lt
ᠰᠤᠶᠤᠯ ᠲᠡᠤᠬᠡ
ᠥᠪᠡᠷ ᠲᠠᠢ ᠴᠢᠨᠢ ᠬᠠᠮᠲᠤ ᠦᠯᠡᠳᠡᠬᠦ ᠶᠣᠰᠤᠲᠠᠢ ᠭᠠᠭᠴᠠ ᠶᠠᠭᠤᠮ᠎ᠠ
2016.07.11 ᠲᠣᠰ ᠥᠷᠲᠡᠭᠡᠨ ᠦ ᠨᠠᠢᠷᠠᠭᠤᠯᠤᠭᠴᠢ

ᠤᠯᠬᠤᠨᠤᠳ ᠤᠨ ᠳ · ᠦᠨᠡᠨᠴᠢ

ᠬᠥᠮᠦᠨ ᠬᠡᠮᠡᠨ ᠣᠷᠤᠰᠢᠬᠤ ᠱᠠᠭᠠᠷᠳᠠᠯᠭ᠎ᠠ ᠦᠭᠡᠢ ᠯᠡ ᠶᠤᠮ ᠪᠣᠯ ᠥᠪᠡᠷ ᠲᠠᠢ ᠴᠢᠨᠢ ᠬᠠᠮᠲᠤ ᠨᠢᠭᠡ ᠶᠠᠭᠤᠮ᠎ᠠ ᠵᠠᠪᠠᠯ ᠦᠯᠡᠳᠡᠵᠦ ᠪᠠᠢᠬᠤ ᠶᠣᠰᠤᠲᠠᠢ ᠃ ᠡᠨᠡ ᠶᠠᠭᠤᠮ᠎ᠠ ᠪᠣᠯ ᠳᠠᠷᠤᠢ ᠰᠤᠷᠭᠠᠨ ᠬᠥᠮᠦᠵᠢᠯ ᠪᠣᠯᠤᠨ᠎ᠠ ᠃ ᠡᠨᠡ ᠶᠠᠭᠤ ᠭᠡᠰᠡᠨ ᠦᠭᠡ ᠪᠤᠢ ︖ ᠭᠡᠬᠦ ᠪᠠᠷ ᠬᠥᠮᠦᠨ ᠢ ᠬᠥᠮᠦᠨ ᠪᠣᠯᠭᠠᠬᠤ ᠳᠤ ᠂ ᠪᠦᠷ ᠰᠠᠢᠨ ᠠᠮᠢᠳᠤᠷᠠᠵᠤ ᠴᠢᠳᠠᠬᠤ ᠬᠥᠮᠦᠨ ᠪᠣᠯᠭᠠᠬᠤ ᠳᠤ ᠡᠷᠬᠡᠪᠰᠢ ᠰᠤᠷᠭᠠᠨ ᠬᠥᠮᠦᠵᠢᠯ ᠢᠶᠠᠷ ᠳᠠᠮᠵᠢᠭᠤᠯᠳᠠᠭ ᠪᠣᠯᠬᠣᠷ ᠬᠥᠮᠦᠨ ᠤ ᠵᠡᠷᠭᠡ ᠲᠠᠢ ᠶᠠᠪᠤᠶ᠎ᠠ ᠭᠡᠵᠦ ᠪᠤᠳᠤᠬᠤ ᠳᠤ ᠡᠷᠬᠡᠪᠰᠢ ᠥᠪᠡᠷ ᠤᠨ ᠭᠡᠬᠦ ᠰᠤᠷᠭᠠᠨ ᠬᠥᠮᠦᠵᠢᠯ ᠲᠠᠢ ᠪᠠᠨ ᠦᠯᠡᠳᠡᠬᠦ ᠬᠡᠷᠡᠭᠲᠡᠢ ᠭᠡᠰᠡᠨ ᠦᠭᠡ ᠡ ᠃ ᠮᠡᠳᠡᠬᠡᠵᠢ ᠂ ᠰᠤᠷᠭᠠᠨ ᠬᠥᠮᠦᠵᠢᠯ ᠳᠤ ᠨᠡᠢᠭᠡᠮ ᠤᠨ ᠲᠠᠯ᠎ᠠ ᠡᠴᠡ ᠢᠷᠡᠬᠦ ᠂ ᠬᠡᠷ ᠪᠦᠯᠢ ᠶᠢᠨ ᠲᠠᠯ᠎ᠠ ᠡᠴᠡ ᠢᠷᠡᠬᠦ ᠂ ᠰᠤᠷᠭᠠᠭᠤᠯᠢ ᠶᠢᠨ ᠲᠠᠯ᠎ᠠ ᠡᠴᠡ ᠢᠷᠡᠬᠦ ᠭᠡᠵᠦ ᠤᠯᠠᠨ ᠲᠥᠷᠦᠯ ᠪᠠᠢᠵᠤ ᠪᠣᠯᠤᠨ᠎ᠠ ᠯᠡ ᠳ᠋ᠡ ᠃ ᠮᠢᠨᠦ ᠬᠡᠯᠡᠵᠦ ᠪᠠᠢᠭ᠎ᠠ ᠰᠤᠷᠭᠠᠨ ᠬᠥᠮᠦᠵᠢᠯ ᠳᠤ ᠡᠳᠡᠭᠡᠷ ᠤᠨ ᠠᠯᠢ ᠠᠯᠢᠨ ᠨᠢ ᠴᠤ ᠣᠷᠤᠯᠴᠠᠭᠤᠯᠵᠤ ᠪᠣᠯᠤᠨ᠎ᠠ ᠃ ᠲᠡᠭᠡᠬᠦ ᠳᠤ ᠥᠪᠡᠷ ᠢ ᠪᠠᠨ ᠪᠤᠷᠤᠭᠤ ᠲᠠᠨᠢᠵᠤ ᠂ ᠰᠤᠷᠭᠠᠨ ᠬᠥᠮᠦᠵᠢᠯ ᠢᠶᠠᠨ ᠪᠤᠷᠤᠭᠤ ᠤᠬᠠᠭᠠᠯᠠᠵᠤ ᠂ ᠪᠤᠷᠤᠭᠤ ᠪᠠᠷ ᠬᠦᠳᠤᠯᠪᠡᠯ ᠵᠥᠩᠳᠡᠭᠡᠨ ᠪᠤᠷᠤᠭᠤ ᠴᠢᠭᠯᠡᠯ ᠤᠨ ᠬᠥᠮᠦᠨ ᠲᠦᠷᠤᠬᠦᠯᠠᠵᠤ ᠪᠠᠢᠳᠠᠭ ᠶᠣᠰᠤ ᠶᠢ ᠰᠤᠷᠭᠠᠨ ᠬᠥᠮᠦᠵᠢᠯ ᠬᠦᠷᠲᠡᠵᠦ ᠥᠩᠭᠡᠷᠡᠭᠰᠡᠨ ᠬᠥᠮᠦᠨ ᠪᠣᠯᠭᠠᠨ ᠰᠠᠢᠨ ᠮᠡᠳᠡᠨ᠎ᠡ ᠃ ᠮᠠᠨ ᠤ ᠬᠢᠨ ᠰᠢᠭ ᠬᠥᠮᠦᠨ ᠪᠦᠯᠢ ᠴᠥᠭᠡᠨ ᠲᠠᠢ ᠪᠠᠭ᠎ᠠ ᠪᠠᠭᠤᠷᠠᠢ ᠦᠨᠳᠦᠰᠦᠲᠡᠨ ᠳᠤ ᠠᠪᠴᠤ ᠬᠡᠯᠡᠪᠡᠯ ᠲᠡᠭᠡᠵᠦ ᠬᠤᠯᠬᠢᠭᠠᠤᠨ ᠪᠠᠢᠳᠠᠭ ᠴᠠᠭ ᠮᠣᠷᠢ ᠠᠯᠢ ᠠᠯᠢᠨ ᠴᠤ ᠠᠯᠠᠭ᠎ᠠ ᠃ ᠡᠢᠮᠦ ᠡᠴᠡ ᠰᠤᠷᠭᠠᠨ ᠬᠥᠮᠦᠵᠢᠯ ᠪᠠᠢᠬᠤ ᠮᠥᠷᠲᠡᠭᠡᠨ ᠵᠠᠪᠠᠯ ᠥᠪᠡᠷ ᠤᠨ ᠭᠡᠬᠦ ᠵᠦᠪ ᠰᠤᠷᠭᠠᠨ ᠬᠥᠮᠦᠵᠢᠯ ᠪᠠᠢᠬᠤ ᠬᠡᠷᠡᠭᠲᠡᠢ ᠃ ᠡᠢᠮᠦ ᠡᠴᠡ ᠪᠢ 《  ᠪᠢᠳᠡ ᠶᠠᠭᠤ ᠪᠠᠨ ᠠᠯᠳᠠᠭᠰᠠᠨ ᠴᠤ ᠪᠠᠢᠵᠤ ᠪᠣᠯᠤᠨ᠎ᠠ ᠃ ᠭᠠᠭᠴᠠ ᠬᠥ ᠰᠤᠷᠭᠠᠨ ᠬᠥᠮᠦᠵᠢᠯ ᠢᠶᠠᠨ ᠠᠯᠳᠠᠵᠤ ᠪᠣᠯᠬᠤ ᠦᠭᠡᠢ 》 ᠭᠡᠵᠦ ᠶᠣᠰᠤᠲᠠᠢ 《 ᠬᠥᠮᠦᠨ ᠦᠵᠡᠪᠡᠯ ᠬᠡᠯᠡᠵᠦ ᠮᠣᠳᠤ ᠦᠵᠡᠪᠡᠯ ᠪᠢᠴᠢᠵᠦ ᠶᠠᠪᠤᠳᠠᠭ 》 ᠯᠠ ᠳ᠋ᠠ ᠃ ᠤᠴᠢᠷ ᠨᠢ ᠪᠢ ᠥᠪᠡᠷ ᠢᠶᠠᠨ ᠰᠤᠷᠭᠠᠨ ᠬᠦᠮᠤᠵᠢᠬᠦᠯᠦᠭᠴᠢ ᠬᠥᠮᠦᠨ ᠃ ᠡᠢᠮᠦ ᠰᠠᠢᠬᠠᠨ ᠲᠠᠷᠬᠠᠨ ᠬᠠᠷᠢᠭᠤᠴᠠᠯᠭ᠎ᠠ ᠲᠠᠢ ᠭᠡᠵᠦ ᠬᠤᠪᠢᠨ ᠳᠠᠭᠠᠨ ᠪᠣᠳᠤᠳᠠᠭ ᠃ ᠣᠭᠲᠤ ᠪᠤᠷᠤᠭᠤ ᠶᠠᠭᠤᠮ᠎ᠠ ᠪᠤᠳᠤᠭ᠎ᠠ ᠦᠭᠡᠢ ᠭᠡᠳᠡᠭ ᠢ ᠨᠢ ᠠᠮᠢᠳᠤᠷᠠᠯ ᠡᠴᠡ ᠪᠠᠨ ᠂ ᠨᠡᠢᠭᠡᠮ ᠡᠴᠡ ᠪᠠᠨ ᠰᠢᠭᠤᠳ ᠬᠠᠷᠠᠭᠠᠳ ᠪᠠᠢᠭ᠎ᠠ ᠪᠢᠵᠡ ᠳ᠋ᠠ ᠡᠷᠬᠢᠮ ᠤᠳ ᠡ ᠃ ᠲᠡᠬᠡᠭᠦ ᠳᠤ ᠨᠢᠭᠡ ᠬᠥᠮᠦᠨ ᠳᠤ ᠂ ᠠᠬᠢᠭᠤᠯᠤᠭᠠᠤᠨ ᠬᠡᠯᠡᠬᠦ ᠳᠤ ᠨᠢᠭᠡ ᠦᠨᠳᠦᠰᠦᠲᠡᠨ ᠳᠤ ᠬᠡᠷᠪᠡ ᠥᠪᠡᠷ ᠤᠨ ᠭᠡᠬᠦ ᠰᠤᠷᠭᠠᠨ ᠬᠥᠮᠦᠵᠢᠯ ᠤᠨ ᠲᠣᠭᠲᠠᠯᠴᠠᠭ᠎ᠠ ᠪᠠᠢᠬᠤ ᠦᠭᠡᠢ ᠪᠤᠶᠤ ᠪᠠᠢᠭᠰᠠᠨ ᠴᠤ ᠲᠡᠭᠦᠨ ᠢᠶᠠᠨ ᠪᠤᠷᠤᠭᠤ ᠬᠦᠳᠤᠯᠤᠬᠡᠤᠨ ᠪᠠᠢᠬᠤ ᠳᠤ ᠬᠦᠷᠪᠡᠯ ᠡᠨᠡ ᠬᠥᠮᠦᠨ ᠮᠥᠨ ᠡᠨᠡ ᠦᠨᠳᠦᠰᠦᠲᠡᠨ ᠥᠩᠭᠡ ᠲᠠᠢ ᠥᠭᠡᠳᠡ ᠲᠠᠢ ᠶᠠᠪᠤᠨ᠎ᠠ ᠭᠡᠵᠦ 《 ᠭᠤᠨᠵᠢ ᠶᠢᠨ ᠵᠣᠭᠤᠭ 》 ᠃ ᠲᠡᠭᠦᠨ ᠳᠤ ᠣᠳᠤ ᠠᠭᠤᠰᠬᠤ ᠪᠠᠯᠠᠷᠠᠬᠤ ᠶᠤᠮ ᠤᠤ ︖ ᠡᠰᠡᠬᠦᠯ᠎ᠡ ᠪᠡᠰᠡᠷᠡᠭᠵᠢᠭᠦ ᠡᠷᠡᠰᠵᠢᠬᠦ ᠬᠥᠭᠵᠢᠯᠲᠡ ᠪᠣᠭᠤᠭᠳᠠᠬᠤ ᠬᠤᠪᠢ ᠲᠠᠪᠢᠯᠠᠡᠭ ᠯᠠ ᠣᠨᠤᠭᠳᠠᠨ᠎ᠠ ᠃ ᠶᠠᠭ ᠡᠢᠮᠦ ᠡᠴᠡ ᠡᠨᠡ ᠮᠠᠭᠤᠬᠠᠢ ᠪᠦᠬᠦᠨ ᠡᠴᠡ ᠨᠢ ᠬᠣᠯᠠᠬᠠᠨ ᠰᠢᠭ ᠶᠠᠪᠤᠶ᠎ᠠ ᠭᠡᠪᠡᠯ ᠰᠤᠷᠭᠠᠨ ᠬᠥᠮᠦᠵᠢᠯ ᠲᠠᠢ ᠪᠠᠨ ᠦᠯᠡᠳᠡᠨ ᠂ ᠪᠠᠰᠠ ᠲᠡᠭᠦᠨ ᠢᠶᠠᠨ ᠵᠦᠪ ᠬᠢᠵᠦ ᠶᠠᠪᠤ ᠃ ᠡᠨᠡ ᠪᠣᠯ ᠥᠪᠡᠷ ᠲᠠᠢ ᠴᠢᠨᠢ ᠬᠠᠮᠲᠤ ᠦᠯᠡᠳᠡᠬᠦ ᠶᠣᠰᠤᠲᠠᠢ ᠭᠠᠭᠴᠠ ᠶᠠᠭᠤᠮ᠎ᠠ ᠪᠣᠯ ᠰᠤᠷᠭᠠᠨ ᠬᠥᠮᠦᠵᠢᠯ ᠶᠤᠮ ᠡ ᠭᠡᠵᠦ ᠨᠣᠮᠯᠠᠬᠤ ᠶᠢᠨ ᠤᠭ ᠶᠣᠰᠤᠨ ᠪᠤᠯᠠᠢ ᠃ ᠵᠠ ᠲᠡᠭᠡᠬᠦ ᠳᠤ ᠵᠦᠪ ᠰᠤᠷᠭᠠᠨ ᠬᠥᠮᠦᠵᠢᠯ ᠲᠠᠢ ᠪᠠᠨ ᠦᠯᠡᠳᠡᠪᠡᠯ ᠶᠠᠭᠤ ᠶᠢ ᠴᠤ ᠣᠯᠵᠤ ᠪᠣᠯᠤᠨ᠎ᠠ ᠃ ᠵᠦᠪ ᠰᠤᠷᠭᠠᠨ ᠬᠥᠮᠦᠵᠢᠯ ᠢᠶᠠᠨ ᠠᠯᠳᠠᠴᠢᠬᠠᠪᠠᠯ ᠶᠠᠭᠤ ᠪᠠᠨ ᠴᠤ ᠠᠯᠳᠠᠵᠤ ᠮᠡᠳᠡᠨ᠎ᠡ ᠭᠡᠳᠡᠭ ᠲᠤ ᠢᠳᠡᠬᠡᠵᠤ ᠶᠠᠪᠤᠭᠠᠷᠠᠢ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠥᠪᠦᠷ ᠮᠣᠩᠭᠤᠯ ᠥᠨᠳᠥᠰᠥᠲᠡᠨ ᠦ ᠰᠤᠷᠭᠠᠨ ᠬᠥᠮᠦᠵᠢᠯ ᠦᠨ ᠰᠦᠯᠵᠢᠶ᠎ᠡ ᠬᠡᠪᠯᠡᠯ ᠦᠨ ᠡᠷᠬᠡ ᠲᠡᠢ ᠃ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃