lt
ᠰᠤᠶᠤᠯ ᠲᠡᠤᠬᠡ
ᠬᠡᠦᠬᠡᠳ ᠤᠨ ᠨᠣᠮ ᠤᠩᠰᠢᠬᠤ ᠴᠢᠳᠠᠪᠤᠷᠢ ᠶᠢ ᠲᠡᠭᠡᠭᠰᠢᠯᠡᠬᠦᠯᠤᠶ᠎ᠠ
2016.07.09 ᠲᠣᠰ ᠥᠷᠲᠡᠭᠡᠨ ᠦ ᠨᠠᠢᠷᠠᠭᠤᠯᠤᠭᠴᠢ

ᠭᠡᠷ ᠤᠨ ᠠᠬᠠᠮᠠᠳ ᠡᠳᠦᠷ ᠪᠦᠷᠢ ᠵᠣᠬᠢᠬᠤ ᠴᠠᠭ ᠭᠠᠷᠭᠠᠵᠤ ᠨᠣᠮ ᠤᠩᠰᠢᠨ ᠬᠡᠦᠬᠡᠳ ᠲᠡᠭᠡᠨ
ᠰᠤᠨᠤᠰᠬᠠᠨ᠎ᠠ ᠃ᠨᠣᠮ ᠢ ᠥᠨᠳᠦᠷ ᠲᠠᠭᠤᠨ ᠢᠶᠠᠷ ᠤᠩᠰᠢᠵᠤ ᠬᠡᠦᠬᠡᠳ ᠲᠤ ᠰᠤᠨᠤᠰᠬᠠᠪᠠᠯ ᠬᠡᠦᠬᠡᠳ ᠤᠨ
ᠣᠢᠯᠠᠭᠠᠬᠤ ᠴᠢᠳᠠᠪᠤᠷᠢ ᠂ᠦᠭᠡᠰ ᠤᠨ ᠰᠠᠩ ᠵᠢᠴᠢ ᠦᠭᠡ ᠶᠢᠨ ᠤᠳᠭ᠎ᠠ ᠶᠢ ᠣᠢᠯᠠᠭᠠᠬᠤ ᠲᠠᠯ᠎ᠠ ᠪᠠᠷ
ᠲᠤᠩ ᠶᠡᠬᠡ ᠦᠢᠯᠡᠳᠦᠯ ᠲᠠᠢ ᠪᠥᠭᠡᠳᠬᠡᠦᠬᠡᠳ ᠤᠨ ᠪᠡᠶ᠎ᠡ ᠪᠠᠨ ᠳᠠᠭᠠᠭᠠᠵᠤ ᠤᠩᠰᠢᠬᠤ ᠳᠤᠷ᠎ᠠ ᠪᠠᠬ᠎ᠠ ᠶ
ᠢ ᠬᠥᠮᠦᠵᠢᠭᠦᠯᠬᠦ ᠳᠤ ᠲᠤᠰᠠᠲᠠᠢ ᠭᠡᠳᠡᠭ ᠢᠰᠤᠳᠤᠯᠭᠠᠨ ᠢᠶᠠᠷ ᠢᠯᠡᠷᠡᠭᠦᠯᠦᠭᠰᠡᠨ ᠪᠢᠯᠡ ᠃ ᠳᠣᠣᠷᠠᠬᠢ ᠬᠡᠳᠦᠨ
ᠵᠦᠢᠯ ᠤᠨ ᠠᠷᠭ᠎ᠠ ᠨᠢ ᠬᠡᠦᠬᠡᠳ ᠤᠨ ᠨᠣᠮᠤᠩᠰᠢᠬᠤ ᠴᠢᠳᠠᠪᠤᠷᠢ ᠶᠢ ᠳᠡᠭᠡᠭᠰᠢᠯᠡᠭᠦᠯᠵᠦ ᠴᠢᠳᠠᠨ᠎ᠠ ᠃

ᠬᠡᠦᠬᠡᠳ ᠲᠡᠭᠡᠨ ᠢᠯᠡᠬᠦᠭᠡᠡ ᠨᠣᠮ ᠪᠢᠴᠢᠭ᠌ ᠠᠪᠴᠤ ᠥᠭᠭᠦᠨ᠎ᠡ ︱ ᠬᠡᠦᠬᠡᠳ ᠤᠨ ᠤᠩᠰᠢᠬᠤ
ᠳᠤᠷᠠᠲᠠᠢᠨᠣᠮ ᠪᠢᠴᠢᠭ᠌ ᠢ ᠢᠯᠡᠬᠦᠭᠡᠡ ᠬᠤᠳᠠᠯᠳᠤᠨ ᠠᠪᠴᠤ ᠂ ᠬᠡᠦᠬᠡᠳ ᠤᠨ ᠭᠡᠷ ᠲᠡᠭᠡᠨ ᠨᠠᠭᠠᠳᠴᠤ
ᠲᠣᠭᠯᠠᠬᠤ ᠭᠠᠵᠠᠷᠪᠣᠯᠭᠠᠨ ᠳᠤ ᠲᠠᠯᠪᠢᠵᠤ ᠥᠭᠭᠦᠨ᠎ᠡ ᠂ ᠢᠩᠬᠢᠪᠠᠯ ᠬᠡᠦᠬᠡᠳ ᠤᠨ ᠨᠣᠮ ᠤᠩᠰᠢᠬᠤ
ᠳᠤᠷ᠎ᠠ ᠪᠠᠬ᠎ᠠ ᠶᠢ ᠠᠶᠠᠨᠳᠠᠭᠠᠠ ᠬᠦᠭᠵᠢᠭᠡᠳᠡᠭ ᠃

ᠭᠡᠷ ᠪᠦᠯᠢ ᠶᠢᠨ ᠨᠣᠮ ᠤᠩᠰᠢᠬᠤ ᠴᠠᠭ ᠭᠠᠷᠭᠠᠨ᠎ᠠ ︱ ᠡᠳᠦᠷ ᠪᠦᠷᠢ 15 ︱
20 ᠮᠢᠨᠦᠲ ᠤᠨᠭᠡᠷ ᠪᠦᠯᠢ ᠶᠢᠨ ᠨᠣᠮ ᠤᠩᠰᠢᠬᠤ ᠴᠠᠭ ᠭᠠᠷᠭᠠᠨ᠎ᠠ ᠂ ᠨᠢᠭᠡ ᠭᠡᠷ ᠢᠶᠠᠷ
 ᠢᠶᠠᠨ ᠬᠠᠮᠲᠤ ᠳᠠᠭᠠᠨ ᠨᠣᠮ ᠤᠩᠰᠢᠨ᠎ᠠ ᠂ᠭᠡᠷ ᠤᠨ ᠠᠬᠠᠮᠠᠳ ᠨᠢ ᠨᠣᠮ ᠤᠩᠰᠢᠵᠤ ᠪᠠᠢᠭ᠎ᠠ ᠶᠢ
ᠬᠠᠷᠠᠪᠠᠯ ᠬᠡᠦᠬᠡᠳ ᠴᠤ ᠨᠣᠮ ᠤᠩᠰᠢᠬᠤ ᠳᠤᠷᠠᠲᠠᠢ ᠪᠣᠯᠳᠠᠭ ᠃ᠵᠥᠪᠬᠡᠨ ᠡᠳᠦᠷ ᠪᠦᠷᠢ
15 ᠮᠢᠨᠦᠲ ᠤᠨ ᠨᠣᠮ ᠤᠩᠰᠢᠬᠤ ᠪᠣᠯᠪᠠᠰᠤᠷᠠᠯ ᠨᠢ ᠬᠡᠦᠬᠡᠳ ᠢ ᠨᠣᠮ ᠪᠢᠴᠢᠭ᠌ ᠲᠤ
ᠶᠠᠭᠠᠬᠢᠬᠤ ᠶᠢᠨ ᠠᠷᠭ᠎ᠠ ᠦᠭᠡᠢ ᠳᠤᠷ᠎ᠠ ᠪᠠᠬᠠᠲᠠᠢ ᠪᠣᠯᠭᠠᠵᠤ ᠴᠢᠳᠠᠨ᠎ᠠ ᠃

ᠬᠡᠦᠬᠡᠳ ᠢ ᠨᠣᠮ ᠤᠩᠰᠢᠬᠤ ᠠᠵᠢᠯᠯᠠᠭ᠎ᠠ ᠳᠤ ᠣᠷᠤᠯᠴᠠᠭᠤᠯᠤᠨ᠎ᠠ ︱ ᠤᠩᠰᠢᠬᠤ ᠶᠢ
ᠬᠡᠦᠬᠡᠳ ᠤᠨᠠᠮᠢᠳᠤᠷᠠᠯ ᠤᠨ ᠨᠢᠭᠡ ᠠᠭᠤᠯᠭ᠎ᠠ ᠪᠣᠯᠭᠠᠨ᠎ᠠ ᠂ ᠲᠤᠬᠠᠢᠯᠠᠪᠠᠯ ᠂ ᠭᠠᠳᠠᠨ᠎ᠠ ᠭᠠᠷᠪᠠᠯ
ᠵᠠᠮ ᠤᠨ ᠲᠡᠮᠳᠡᠭ ᠢ ᠬᠡᠦᠬᠡᠳ ᠢᠶᠠᠷᠤᠩᠰᠢᠭᠤᠯᠬᠤ ᠂ ᠬᠣᠭᠤᠯᠠᠨ ᠭᠡᠷ ᠲᠤ ᠣᠴᠢᠪᠠᠯ ᠨᠣᠭᠤᠭ᠎ᠠ
 ᠶᠢᠨ ᠨᠡᠷ᠎ᠡ ᠶᠢ ᠤᠩᠰᠢᠭᠤᠯᠬᠤ ᠁ ᠠᠯᠢᠪᠠ ᠮᠡᠳᠡᠭᠡᠵᠠᠩᠭᠢ ᠶᠢ ᠴᠦᠮᠬᠡᠦᠬᠡᠳ ᠢᠶᠠᠷ ᠤᠩᠰᠢᠭᠤᠯᠤᠨ᠎ᠠ ᠃

ᠬᠡᠦᠬᠡᠳ ᠢᠶᠠᠨ ᠨᠣᠮ ᠤᠨ ᠰᠠᠩ ᠳᠤ ᠢᠯᠡᠬᠦᠭᠡᠡ ᠣᠴᠢᠭᠤᠯᠤᠨ᠎ᠠ ︱ ᠭᠠᠷᠠᠭ ᠤᠨ ᠠᠮᠠᠷᠡᠯᠳᠠ ᠪᠠᠷ
ᠬᠡᠦᠬᠡᠳ ᠢᠶᠠᠨ ᠳᠠᠭᠠᠭᠤᠯᠤᠨ ᠨᠣᠮ ᠤᠨ ᠰᠠᠩ ᠪᠤᠶᠤ ᠨᠣᠮ ᠤᠨ ᠳᠡᠯᠭᠡᠭᠦᠷ ᠢᠶᠠᠷ ᠲᠣᠭᠤᠷᠢᠵᠤ ᠂
ᠤᠩᠰᠢᠬᠤ ᠰᠢᠨ᠎ᠡᠮᠠᠲ᠋ᠧᠷᠢᠶᠠᠯ ᠤᠨ ᠮᠡᠳᠡᠭᠡ ᠵᠠᠩᠭᠢ ᠣᠯᠭᠤᠨ ᠥᠭᠴᠦ ᠂ ᠬᠡᠦᠬᠡᠳ ᠢ ᠨᠣᠮ
ᠤᠩᠰᠢᠬᠤ ᠳᠤᠷ᠎ᠠ ᠪᠠᠬ᠎ᠠ ᠵᠦᠭᠬᠦᠳᠦᠯᠦᠨ᠎ᠠ ᠃ ᠨᠣᠮ ᠤᠨ ᠳᠡᠯᠭᠡᠭᠦᠷ ᠪᠤᠶᠤ ᠨᠣᠮ ᠤᠨ ᠰᠠᠩ ᠳᠤ
ᠡᠯ᠎ᠡ ᠨᠠᠰᠤᠨ ᠤ ᠬᠡᠦᠬᠡᠳ ᠤᠨ ᠣᠨᠴᠠᠯᠢᠭ ᠲᠤᠲᠤᠬᠢᠷᠠᠭᠰᠠᠠ ᠤᠩᠰᠢᠬᠤ ᠨᠣᠮ ᠣᠯᠠᠨ ᠪᠠᠢᠳᠠᠭ
ᠪᠣᠯᠬᠣᠷ ᠬᠡᠦᠬᠡᠳ ᠤᠨ ᠨᠣᠮ ᠤᠩᠰᠢᠬᠤ ᠳᠤᠷ᠎ᠠ ᠪᠠᠬ᠎ᠠ ᠶᠢᠠᠮᠠᠷᠬᠠᠨ ᠬᠦᠭᠵᠢᠭᠡᠵᠤ ᠴᠢᠳᠠᠨ᠎ᠠ ᠃

ᠬᠡᠦᠬᠡᠳ ᠤᠨ ᠢᠶᠠᠨ ᠨᠣᠮ ᠤᠩᠰᠢᠬᠤ ᠪᠠᠢᠳᠠᠯ ᠢ ᠦᠷᠭᠦᠯᠵᠢ ᠣᠢᠯᠠᠭᠠᠨ᠎ᠠ ︱
ᠭᠡᠷ ᠤᠨ ᠠᠬᠠᠮᠠᠳᠬᠡᠦᠬᠡᠳ ᠤᠨ ᠢᠶᠠᠨ ᠨᠣᠮ ᠤᠩᠰᠢᠬᠤ ᠶᠢ ᠰᠣᠨᠤᠰᠤᠨ᠎ᠠ ᠂ ᠰᠣᠨᠤᠰᠬᠤ
ᠶᠠᠪᠤᠴᠠ ᠳᠤ ᠬᠡᠦᠬᠡᠳ ᠤᠨ ᠢᠶᠠᠨᠤᠩᠰᠢᠯᠭ᠎ᠠ ᠳᠤ ᠶᠠᠮᠠᠷ ᠠᠰᠠᠭᠤᠳᠠᠯ ᠣᠷᠤᠰᠢᠵᠤ ᠪᠠᠢᠭ᠎ᠠ ᠶ
ᠢ ᠢᠯᠡᠷᠡᠬᠦᠯᠦᠨ᠎ᠠ ᠂ ᠬᠡᠷᠪᠡ ᠶᠠᠮᠠᠷ ᠨᠢᠭᠡᠨ ᠦᠭᠡ ᠶᠢᠪᠤᠷᠤᠭᠤ ᠤᠩᠰᠢᠬᠤ ᠪᠤᠶᠤ ᠥᠭᠦᠯᠡᠪᠦᠷᠢ ᠶᠢ
ᠪᠤᠷᠤᠭᠤ ᠣᠢᠯᠠᠭᠠᠵᠤ ᠪᠠᠢᠪᠠᠯ ᠡᠷᠬᠡᠪᠰᠢ ᠴᠠᠭ ᠲᠤᠬᠠᠢ ᠳᠤᠨᠢᠵᠠᠯᠠᠷᠠᠭᠤᠯᠭ᠎ᠠ ᠬᠢᠵᠦ ᠥᠭᠬᠦ
ᠬᠡᠷᠡᠭᠲᠡᠢ ᠃ ᠬᠡᠦᠬᠡᠳᠲᠤ ᠤᠩᠰᠢᠯᠭ᠎ᠠ ᠶᠢᠨ ᠲᠠᠯ᠎ᠠ ᠪᠠᠷ ᠴᠠᠭ ᠲᠤᠬᠠᠢ ᠳᠤᠨᠢ
ᠬᠠᠪᠰᠤᠷᠤᠯᠭ᠎ᠠ ᠲᠤᠰᠠᠯᠠᠮᠵᠢ ᠬᠦᠷᠳᠡᠪᠡᠯ ᠨᠣᠮ ᠤᠩᠰᠢᠬᠤ ᠴᠢᠳᠠᠪᠤᠷᠢ ᠨᠢ ᠳᠡᠭᠡᠭᠰᠢᠯᠡᠬᠦ ᠳᠤ
ᠲᠦᠷᠭᠡᠨ ᠪᠠᠢᠳᠠᠭ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠥᠪᠦᠷ ᠮᠣᠩᠭᠤᠯ ᠥᠨᠳᠥᠰᠥᠲᠡᠨ ᠦ ᠰᠤᠷᠭᠠᠨ ᠬᠥᠮᠦᠵᠢᠯ ᠦᠨ ᠰᠦᠯᠵᠢᠶ᠎ᠡ ᠬᠡᠪᠯᠡᠯ ᠦᠨ ᠡᠷᠬᠡ ᠲᠡᠢ ᠃ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃