ ᠵᠠᠰᠠᠭ ᠤᠨ ᠣᠷᠳᠤᠨ ᠤ ᠳᠡᠮᠵᠢᠯᠭᠡ ᠳᠣᠣᠷ᠎ᠠ ᠬᠣᠰᠢᠭᠤᠨ ᠤ ᠮᠣᠩᠭᠤᠯ ᠤᠯᠠᠮᠵᠢᠯᠠᠯᠲᠤ ᠰᠣᠶᠤᠯ ᠤᠨ ᠨᠡᠢᠭᠡᠮᠯᠢᠭ ᠢᠶᠠᠷ ᠭᠣᠣᠯᠳᠠᠯᠭ᠎ᠠ ᠪᠣᠯᠭᠠᠨ ᠬᠣᠰᠢᠭᠤ ᠤᠪᠤᠭ᠎ᠠ ᠰᠡᠷᠭᠦᠭᠡᠨ ᠪᠠᠢᠭᠤᠯᠬᠤ ᠠᠵᠢᠯ ᠤᠨ ᠤᠳᠤᠷᠢᠳᠬᠤ ᠪᠠᠭ ᠪᠠᠢᠭᠤᠯᠵᠤ ᠂ ᠬᠣᠰᠢᠭᠤ ᠤᠪᠤᠭ᠎ᠠ ᠶᠢ ᠰᠡᠷᠭᠦᠭᠡᠨ ᠪᠠᠢᠭᠤᠯᠬᠤ ᠠᠵᠢᠯᠯᠠᠭ᠎ᠠ ᠶᠢ ᠥᠷᠨᠢᠭᠦᠯᠦᠭᠰᠡᠨ ᠶᠤᠮ ᠃ ᠤᠳᠤᠷᠢᠳᠬᠤ ᠪᠠᠭ ᠤᠨ ᠬᠢᠨ ᠰᠠᠨᠠᠯ ᠵᠥᠪᠳᠡᠯᠭᠡ ᠬᠢᠬᠦ ᠂ ᠪᠠᠢᠴᠠᠭᠠᠵᠤ ᠣᠢᠯᠠᠭᠠᠬᠤ ᠂ ᠰᠠᠭᠤᠳᠠᠯ ᠤᠨ ᠬᠤᠷᠠᠯ ᠬᠤᠷᠠᠯᠳᠤᠭᠤᠯᠬᠤ ᠵᠡᠷᠭᠡ ᠤᠯᠠᠨ ᠠᠷᠪᠢᠨ ᠶᠠᠪᠤᠴᠠ ᠪᠠᠷ ᠳᠠᠮᠵᠢᠵᠤ ᠂ ᠰᠠᠢᠬᠠᠨ ᠬᠠᠨ ᠤ ᠵᠡᠭᠦᠨ ᠡᠮᠦᠨ᠎ᠡ ᠥᠨᠳᠦᠷ ᠬᠠᠢᠷᠬᠠᠨ ᠪᠣᠯᠬᠤ ᠰᠠᠢᠬᠠᠨ ᠤᠷᠤᠢ ᠠᠭᠤᠯᠠ ᠶᠢᠨ ᠤᠪᠤᠭ᠎ᠠ ᠶᠢ ᠰᠣᠩᠭᠤᠵᠤ ᠂ ᠬᠣᠰᠢᠭᠤ ᠤᠪᠤᠭ᠎ᠠ ᠪᠣᠯᠭᠠᠬᠤ ᠪᠠᠷ ᠦᠵᠡᠯᠲᠡ ᠨᠢᠭᠡᠲᠤᠨ ᠡᠨᠡ ᠵᠢᠯ ᠤᠨ 7 ᠰᠠᠷ᠎ᠠ ᠶᠢᠨ 13 ᠣ᠋ ᠥᠯᠵᠡᠢᠲᠦ ᠡᠳᠦᠷ ᠢ ᠰᠣᠩᠭᠤᠵᠤ ᠂ ᠤᠪᠤᠭ᠎ᠠ ᠪᠠᠨ ᠰᠢᠨ᠎ᠡ ᠪᠠᠷ ᠱᠦᠩᠰᠢᠭᠯᠡᠨ ᠂ ᠨᠣᠮ ᠰᠤᠳᠤᠷ ᠤᠩᠰᠢᠭᠤᠯᠵᠤ ᠬᠣᠰᠢᠭᠤ ᠤᠪᠤᠭ᠎ᠠ ᠪᠣᠯᠭᠠᠨ ᠰᠡᠷᠭᠦᠭᠡᠨ ᠪᠠᠢᠭᠤᠯᠤᠭᠰᠠᠨ ᠪᠥᠭᠡᠳ ᠤᠤᠯ ᠤᠨ ᠬᠣᠰᠢᠭᠤ ᠣᠪᠤᠭᠠᠨ ᠤ ᠲᠠᠬᠢᠯᠭ᠎ᠠ ᠶᠢᠨ ᠡᠳᠦᠷ ᠪᠣᠯᠬᠤ ᠵᠢᠯ ᠪᠦᠷᠢ ᠶᠢᠨ ᠪᠢᠯᠢᠭ᠌ ᠤᠨ ᠤᠯᠠᠷᠢᠯ ᠤᠨ 6 ᠰᠠᠷ᠎ᠠ ᠶᠢᠨ 7 ᠣ᠋ ᠡᠳᠦᠷ ᠢ ᠬᠣᠰᠢᠭᠤ ᠣᠪᠤᠭᠠᠨ ᠤ ᠲᠠᠬᠢᠯᠭ᠎ᠠ ᠶᠢᠨ ᠡᠳᠦᠷ ᠢᠶᠠᠷ ᠲᠤᠭᠲᠠᠪᠠ ᠃

aobao03

ᠵᠠ ᠂ ᠤᠮ ᠰᠠᠢᠨ ᠠᠮᠤᠭᠤᠯᠠᠩ ᠪᠣᠯᠲᠤᠭᠠᠢ ︕ ᠡᠵᠡᠳ ᠰᠠᠬᠢᠭᠤᠰᠤ ᠮᠢᠨᠢ ᠦᠷᠦᠰᠢᠶᠡᠵᠤ ᠂ ᠬᠥᠮᠦᠨ ᠠᠷᠠᠳ ᠮᠢᠨᠢ ᠵᠢᠷᠭᠠᠬᠤ ᠪᠣᠯᠲᠤᠭᠠᠢ ︕

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠥᠪᠦᠷ ᠮᠣᠩᠭᠤᠯ ᠥᠨᠳᠥᠰᠥᠲᠡᠨ ᠦ ᠰᠤᠷᠭᠠᠨ ᠬᠥᠮᠦᠵᠢᠯ ᠦᠨ ᠰᠦᠯᠵᠢᠶ᠎ᠡ ᠬᠡᠪᠯᠡᠯ ᠦᠨ ᠡᠷᠬᠡ ᠲᠡᠢ ᠃ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃