lt
ᠲᠠᠮᠢᠷ ᠣᠷᠠᠯᠢᠭ
ᠪᠠᠭᠠᠷᠢᠨᠴᠤᠳ ᠤᠨ ᠰᠢᠨᠡᠯᠡᠬᠦ ᠵᠠᠩᠰᠢᠯ
2014.04.22 ᠲᠣᠰ ᠥᠷᠲᠡᠭᠡᠨ ᠦ ᠨᠠᠢᠷᠠᠭᠤᠯᠤᠭᠴᠢ

    ᠪᠠᠭᠠᠷᠢᠨᠴᠤᠳ ᠤᠨ ᠰᠢᠨᠡᠯᠡᠬᠦ ᠵᠠᠩᠰᠢᠯ

    ᠰᠢᠨ᠎ᠡ ᠶᠢᠨ ᠨᠢᠭᠡᠨ ᠳᠤ ᠠᠢᠯ ᠡᠷᠦᠬᠡ ᠪᠦᠬᠦᠨ ᠭᠡᠭᠡ ᠰᠤᠪᠤᠷᠠᠬᠤ ᠦᠶ᠎ᠡ ᠪᠠᠷ ᠪᠣᠰᠴᠠᠭᠠᠨ ᠡᠷᠬᠢᠮᠰᠦᠭ ᠬᠤᠪᠴᠠᠰᠤ ᠬᠤᠨᠠᠷ ᠢᠶᠠᠨ ᠡᠮᠦᠰᠴᠡᠭᠡᠨ᠎ᠡ ᠃ ᠰᠢᠨ᠎ᠡ ᠶᠢᠨ ᠨᠢᠭᠡᠨ ᠤ ᠥᠷᠯᠦᠭᠡ ᠲᠡᠭᠷᠢ ᠶᠢᠨ ᠬᠠᠷ᠎ᠠ ᠨᠣᠬᠠᠢ ᠶᠢᠨ ᠠᠮᠠ ᠵᠡᠭᠦᠨ ᠡᠮᠦᠨ᠎ᠡ ᠵᠦᠭ ᠲᠤ ᠪᠠᠢᠨ᠎ᠠ ᠭᠡᠵᠦ ᠬᠡᠡᠯᠳᠡᠭ ᠪᠣᠯᠬᠣᠷ ᠨᠣᠬᠠᠢ ᠶᠢᠨ ᠠᠮᠠ ᠬᠠᠷᠰᠢ ᠵᠦᠭ ᠡᠴᠡ ᠵᠠᠢᠯᠠᠵᠤ ᠂ ᠵᠡᠭᠦᠨ ᠨᠮᠦᠨ᠎ᠡ ᠵᠦᠭ ᠲᠤ ᠭᠠᠷᠴᠤ ᠰᠢᠭᠡᠬᠦ ᠶᠢ ᠬᠥᠮᠦᠨ ᠪᠦᠬᠦᠨ ᠴᠡᠭᠡᠷᠯᠡᠨ᠎ᠡ ᠃ ᠰᠢᠨ᠎ᠡ ᠶᠢᠨ ᠨᠢᠭᠡᠨ ᠤ ᠥᠷᠯᠦᠭᠡ ᠶᠠᠭᠤ ᠪᠦᠬᠦᠨ ᠡᠴᠡ ᠤᠷᠢᠳ ᠭᠦᠢᠴᠡᠳᠭᠡᠬᠦ ᠠᠵᠢᠯ ᠪᠣᠯ ᠲᠡᠭᠷᠢ  ᠳᠤ ᠮᠥᠷᠭᠦᠬᠦ ᠪᠣᠯᠤᠨ᠎ᠠ ᠃ ᠨᠢᠭᠤᠷ ᠭᠠᠷ ᠢᠶᠠᠨ ᠠᠷᠢᠭᠤᠯᠵᠤ ᠤᠭᠢᠶᠠᠭᠰᠠᠨ ᠤ ᠳᠠᠷᠠᠭ᠎ᠠ ᠪᠦᠰᠡᠲᠡᠢ ᠬᠥᠮᠦᠨ ᠪᠦᠬᠦᠨ ᠲᠡᠭᠷᠢ ᠳᠤ ᠮᠥᠷᠭᠦᠬᠦ ᠢᠶᠠᠷ ᠲᠤᠭᠲᠠᠭᠰᠠᠨ ᠭᠠᠵᠠᠷ ᠳᠡᠭᠡᠷ᠎ᠡ ᠪᠠᠨ ᠣᠴᠢᠵᠤ ᠂ ᠵᠠᠳᠠᠭᠠᠢ ᠭᠠᠯ ᠲᠦᠯᠡᠨ ᠂ ᠶᠤᠤᠮᠠᠢ ︵ ᠪᠤᠶᠤ ᠰᠠᠭᠠᠭ ᠤᠨ ᠭᠤᠯᠢᠷ ︶ ᠶᠢᠨ ᠭᠤᠯᠢᠷ ᠢᠶᠠᠷ ᠬᠢᠭᠰᠡᠨ ᠶᠡᠬᠡ ᠴᠦᠬᠦᠴᠡ ᠳᠤ ᠵᠤᠯᠠ ᠠᠰᠠᠭᠠᠵᠤ ᠂ ᠱᠧᠩ ᠲᠠᠢ ᠴᠤᠯᠭᠤᠢ ᠪᠤᠳᠠᠭᠠᠨ ᠳᠤ ᠬᠦᠵᠢ ᠬᠠᠳᠭᠤᠭᠠᠳ ᠡᠳᠡᠭᠡᠷ ᠤᠨ ᠳᠥᠷᠪᠡᠨ ᠲᠠᠯ᠎ᠠ ᠳᠤ ᠢᠰᠡᠭᠡᠢ ᠳᠡᠪᠢᠰᠴᠦ ᠂ ᠭᠠᠯ ᠵᠤᠯᠠ ᠬᠦᠵᠢ ᠶᠢᠨ ᠡᠮᠦᠨ᠎ᠡ ᠲᠠᠯ᠎ᠠ ᠶᠢᠨ ᠢᠰᠡᠭᠡᠢ ᠳᠡᠭᠡᠷ᠎ᠡ ᠪᠠᠨ ᠰᠥᠭᠦᠳᠦᠨ ᠪᠠᠷᠠᠭᠤᠨ ᠬᠣᠢᠲᠤ ᠵᠦᠭ ᠲᠤ ᠬᠠᠨᠳᠤᠨ ᠮᠥᠷᠭᠦᠵᠦ ᠂ ᠨᠠᠷᠠᠨ ᠵᠦᠪ ᠢᠶᠠᠷ ᠡᠷᠭᠢᠨ ᠭᠠᠯ ᠂ ᠵᠤᠯᠠ ᠂ ᠬᠦᠵᠢ ᠪᠠᠨ ᠲᠣᠭᠤᠷᠢᠵᠤ ᠳᠥᠷᠪᠡᠨ ᠵᠦᠭ ᠨᠠᠢ᠍ᠮᠠᠨ ᠵᠣᠪᠬᠢᠰ ᠲᠤ ᠪᠦᠷ ᠭᠤᠷᠪᠠ ᠰᠥᠭᠦᠳᠴᠦ ᠶᠢᠰᠦ ᠮᠥᠷᠭᠦᠨ᠎ᠡ ᠃ ᠡᠨᠡ ᠨᠢ ᠲᠡᠭᠷᠢ ᠶᠢᠨ ᠣᠷᠳᠤᠨ ᠳᠤ ᠬᠤᠷᠠᠨ ᠰᠢᠨᠡᠯᠡᠭᠰᠡᠨ ᠡᠵᠡᠳ ᠰᠠᠬᠢᠭᠤᠯᠰᠤᠨ ᠢ ᠶᠢᠷᠲᠢᠨᠴᠦ ᠳᠤ ᠪᠠᠭᠤᠨ ᠢᠷᠡᠵᠦ ᠪᠠᠢᠭ᠎ᠠ ᠶᠢ ᠤᠭᠲᠤᠵᠤ ᠪᠠᠢᠭ᠎ᠠ ᠵᠠᠩ ᠦᠢᠯᠡ ᠪᠣᠯᠤᠨ᠎ᠠ ᠃ ᠲᠡᠭᠷᠢ ᠳᠠᠬᠢᠵᠤ ᠪᠠᠷᠠᠭᠠᠳ ᠦᠬᠡᠷ ᠮᠠᠯ ᠤᠨ ᠬᠣᠷᠤᠭᠠᠨ ᠳᠤ ᠬᠦᠷᠴᠦ ᠂ ᠦᠬᠡᠷ ᠤᠨ ᠬᠡᠪᠲᠡᠵᠦ ᠪᠠᠢᠭ᠎ᠠ ᠪᠠᠢᠳᠠᠯ  ᠢ ᠰᠢᠨᠵᠢᠨ ᠵᠢᠯ ᠤᠨ ᠥᠩᠭᠡ ᠶᠢ ᠬᠡᠯᠡᠴᠡᠳᠡᠭ ᠃ ᠲᠡᠭᠷᠢ ᠳᠤ ᠮᠥᠷᠭᠦᠬᠦ ᠡᠴᠡ ᠡᠮᠦᠨ᠎ᠡ ᠵᠣᠯᠭᠠᠯᠲᠠ ᠬᠢᠬᠦ ᠪᠤᠶᠤ ᠡᠨᠡ ᠲᠡᠷᠡ ᠭᠡᠵᠦ ᠠᠷᠪᠢᠨ ᠳᠤᠤᠭᠠᠷᠬᠤ ᠦᠭᠡᠢ ᠂ ᠠᠢᠯ ᠲᠣᠭᠤᠷᠢᠬᠤ ᠦᠭᠡᠢ ᠶᠣᠰᠤᠲᠠᠢ ᠃ ᠲᠡᠭᠷᠢ ᠳᠤ ᠮᠥᠷᠭᠦᠵᠦ ᠣᠷᠤᠵᠤ ᠢᠷᠡᠭᠡᠳ ᠪᠤᠷᠬᠠᠨ ᠳᠠᠭᠠᠨ ᠮᠥᠷᠭᠦᠵᠦ ᠂ ᠭᠡᠷ ᠤᠨ ᠠᠬᠠᠮᠠᠳ ᠨᠠᠰᠤᠲᠠᠢᠴᠤᠤᠯ ᠳᠠᠭᠠᠨ ᠮᠥᠷᠭᠦᠨ ᠵᠣᠯᠭᠠᠨ᠎ᠠ ᠃ ᠵᠣᠯᠭᠠᠯᠲᠠ ᠬᠢᠬᠦ ᠳᠤ ᠪᠡᠷᠢ ᠪᠣᠯᠤᠭᠰᠠᠳ ᠬᠠᠳᠠᠮ ᠡᠴᠢᠭᠡ ᠂ ᠬᠠᠳᠠᠮ ᠠᠬ᠎ᠠ ᠳᠠᠭᠠᠨ ᠵᠥᠪᠬᠡᠨ ᠮᠥᠷᠭᠦᠵᠦ ᠢᠷᠦᠭᠡᠯ ᠰᠣᠨᠤᠰᠳᠠᠭ ᠡᠴᠡ ᠪᠢᠰᠢ ᠬᠠᠳᠠᠭ ᠨᠡᠢᠯᠡᠭᠦᠯᠵᠦ ᠵᠣᠯᠭᠠᠯᠲᠠ ᠬᠢᠳᠡᠭ ᠦᠭᠡᠢ ᠃ ᠵᠤᠯᠭᠠᠯᠴᠠᠵᠤ ᠪᠠᠷᠠᠪᠠᠯ ᠥᠷᠯᠦᠭᠡ ᠶᠢᠨ ᠴᠠᠢ ᠪᠠᠨ ᠤᠤᠭᠤᠨ᠎ᠠ ᠃ ᠴᠠᠢ ᠤᠤᠭᠤᠬᠤ ᠦᠶ᠎ᠡ ᠳᠤ ᠂ ᠤᠷᠢᠳᠠᠪᠠᠷ ᠴᠠᠢ ᠶᠢᠨ ᠳᠡᠭᠡᠵᠢ ᠪᠠᠨ ᠲᠤᠯᠭᠠᠨ ᠡᠮᠦᠨ᠎ᠡ ᠭᠤᠷᠪᠠ ᠳᠤᠰᠤᠭᠠᠵᠤ ᠂ ᠭᠠᠯ ᠳᠤ ᠴᠠᠢ ᠶᠢᠨ ᠳᠡᠭᠡᠵᠢ ᠪᠠᠨ ᠡᠷᠭᠦᠨ᠎ᠡ ᠃ ᠰᠢᠨ᠎ᠡ ᠶᠢᠨ ᠨᠢᠭᠡᠨ ᠤ ᠴᠠᠢ ᠳᠤ ᠬᠤᠷᠤᠳ ᠲᠣᠰᠤ ᠂ ᠬᠠᠪᠰᠠᠢ ᠂ ᠬᠣᠯᠢᠭᠰᠠᠨ ᠪᠤᠳᠠᠭ᠎ᠠ ᠂ ᠪᠣᠣᠪᠤ ᠪᠤᠭᠤᠷᠰᠤᠭ ᠂ ᠮᠢᠬ᠎ᠠ ᠢᠳᠡᠭᠡ ᠶᠢ ᠡᠯᠪᠡᠭ ᠳᠡᠯᠪᠡᠭ ᠥᠷᠦᠨ᠎ᠡ ᠃

    ᠥᠷᠯᠦᠭᠡ ᠶᠢᠨ ᠴᠠᠢ ᠶᠢᠨ ᠳᠠᠷᠠᠭ᠎ᠠ ᠂ ᠨᠠᠰᠤᠲᠠᠢᠴᠤᠳ ᠭᠠᠳᠠᠨ᠎ᠠ ᠭᠠᠷᠴᠤ ᠭᠠᠷᠬᠤ ᠨᠠᠷᠠᠨ ᠢ ᠰᠢᠨᠵᠢᠨ᠎ᠡ ᠃ ᠨᠠᠷᠠ ᠮᠠᠨᠳᠤᠭᠰᠠᠨ ᠤ ᠬᠣᠢᠨ᠎ᠠ ᠂ ᠪᠦᠰᠡᠲᠡᠢ ᠪᠦᠰᠡᠭᠦᠢ ᠨᠠᠰᠤᠲᠠᠢ ᠨᠢᠯᠬ᠎ᠠ ᠪᠦᠬᠦᠨ ᠵᠢᠯ  ᠤᠨ ᠡᠬᠢᠨ ᠤ ᠮᠥᠷ ᠭᠠᠷᠭᠠᠬᠤ ᠪᠠᠷ ᠥᠪᠡᠷ ᠤᠨ ᠥᠭᠡᠳᠡ ᠡᠰᠡᠷᠡᠭ ᠥᠯᠵᠡᠢ ᠲᠠᠢ ᠵᠦᠭ ᠲᠡᠭᠡᠨ ᠭᠠᠷᠤᠨ᠎ᠠ ᠃ ᠵᠦᠭ ᠲᠤ ᠭᠠᠷᠬᠤ ᠳᠤ ᠡᠷᠲᠡᠨ ᠡᠴᠡ ᠤᠯᠠᠮᠵᠢᠯᠠᠭᠰᠠᠨ ᠭᠠᠯ ᠂ ᠤᠰᠤ ᠂ ᠲᠡᠮᠦᠷ ᠂ ᠮᠣᠳᠤ ᠂ ᠰᠢᠷᠤᠢ ᠂ ᠣᠭᠲᠠᠷᠭᠤᠢ ᠂ ᠠᠭᠤᠯᠠ ᠰᠤᠨ ᠬᠡᠢ ᠭᠡᠬᠦ ᠨᠠᠢ᠍ᠮᠠᠨ ᠬᠦᠯᠢᠯ ᠤᠨ ᠶᠣᠰᠤᠭᠠᠷ ᠠᠰ ᠡᠮᠦᠨ᠎ᠡ ᠵᠦᠭ ᠭᠠᠯ ᠤᠨ ᠣᠷᠤᠨ ᠂ ᠠᠰ ᠪᠠᠷᠠᠭᠤᠨ ᠵᠦᠭ ᠲᠡᠮᠦᠷ ᠤᠨ ᠣᠷᠤᠨ ᠂ ᠠᠰ ᠬᠣᠢᠲᠤ ᠵᠦᠭ ᠤᠰᠤᠨ ᠣᠷᠤᠨ ᠂ ᠠᠰ ᠵᠡᠭᠦᠨ ᠵᠦᠭ ᠮᠣᠳᠤᠨ ᠤ ᠣᠷᠤᠨ ᠂ ᠪᠠᠲᠠᠭᠤᠨ ᠬᠣᠢᠨ᠎ᠠ ᠵᠦᠭ ᠰᠢᠷᠤᠢ ᠶᠢᠨ ᠣᠷᠤᠨ ᠂ ᠪᠠᠷᠠᠭᠤᠨ ᠡᠮᠦᠨ᠎ᠡ ᠵᠦᠭ ᠣᠭᠲᠠᠷᠭᠤᠢ ᠶᠢᠨ ᠣᠷᠤᠨ ᠂ ᠵᠡᠭᠦᠨ ᠬᠣᠢᠨ᠎ᠠ ᠵᠦᠭ ᠠᠭᠤᠯᠠ ᠶᠢᠨ ᠣᠷᠤᠨ ᠂ ᠵᠡᠭᠦᠨ ᠡᠮᠦᠨ᠎ᠡ ᠵᠦᠭ ᠰᠤᠨ ᠬᠡᠢ ᠶᠢᠨ ᠣᠷᠤᠨ ᠭᠡᠳᠡᠭ ᠃ ᠠᠯᠢ ᠣᠷᠤᠨ ᠳᠤ ᠰᠠᠭᠤᠭᠰᠠᠨ ᠬᠥᠮᠦᠨ ᠪᠣᠯ ᠲᠡᠷᠡ ᠣᠷᠤᠨ ᠳᠤ ᠵᠣᠬᠢᠴᠠᠬᠤ ᠶᠠᠭᠤᠮ᠎ᠠ ᠶᠢ ᠪᠠᠷᠢᠵᠤ ᠂ ᠭᠡᠷ ᠡᠴᠡ ᠪᠠᠨ ᠲᠡᠷᠡ ᠵᠦᠭ ᠲᠤ ᠵᠠᠭᠤᠨ ᠠᠯᠬᠤᠮ ᠶᠠᠪᠤᠵᠤ ᠂ ᠭᠠᠷ ᠲᠠᠭᠠᠨ ᠪᠠᠷᠢᠭᠰᠠᠨ ᠶᠠᠭᠤᠮ᠎ᠠ ᠪᠠᠨ ᠬᠠᠶᠠᠵᠤ ᠂ ᠬᠦᠵᠢ ᠠᠰᠠᠭᠠᠨ ᠭᠠᠵᠠᠷ ᠬᠠᠳᠭᠤᠵᠤ ᠮᠥᠷᠭᠦᠭᠡᠳ ᠭᠡᠳᠡᠷᠭᠦ ᠬᠠᠷᠠᠯ ᠦᠭᠡᠢ ᠬᠠᠷᠢᠵᠤ ᠢᠷᠡᠭᠡᠳ ᠫᠤᠤᠵᠢᠩ ᠳᠤᠤᠭᠠᠷᠭᠠᠨ᠎ᠠ ᠃ ᠡᠭᠦᠨ ᠳᠤ ᠭᠠᠯ  ᠤᠨ ᠣᠷᠤᠨ ᠳᠤ ᠰᠠᠭᠤᠭᠰᠠᠨ ᠬᠥᠮᠦᠨ ᠮᠥᠰᠦ ᠪᠠᠷᠢᠵᠤ ᠂ ᠠᠭᠤᠯᠠᠨ ᠣᠷᠤᠨ ᠳᠤ ᠰᠠᠭᠤᠭᠰᠠᠨ ᠬᠥᠮᠦᠨ ᠴᠢᠯᠠᠭᠤ ᠪᠠᠷᠢᠵᠤ ᠂ ᠮᠣᠳᠤᠨ ᠤ ᠣᠷᠤᠨ ᠳᠤ ᠰᠠᠭᠤᠭᠰᠠᠨ ᠬᠥᠮᠦᠨ ᠮᠣᠳᠤ ᠪᠠᠷᠢᠵᠤ ᠂ ᠰᠢᠷᠤᠢ ᠶᠢᠨ ᠣᠷᠤᠨ ᠳᠤ ᠰᠠᠭᠤᠭᠰᠠᠨ ᠬᠥᠮᠦᠨ ᠬᠡᠰᠡᠭ ᠲᠠᠢ ᠰᠢᠷᠤᠢ ᠪᠠᠷᠢᠵᠤ ᠂ ᠣᠭᠲᠠᠷᠭᠤᠢ ᠶᠢᠨ ᠣᠷᠤᠨ ᠳᠤ ᠰᠠᠭᠤᠭᠰᠠᠨ ᠬᠥᠮᠦᠨ ᠬᠥᠬᠡ ᠪᠦᠰ ᠤᠨ ᠥᠭᠡᠳᠡᠰᠦ ᠪᠠᠷᠢᠵᠤ ᠂ ᠰᠤᠨ ᠬᠡᠢ ᠶᠢᠨ ᠣᠷᠤᠨ ᠳᠤ ᠰᠠᠭᠤᠭᠰᠠᠨ ᠬᠥᠮᠦᠨ ᠲᠠᠬᠢᠶᠠᠨ ᠥᠳᠦ ᠪᠠᠷᠢᠵᠤ ᠂ ᠥᠪᠡᠷ ᠥᠪᠡᠷ ᠤᠨ ᠰᠠᠭᠤᠭᠰᠠᠨ ᠣᠷᠤᠨ ᠵᠦᠭ ᠲᠡᠭᠡᠨ ᠭᠠᠷᠤᠨ᠎ᠠ ᠃ ᠳᠠᠷᠠᠭ᠎ᠠ ᠨᠢ ᠭᠡᠷ ᠤᠨ ᠡᠵᠡᠨ ᠤ ᠪᠠᠨ ᠭᠠᠷᠤᠭᠰᠠᠨ ᠵᠦᠭ ᠲᠤ ᠮᠠᠯ ᠢᠶᠠᠨ ᠵᠠᠯᠠᠨ᠎ᠠ ᠃

    ᠵᠦᠭ ᠲᠤ ᠭᠠᠷᠤᠭᠰᠠᠨ ᠤ ᠳᠠᠷᠠᠭ᠎ᠠ ᠂ ᠬᠥᠷᠰᠢ ᠵᠡᠷᠭᠡᠯᠡᠳᠡᠭᠡ ᠪᠠᠷ ᠢᠶᠠᠨ ᠲᠣᠭᠤᠷᠢᠵᠤ ᠂ ᠰᠢᠨ᠎ᠡ ᠶᠢᠨ ᠵᠣᠯᠭᠠᠯᠲᠠ ᠬᠢᠨ᠎ᠡ ᠃ ᠲᠡᠭᠡᠭᠡᠳ ᠮᠣᠷᠢ ᠤᠨᠤᠵᠤ ᠴᠢᠳᠠᠬᠤ ᠪᠦᠬᠦᠨ ᠮᠣᠷᠢ ᠤᠨᠤᠵᠤ ᠂ ᠬᠦᠬᠦᠷ ᠲᠠᠢ ᠠᠷᠢᠬᠢ ᠂ ᠨᠠᠰᠤᠲᠠᠢᠴᠤᠳ ᠲᠤ ᠥᠭᠬᠦ ᠰᠢᠨ᠎ᠡ ᠵᠢᠯ ᠤᠨ ᠪᠤᠳᠠᠭ᠎ᠠ ᠱᠠᠯᠪᠢᠩ ᠪᠤᠯᠤᠨ ᠬᠡᠦᠬᠡᠳ ᠲᠤ ᠠᠳᠭᠤᠭᠤᠯᠬᠤ ᠪᠣᠣᠪᠤ ᠵᠢᠮᠢᠰ ᠵᠡᠷᠭᠡ ᠶᠢ ᠭᠠᠨᠵᠤᠭᠠᠯᠠᠨ ᠂ ᠲᠥᠷᠦᠯ ᠰᠠᠳᠤᠨ ᠂ ᠠᠢᠯ ᠠᠢᠮᠠᠭ ᠢᠶᠠᠷ ᠢᠶᠠᠨ ᠲᠣᠭᠤᠷᠢᠳᠠᠭ ᠃ ᠡᠢᠮᠦ ᠡᠴᠡ ᠴᠠᠭᠠᠨ ᠰᠠᠷ᠎ᠠ ᠨᠢ ᠬᠥᠮᠦᠨ ᠪᠦᠬᠦᠨ ᠬᠥᠭᠵᠢᠯᠳᠦᠨ ᠂ ᠬᠦᠯᠦᠭ ᠪᠦᠬᠦᠨ ᠳᠠᠪᠬᠢᠯᠳᠤᠨ ᠬᠥᠭᠵᠢᠶᠡᠨ ᠢᠶᠠᠷ ᠪᠢᠯᠬᠠᠳᠠᠭ ᠪᠢᠯᠡ ᠃
    ᠰᠢᠨ᠎ᠡ ᠶᠢᠨ ᠵᠣᠯᠭᠠᠯᠲᠠ ᠶᠢᠨ ᠬᠥᠮᠦᠰ ᠠᠯᠢ ᠨᠢᠭᠡ ᠠᠢᠯ ᠳᠤ ᠬᠦᠷᠬᠦ ᠪᠦᠷᠢ ᠶᠠᠭᠤᠨ ᠤ ᠤᠷᠢᠳ ᠨᠠᠰᠤᠲᠠᠢᠴᠤᠳ ᠤᠨ ᠡᠷᠡᠭᠦᠯ ᠲᠡᠩᠬᠡᠯᠡᠭᠦᠨ ᠢ ᠠᠰᠠᠭᠤᠨ ᠵᠣᠯᠭᠠᠵᠤ ᠂ ᠠᠷᠢᠬᠢ ᠪᠠᠷᠢᠵᠤ ᠂ ᠠᠶᠠᠭᠠᠨ ᠳᠤ ᠳᠥᠷᠪᠡᠨ ᠱᠠᠯᠪᠢᠩ ᠬᠢᠵᠦ ᠂ ᠵᠢᠯ ᠤᠨ ᠪᠤᠳᠠᠭᠠᠨ ᠤ ᠳᠡᠭᠡᠵᠢ ᠬᠡᠮᠡᠨ ᠥᠭᠴᠦ ᠂ ᠬᠡᠦᠬᠡᠳ ᠲᠤ ᠪᠣᠣᠪᠤ ᠠᠳᠭᠤᠭᠤᠯᠤᠨ᠎ᠠ ᠃ ᠭᠡᠷ ᠤᠨ ᠡᠵᠡᠨ ᠪᠣᠯᠤᠭᠰᠠᠳ ᠰᠢᠨ᠎ᠡ ᠶᠢᠨ ᠵᠣᠴᠢᠳ ᠲᠠᠢ ᠲᠠᠮᠠᠬᠢᠯᠴᠠᠵᠤ ᠂ ᠰᠢᠨ᠎ᠡ ᠵᠢᠯ ᠤᠨ ᠪᠠᠢᠳᠠᠯ ᠢ ᠶᠠᠷᠢᠯᠴᠠᠵᠤ ᠂ ᠵᠣᠴᠢᠨ ᠳᠠᠭᠠᠨ ᠴᠠᠢ ᠠᠶᠠᠭᠠᠯᠠᠵᠤ ᠂ ᠠᠷᠢᠬᠢ ᠪᠠᠷᠢᠨ ᠰᠢᠨ᠎ᠡ ᠶᠢᠨ ᠪᠤᠳᠠᠭ᠎ᠠ ᠢᠳᠡᠭᠦᠯᠦᠨ᠎ᠡ ᠃ ᠥᠩᠭᠡᠷᠡᠭᠰᠡᠨ ᠵᠢᠯ ᠳᠤ ᠡᠴᠢᠭᠡ ᠡᠬᠡ ᠨᠢ ᠨᠠᠰᠤ ᠪᠠᠷᠠᠭᠰᠠᠨ ᠪᠡᠯᠪᠡᠰᠦᠷᠡᠯ ᠴᠠᠭᠠᠨ ᠲᠠᠢ ᠬᠥᠮᠦᠨ ᠪᠣᠯ ᠶᠠᠮᠠᠷ ᠴᠤ ᠬᠥᠮᠦᠨ ᠲᠠᠢ ᠵᠣᠯᠭᠠᠯᠲᠠ ᠬᠢᠬᠦ ᠦᠭᠡᠢ ᠵᠥᠪᠬᠡᠨ ᠮᠥᠷᠭᠦᠭᠡᠳ ᠵᠣᠭᠰᠤᠳᠠᠭ ᠃

    ᠪᠠᠭᠠᠷᠢᠨᠴᠤᠳ ᠴᠠᠭᠠᠨ ᠰᠠᠷ᠎ᠠ ᠶᠢᠨ ᠰᠢᠨ᠎ᠡ ᠶᠢᠨ ᠬᠣᠶᠠᠷ ᠤᠨ ᠡᠳᠦᠷ ᠢ ᠵᠢᠯ ᠤᠨ ᠡᠬᠢᠨ ᠤ ᠬᠠᠮᠤᠭ  ᠤᠨ ᠰᠠᠢᠨ ᠥᠯᠵᠡᠢᠲᠡᠢ ᠡᠳᠦᠷ ᠭᠡᠵᠦ ᠲᠡᠷᠡ ᠡᠳᠦᠷ ᠪᠦᠰᠡᠲᠡᠢ ᠪᠦᠬᠦᠨ ᠰᠢᠨ᠎ᠡ ᠠᠵᠢᠯ ᠢᠶᠠᠨ ᠥᠯᠵᠡᠢᠲᠡᠢ ᠡᠬᠢᠯᠡᠵᠦ ᠲᠠᠯᠪᠢᠳᠠᠭ ᠃ ᠪᠦᠰᠡᠭᠦᠢ ᠪᠦᠬᠦᠨ ᠰᠢᠨ᠎ᠡ ᠵᠡᠭᠦᠦ ᠳᠤ ᠤᠲᠠᠰᠤ ᠰᠦᠪᠡᠯᠡᠨ ᠂ ᠰᠢᠨ᠎ᠡ ᠣᠶᠤᠳᠠᠯ ᠢ ᠡᠬᠢᠯᠡᠵᠦ ᠂ ᠬᠡᠳᠦ ᠬᠠᠳᠭᠤᠵᠤ ᠲᠠᠯᠪᠢᠳᠠᠭ ᠃ ᠰᠢᠨ᠎ᠡ ᠶᠢᠨ ᠬᠣᠶᠠᠷ ᠡᠴᠡ ᠠᠷᠪᠠᠨ ᠲᠠᠪᠤᠨ ᠪᠣᠯᠲᠠᠯ᠎ᠠ ᠬᠠᠷᠢ ᠳᠤ ᠮᠣᠷᠳᠠᠭᠰᠠᠨ ᠥᠬᠢᠨ ᠢᠶᠠᠨ ᠡᠷᠭᠢᠳᠡᠭ ᠶᠠᠭᠠᠷᠠᠯᠲᠠᠢ ᠴᠠᠭ ᠪᠣᠯᠤᠨ᠎ᠠ ᠃ ᠮᠥᠨ ᠰᠢᠨ᠎ᠡ ᠶᠢᠨ ᠬᠣᠶᠠᠷ  ᠤᠨ ᠬᠠᠪᠢᠷᠠᠭᠨ ᠰᠠᠷᠠ ᠶᠢ ᠰᠢᠨᠵᠢᠵᠦ ᠂ ᠰᠠᠷᠠ ᠪᠤᠰᠤᠭᠠᠯᠢᠭ ᠪᠣᠯ ᠡᠪᠡᠳᠴᠢᠨ ᠴᠥᠭᠡᠨ ᠲᠠᠢ ᠰᠠᠢᠨ ᠵᠢᠯ ᠂ ᠰᠠᠷᠠ ᠬᠡᠪᠳᠡᠭᠡᠯᠢᠭ ᠪᠣᠯ ᠡᠪᠡᠳᠴᠢᠨ ᠡᠮᠭᠡᠭ ᠶᠡᠬᠡ ᠲᠠᠢ ᠵᠢᠯ ᠪᠣᠯᠤᠨ᠎ᠠ ᠬᠡᠮᠡᠳᠡᠭ ᠡᠴᠡ ᠨᠠᠰᠤᠲᠠᠳ ᠰᠢᠨ᠎ᠡ ᠶᠢᠨ ᠬᠣᠶᠠᠷ ᠤᠨ ᠰᠠᠷᠠ ᠶᠢ ᠦᠵᠡᠬᠦ ᠶᠢ ᠶᠠᠭ ᠮᠠᠷᠳᠠᠳᠠᠭᠦᠭᠡᠢ ᠶᠤᠮ ᠃

444

122

      ︽ᠪᠠᠭᠠᠷᠢᠨ ᠤ ᠵᠠᠩ ᠠᠭᠠᠯᠢ ︾ᠡᠴᠡ ᠰᠡᠢᠷᠡᠭᠦᠯᠪᠡ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠥᠪᠦᠷ ᠮᠣᠩᠭᠤᠯ ᠥᠨᠳᠥᠰᠥᠲᠡᠨ ᠦ ᠰᠤᠷᠭᠠᠨ ᠬᠥᠮᠦᠵᠢᠯ ᠦᠨ ᠰᠦᠯᠵᠢᠶ᠎ᠡ ᠬᠡᠪᠯᠡᠯ ᠦᠨ ᠡᠷᠬᠡ ᠲᠡᠢ ᠃ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃