lt
ᠰᠤᠶᠤᠯ ᠲᠡᠤᠬᠡ
ᠣᠳᠤ ᠶᠢᠨ ᠮᠣᠩᠭᠤᠯ ᠬᠡᠦᠬᠡᠳ ᠲᠤ ᠴᠣᠬᠤᠮ ᠶᠠᠭᠤ ᠳᠤᠲᠠᠭᠳᠠᠵᠤ ᠪᠠᠢᠭ᠎ᠠ ᠪᠤᠢ
2016.07.10 ᠲᠣᠰ ᠥᠷᠲᠡᠭᠡᠨ ᠦ ᠨᠠᠢᠷᠠᠭᠤᠯᠤᠭᠴᠢ

ᠨᠢᠭᠡ ᠄ ᠮᠣᠩᠭᠤᠯ ᠬᠡᠦᠬᠡᠳ ᠲᠤ ᠮᠣᠩᠭᠤᠯ ᠰᠣᠶᠤᠯ ᠳᠤᠲᠠᠭᠳᠠᠵᠤ ᠪᠠᠢᠨ᠎ᠠ ᠃

ᠣᠳᠤ ᠶᠢᠨ ᠵᠠᠷᠢᠮ ᠬᠡᠷ ᠤᠨ ᠠᠬᠠᠮᠠᠳ ᠂ ᠣᠨᠴᠠ ᠵᠠᠷᠢᠮ ᠮᠣᠩᠭᠤᠯ ᠪᠠᠭᠰᠢ ᠂ ᠪᠦᠷ ᠬᠢᠲᠠᠳᠴᠢᠯᠠᠬᠤ ᠰᠣᠶᠤᠯ ᠢ ᠰᠢᠳᠦᠨ ᠂ ᠬᠡᠦᠬᠡᠳ ᠢᠶᠠᠨ ᠬᠤᠳᠠ ᠣᠷᠤᠭᠤᠯᠵᠤ ᠂ ᠬᠢᠲᠠᠳ ᠰᠣᠶᠤᠯ ᠭᠦᠷᠳᠡᠭᠡᠨ ᠂ ᠬᠢᠲᠠᠳ ᠠᠮᠢᠳᠤᠷᠠᠯ ᠤᠨ ᠵᠠᠩ ᠵᠠᠩᠰᠢᠯ ᠤᠷᠤᠭᠤ ᠬᠥᠲᠦᠯᠵᠦ ᠂ ᠦᠨᠳᠦᠰᠦᠲᠡᠨ ᠤ ᠤᠤᠷ ᠴᠢᠨᠠᠷ ᠢ ᠮᠠᠷᠲᠠᠭᠤᠯᠬᠤ ᠵᠦᠭ ᠬᠥᠲᠦᠯᠵᠦ ᠪᠠᠢᠨ᠎ᠠ ᠃ ᠡᠢᠨᠬᠦ ᠦᠢᠯᠡ ᠶᠠᠪᠤᠳᠠᠯ ᠨᠢ ᠲᠤᠰ ᠬᠡᠦᠬᠡᠳ ᠬᠢᠲᠠᠳ ᠰᠣᠶᠤᠯ ᠭᠦᠷᠳᠡᠵᠤ ᠂ ᠬᠢᠲᠠᠳ ᠬᠡᠷ ᠪᠦᠯᠢ ᠪᠠᠢᠭᠤᠯᠤᠨ ᠮᠣᠩᠭᠤᠯ ᠦᠨᠳᠦᠰᠦᠲᠡᠨ ᠤ ᠨᠢᠭᠡᠨ ᠰᠠᠯᠠᠭ᠎ᠠ ᠬᠥᠮᠦᠰ ᠬᠢᠲᠠᠳ ᠪᠣᠯᠵᠤ ᠬᠠᠢᠯᠤᠭᠳᠠᠬᠤ ᠬᠠᠨᠳᠤᠰᠢ ᠲᠠᠢ ᠪᠠᠢᠬᠤ ᠶᠢ ᠬᠠᠷᠠᠭᠤᠯᠵᠤ ᠪᠠᠢᠨ᠎ᠠ ᠃

ᠬᠣᠶᠠᠷ ᠄ ᠮᠣᠩᠭᠤᠯ ᠬᠡᠦᠬᠡᠳ ᠲᠤ ᠮᠣᠩᠭᠤᠯ ᠠᠮᠢᠳᠤᠷᠠᠯ ᠤᠨ ᠵᠠᠩ ᠵᠠᠩᠰᠢᠯ ᠳᠤᠲᠠᠭᠳᠠᠵᠤ ᠪᠠᠢᠨ᠎ᠠ ᠃

ᠣᠳᠤ ᠦᠶ᠎ᠡ ᠶᠢᠨ ᠮᠣᠩᠭᠤᠯ ᠬᠡᠦᠬᠡᠳ ᠲᠤ ᠮᠣᠩᠭᠤᠯ ᠠᠮᠢᠳᠤᠷᠠᠯ ᠤᠨ ᠵᠠᠩ ᠵᠠᠩᠰᠢᠯ ᠂ ᠮᠣᠩᠭᠤᠯ ᠠᠮᠢᠳᠤᠷᠠᠯ ᠤᠨ ᠪᠣᠳᠠᠲᠤ ᠪᠠᠢᠳᠠᠯ ᠢ ᠣᠢᠯᠠᠭᠠᠬᠤ ᠨᠢ ᠴᠦᠭᠡᠷᠡᠵᠤ ᠂ ᠬᠢᠲᠠᠳ ᠠᠮᠢᠳᠤᠷᠠᠯ ᠲᠠᠢ ᠮᠣᠩᠭᠤᠯ ᠬᠥᠮᠦᠰ ᠣᠯᠠᠰᠢᠷᠠᠵᠤ ᠪᠤᠢ ᠃ ᠣᠨᠴᠠᠭᠠᠢᠯᠠᠨ ᠬᠤᠳᠠ ᠶᠢᠨ ᠮᠣᠩᠭᠤᠯ ᠬᠡᠦᠬᠡᠳ ᠂ ᠮᠣᠩᠭᠤᠯ ᠦᠨᠳᠦᠰᠦᠲᠡᠨ ᠤ ᠠᠮᠢᠳᠤᠷᠠᠯ ᠢ ᠣᠭᠲᠤ ᠦᠢᠯᠠᠭᠠᠬᠤ ᠦᠭᠡᠢ ᠪᠠᠢᠵᠤ ᠂ ᠮᠣᠩᠭᠤᠯ ᠬᠡᠷ ᠢ ᠴᠤ ᠲᠠᠨᠢᠬᠤ ᠦᠭᠡᠢ ᠪᠣᠯᠵᠤ ᠪᠠᠢᠨ᠎ᠠ ᠃  ᠪᠢ ᠪᠣᠯ ᠮᠣᠩᠭᠤᠯ ᠬᠥᠮᠦᠨ  ᠭᠡᠵᠦ ᠬᠠᠰᠭᠢᠷᠴᠤ ᠪᠠᠢᠪᠠᠴᠤ ᠂ ᠠᠷᠭᠠᠯ ᠤᠨ ᠣᠲᠤᠭ ᠎ᠠ ᠭᠡᠵᠦ ᠴᠣᠬᠤᠮ ᠶᠠᠮᠠᠷ ᠶᠠᠭᠤ ᠪᠣᠯᠬᠤ ᠶᠢ ᠴᠤ ᠮᠡᠳᠡᠬᠦ ᠪᠠᠨ ᠪᠣᠯᠢᠵᠠᠢ ᠃ ᠨᠨᠩ ᠴᠢᠨᠠᠭᠰᠢᠯᠠᠨ ᠮᠣᠩᠭᠤᠯ ᠤᠨ ᠠᠬᠤᠢ ᠠᠮᠢᠳᠤᠷᠠᠯ ᠤᠨ ᠲᠤᠬᠠᠢ ᠣᠭᠲᠤ ᠮᠡᠳᠡᠬᠦ ᠦᠭᠡᠢ ᠪᠠᠢᠵᠤ ᠂ ᠥᠪᠡᠷ ᠢ ᠪᠠᠨ ᠮᠣᠩᠭᠤᠯ ᠤᠨ ᠦᠷᠡᠰ ᠭᠡᠵᠦ ᠮᠡᠳᠡᠷᠠᠵᠤ ᠪᠠᠢᠪᠠᠴᠤ ᠮᠣᠩᠭᠤᠯ ᠬᠥᠮᠦᠨ ᠴᠣᠬᠤᠮ ᠶᠠᠮᠠᠷᠰᠢᠤ ᠪᠠᠢᠵᠤ ᠂ ᠶᠠᠮᠠᠷ ᠲᠡᠦᠬᠡ ᠶᠢ ᠦᠩᠭᠡᠷᠡᠭᠡᠵᠤ ᠂ ᠶᠠᠮᠠᠷ ᠠᠮᠢᠳᠤᠷᠠᠯ ᠢ ᠬᠢᠵᠦ ᠂ ᠶᠠᠮᠠᠷ ᠵᠠᠩ ᠠᠷᠠᠨᠰᠢᠨ ᠲᠠᠢ ᠪᠠᠢᠳᠠᠭ ᠢ ᠣᠭᠲᠤ ᠦᠢᠯᠠᠭᠠᠬᠤ ᠪᠠᠨ ᠪᠣᠯᠢᠵᠠᠢ ᠃

ᠭᠤᠷᠪᠠ ᠄ ᠮᠣᠩᠭᠤᠯ ᠬᠡᠦᠬᠡᠳ ᠲᠤ ᠦᠶ᠎ᠡ ᠶᠢᠨ ᠨᠠᠢᠵᠠ ᠂ ᠡᠯᠪᠡᠷᠢᠯ ᠵᠢᠷᠤᠮ ᠳᠤᠲᠠᠭᠳᠠᠵᠤ ᠪᠠᠢᠨ᠎ᠠ ᠃ ᠮᠣᠩᠭᠤᠯ ᠬᠡᠦᠬᠡᠳ ᠤᠨ ᠲᠣᠭ᠎ᠠ ᠡᠳᠦᠷ ᠢᠷᠡᠭᠦᠶ ᠎ᠠ ᠪᠠᠭᠠᠰᠴᠤ ᠂ ᠮᠣᠩᠭᠤᠯ ᠬᠡᠷ ᠪᠦᠯᠢ ᠶᠢᠨ ᠬᠥᠮᠦᠨ ᠠᠮᠠᠨ ᠲᠣᠭ᠎ᠠ ᠴᠦᠭᠡᠷᠠᠨ ᠂ ᠮᠣᠩᠭᠤᠯ ᠠᠮᠢᠳᠤᠷᠠᠯ ᠶᠠᠳᠠᠭᠤᠷᠠᠯ ᠤᠨ ᠱᠠᠳᠤᠨ ᠳᠤ ᠣᠷᠤᠵᠤ ᠪᠠᠢᠨ ᠎ᠠ ᠃ ᠡᠳ᠋ ᠢᠶᠠᠷ ᠬᠣᠮᠰᠠ ᠴᠤ ᠦᠷ᠎ᠡ ᠪᠠᠷ ᠪᠠᠶᠠᠨ  ᠭᠡᠳᠡᠭ ᠨᠢ ᠬᠢᠲᠠᠳ ᠬᠥᠮᠦᠨ ᠤ ᠰᠢᠲᠦᠭᠡᠨ ᠶᠠᠷᠢᠶ᠎ᠠ ᠪᠣᠯᠵᠤ ᠂ ᠮᠠᠨ ᠤ ᠮᠣᠩᠭᠤᠯᠴᠤᠳ ᠂ ᠬᠢᠲᠠᠳ ᠬᠥᠮᠦᠨ ᠳᠤ ᠵᠣᠷᠢᠭᠤᠯᠤᠭᠰᠠᠨ ᠲᠦᠯᠦᠪᠯᠡᠭᠡᠳᠤ ᠦᠷᠡᠵᠢᠯ ᠤᠨ ᠶᠣᠰᠤ ᠶᠢ ᠵᠢᠷᠦᠬᠡᠨ ᠬᠠᠨᠳᠢᠪ ᠢᠶᠠᠨ ᠪᠣᠯᠭᠠᠵᠤ ᠂ ᠪᠠᠲᠤ ᠵᠢᠷᠤᠮᠯᠠᠨ ᠂ ᠭᠠᠭᠴᠠ ᠬᠡᠦᠬᠡᠳ ᠠᠪᠬᠤ ᠶᠢ ᠡᠷᠬᠢᠮᠯᠡᠭᠰᠡᠨ ᠡᠴᠡ ᠪᠣᠯᠵᠤ ᠂ ᠬᠣᠶᠠᠷ ᠡᠴᠡ ᠭᠤᠷᠪᠠᠨ ᠬᠡᠦᠬᠡᠳ ᠲᠠᠢ ᠨᠢ ᠴᠥᠭᠡᠨ ᠪᠣᠯᠵᠤ ᠂ ᠨᠡᠩ ᠤᠯᠠᠨ ᠬᠡᠦᠬᠡᠳ ᠲᠠᠢ ᠨᠢ ᠬᠠᠷᠠᠭᠳᠠᠬᠤ ᠦᠭᠡᠢ ᠪᠣᠯᠵᠠᠢ ᠃ ᠣᠳᠤ ᠶᠢᠨ ᠭᠠᠭᠴᠠ ᠵᠠᠷᠢᠮ ᠬᠡᠦᠬᠡᠳ ᠨᠢ ᠬᠡᠷ ᠪᠦᠯᠢ ᠶᠢᠨ ᠵᠢᠵᠢᠭ᠌ ᠬᠠᠭᠠᠨ ᠪᠣᠯᠵᠤ ᠂ ᠥᠲᠡᠯᠦᠭᠡ ᠵᠠᠯᠠᠭᠤ ᠵᠢᠷᠭᠤᠭᠠᠨ ᠬᠥᠮᠦᠨ ᠡᠨᠡᠬᠦ ᠬᠡᠦᠬᠡᠳ ᠲᠤ ᠦᠢᠯᠡᠴᠢᠯᠠᠨ ᠣᠷᠬᠤᠳᠠᠢ ᠰᠢᠭ ᠭᠦᠮᠤᠵᠢᠭᠦᠯᠦᠭᠰᠡᠨ ᠡᠴᠡ ᠪᠣᠯᠵᠤ ᠂ ᠡᠨᠡᠬᠦ ᠬᠡᠦᠬᠡᠳ ᠬᠠᠷᠠᠬᠠᠨ ᠪᠠᠭ᠎ᠠ ᠡᠴᠡ ᠪᠠᠨ ᠠᠯᠢᠪᠠ ᠪᠦᠬᠦᠨ ᠳᠤ ᠰᠠᠨᠠᠭᠠᠨ ᠲᠠᠪᠠ ᠪᠠᠷ ᠪᠠᠢᠵᠤ ᠂ ᠪᠤᠳᠤᠪᠠᠯ ᠬᠡᠯᠡᠵᠦ ᠂ ᠬᠡᠯᠡᠪᠠᠯ ᠣᠯᠳᠠᠭ ᠂ ᠰᠠᠨᠠᠪᠠᠯ ᠭᠦᠢᠴᠡᠳᠭᠡᠳᠡᠭ ᠂ ᠭᠦᠰᠡᠪᠠᠯ ᠪᠡᠶᠡᠯᠡᠭᠳᠡᠳᠡᠭ ᠮᠠᠭᠤᠬᠠᠢ ᠠᠷᠠᠨᠰᠢᠨ ᠲᠠᠢ ᠭᠦᠮᠤᠵᠢᠭᠳᠡᠨ ᠂ ᠡᠪᠦᠭᠡ ᠶᠢᠨ ᠭᠦᠵᠤᠭᠦᠨ ᠳᠤ ᠵᠠᠢᠳᠠᠯᠠᠵᠤ ᠡᠮᠡᠭᠡ ᠶᠢᠨ ᠦᠰᠦ ᠶᠢ ᠤᠷᠠᠵᠤ ᠂ ᠡᠵᠢ ᠶᠢᠨ ᠡᠪᠦᠷ ᠲᠤ ᠲᠠᠩᠭᠠᠢᠵᠤ ᠡᠴᠢᠭᠡ ᠶᠢᠨ ᠲᠣᠯᠤᠭᠠᠢ ᠪᠠᠷ ᠨᠠᠭᠠᠳᠬᠤ ᠠᠯᠢᠪᠠ ᠡᠷᠬᠡ ᠲᠠᠩᠬᠠᠢ ᠵᠠᠩ ᠢ ᠰᠤᠷᠴᠤ ᠭᠦᠮᠤᠵᠢᠭᠳᠡᠵᠤ ᠪᠠᠢᠨ ᠎ᠠ ᠃ ᠡᠨᠡᠬᠦ ᠬᠡᠦᠬᠡᠳ ᠰᠤᠷᠭᠠᠭᠤᠯᠢ ᠶᠢᠨ ᠭᠦᠷᠢᠶᠠᠨ ᠳᠤ ᠣᠷᠤᠭᠰᠠᠨ ᠤ ᠳᠠᠷᠠᠭ᠎ᠠ ᠂ ᠠᠬᠠᠮᠠᠳ ᠢᠶᠠᠨ ᠭᠦᠨᠳᠤᠯᠠᠵᠤ ᠂ ᠪᠠᠭᠰᠢ ᠪᠠᠨ ᠭᠦᠨᠳᠤᠳᠭᠡᠭᠦ ᠵᠠᠩ ᠠᠷᠠᠨᠰᠢᠨ ᠦᠭᠡᠢ ᠪᠠᠢᠵᠤ ᠂ ᠨᠠᠢᠵᠠ ᠠᠨᠳᠠ ᠶᠢᠨ ᠰᠡᠳᠭᠢᠯᠭᠡ ᠬᠣᠮᠰᠠ ᠂ ᠭᠠᠭᠴᠠᠭᠠᠷᠳᠠᠮᠠᠯ ᠂ ᠲᠡᠭᠷᠢᠯᠢᠭ ᠪᠣᠳᠤᠯ ᠲᠠᠢ ᠪᠠᠢᠳᠠᠭ ᠃

ᠳᠥᠷᠪᠡ ᠄ ᠣᠳᠤ ᠶᠢᠨ ᠮᠣᠩᠭᠤᠯ ᠬᠡᠦᠬᠡᠳ ᠲᠤ ᠠᠵᠢᠯᠴᠢ ᠵᠠᠩ ᠠᠷᠪᠢᠴᠢ ᠠᠮᠢᠳᠤᠷᠠᠯ ᠳᠤᠲᠠᠭᠳᠠᠵᠤ ᠪᠠᠢᠨ᠎ᠠ ᠃ ᠣᠳᠤ ᠶᠢᠨ ᠮᠣᠩᠭᠤᠯ ᠬᠡᠦᠬᠡᠳ ᠬᠠᠷᠠᠬᠠᠨ ᠪᠠᠭ᠎ᠠ ᠡᠴᠡ ᠪᠠᠨ ᠡᠴᠢᠭᠡ ᠡᠭᠡ ᠶᠢᠨ ᠪᠦᠪᠠᠶᠢᠯᠠᠯ ᠳᠣᠣᠷ᠎ᠠ ᠳᠤᠮᠤᠭᠠᠵᠢᠵᠦ ᠂ ᠬᠥᠳᠡᠯᠮᠦᠷᠢ ᠶᠢᠨ ᠪᠡᠷᠬᠡ ᠶᠢ ᠠᠮᠰᠠᠵᠤ ᠥᠩᠭᠡᠷᠡᠭᠰᠡᠨ ᠦᠭᠡᠢ ᠮᠥᠷᠲᠡᠭᠡᠨ ᠠᠩᠭᠠᠶᠢᠵᠦ ᠢᠳᠡᠨ ᠂ ᠲᠠᠩᠭᠠᠶᠢᠵᠦ ᠬᠡᠪᠲᠡᠬᠦ ᠵᠠᠩ ᠠᠷᠠᠨᠰᠢᠨ ᠲᠠᠢ ᠪᠣᠯᠤᠭᠰᠠᠨ ᠡᠴᠡ ᠬᠥᠳᠡᠯᠮᠦᠷᠢ ᠳᠤ ᠣᠷᠤᠯᠴᠠᠬᠤ ᠡᠴᠡ ᠵᠢᠷᠦᠬᠡᠨ ᠤᠭ ᠡᠴᠡ ᠪᠠᠨ ᠠᠶᠤᠵᠤ ᠂ ᠠᠯᠪᠠᠳᠠᠯᠭ᠎ᠠ ᠪᠠᠷ ᠬᠥᠳᠡᠯᠮᠦᠷᠢ ᠬᠢᠭᠰᠡᠨ ᠴᠤ ᠬᠥᠳᠡᠯᠮᠦᠷᠢ ᠶᠢᠨ ᠤᠷ᠎ᠠ ᠮᠡᠷᠭᠡᠵᠢᠯ ᠤᠨ ᠲᠠᠯ᠎ᠠ ᠳᠤ ᠠᠨᠠᠢ ᠪᠠᠢᠵᠤ ᠂ ᠶᠠᠮᠠᠷ ᠴᠤ ᠬᠦᠴᠦ ᠭᠠᠷᠭᠠᠵᠤ ᠳᠠᠮ ᠬᠡᠷᠡᠭᠯᠡᠬᠦ ᠶᠢ ᠮᠡᠳᠡᠬᠦ ᠦᠭᠡᠢ ᠰᠣᠬᠤᠷ ᠪᠠᠯᠠᠢ ᠪᠠᠢᠳᠠᠭ ᠨᠢ ᠪᠠᠰᠠ ᠨᠢᠭᠡᠨ ᠲᠠᠶᠢᠰᠦᠨ ᠪᠣᠯᠵᠤ ᠪᠠᠢᠨ᠎ᠠ ᠃ ᠨᠡᠩ 90 ᠤᠨ ᠡᠴᠡ ᠬᠣᠢᠰᠢᠬᠢ ᠬᠡᠦᠬᠡᠳ ᠵᠣᠭᠤᠰ ᠢ ᠴᠠᠭᠠᠰᠤ ᠪᠠᠷ ᠦᠵᠡᠵᠦ ᠂ ᠵᠣᠭᠤᠰ ᠤᠨ ᠢᠷᠡᠯᠲᠡ ᠶᠢ ᠣᠢᠯᠠᠭᠠᠬᠤ ᠦᠭᠡᠢ ᠂ ᠣᠯᠳᠠᠪᠠᠯ ᠴᠢᠨᠡᠭᠡ ᠮᠡᠳᠡᠨ ᠵᠠᠷᠤᠵᠤ ᠂ ᠦᠭᠡᠢ ᠪᠣᠯ ᠡᠭᠡ ᠡᠴᠢᠭᠡ ᠳᠡᠭᠡᠨ ᠭᠠᠷ ᠰᠠᠷᠪᠠᠶᠢᠨ ᠂ ᠡᠪᠦᠭᠡ ᠡᠮᠡᠭᠡ ᠳᠡᠭᠡᠨ ᠭᠣᠮᠤᠳᠠᠯ ᠲᠣᠭᠠᠴᠢᠬᠤ ᠪᠠᠷ ᠬᠤᠷᠴᠠ ᠵᠡᠪᠰᠡᠭ ᠪᠣᠯᠭᠠᠳᠠᠭ ᠃

ᠲᠠᠪᠤ ᠄ ᠣᠳᠤ ᠶᠢᠨ ᠮᠣᠩᠭᠤᠯ ᠬᠡᠦᠬᠡᠳ ᠲᠤ ᠡᠴᠢᠭᠡ ᠡᠭᠡ ᠶᠢᠨ ᠬᠠᠢᠷ᠎ᠠ ᠳᠤᠳᠠᠭᠳᠠᠵᠦ ᠪᠠᠢᠨ᠎ᠠ ᠃ ᠣᠳᠤ ᠶᠢᠨ ᠰᠤᠷᠭᠠᠨ ᠬᠥᠮᠦᠵᠢᠯ ᠤᠨ ᠲᠥᠪᠯᠡᠷᠡᠯ ᠤᠨ ᠵᠢᠭᠠᠨ ᠰᠤᠷᠭᠠᠯᠲᠠ ᠶᠢᠨ ᠱᠠᠭᠠᠷᠳᠠᠯᠭ᠎ᠠ ᠡᠴᠡ ᠪᠣᠯᠵᠤ ᠂ ᠣᠳᠤ ᠶᠢᠨ ᠬᠡᠦᠬᠡᠳ ᠣᠯᠠᠩᠬᠢ ᠬᠤᠭᠤᠴᠠᠭᠠᠨ ᠳᠤ ᠡᠭᠡ ᠡᠴᠢᠭᠡ ᠶᠢᠨ ᠬᠠᠯᠠᠭᠤᠨ ᠬᠠᠶᠢᠷᠠᠯᠠᠯ ᠡᠴᠡ ᠰᠠᠯᠵᠤ ᠭᠠᠭᠴᠠᠭᠠᠷ ᠬᠠᠷᠠᠬᠠᠨ ᠪᠠᠭ᠎ᠠ ᠡᠴᠡ ᠪᠠᠨ ᠪᠡᠶ᠎ᠡ ᠪᠠᠨ ᠳᠠᠭᠠᠭᠠᠬᠤ ᠴᠢᠳᠠᠪᠤᠷᠢ ᠶᠢ ᠠᠯᠪᠠᠳᠠᠯᠭ᠎ᠠ ᠶᠢᠨ ᠳᠣᠣᠷ᠎ᠠ ᠬᠥᠮᠦᠵᠢᠭᠦᠯᠦᠨ ᠂ ᠤᠯᠠᠨ ᠠᠷᠪᠢᠨ ᠡᠲᠡᠭᠡᠳ ᠵᠠᠩ ᠲᠠᠢ ᠬᠡᠦᠬᠡᠳ ᠤᠨ ᠳᠤᠮᠳᠠ ᠬᠦᠢᠲᠡᠮᠰᠦᠭ ᠠᠮᠢᠳᠤᠷᠠᠯ ᠢ ᠬᠥᠭᠡᠭᠡᠬᠦ ᠪᠣᠯᠤᠭᠰᠠᠨ ᠪᠠᠢᠨ᠎ᠠ ᠃

ᠵᠢᠷᠭᠤᠭ᠎ᠠ ᠄ ᠣᠳᠤ ᠶᠢᠨ ᠮᠣᠩᠭᠤᠯ ᠬᠡᠦᠬᠡᠳ ᠲᠤ ᠦᠵᠡᠵᠦ ᠰᠣᠨᠤᠰᠬᠤ ᠪᠣᠯᠪᠠᠰᠤᠨ ᠠᠮᠢᠳᠤᠷᠠᠯ ᠳᠤᠳᠠᠭᠳᠠᠵᠦ ᠪᠠᠢᠨ᠎ᠠ ᠃ ᠰᠤᠷᠤᠭᠴᠢᠳ ᠰᠤᠷᠭᠠᠭᠤᠯᠢ ᠶᠢᠨ ᠭᠦᠷᠢᠶᠠᠠ ᠡᠴᠡ ᠭᠠᠷᠴᠤ ᠨᠡᠢᠭᠡᠮ ᠤᠨ ᠪᠣᠳᠠᠲᠤ ᠠᠮᠢᠳᠤᠷᠠᠯ ᠳᠤ ᠣᠷᠤᠪᠠᠯ ᠲᠡᠳᠡᠨᠦᠰ ᠲᠤ ᠰᠤᠷᠭᠠᠯ ᠬᠦᠷᠲᠡᠬᠦ ᠪᠣᠯᠪᠠᠰᠤᠨ ᠣᠷᠴᠢᠨ ᠬᠣᠪᠤᠷ ᠪᠣᠯᠵᠤ ᠪᠠᠢᠨ᠎ᠠ ᠃ ᠲᠡᠳᠡᠨᠡᠷ ᠤᠨ ᠣᠯᠵᠤ ᠦᠵᠡᠬᠦ ᠨᠢ ᠠᠮᠢᠳᠤᠷᠠᠯ ᠢ ᠬᠠᠷᠠᠭᠤᠯᠤᠭᠰᠠᠨ ᠲᠧᠯᠸᠢᠰ ᠵᠦᠴᠦᠭᠡ ᠂ ᠣᠯᠵᠤ ᠰᠣᠨᠤᠰᠬᠤ ᠨᠢ ᠮᠠᠵᠢᠶᠠᠩ ᠤᠨ ᠲᠠᠭᠤᠨ ᠪᠠ ᠵᠣᠭᠤᠰ ᠤᠨ ᠮᠥᠷᠦᠢᠴᠡᠭᠡᠨ ᠪᠤᠶᠤ ᠠᠷᠢᠬᠢᠨ ᠰᠣᠶᠤᠯ ᠂ ᠬᠡᠷ ᠪᠦᠯᠢ ᠶᠢᠨ ᠵᠠᠷᠢᠮ ᠬᠡᠷᠡᠭᠦᠯ ᠤᠨ ᠲᠠᠭᠤᠨ ᠬᠠᠷᠢᠶᠠᠯ ᠤᠨ ᠦᠭᠡ ᠣᠯᠵᠤ ᠦᠨᠦᠷᠲᠦᠬᠦ ᠨᠢ ᠲᠠᠮᠠᠬᠢᠨ ᠦᠨᠦᠷ ᠪᠠ ᠣ ᠡᠩᠭᠡᠰᠭᠡ ᠵᠠᠰᠠᠯ ᠤᠨ ᠡᠳ᠋ ᠤᠨ ᠦᠨᠦᠷ ᠃

ᠳᠣᠯᠤᠭ᠎ᠠ ᠄ ᠣᠳᠤ ᠶᠢᠨ ᠮᠣᠩᠭᠤᠯ ᠬᠡᠦᠬᠡᠳ ᠲᠤ ᠬᠥᠳᠡᠯᠮᠦᠷᠢ ᠶᠢᠨ ᠪᠠᠶᠠᠰᠤᠯ ᠠᠮᠵᠢᠯᠲᠠ ᠶᠢᠨ ᠢᠲᠡᠭᠡᠯ ᠳᠤᠳᠠᠭᠳᠠᠵᠦ ᠪᠠᠢᠨ᠎ᠠ ᠃ ᠣᠳᠤ ᠴᠠᠭ ᠮᠠᠨ ᠤ ᠮᠣᠩᠭᠤᠯᠴᠤᠳ ᠬᠥᠳᠡᠯᠮᠦᠷᠢ ᠶᠢ ᠬᠦᠩᠭᠡᠪᠴᠢᠯᠡᠨ ᠂ ᠠᠯᠢᠪᠠ ᠬᠥᠷᠦᠩᠭᠡ ᠪᠠᠨ ᠮᠠᠰᠢᠨ ᠢᠶᠠᠷ ᠣᠷᠤᠯᠠᠭᠤᠯᠵᠤ ᠂ ᠬᠤᠷᠢᠶᠠᠯᠲᠠ ᠶᠢᠨ ᠥᠨᠳᠦᠷ ᠢ ᠴᠢᠬᠤᠯᠠᠴᠢᠯᠠᠬᠤ ᠦᠭᠡᠢ ᠪᠤᠶᠤ ᠲᠡᠭᠷᠢ ᠶᠢᠨ ᠴᠢᠷᠠᠢ ᠶᠢ ᠬᠠᠷᠠᠵᠤ ᠪᠤᠳᠠᠭ᠎ᠠ ᠢᠳᠡᠬᠦ ᠶᠢ ᠵᠣᠷᠢᠭᠰᠠᠨ ᠡᠴᠡ ᠬᠡᠦᠬᠡᠳ ᠲᠤ ᠪᠤᠷᠤᠭᠤ ᠲᠤᠰᠭᠠᠯ ᠦᠯᠡᠳᠡᠭᠡᠨ ᠂ ᠠᠮᠢᠳᠤᠷᠠᠯ ᠤᠨ ᠲᠥᠯᠦᠭᠡ ᠲᠡᠮᠡᠴᠡᠬᠦ ᠳᠠᠭᠤᠷᠢᠶᠠᠯ ᠬᠥᠮᠦᠰ ᠦᠭᠡᠢ ᠪᠣᠯᠵᠤ ᠂ ᠪᠡᠶᠡᠨ ᠢ ᠪᠢᠰᠢᠷᠡᠬᠦ ᠡᠴᠡ ᠪᠢᠰᠢ ᠬᠢᠬᠦ ᠶᠢ ᠮᠡᠳᠡᠬᠦ ᠦᠭᠡᠢ ᠂ ᠡᠭᠡ ᠡᠴᠢᠭᠡ ᠳᠡᠭᠡᠨ ᠭᠣᠮᠤᠳᠠᠬᠤ ᠰᠡᠳᠭᠢᠯᠭᠡ ᠡᠭᠦᠰᠴᠦ ᠂ ᠴᠢᠷᠮᠠᠢᠯᠭ᠎ᠠ ᠬᠥᠮᠦᠨ ᠢ ᠭᠣᠮᠤᠳᠠᠭᠠᠬᠤ ᠦᠭᠡᠢ ᠭᠡᠳᠡᠭ ᠦᠭᠡ ᠶᠢ ᠬᠠᠨᠠᠨ ᠡᠴᠡ ᠬᠠᠷᠠᠬᠤ ᠡᠴᠡ ᠪᠢᠰᠢ ᠬᠢᠬᠦ ᠵᠣᠷᠢᠭ ᠦᠭᠡᠢ ᠂ ᠥᠪᠡᠷ ᠤᠨ ᠢᠷᠡᠭᠡᠳᠦᠢ ᠳᠡᠭᠡᠨ ᠢᠲᠡᠭᠡᠯ ᠦᠭᠡᠢ ᠪᠤᠶᠤ ᠨᠡᠩ ᠴᠢᠨᠠᠭᠰᠢᠯᠠᠪᠠᠯ ᠢᠷᠡᠭᠡᠳᠦᠢ ᠭᠡᠳᠡᠭ ᠤᠬᠠᠭᠳᠠᠬᠤᠨ ᠢ ᠪᠤᠢ ᠪᠣᠯᠭᠠᠬᠤ ᠵᠣᠷᠢᠭ ᠰᠥᠰᠦ ᠦᠭᠡᠢ ᠪᠠᠢᠨ᠎ᠠ ᠃

ᠨᠠᠢ᠍ᠮᠠ ᠄ ᠣᠳᠤ ᠶᠢᠨ ᠮᠣᠩᠭᠤᠯ ᠬᠡᠦᠬᠡᠳ ᠥᠪᠡᠷ ᠢ ᠪᠠᠨ ᠭᠦᠨᠳᠤᠳᠭᠡᠭᠦ ᠂ ᠦᠨᠳᠦᠰᠦᠲᠡᠨ ᠢᠶᠠᠨ ᠬᠠᠢᠷᠠᠯᠠᠬᠤ ᠦᠵᠡᠯ ᠰᠡᠳᠭᠢᠯᠭᠡ ᠳᠤᠲᠠᠭᠳᠠᠵᠤ ᠪᠠᠢᠨ᠎ᠠ ᠃ ᠣᠳᠤ ᠶᠢᠨ ᠬᠡᠦᠬᠡᠳ ᠭᠠᠳᠠᠭᠠᠳᠤ ᠬᠡᠯᠡ ᠶᠢ ᠰᠣᠨᠢᠭᠤᠴᠢ ᠪᠣᠯᠭᠠᠨ ᠂ ᠬᠢᠲᠠᠳ ᠬᠡᠯᠡ ᠶᠢ ᠭᠦᠨᠳᠤᠳᠭᠡᠨ ᠂ ᠶᠠᠷᠢᠯᠴᠠᠭᠠᠨ ᠳᠠᠭᠠᠨ ᠬᠢᠲᠠᠳ ᠢᠶᠠᠷ ᠶᠠᠷᠢᠬᠤ ᠳᠤᠷᠠᠲᠠᠢ ᠪᠠᠢᠵᠤ ᠂ ᠤᠯᠠᠨ ᠨᠠᠢᠳᠠ ᠶᠢᠨ ᠲᠠᠯᠠᠪᠤᠷ ᠲᠤ ᠮᠣᠩᠭᠤᠯ ᠢᠶᠠᠷ ᠶᠠᠷᠢᠬᠤ ᠨᠢ ᠭᠤᠲᠤᠮᠰᠢᠭ ᠲᠠᠢ ᠰᠢᠭ ᠰᠠᠨᠠᠭᠳᠠᠨ ᠂ ᠮᠣᠩᠭᠤᠯ ᠬᠡᠯᠡᠨ ᠤ ᠬᠢᠷᠢ ᠪᠦᠲᠦᠮᠵᠢ ᠮᠡᠳᠡᠭᠳᠡᠮ᠎ᠡ ᠳᠣᠷᠤᠭᠰᠢᠯᠠᠵᠤ ᠪᠠᠢᠨ᠎ᠠ ᠃ ᠲᠡᠭᠦᠰᠭᠡᠯ ᠦᠭᠡ ᠄ ᠮᠣᠩᠭᠤᠯ ᠬᠡᠦᠬᠡᠳ ᠮᠢᠨᠢ ᠮᠣᠩᠭᠤᠯ ᠢᠶᠠᠷ ᠢᠶᠠᠨ ᠪᠠᠢᠭᠠᠰᠠᠢ ︕ ᠮᠣᠩᠭᠤᠯ ᠰᠣᠶᠤᠯ ᠮᠢᠨᠢ ᠦᠨᠳᠦᠰᠦᠲᠡᠨ ᠲᠠᠢ ᠪᠠᠨ ᠪᠠᠢᠭᠠᠰᠠᠢ ︕ ᠮᠣᠩᠭᠤᠯ ᠦᠰᠦᠭ ᠮᠢᠨᠢ ᠪᠣᠰᠤᠭ᠎ᠠ ᠪᠠᠷ ᠢᠶᠠᠨ ᠪᠠᠢᠭᠠᠰᠠᠢ ︕ ᠮᠣᠩᠭᠤᠯ ᠦᠨᠳᠦᠰᠦᠲᠡᠨ ᠮᠢᠨᠢ ᠮᠠᠨᠳᠤᠯ ᠲᠠᠢ ᠪᠠᠨ ᠪᠠᠢᠭᠠᠰᠠᠢ ︕

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠥᠪᠦᠷ ᠮᠣᠩᠭᠤᠯ ᠥᠨᠳᠥᠰᠥᠲᠡᠨ ᠦ ᠰᠤᠷᠭᠠᠨ ᠬᠥᠮᠦᠵᠢᠯ ᠦᠨ ᠰᠦᠯᠵᠢᠶ᠎ᠡ ᠬᠡᠪᠯᠡᠯ ᠦᠨ ᠡᠷᠬᠡ ᠲᠡᠢ ᠃ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃