lt
ᠲᠠᠮᠢᠷ ᠣᠷᠠᠯᠢᠭ
ᠮᠤᠩᠬᠠᠭ ᠬᠦᠮᠦᠨ ᠦᠬᠡ ᠰᠤᠷᠤᠭᠰᠡᠨ( ᠠᠷᠠᠳ  ᠤᠨ ᠠᠮᠠᠨ ᠵᠤᠬᠢᠶᠠᠯ)
2014.05.13 ᠲᠣᠰ ᠥᠷᠲᠡᠭᠡᠨ ᠦ ᠨᠠᠢᠷᠠᠭᠤᠯᠤᠭᠴᠢ

    ᠡᠷᠲᠡ ᠤᠷᠢᠳᠤ ᠶᠢᠨ ᠴᠠᠭ ᠲᠣ ᠨᠢᠭᠡᠨ ᠠᠬ᠎ᠠ ᠳᠡᠭᠦᠦ ᠬᠣᠶᠠᠷ ᠪᠠᠢᠭᠰᠠᠨ ᠭᠡᠨ᠎ᠡ ᠃ ᠳᠡᠭᠦᠦ ᠨᠢ ᠤᠬᠠᠭᠠᠨ ᠨᠢ ᠳᠤᠲᠠᠭᠤ ᠲᠤᠯᠠ ᠠᠬ᠎ᠠ ᠨᠢ ᠄

    ︽ ᠦᠭᠡ ᠰᠤᠷᠤᠭᠠᠳ ᠢᠷ᠎ᠡ ︕ ︾ ᠭᠡᠵᠦ ᠳᠡᠭᠦᠦ ᠳᠡᠭᠡᠨ ᠠᠷᠪᠠᠨ ᠯᠠᠩ ᠮᠥᠩᠭᠦ ᠥᠭᠭᠦᠭᠡᠳ ᠶᠠᠪᠤᠭᠤᠯᠵᠠᠢ ᠃

    ᠳᠡᠭᠦᠦ ᠨᠢ ᠠᠷᠪᠠᠨ ᠯᠠᠩ ᠢ ᠨᠢ ᠠᠪᠤᠭᠠᠳ ᠶᠠᠪᠤᠭᠰᠠᠭᠠᠷ ᠪᠠᠢᠲᠠᠯ᠎ᠠ ᠬᠣᠶᠠᠷ ᠬᠥᠮᠦᠨ ᠤ ᠬᠡᠯᠡᠯᠴᠡᠬᠦ ᠰᠣᠨᠤᠰᠳᠠᠯ᠎ᠠ ᠃ ᠨᠢᠭᠡ ᠨᠢ ᠄

    ︽ ᠪᠤᠲᠠᠨ ᠤ ᠢᠷᠤᠭᠠᠷ ᠪᠤᠮᠠ ᠲᠦᠮᠡᠨ ᠪᠣᠷᠤ ᠪᠢᠯᠵᠤᠤᠬᠠᠢ ᠂ ᠬᠢᠷᠭᠤ ᠣᠷᠤᠭᠠᠳ ᠢᠷᠡᠭᠰᠡᠨ ᠴᠢᠨᠢ ᠨᠠᠮ ᠵᠢᠮ ᠠ ︕ ︾ ᠭᠡᠨ᠎ᠡ ᠃

    ᠡᠨᠡ ᠦᠭᠡ ᠲᠡᠭᠦᠨ ᠳᠤ ᠶᠡᠬᠡ ᠮᠡᠷᠭᠡᠨ ᠰᠠᠨᠠᠭᠳᠠᠵᠤ ᠄ ︽ ᠪᠢ ᠭᠤᠷᠪᠠᠨ ᠯᠠᠩ ᠮᠥᠩᠭᠦ ᠦᠭᠭᠦᠶ᠎ᠡ ᠂ ᠡᠨᠡ ᠦᠭᠡ ᠪᠠᠨ ᠨᠠᠳᠠᠳᠤ ᠵᠢᠭᠠᠭᠠᠳ ᠦᠭ ᠡ ︕ ︾ ᠭᠡᠳ ᠵᠢᠭᠠᠯᠭᠠᠯ᠎ᠠ ᠃

    ᠴᠢᠨᠠᠭᠰᠢ ᠪᠠᠨ ᠶᠠᠪᠤᠵᠤ ᠪᠠᠢᠲᠠᠯ᠎ᠠ ᠪᠠᠰᠠ ᠬᠣᠶᠠᠷ ᠬᠥᠮᠦᠨ ᠤ ᠶᠠᠷᠢᠯᠴᠠᠬᠤ ᠰᠣᠨᠤᠰᠳᠠᠯ᠎ᠠ ᠃ ᠨᠢᠭᠡ  ᠨᠢ ᠄

    ︽ ᠳᠡᠭᠡᠭᠦᠷ ᠢᠶᠠᠨ ᠭᠢᠯᠠᠨᠴᠠᠭ ᠂ ᠳᠣᠣᠭᠤᠷ ᠢᠶᠠᠨ ᠫᠠᠯᠠᠨᠴᠠᠭ ︾ ᠭᠡᠨ᠎ᠡ ᠃ ᠡᠨᠡ ᠦᠭᠡ ᠲᠡᠭᠦᠨ ᠳᠤ ᠶᠡᠬᠡ ᠮᠡᠷᠭᠡᠨ ᠰᠠᠨᠠᠭᠳᠠᠭᠰᠠᠨ ᠲᠤᠯᠠ ᠄

    ︽ ᠡᠨᠡ ᠦᠭᠡ ᠪᠠᠨ ᠨᠠᠳᠠᠳᠤ ᠵᠢᠭᠠᠭᠠᠳ ᠦᠭ ᠡ ᠂ ᠭᠤᠷᠪᠠᠨ ᠯᠠᠩ ᠮᠥᠩᠭᠦ ᠦᠭᠭᠦᠶ᠎ᠡ ︕ ︾ ᠭᠡᠳ ᠡᠨᠡ ᠦᠭᠡ ᠶᠢ ᠨᠢ ᠰᠤᠷᠤᠯ᠎ᠠ ᠃

    ᠪᠠᠰᠠ ᠴᠢᠨᠠᠭᠰᠢ ᠪᠠᠨ ᠶᠠᠪᠤᠵᠤ ᠪᠠᠢᠲᠠᠯ᠎ᠠ ᠨᠢᠭᠡ ᠬᠥᠮᠦᠨ ᠡᠯᠵᠢᠭᠡ ᠲᠡᠷᠭᠡ ᠲᠠᠢ ᠪᠠᠨ ᠰᠢᠪᠠᠷᠳᠠᠭᠤᠯᠴᠢᠬᠠᠭᠠᠳ ᠄

    ︽ ᠬᠥᠭᠰᠢᠨ ᠡᠯᠵᠢᠭᠡ ᠯᠤᠤ ᠯᠧ ᠳ᠋ᠣᠣ ᠂ ᠱᠦ᠋ ᠱᠠ ᠂ ᠳ᠋ᠡᠷ ᠳ᠋ᠠᠭ ︕ ︾ ᠭᠡᠵᠦ ᠪᠠᠢᠬᠤ ᠲᠠᠢ ᠲᠠᠭᠠᠷᠠᠯᠳᠤᠯ᠎ᠠ ᠃ ᠡᠨᠡ ᠦᠭᠡ ᠶᠡᠬᠡ ᠢᠳᠡᠲᠠᠢ ᠰᠠᠨᠠᠭᠳᠠᠭᠰᠠᠨ ᠲᠤᠯᠠ ᠄

    ︽ ᠨᠢᠭᠡ ᠯᠠᠩ ᠦᠭᠭᠦᠶ᠎ᠡ ᠂ ᠡᠨᠡ ᠦᠭᠡ ᠪᠠᠨ ᠵᠢᠭᠠᠭᠠᠳ ᠦᠭ ᠡ ︕ ︾ ᠭᠡᠳ ᠡᠯᠵᠢᠭᠡ ᠲᠡᠷᠭᠡ  ᠶᠢ ᠨᠢ ᠬᠠᠪᠰᠤᠷᠴᠤ ᠰᠢᠪᠠᠷ ᠡᠴᠡ ᠭᠠᠷᠭᠠᠵᠤ ᠥᠭᠭᠦᠭᠡᠳ ᠡᠨᠡ ᠦᠭᠡ ᠶᠢ ᠨᠢ ᠰᠤᠷᠤᠯ᠎ᠠ ᠃

    ᠪᠠᠰᠠ ᠴᠢᠨᠠᠭᠰᠢ ᠪᠠᠨ ᠶᠠᠪᠤᠲᠠᠯ᠎ᠠ ᠬᠣᠶᠠᠷ ᠬᠥᠮᠦᠨ ᠬᠡᠷᠡᠯᠳᠡᠵᠦ ᠪᠠᠢᠬᠤ ᠲᠠᠢ ᠲᠠᠭᠠᠷᠠᠯᠳᠤᠪᠠ ᠃ ᠨᠢᠭᠡ ᠨᠢ ᠄

    ︽ ᠭᠠᠩ ᠳᠦᠷᠦᠭᠡ ᠶᠢ ᠲᠠᠰᠤᠷᠠᠲᠠᠯ᠎ᠠ ᠵᠠᠭᠠᠯᠳᠤᠶ᠎ᠠ ᠂ ᠭᠠᠯᠠᠪ ᠳᠡᠯᠡᠬᠡᠢ ᠶᠢ ᠶᠡᠭᠦᠷᠡᠲᠡᠯ᠎ᠡ ᠵᠠᠭᠠᠯᠳᠤᠶ᠎ᠠ ︕ ︾ ᠭᠡᠵᠦ ᠪᠠᠢᠬᠤ ᠶᠢ ᠨᠢ ᠰᠣᠨᠤᠰᠤᠭᠠᠳ ᠡᠨᠡ ᠦᠭᠡ ᠶᠡᠬᠡ ᠮᠡᠷᠭᠡᠨ ᠰᠠᠨᠠᠭᠳᠠᠵᠤ ᠄

    ︽ ᠭᠤᠷᠪᠠᠨ ᠯᠠᠩ ᠮᠥᠩᠭᠦ ᠦᠭᠭᠦᠶ᠎ᠡ ᠂ ᠡᠨᠡ ᠦᠭᠡ ᠪᠠᠨ ᠵᠢᠭᠠᠭᠠᠳ ᠦᠭ ᠡ ︕ ︾ ᠭᠡᠭᠰᠡᠭᠡᠷ ᠡᠨᠡ ᠦᠭᠡ ᠶᠢ ᠨᠢ ᠵᠢᠭᠠᠯᠭᠠᠵᠤ ᠠᠪᠤᠪᠠ ᠃

    ᠢᠩᠭᠢᠵᠦ ᠶᠠᠪᠤᠭᠰᠠᠭᠠᠷ ᠨᠢᠭᠡ ᠬᠤᠷᠢᠮ ᠤᠨ ᠭᠠᠵᠠᠷ ᠬᠦᠷᠦᠭᠰᠡᠨ ᠳᠤ ᠶᠡᠬᠡ ᠤᠯᠠᠨ ᠬᠥᠮᠦᠨ ᠪᠠᠢᠯ᠎ᠠ ᠃ ᠲᠡᠷᠡ ᠶᠡᠬᠡ ᠯᠠ ᠯᠠᠷᠵᠢᠶ᠎ᠠ ᠰᠣᠷᠲᠣᠭᠣ ᠲᠠᠢ ᠳᠦᠷᠪᠡᠯᠵᠢᠯᠡᠨ ᠠᠯᠬᠤᠵᠤ ᠄

    ︽ ᠪᠤᠲᠠᠨ ᠤ ᠢᠷᠤᠭᠠᠷ ᠪᠤᠮᠠ ᠲᠦᠮᠡᠨ ᠪᠣᠷᠤ ᠪᠢᠯᠵᠤᠤᠬᠠᠢ ᠂ ᠬᠢᠷᠠᠭᠤ ᠣᠷᠤᠭᠠᠳ ᠢᠷᠡᠭᠰᠡᠨ ᠴᠢᠨᠢ ᠨᠠᠮ ᠵᠢᠮ ᠠ ︕ ︾ ᠭᠡᠰᠡᠨ ᠳᠤ ᠬᠥᠮᠦᠰ ᠄

    ︽ ᠡᠨᠡ ᠶᠡᠬᠡ ᠰᠡᠴᠡᠨ ᠮᠡᠷᠭᠡᠨ ᠬᠥᠮᠦᠨ ᠪᠠᠢᠨ᠎ᠠ ︾ ᠭᠡᠯᠴᠡᠨ ︽ ᠵᠣᠴᠢᠨ ᠢ ᠳᠤᠲᠤᠭᠰᠢ ᠪᠠᠨ ᠵᠠᠯᠠᠶ᠎ᠠ ︕ ︾ ᠭᠡᠳ ᠭᠡᠷ ᠲᠣ ᠵᠠᠯᠠᠭᠠᠳ ᠠᠪᠤᠭᠠᠳ ᠣᠷᠤᠵᠠᠢ ᠃

    ᠡᠨᠡ ᠦᠶ᠎ᠡ ᠳᠤ ᠨᠢᠭᠡᠨ ᠶᠡᠬᠡ ᠶᠠᠭᠤᠮᠠᠨ  ᠳᠤ ᠳᠤᠷᠠᠲᠠᠢ ᠪᠦᠰᠡᠭᠦᠢ ᠶᠠᠭᠤᠨ ᠤ ᠬᠥᠮᠦᠨ ᠪᠣᠯᠪᠠ ︖ ᠭᠡᠳ ᠣᠷᠤᠵᠤ ᠦᠵᠡᠭᠰᠡᠨ ᠳᠤ ᠲᠡᠷᠡ ᠄

    ︽ ᠳᠡᠭᠡᠭᠦᠷ ᠢᠶᠠᠨ ᠭᠢᠯᠠᠨᠴᠠᠭ ᠂ ᠳᠣᠣᠭᠤᠷ ᠢᠶᠠᠨ ᠫᠠᠯᠠᠨᠴᠠᠭ ︾ ᠭᠡᠵᠡᠢ ᠃

    ᠲᠡᠷᠡ ᠪᠦᠰᠡᠭᠦᠢ ᠴᠦ ᠦᠨᠡᠬᠡᠷ ᠳᠡᠭᠡᠭᠦᠷ ᠢᠶᠠᠨ ᠳᠣᠷᠭᠤᠨ ᠳᠡᠪᠡᠯ ᠡᠮᠦᠰᠴᠦ ᠂ ᠳᠣᠣᠭᠤᠷ ᠢᠶᠠᠨ ᠬᠠᠭᠵᠠᠷᠬᠠᠢ ᠭᠤᠲᠤᠯ ᠡᠮᠦᠰᠦᠭᠰᠡᠨ ᠲᠤᠯᠠ ᠬᠡᠯᠡᠭᠳᠡᠭᠰᠡᠨ ᠳᠡᠭᠡᠨ ᠶᠡᠬᠡᠯ᠎ᠡ ᠢᠴᠡᠩᠭᠦᠷᠡᠨ ᠰᠠᠨᠳᠤᠷᠴᠤ ᠭᠠᠷᠴᠤ ᠶᠠᠪᠤᠵᠠᠢ ᠃

    ︽ ᠶᠠᠮᠠᠷ ᠬᠥᠮᠦᠨ ᠪᠣᠯᠴᠢᠬᠠᠪᠠ ︖ ᠪᠢ ᠨᠢᠭᠡ ᠦᠵᠡᠭᠡᠳᠡᠬᠡᠶ᠎ᠡ ︕ ︾ ᠭᠡᠳ ᠨᠢᠭᠡ ᠬᠥᠭᠰᠢᠨ ᠳᠤᠲᠤᠭᠰᠢ ᠣᠷᠤᠬᠤ ᠭᠡᠳ ᠬᠠᠲᠠᠪᠴᠢᠨ ᠳᠤ ᠪᠦᠲᠡᠷᠡᠨ ᠤᠨᠠᠯ᠎ᠠ ᠃ ᠡᠭᠦᠨ ᠢ ᠦᠵᠡᠭᠡᠳ ᠲᠡᠷᠡ ᠄

    ︽ ᠬᠥᠭᠰᠢᠨ ᠡᠯᠵᠢᠭᠡ ᠯᠤᠤ ᠯᠧ ᠳ᠋ᠣᠣ ᠂ ᠱᠦ᠋ ᠱᠠ ᠂ ᠳ᠋ᠡᠷ ᠳ᠋ᠠᠭ ︾ ᠭᠡᠵᠦ ᠬᠡᠯᠡᠭᠡᠳ ᠡᠷᠭᠦᠨ ᠪᠤᠰᠬᠠᠯ᠎ᠠ ᠃

    ᠬᠥᠮᠦᠰ ᠲᠡᠭᠦᠨ ᠢ ᠪᠢᠰᠢᠷᠡᠬᠦ ᠶᠢᠨ ᠶᠡᠬᠡ ᠪᠠᠷ ᠪᠢᠰᠢᠷᠡᠪᠡ ᠃ ᠲᠡᠭᠡᠭᠡᠳ ᠡᠨᠡ ᠬᠥᠮᠦᠨ ᠤᠷᠤᠭ ᠤᠨ ᠭᠠᠵᠠᠷ ᠬᠦᠨᠳᠦ ᠪᠠᠷ ᠵᠤᠴᠢᠯᠠᠭᠳᠠᠵᠤ ᠢᠳᠡᠵᠦ ᠴᠢᠳᠠᠴᠢᠬᠠᠭᠠᠳ ᠄

    ︽ ᠭᠠᠩ ᠳᠦᠷᠦᠭᠡ ᠶᠢ ᠲᠠᠰᠤᠷᠠᠲᠠᠯ᠎ᠠ ᠵᠠᠭᠠᠯᠳᠤᠶ᠎ᠠ ᠂ ᠭᠠᠯᠠᠪ ᠳᠡᠯᠡᠬᠡᠢ ᠶᠢ ᠶᠡᠭᠦᠷᠡᠲᠡᠯ᠎ᠡ ᠵᠠᠭᠠᠯᠳᠤᠶ᠎ᠠ ︕ ︾ ᠭᠡᠳ ᠭᠠᠷᠤᠭᠠᠳ ᠶᠠᠪᠤᠬᠤ ᠳᠤ ᠬᠤᠷᠢᠮ ᠳᠤ ᠴᠤᠭᠯᠠᠭᠰᠠᠨ ᠬᠥᠮᠦᠰ ᠶᠠᠭᠤ ᠨᠢ ᠵᠣᠬᠢᠰ ᠦᠭᠡᠢ ᠪᠣᠯᠤᠭᠰᠠᠨ ᠢ ᠮᠡᠳᠡᠬᠦ ᠦᠭᠡᠢ ᠠᠶᠤᠬᠤ ᠳᠠᠭᠠᠨ ᠪᠦᠷ ᠵᠦᠭ ᠵᠦᠭ ᠲᠡᠭᠡᠨ ᠲᠠᠷᠬᠠᠨ ᠶᠠᠪᠤᠭᠰᠠᠨ ᠭᠡᠨ᠎ᠡ ᠃

               ᠽᠠᠨᠳᠠᠨ ᠬᠠᠩᠭᠠᠪᠠ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠥᠪᠦᠷ ᠮᠣᠩᠭᠤᠯ ᠥᠨᠳᠥᠰᠥᠲᠡᠨ ᠦ ᠰᠤᠷᠭᠠᠨ ᠬᠥᠮᠦᠵᠢᠯ ᠦᠨ ᠰᠦᠯᠵᠢᠶ᠎ᠡ ᠬᠡᠪᠯᠡᠯ ᠦᠨ ᠡᠷᠬᠡ ᠲᠡᠢ ᠃ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃