lt
ᠰᠤᠶᠤᠯ ᠲᠡᠤᠬᠡ
ᠮᠣᠩᠭᠤᠯᠴᠤᠳ ᠤᠨ ᠣᠩᠭᠤᠨ ᠰᠢᠲᠦᠭᠡᠨ ︱ ᠤᠪᠤᠭ᠎ᠠ
2016.04.21 ᠲᠣᠰ ᠥᠷᠲᠡᠭᠡᠨ ᠦ ᠨᠠᠢᠷᠠᠭᠤᠯᠤᠭᠴᠢ

                    ᠰᠤᠸᠠᠳᠢ

ᠤᠪᠤᠭ᠎ᠠ ᠪᠣᠯ ᠤᠷᠲᠤ ᠤᠳᠠᠭᠠᠨ ᠲᠡᠦᠬᠡ ᠲᠠᠢ ᠡᠷᠲᠡ ᠢᠵᠠᠭᠤᠷ ᠤᠨ ᠦᠯᠢᠭᠡᠷ ᠳᠣᠮᠤᠭ ᠲᠠᠢ ᠰᠣᠶᠤᠯ ᠪᠣᠯᠬᠤ ᠶᠤᠮ ᠃ ᠲᠡᠷᠡ ᠨᠢ ᠲᠤᠬᠠᠢ ᠶᠢᠨ ᠦᠶ᠎ᠡ ᠳᠤ ᠵᠦᠭ ᠴᠢᠭ ᠂ ᠠᠭᠤᠯᠠ ᠤᠰᠤ ᠂ ᠭᠤᠤ ᠭᠠᠩᠭ᠎ᠠ ᠂ ᠪᠠᠷᠲᠠᠭᠠᠲᠤ ᠭᠠᠵᠠᠷ ᠵᠡᠷᠭᠡ ᠶᠢᠨ ᠲᠡᠮᠳᠡᠭ ᠪᠣᠯᠵᠤ ᠪᠠᠢᠭᠰᠠᠨ ᠡᠴᠡ ᠪᠠᠨ ᠲᠡᠭᠷᠢ ᠂ ᠭᠠᠵᠠᠷ ᠂ ᠯᠤᠤᠰ ᠂ ᠨᠤᠲᠤᠭ ᠤᠰᠤ ᠂ ᠡᠪᠦᠭᠡ ᠳᠡᠭᠡᠳᠦᠰ ᠲᠡᠭᠡᠨ ᠲᠠᠬᠢᠯ ᠰᠠᠴᠤᠯᠢ ᠡᠷᠭᠦᠬᠦ ᠶᠢᠨ ᠵᠠᠩ ᠦᠢᠯᠡ ᠶᠢᠨ ᠤᠯᠠᠮᠵᠢᠯᠠᠯ ᠪᠤᠯᠤᠨ ᠬᠤᠪᠢᠷᠠᠭᠠᠳ ᠲᠠᠯ᠎ᠠ ᠨᠤᠲᠤᠭ ᠤᠨ ᠣᠩᠭᠤᠨ ᠰᠢᠲᠦᠭᠡᠨ ᠪᠣᠯᠵᠤ ᠢᠷᠡᠵᠡᠢ ᠃ ᠠᠯᠢ ᠨᠢᠭᠡᠨ ᠲᠠᠯ᠎ᠠ ᠡᠴᠡ ᠰᠢᠨᠡᠴᠢᠯᠡᠭᠰᠡᠨ ᠴᠤ ᠤᠪᠤᠭ᠎ᠠ ᠪᠣᠯ ᠨᠡᠭᠦᠳᠡᠯ ᠮᠠᠯᠵᠢᠯ ᠬᠢᠵᠦ ᠪᠠᠢᠭ᠎ᠠ ᠦᠨᠳᠦᠰᠦᠲᠡᠨ ᠡᠴᠡ ᠳᠡᠯᠡᠬᠡᠢ ᠶᠢᠷᠲᠢᠨᠴᠦ ᠳᠤ ᠦᠯᠡᠳᠡᠭᠡᠭᠰᠡᠨ ᠮᠥᠩᠬᠡ ᠶᠢᠨ ᠢᠮ ᠲᠠᠮᠠᠭ᠎ᠠ ᠪᠣᠯᠬᠤ ᠶᠤᠮ ᠃ ᠲᠡᠳᠡ ᠤᠤᠯ ᠳᠠᠭᠠᠨ ᠶᠢᠷᠲᠢᠨᠴᠦ ᠶᠢᠨ ᠲᠦᠮᠡᠨ ᠪᠣᠳᠠᠰ ᠢ ᠪᠦᠷ ᠲᠡᠭᠷᠢ ᠪᠤᠷᠬᠠᠨ ᠪᠦᠲᠦᠭᠡᠭᠰᠡᠨ ᠭᠡᠵᠦ ᠦᠵᠡᠳᠡᠭ ᠪᠠᠢᠭᠰᠠᠨ ᠃ ᠶᠠᠷᠢᠶᠠᠨ ᠦᠭᠡᠢ ᠣᠷᠤᠰᠢᠨ ᠠᠮᠢᠳᠤᠷᠠᠵᠤ ᠰᠠᠭᠤᠭ᠎ᠠ ᠨᠤᠲᠤᠭ ᠤᠰᠤ ᠪᠠᠨ ᠬᠠᠮᠠᠭᠠᠯᠠᠵᠤ ᠶᠠᠪᠤᠬᠤ ᠳᠤ ᠪᠤᠷᠬᠠᠨ ᠲᠡᠭᠷᠢ ᠶᠢᠨ ᠢᠪᠡᠭᠡᠯ ᠰᠣᠶᠤᠷᠬᠠᠯ ᠪᠣᠯ ᠳᠤᠲᠠᠭᠳᠠᠵᠤ ᠪᠣᠯᠤᠰᠢ ᠦᠭᠡᠢ ᠴᠢᠬᠤᠯᠠ ᠵᠦᠢᠯ ᠪᠣᠯᠤᠨ᠎ᠠ ᠃ ᠲᠡᠳᠡᠭᠡᠷ ᠬᠠᠳᠠ ᠴᠢᠯᠠᠭᠤ ᠪᠠᠷ ᠣᠪᠤᠭᠠᠯᠠᠵᠤ ᠦᠷᠦᠭᠰᠡᠨ ᠰᠦᠷᠯᠢᠭ ᠤᠪᠤᠭ᠎ᠠ ᠨᠢ ᠡᠴᠢᠭᠡ ᠲᠡᠭᠷᠢ ᠡᠴᠡ ᠬᠠᠮᠤᠭ ᠤᠨ ᠤᠶᠢᠷᠠᠬᠠᠨ ᠂ ᠡᠬᠡ ᠭᠠᠵᠠᠷ ᠡᠴᠡ ᠬᠠᠮᠤᠭ ᠤᠨ ᠥᠨᠳᠦᠷ ᠂ ᠪᠤᠷᠬᠠᠨ ᠲᠡᠭᠷᠢ ᠶᠢ ᠰᠢᠲᠦᠵᠦ ᠲᠠᠬᠢᠬᠤ ᠬᠠᠮᠤᠭ ᠤᠨ ᠰᠠᠶᠢᠬᠠᠨ ᠭᠠᠵᠠᠷ ᠪᠣᠯᠬᠤ ᠶᠤᠮ ᠃ ᠮᠡᠳᠡᠭᠡᠵᠢ ᠪᠠᠷ ᠂ ᠡᠳᠡᠭᠡᠷ ᠡᠩ ᠤᠨ ᠤᠪᠤᠭ᠎ᠠ ᠨᠢ ᠳᠣᠪᠤ ᠳᠤᠪᠤᠷᠴᠠᠭ ᠂ ᠮᠠᠩᠬᠠᠨ ᠤ ᠤᠷᠤᠢ ᠵᠡᠷᠭᠡ ᠶᠢᠨ ᠥᠨᠳᠦᠷ ᠰᠢᠭ ᠭᠠᠵᠠᠷ ᠲᠤ ᠪᠠᠶᠢᠷᠢᠰᠢᠵᠤ ᠂ ᠭᠠᠵᠠᠷ ᠤᠰᠤᠨ ᠤ ᠲᠡᠮᠳᠡᠭ ᠂ ᠨᠤᠲᠤᠭ ᠤᠰᠤᠨ ᠤ ᠵᠠᠭᠠᠭ ᠪᠠᠢᠭ᠎ᠠ ᠭᠡᠵᠦ ᠬᠥᠮᠦᠰ ᠲᠤ ᠲᠦᠷᠦᠭᠳᠦᠯ ᠥᠭᠳᠡᠭ ᠪᠢᠯᠡ ᠃

ᠭᠠᠵᠠᠷ ᠵᠦᠢ ᠶᠢᠨ ᠪᠠᠶᠢᠴᠠ ᠡᠴᠡ ᠦᠵᠡᠪᠡᠯ ᠂ ᠨᠤᠲᠤᠭ ᠤᠰᠤᠨ ᠤ ᠨᠡᠷᠡᠶᠢᠳᠦᠯ ᠢᠶᠠᠷ ᠨᠡᠷᠡᠯᠡᠭᠰᠡᠨ ᠤᠪᠤᠭ᠎ᠠ ᠤᠯᠠᠨ ᠪᠠᠢᠳᠠᠭ ᠃ ᠵᠢᠱᠢᠶᠡᠯᠡᠪᠡᠯ ᠂ ᠭᠡᠷᠤᠪᠤᠭ᠎ᠠ ᠂ ᠬᠠᠰᠢᠶᠠᠲᠤ ᠶᠢᠨ ᠤᠪᠤᠭ᠎ᠠ ᠂ ᠯᠤᠩ ᠤᠨ ᠤᠪᠤᠭ᠎ᠠ ᠭᠡᠬᠦ ᠮᠡᠲᠦ ᠃ ᠭᠡᠪᠡᠴᠦ ᠬᠠᠮᠤᠭ ᠤᠨ ᠴᠢᠬᠤᠯᠠ ᠨᠢ ᠤᠪᠤᠭ᠎ᠠ ᠪᠣᠯ ᠮᠠᠯᠴᠢᠳ ᠤᠨ ᠣᠶᠤᠨ ᠤᠬᠠᠭᠠᠨ ᠤ ᠲᠦᠰᠢᠯᠭᠡ ᠂ ᠪᠤᠷᠬᠠᠨ ᠲᠡᠭᠷᠢ ᠶᠢᠨ ᠰᠢᠲᠦᠯᠭᠡ ᠶᠢᠨ ᠭᠠᠵᠠᠷ ᠪᠣᠯᠤᠨ᠎ᠠ ᠃ ᠲᠡᠢᠮᠦ ᠡᠴᠡ ᠂ ᠡᠨᠡᠬᠦ ᠤᠳᠠᠭᠠᠨ ᠡᠳᠦᠷ ᠵᠤᠵᠠᠭᠠᠨ ᠬᠣᠨᠤᠭ ᠤᠨ ᠲᠡᠦᠬᠡᠨ ᠶᠠᠪᠤᠴᠠ ᠳᠠᠭᠠᠨ ᠪᠠᠢᠭᠠᠯᠢ ᠶᠢᠨ ᠡᠯᠡ ᠬᠠᠯᠠ ᠶᠢ ᠳᠠᠭᠠᠭᠠᠵᠤ ᠪᠠᠢᠭᠠᠯᠢ ᠶᠢᠷᠲᠢᠨᠴᠦ ᠶᠢᠨ ᠵᠠᠩ ᠵᠢᠷᠤᠮ ᠢᠶᠠᠷ ᠪᠤᠰᠤᠭᠳᠠᠭᠰᠠᠨ ᠤᠪᠤᠭ᠎ᠠ ᠨᠢ ᠮᠣᠩᠭᠤᠯ ᠨᠤᠲᠤᠭ ᠤᠨ ᠢᠶᠠᠨ ᠤᠯᠠᠮᠵᠢᠯᠠᠯᠲᠤ ᠰᠣᠶᠤᠯ ᠤᠨ ᠪᠡᠯᠭᠡ ᠲᠡᠮᠳᠡᠭ ᠪᠣᠯᠵᠤ ᠢᠷᠡᠵᠡᠢ ᠃ ᠮᠠᠯᠴᠢᠳ ᠤᠨ ᠶᠠᠷᠢᠬᠤ ᠪᠠᠷ ᠂ ᠤᠪᠤᠭ᠎ᠠ ᠪᠣᠯ ᠬᠥᠮᠦᠨ ᠪᠠᠢᠭᠠᠯᠢ ᠶᠢ ᠡᠵᠡᠮᠳᠡᠵᠦ ᠳᠡᠢᠯᠬᠦ ᠣᠨᠴᠠᠭᠠᠢ ᠷᠢᠳᠢ ᠰᠢᠳᠢ ᠲᠠᠢ ᠵᠦᠢᠯ ᠭᠡᠵᠦ ᠦᠵᠡᠳᠡᠭ ᠃ ᠲᠡᠭᠡᠬᠦᠯᠡᠷ ᠂ ᠮᠣᠩᠭᠤᠯᠴᠤᠳ ᠠᠯᠢᠪᠠ ᠰᠠᠶᠢᠨ ᠰᠠᠶᠢᠬᠠᠨ ᠢᠷᠦᠭᠡᠯ ᠵᠥᠩᠨᠡᠯ ᠢᠶᠠᠨ ᠣᠪᠤᠭᠠᠨ ᠳᠠᠭᠠᠨ ᠳᠠᠭᠠᠳᠭᠠᠳᠠᠭ ᠃ ᠡᠨᠡ ᠪᠣᠯ ᠮᠣᠩᠭᠤᠯ ᠬᠥᠮᠦᠨ ᠤ ᠦᠶ᠎ᠡ ᠶᠢᠨ ᠦᠶ᠎ᠡ ᠳᠡᠭᠡᠨ ᠤᠯᠠᠮᠵᠢᠯᠠᠨ ᠢᠷᠡᠭᠰᠡᠨ ᠵᠠᠩ ᠳᠠᠳᠭᠠᠯ ᠪᠣᠯᠤᠨ᠎ᠠ ᠃ ᠬᠥᠮᠦᠨ ᠪᠦᠬᠦᠨ ᠡᠬᠡ ᠪᠠᠢᠭᠠᠯᠢ ᠪᠠᠨ ᠠᠮᠢ ᠲᠠᠢ ᠪᠠᠨ ᠠᠳᠠᠯᠢᠬᠠᠨ ᠬᠠᠢᠷᠠᠯᠠᠨ ᠬᠠᠮᠠᠭᠠᠯᠠᠬᠤ ᠪᠣᠯ ᠵᠠᠶᠢᠯᠠᠭᠤᠯᠵᠤ ᠪᠣᠯᠤᠰᠢ ᠦᠭᠡᠢ ᠲᠠᠷᠬᠠᠨ ᠬᠠᠷᠢᠭᠤᠴᠠᠯᠭ᠎ᠠ ᠪᠣᠯᠬᠤ ᠮᠥᠷᠲᠡᠭᠡᠨ ᠮᠠᠷᠲᠠᠵᠤ ᠪᠣᠯᠤᠰᠢ ᠦᠭᠡᠢ ᠬᠠᠲᠠᠭᠤ ᠵᠢᠷᠤᠮ ᠶᠣᠰᠤ ᠪᠣᠯᠬᠤ ᠶᠤᠮ ᠃ ᠥᠷ ᠤᠨ ᠲᠤᠶᠠᠭ᠎ᠠ ᠠᠭᠤᠳᠠᠮ ᠲᠠᠯ᠎ᠠ ᠶᠢ ᠭᠡᠢᠭᠦᠯᠬᠦ ᠳᠤ ᠦᠨᠢᠶᠡᠨ ᠵᠡᠯ᠎ᠡ ᠡᠴᠡ ᠪᠤᠴᠠᠵᠤ ᠢᠷᠡᠭᠰᠡᠨ ᠪᠦᠰᠡᠭᠦᠢᠴᠦᠳ ᠣᠪᠤᠭᠠᠨ ᠤ ᠪᠠᠨ ᠵᠦᠭ ᠰᠦ ᠶᠢᠨ ᠳᠡᠭᠡᠵᠢ ᠪᠠᠨ ᠰᠠᠴᠤᠨ ᠂ ᠲᠥᠷᠦ ᠲᠦᠪᠰᠢᠨ ᠲᠦᠮᠡᠨ ᠠᠮᠤᠭᠤᠯᠠᠩ ᠂ ᠠᠮᠢᠳᠤᠷᠠᠯ ᠠᠵᠤ ᠦᠢᠯᠡᠰ ᠥᠭᠡᠳᠡ ᠡᠰᠡᠷᠡᠭ ᠪᠠᠢᠬᠤ ᠶᠢᠨ ᠲᠠᠯᠠᠯᠭ᠎ᠠ ᠠᠪᠳᠠᠭ ᠃ ᠡᠷᠲᠡ ᠳᠡᠭᠡᠳᠦ ᠡᠴᠡ ᠪᠠᠨ ᠮᠣᠩᠭᠤᠯᠴᠤᠳ ᠬᠥᠮᠦᠨ ᠪᠠᠢᠭᠠᠯᠢ ᠶᠢᠨ ᠡᠶ᠎ᠡ ᠵᠣᠬᠢᠴᠠᠯ ᠲᠠᠢ ᠣᠷᠤᠰᠢᠨ ᠰᠠᠭᠤᠵᠤ ᠠᠮᠢᠳᠤᠷᠠᠬᠤ ᠶᠢ ᠡᠷᠬᠢᠮᠯᠡᠵᠦ ᠂ ᠪᠠᠢᠭᠠᠯᠢ ᠠᠬᠤᠢ ᠪᠠᠨ ᠬᠠᠶᠢᠷᠠᠯᠠᠵᠤ ᠬᠠᠮᠠᠭᠠᠯᠠᠬᠤ ᠨᠢ ᠡᠨᠡᠬᠦ ᠦᠵᠡᠯ ᠪᠣᠳᠤᠯ ᠤᠨ ᠬᠢᠨᠢ ᠪᠦᠷᠢᠨ ᠢᠯᠡᠷᠡᠯ ᠪᠣᠯᠤᠭᠰᠠᠨ ᠪᠠᠢᠳᠠᠭ ᠃ ᠣᠪᠤᠭᠠᠨ ᠲᠠᠬᠢᠯᠭ᠎ᠠ ᠳᠤ ᠣᠷᠤᠯᠴᠠᠭᠰᠠᠨ ᠬᠥᠮᠦᠨ ᠪᠦᠬᠦᠨ ᠣᠪᠤᠭᠠᠨ ᠬᠡᠰᠢᠭ ᠡᠴᠡ ᠠᠮᠰᠠᠵᠠᠭᠠᠵᠤ ᠂ ᠪᠤᠷᠬᠠᠨ ᠲᠡᠭᠷᠢ ᠶᠢᠨ ᠢᠪᠡᠭᠡᠯ ᠳᠤ ᠪᠠᠶᠠᠰᠴᠠᠭᠠᠵᠤ ᠠᠰ ᠤᠨ ᠪᠡᠶ᠎ᠡ ᠶᠢᠨ ᠠᠮᠤᠷ ᠠᠮᠤᠭᠤᠯᠠᠩ ᠠᠢᠯ ᠭᠡᠷ ᠥᠭᠡᠳᠡ ᠡᠰᠡᠷᠡᠭ ᠶᠠᠪᠤᠬᠤ ᠪᠠᠨ ᠳᠠᠭᠠᠳᠭᠠᠳᠠᠭ ᠵᠠᠩᠰᠢᠯ ᠲᠠᠢ ᠪᠢᠯᠡ ᠃

ᠣᠪᠤᠭᠠᠨ ᠲᠠᠬᠢᠯᠭ᠎ᠠ

ᠤᠪᠤᠭ᠎ᠠ ᠪᠣᠯ ᠡᠷᠲᠡ ᠲᠡᠦᠬᠡ ᠡᠴᠡ ᠪᠠᠨ ᠮᠣᠩᠭᠤᠯᠴᠤᠳ ᠤᠨ ᠬᠡᠶᠢᠮᠤᠷᠢ ᠶᠢᠨ ᠰᠦᠯᠳᠡ ᠶᠢᠨ ᠲᠡᠮᠳᠡᠭ ᠂ ᠭᠠᠵᠠᠷ ᠤᠰᠤᠨ ᠤ ᠰᠠᠬᠢᠭᠤᠰᠤ ᠂ ᠠᠮᠢᠳᠤᠷᠠᠯ ᠦᠢᠯᠡᠰ ᠤᠨ ᠴᠤᠭ ᠵᠢᠪᠬᠤᠭ᠎ᠠ ᠪᠣᠯᠵᠤ ᠪᠠᠢᠳᠠᠭ ᠃ ᠣᠳᠤ ᠡᠴᠡ ᠬᠣᠶᠠᠷ ᠮᠢᠩᠭ᠎ᠠ ᠲᠠᠪᠤᠨ ᠵᠠᠭᠤ ᠭᠠᠷᠤᠢ ᠵᠢᠯ ᠤᠨ ᠡᠮᠦᠨ᠎ᠡ ᠂ ᠱᠠᠭᠵᠠᠮᠤᠨᠢ ᠪᠤᠷᠬᠠᠨ ᠽᠠᠮᠪᠤᠲᠢᠪ ᠲᠤ ᠵᠠᠶᠠᠭᠠᠵᠤ ᠂ ᠪᠤᠷᠬᠠᠨ ᠱᠠᠰᠢᠨ ᠢ ᠡᠭᠦᠳᠦᠨ ᠪᠦᠲᠦᠭᠡᠵᠦ ᠂ ᠠᠷᠢᠭᠤᠨ ᠨᠠᠨᠳᠢᠨ ᠨᠣᠮ ᠤᠨ ᠠᠶᠠᠰ ᠢ ᠰᠣᠶᠤᠷᠬᠠᠬᠤ ᠳᠠᠭᠠᠨ ︽ ᠲᠡᠭᠷᠢ ᠭᠠᠵᠠᠷ ᠂ ᠠᠭᠤᠯᠠ ᠤᠰᠤ ᠵᠡᠷᠭᠡ ᠪᠠᠢᠭᠠᠯᠢ ᠶᠢᠷᠲᠢᠨᠴᠦ ᠶᠢᠨ ᠲᠦᠮᠡᠨ ᠪᠣᠳᠠᠰ ᠲᠤ ᠴᠥᠮ ᠨᠠᠪᠲᠠᠭ ᠰᠠᠪᠳᠠᠭ ᠲᠠᠢ ᠭᠡᠵᠦ ᠂ ᠣᠷᠴᠢᠯᠠᠩ ᠤᠨ ᠬᠥᠮᠦᠰ ᠤᠨ ᠲᠥᠷᠦᠬᠦ ᠂ ᠦᠬᠦᠬᠦ ᠂ ᠡᠪᠡᠳᠬᠦ ᠂ ᠵᠣᠪᠠᠬᠤ ᠪᠠ ᠨᠢᠭᠡ ᠨᠠᠰᠤᠨ ᠤ ᠦᠢᠯᠡ ᠶᠠᠪᠤᠳᠠᠯ ᠢ ᠪᠦᠷ ᠬᠤᠷᠮᠤᠰᠲᠠ ᠲᠡᠭᠷᠢ ᠡᠴᠡ ᠲᠤᠬᠢᠷᠠᠭᠤᠯᠳᠠᠭ ︾ ᠭᠡᠰᠡᠨ ᠨᠣᠮᠯᠠᠯ ᠤᠨ ᠶᠣᠰᠤᠭᠠᠷ ᠂ ᠣᠷᠴᠢᠯᠠᠩ ᠤᠨ ᠬᠥᠮᠦᠰ ᠬᠡᠳᠦᠨ ᠮᠢᠩᠭᠠᠨ ᠵᠢᠯ ᠤᠨ ᠲᠤᠷᠰᠢ ᠦᠨᠳᠦᠰᠦᠲᠡᠨ ᠤᠭᠰᠠᠭᠠᠲᠠᠨ ᠤ ᠢᠯᠭᠠᠯ ᠦᠭᠡᠢ ᠪᠠᠷ ᠣᠷᠤᠰᠢᠵᠤ ᠪᠦᠬᠦᠢ ᠭᠠᠵᠠᠷ ᠰᠢᠷᠤᠢ ᠂ ᠠᠭᠤᠯᠠ ᠤᠰᠤᠨ ᠤ ᠪᠠᠨ ᠨᠠᠪᠲᠠᠭ ᠰᠠᠪᠳᠠᠭ ᠢ ᠲᠠᠬᠢᠵᠤ ᠪᠠᠶᠠᠷᠯᠠᠭᠤᠯᠵᠤ ᠂ ᠡᠪᠡᠳᠴᠢᠨ ᠵᠣᠪᠠᠯᠠᠩ ᠭᠠᠢ ᠪᠠᠷᠴᠢᠳ ᠢᠶᠠᠨ ᠵᠠᠶᠢᠯᠠᠭᠤᠯᠵᠤ ᠂ ᠦᠬᠦᠵᠦ ᠵᠣᠪᠠᠬᠤ ᠶᠢᠨ ᠠᠶᠤᠯ ᠡᠴᠡ ᠮᠤᠯᠲᠤᠷᠠᠬᠤ ᠶᠢ ᠳᠠᠭᠠᠳᠭᠠᠳᠠᠭ ᠃ ᠣᠪᠤᠭᠠᠨ ᠲᠠᠬᠢᠯᠭ᠎ᠠ ᠨᠢ ᠴᠤ ᠡᠭᠦᠨ ᠤ ᠳᠣᠲᠤᠷᠠᠬᠢ ᠨᠢᠭᠡᠨ ᠲᠤᠪᠤᠶᠢᠮ᠎ᠠ ᠢᠯᠡᠷᠡᠯ ᠪᠣᠯᠬᠤ ᠶᠤᠮ ᠃ ᠤᠷᠢᠳᠤ ᠴᠢᠩᠭᠢᠰ ᠮᠡᠷᠭᠡᠳ ᠠᠢᠮᠠᠭ ᠤᠨ ᠰᠢᠷᠦᠭᠦᠨ ᠲᠠᠭᠠᠷᠢᠯᠲᠠ ᠡᠴᠡ ᠪᠤᠷᠤᠭᠤᠯᠠᠨ ᠵᠠᠶᠢᠯᠠᠵᠤ ᠪᠤᠷᠬᠠᠨ ᠬᠠᠯᠲᠤᠨ ᠠᠭᠤᠯᠠᠨ ᠳᠤ ᠪᠡᠶ᠎ᠡ ᠳᠠᠯᠳᠠᠯᠠᠨ ᠠᠮᠢ ᠬᠣᠷᠭᠤᠳᠠᠵᠤ ᠪᠠᠢᠭᠠᠳ ᠭᠠᠷᠤᠭᠰᠠᠨ ᠨᠢ ᠲᠡᠦᠬᠡ ᠤᠴᠢᠷ ᠲᠠᠢ ᠃ ᠡᠢᠮᠦ ᠡᠴᠡ ᠴᠢᠩᠭᠢᠰ ᠬᠠᠭᠠᠨ ᠡᠨᠡᠬᠦ ᠠᠮᠢ ᠠᠪᠤᠷᠠᠭᠰᠠᠨ ᠠᠭᠤᠯᠠᠨ ᠳᠤ ᠲᠠᠯᠠᠷᠬᠠᠵᠤ ᠄ ︽ ᠪᠤᠷᠬᠠᠨ ᠬᠠᠯᠲᠤᠨ ᠢ ᠥᠷᠯᠦᠭᠡ ᠪᠦᠷᠢ ᠮᠢᠯᠢᠶᠠᠰᠤᠭᠠᠢ ᠃ ᠡᠳᠦᠷ ᠪᠦᠷᠢ ᠣᠴᠢᠶ᠎ᠠ ᠂ ᠦᠶ᠎ᠡ ᠶᠢᠨ ᠦᠶ᠎ᠡ ᠳᠡᠭᠡᠨ ᠥᠨᠢᠳᠡ ᠲᠡᠬᠢᠮᠤ ︾ ᠭᠡᠵᠦ ᠠᠮᠠᠯᠠᠭᠰᠠᠨ ᠢᠶᠠᠨ ᠪᠤᠷᠬᠠᠨ ᠬᠠᠯᠲᠤᠨ ᠤ ᠠᠭᠤᠯᠠ ᠨᠢ ᠬᠠᠮᠤᠭ ᠮᠣᠩᠭᠤᠯ ᠤᠨ ᠰᠢᠲᠦᠭᠡᠨ ᠠᠭᠤᠯᠠ ᠪᠣᠯᠵᠤ ᠲᠡᠭᠡᠳᠦᠯᠡᠭᠳᠡᠨ ᠰᠢᠲᠦᠭᠳᠡᠵᠡᠢ ᠭᠡᠵᠦ ᠡᠷᠳᠡᠮᠲᠡᠨ ᠮᠡᠷᠭᠡᠳ ᠡᠴᠡ ᠦᠵᠡᠳᠡᠭ ᠃
ᠶᠡᠷᠦ ᠶᠢᠨ ᠪᠠᠢᠳᠠᠯ ᠳᠣᠣᠷ᠎ᠠ ᠂ ᠭᠠᠵᠠᠷ ᠤᠨ ᠥᠨᠳᠦᠷ ᠂ ᠤᠰᠤᠨ ᠤ ᠰᠤᠷᠪᠤᠯᠵᠢ ᠂ ᠬᠥᠮᠦᠨ ᠠᠮᠢᠲᠠᠨ ᠤ ᠬᠥᠯ ᠤᠨ ᠦᠢᠮᠡᠭᠡᠨ ᠪᠠᠭ᠎ᠠ ᠴᠡᠪᠡᠷ ᠭᠠᠵᠠᠷ ᠢ ᠰᠣᠩᠭᠤᠵᠤ ᠤᠪᠤᠭ᠎ᠠ ᠪᠠᠨ ᠪᠣᠰᠭᠠᠵᠤ ᠬᠡᠶᠢᠮᠤᠷᠢ ᠪᠠᠨ ᠬᠡᠶᠢᠰᠭᠡᠵᠦ ᠂ ᠠᠮᠤᠷ ᠠᠮᠤᠭᠤᠯᠠᠩ ᠠᠵᠤ ᠲᠥᠷᠦᠨ ᠬᠠᠷᠢ ᠶᠢᠨ ᠲᠠᠶᠢᠰᠤᠨ ᠤ ᠲᠦᠷᠢᠮᠡᠬᠡᠶᠢᠯᠡᠯ ᠳᠤ ᠬᠠᠯᠬᠠᠯᠠᠭ᠎ᠠ ᠳᠠᠷᠤᠯᠭ᠎ᠠ ᠪᠣᠯᠭᠠᠵᠤ ᠣᠶᠤᠨ ᠰᠠᠨᠠᠭᠠᠨ ᠤ ᠰᠦᠵᠢᠭ ᠪᠢᠰᠢᠷᠡᠯ ᠤᠨ ᠡᠭᠦᠳᠡᠨ ᠡᠴᠡ ᠠᠭᠤᠯᠠ ᠤᠰᠤᠨ ᠤ ᠪᠠᠨ ᠨᠠᠪᠲᠠᠭ ᠰᠠᠪᠳᠠᠭ ᠢ ᠳᠡᠭᠡᠳᠦᠯᠡᠨ ᠲᠠᠬᠢᠵᠤ ᠵᠠᠯᠪᠠᠷᠢᠯ ᠳᠠᠭᠠᠳᠭᠠᠯ ᠢᠶᠠᠨ ᠬᠢᠳᠡᠭ ᠪᠥᠭᠡᠳ ᠠᠷᠢᠭᠤᠨ ᠰᠠᠩ ᠠᠮᠲᠠᠲᠤ ᠢᠳᠡᠭᠡᠨ ᠢᠶᠠᠨ ᠡᠷᠭᠦᠳᠡᠭ ᠃ ᠤᠪᠤᠭ᠎ᠠ ᠪᠣᠰᠭᠠᠬᠤ ᠳᠠᠭᠠᠨ ᠣᠷᠴᠢᠨ ᠲᠣᠭᠤᠷᠢᠨ ᠤ ᠪᠠᠨ ᠪᠠᠢᠭᠠᠯᠢ ᠶᠢᠨ ᠨᠥᠬᠦᠴᠡᠯ ᠪᠠᠢᠳᠠᠯ ᠢᠶᠠᠨ ᠦᠨᠳᠦᠰᠦᠯᠡᠨ ᠴᠢᠯᠠᠭᠤ ᠮᠣᠳᠤ ᠶᠢ ᠠᠰᠢᠭᠯᠠᠨ ᠪᠦᠲᠦᠭᠡᠳᠡᠭ ᠶᠣᠰᠤ ᠵᠢᠷᠤᠮ ᠲᠠᠢ ᠃ ᠥᠭᠡᠷ᠎ᠡ ᠭᠠᠵᠠᠷ ᠡᠴᠡ ᠠᠪᠴᠢᠷᠠᠭᠰᠠᠨ ᠮᠠᠲ᠋ᠧᠷᠢᠶᠠᠯ ᠢ ᠬᠡᠷᠡᠭᠯᠡᠬᠦ ᠦᠭᠡᠢ ᠃ ᠡᠢᠮᠦ ᠡᠴᠡ ᠮᠣᠩᠭᠤᠯᠴᠤᠳ ᠤᠪᠤᠭ᠎ᠠ ᠪᠠᠨ ᠨᠤᠲᠤᠭ ᠤᠰᠤᠨ ᠳᠠᠭᠠᠨ ᠤᠪᠤᠭ᠎ᠠ ᠪᠠᠨ ᠪᠣᠰᠭᠠᠳᠠᠭ ᠨᠢ ᠮᠣᠩᠭᠤᠯ ᠨᠤᠲᠤᠭ ᠤᠨ ᠵᠠᠩᠰᠢᠯ ᠪᠣᠯᠤᠨ᠎ᠠ ᠃ ᠵᠢᠱᠢᠶᠡᠯᠡᠪᠡᠯ ᠄ ᠶᠠᠮᠠᠷ ᠭᠠᠵᠠᠷ ᠤᠨ ᠤᠪᠤᠭ᠎ᠠ ᠶᠠᠮᠠᠷ ᠬᠣᠰᠢᠭᠤᠨ ᠤ ᠤᠪᠤᠭ᠎ᠠ ᠭᠡᠵᠦ ᠪᠠᠢᠬᠤ ᠡᠴᠡ ᠪᠢᠰᠢ ᠂ ᠶᠠᠮᠠᠷ ᠶᠠᠮᠠᠷ ᠵᠢᠶᠦ᠋ᠨ ᠰᠢᠶᠠᠨ ᠤ ᠤᠪᠤᠭ᠎ᠠ ᠭᠡᠵᠦ ᠪᠠᠢᠬᠤ ᠦᠭᠡᠢ ᠶᠤᠮ ᠃ ᠤᠴᠢᠷ ᠨᠢ ᠤᠪᠤᠭ᠎ᠠ ᠪᠣᠯ ᠮᠣᠩᠭᠤᠯ ᠭᠠᠵᠠᠷ ᠲᠤ ᠯᠠ ᠪᠠᠢᠳᠠᠭ ᠃

ᠣᠪᠤᠭᠠᠨ ᠤ ᠡᠭᠦᠰᠦᠯ ᠬᠢᠭᠡᠳ ᠲᠠᠬᠢᠯᠭ᠎ᠠ ᠶᠢᠨ ᠢᠷᠡᠯ

ᠣᠪᠤᠭᠠᠨ ᠤ ᠲᠠᠬᠢᠯᠭ᠎ᠠ ᠶᠢᠨ ᠢᠷᠡᠯ ᠡᠭᠦᠰᠦᠯ ᠪᠠ ᠲᠠᠬᠢᠯᠭ᠎ᠠ ᠶᠢᠨ ᠲᠤᠬᠠᠢ ᠣᠨ ᠲᠣᠭᠠᠯᠠᠯ ᠢ ᠨᠤᠲᠠᠯᠠᠬᠤ ᠪᠠᠲᠤᠲᠠᠢ ᠪᠠᠷᠢᠮᠲᠠ ᠬᠠᠷᠠᠬᠠᠨ ᠨᠠᠳᠠ ᠳᠤ ᠤᠯᠳᠠᠭᠠᠳᠤᠢ ᠪᠣᠯᠪᠠᠴᠤ ᠮᠣᠩᠭᠤᠯ ᠨᠤᠲᠤᠭ ᠤᠨ ᠠᠭᠤᠯᠠ ᠤᠰᠤᠨ ᠤ ᠳᠣᠮᠤᠭ ᠬᠢᠭᠡᠳ ᠲᠡᠦᠬᠡ ᠰᠤᠳᠤᠷ ᠤᠨ ᠵᠠᠷᠢᠮ ᠲᠡᠮᠳᠡᠭᠯᠡᠯ ᠢ ᠦᠨᠳᠦᠰᠦᠯᠡᠪᠡᠯ ᠂ ᠡᠷᠲᠡᠨ ᠤ ᠪᠠᠯᠠᠷᠯᠢᠭ ᠦᠶ᠎ᠡ ᠶᠢᠨ ᠰᠢᠲᠦᠯᠭᠡ ᠲᠠᠬᠢᠯᠭ᠎ᠠ ᠶᠢᠨ ᠵᠠᠩᠰᠢᠯ ᠡᠴᠡ ᠡᠭᠦᠰᠦᠯ ᠲᠠᠢ ᠭᠡᠵᠦ ᠦᠵᠡᠵᠦ ᠪᠠᠢᠨ᠎ᠠ ᠃ ᠲᠤᠬᠠᠢ ᠶᠢᠨ ᠦᠶ᠎ᠡ ᠳᠤ ᠬᠥᠮᠦᠰ ᠤᠨ ᠦᠵᠡᠯ ᠤᠬᠠᠮᠰᠠᠷ ᠪᠠᠯᠠᠷᠯᠢᠭ ᠂ ᠦᠢᠯᠡᠳᠪᠦᠷᠢᠯᠡᠯ ᠤᠨ ᠬᠦᠴᠦᠨ ᠲᠤᠶᠢᠯ ᠤᠨ ᠳᠣᠣᠷ᠎ᠠ ᠪᠠᠢᠵᠤ ᠬᠥᠮᠦᠰ ᠪᠦᠬᠦ ᠲᠠᠯ᠎ᠠ ᠪᠠᠷ ᠪᠠᠢᠭᠠᠯᠢ ᠶᠢ ᠲᠦᠰᠢᠭᠯᠡᠨ ᠣᠷᠤᠰᠢᠨ ᠠᠮᠢᠳᠤᠷᠠᠵᠤ ᠪᠠᠢᠭᠰᠠᠨ ᠡᠴᠡ ᠬᠡᠪᠲᠡᠵᠦ ᠪᠠᠢᠭ᠎ᠠ ᠪᠣᠯ ᠮᠢᠨᠦ ᠡᠬᠡ ᠭᠠᠵᠠᠷ ᠂ ᠳᠡᠭᠡᠷ᠎ᠡ ᠴᠠᠩᠬᠡᠷᠯᠠᠨ ᠬᠠᠷᠠᠭᠳᠠᠵᠤ ᠪᠠᠢᠭ᠎ᠠ ᠪᠣᠯ ᠮᠠᠨ ᠤ ᠡᠴᠢᠭᠡ ᠲᠡᠭᠷᠢ ᠬᠡᠮᠡᠨ ᠦᠵᠡᠳᠡᠭ ᠪᠠᠢᠭᠰᠠᠨ ᠠᠵᠢ ᠃ ᠡᠢᠮᠦ ᠡᠴᠡ ᠡᠬᠡ ᠪᠠᠢᠭᠠᠯᠢ ᠶᠢᠨ ᠠᠶᠠᠨᠳᠠᠭᠠᠨ ᠢᠯᠡᠷᠡᠬᠦ ᠠᠯᠢᠪᠠ ᠦᠵᠡᠭᠳᠡᠯ ᠂ ᠵᠢᠱᠢᠶᠡᠯᠡᠪᠡᠯ ᠬᠠᠷᠭᠤᠨ᠎ᠠ ᠠᠭᠤᠯᠠ ᠶᠢᠨ ᠯᠤᠪᠤᠨᠴᠢᠨᠪᠤ ᠶᠢᠨ ᠠᠭᠤᠢ ᠶᠢᠨ ᠡᠷᠭᠢᠨ ᠲᠣᠭᠤᠷᠢᠨ ᠣᠷᠤᠰᠢᠵᠤ ᠪᠠᠢᠳᠠᠭ ᠤᠯᠠᠭᠠᠨ ᠰᠤᠪᠤᠷᠭ᠎ᠠ ᠂ ᠣᠩᠭᠤᠨ ᠪᠤᠤᠷ᠎ᠠ ᠵᠡᠷᠭᠡ ᠪᠣᠯ ᠪᠦᠷ ᠲᠠᠢᠯᠪᠤᠷᠢᠯᠠᠵᠤ ᠴᠢᠳᠠᠭᠠᠳᠤᠢ ᠣᠨᠢᠰᠤᠭ᠎ᠠ ᠪᠠᠢᠵᠤ ᠭᠠᠶᠢᠬᠠᠵᠤ ᠰᠣᠨᠢᠷᠬᠠᠬᠤ ᠶᠢᠨ ᠤᠯᠠᠮ ᠡᠴᠡ ᠠᠶᠤᠬᠤ ᠪᠢᠰᠢᠷᠡᠬᠦ ᠰᠦᠰᠦᠭᠯᠡᠬᠦ ᠂ ᠲᠤᠬᠠᠶᠢᠯᠠᠪᠠᠯ ᠨᠠᠷᠠ ᠂ ᠰᠠᠷᠠ ᠂ ᠰᠠᠯᠬᠢ ᠂ ᠪᠣᠷᠤᠭᠠᠨ ᠂ ᠠᠶᠤᠩᠭ᠎ᠠ ᠴᠠᠬᠢᠯᠭᠠᠨ ᠂ ᠠᠪᠤᠷᠭᠤ ᠲᠣᠮᠤ ᠠᠮᠢᠲᠠᠨ ᠂ ᠠᠷᠢᠶᠠᠲᠠᠨ ᠵᠢᠭᠦᠷᠲᠡᠨ ᠂ ᠤᠷᠭᠤᠮᠠᠯ ᠁ ᠵᠡᠷᠭᠡ ᠶᠢ ᠬᠦᠷᠲᠡᠯ᠎ᠡ ᠲᠠᠢᠯᠪᠤᠷᠢᠯᠠᠵᠤ ᠴᠢᠳᠠᠬᠤ ᠦᠭᠡᠢ ᠲᠤᠯᠠ ᠬᠥᠮᠦᠨ ᠤ ᠦᠵᠡᠯ ᠲᠠᠨᠢᠯᠲᠠ ᠶᠢᠨ ᠬᠤᠪᠢ ᠳᠤ ᠬᠠᠮᠤᠭ ᠤᠨ ᠠᠩᠬᠠᠨ ᠤ ᠰᠢᠲᠦᠯᠭᠡ ᠶᠢᠨ ᠤᠬᠠᠭᠳᠠᠬᠤᠨ ᠪᠤᠢ ᠪᠣᠯᠤᠭᠰᠠᠨ ᠪᠠᠢᠨ᠎ᠠ ᠃ ᠶᠠᠭ ᠡᠢᠮᠦᠷᠬᠦᠦ ᠰᠠᠭᠤᠷᠢᠨ ᠳᠡᠭᠡᠷ᠎ᠡ ᠪᠥᠬᠡ ᠮᠥᠷᠭᠦᠯ ᠠᠯᠭᠤᠷ ᠠᠭᠠᠵᠢᠮ ᠢᠶᠠᠷ ᠡᠭᠦᠰᠦᠨ ᠪᠦᠷᠢᠯᠳᠦᠵᠦ ᠂ ᠳᠡᠭᠡᠳᠦ ᠲᠡᠭᠷᠢ ᠂ ᠠᠭᠤᠯᠠ ᠤᠰᠤ ᠁ ᠵᠡᠷᠭᠡ ᠶᠢ ᠤᠤᠯ ᠡᠴᠡ ᠨᠢ ᠡᠵᠡᠳ ᠰᠠᠬᠢᠭᠤᠯᠰᠤᠨ ᠲᠠᠢ ᠬᠡᠮᠡᠨ ᠦᠵᠡᠵᠦ ᠂ ᠰᠡᠳᠭᠢᠯᠴᠢ ᠦᠵᠡᠯ ᠢᠶᠠᠷ ᠲᠠᠶᠢᠯᠪᠤᠷᠢᠯᠠᠭᠠᠳ ᠂ ᠲᠡᠳᠡᠭᠡᠷ ᠢ ᠰᠢᠳᠦᠨ ᠲᠠᠬᠢᠬᠤ ᠪᠣᠯᠤᠭᠰᠠᠨ ᠶᠤᠮ ᠃ ᠡᠨᠡ ᠲᠤᠬᠠᠢ ᠰᠤᠷᠪᠤᠯᠵᠢ ᠪᠢᠴᠢᠭ᠌ ᠲᠤ ᠠᠷᠪᠢᠨ ᠢᠯᠡᠷᠡᠵᠦ ᠪᠠᠢᠳᠠᠭ ᠃ ᠡᠭᠦᠨ ᠳᠤ ︽ ᠰᠤᠳᠤᠷ ᠲᠡᠮᠳᠡᠭᠯᠡᠯ ᠂ ᠾᠧᠩᠨᠦ ᠶᠢᠨ ᠨᠠᠮᠲᠠᠷ ︾ ᠲᠤ ︽ ᠲᠠᠪᠤᠳᠤᠭᠠᠷ ᠰᠠᠷ᠎ᠠ ᠳᠤ ᠯᠦᠩᠴᠧᠩ ᠬᠣᠲᠠ ᠳᠡᠭᠡᠷ᠎ᠡ ᠶᠡᠬᠡ ᠴᠢᠭᠤᠯᠭᠠᠨ ᠪᠣᠯᠵᠤ ᠂ ᠲᠡᠳᠡ ᠡᠪᠦᠭᠡ ᠳᠡᠭᠡᠳᠦᠰ ᠂ ᠲᠡᠭᠷᠢ ᠭᠠᠵᠠᠷ ᠂ ᠣᠷᠤᠨ ᠰᠠᠬᠢᠭᠤᠯᠰᠤᠨ ᠢᠶᠠᠨ ᠲᠠᠬᠢᠮᠤᠢ ︾ ᠭᠡᠵᠡᠢ ᠃ ᠪᠠᠰᠠ ᠂ ︽ ᠵᠡᠭᠦᠨ ᠬᠠᠨ ᠤᠯᠤᠰ ᠤᠨ ᠪᠢᠴᠢᠭ᠌ ︾ ᠲᠤ ︽ ᠾᠧᠩᠨᠦᠴᠤᠳ ᠴᠠᠭᠠᠨ ᠰᠠᠷ᠎ᠠ ᠂ ᠶᠢᠰᠦᠨ ᠰᠠᠷ᠎ᠠ ᠳᠤ ᠴᠢᠭᠤᠯᠭᠠᠨ ᠪᠣᠯᠵᠤ ᠲᠠᠬᠢᠯᠭ᠎ᠠ ᠬᠢᠬᠦ ᠳᠡᠭᠡᠨ ᠮᠣᠷᠢ ᠳᠠᠪᠬᠢᠭᠤᠯᠵᠤ ᠲᠡᠮᠡᠭᠡ ᠤᠷᠤᠯᠳᠤᠳᠠᠭ ︾ ᠭᠡᠵᠡᠢ ᠃ ᠲᠠᠩ ᠤᠯᠤᠰ ᠤᠨ ᠶᠡᠬᠡ ᠡᠷᠳᠡᠮᠲᠡᠨ ᠶᠠᠨ ᠰᠢ ᠬᠦ ᠾᠧᠩᠨᠦ ᠶᠢᠨ ᠵᠠᠩᠰᠢᠯ ᠢ ᠲᠠᠶᠢᠯᠪᠤᠷᠢᠯᠠᠬᠤ ᠳᠠᠭᠠᠨ ︽ ᠮᠣᠳᠤ ᠦᠭᠡᠢ ᠪᠣᠯᠪᠠᠰᠤ ᠪᠤᠷᠭᠠᠰᠤᠨ ᠤ ᠨᠠᠮᠠᠭ᠎ᠠ ᠶᠢ ᠬᠠᠳᠭᠤᠵᠤ ᠤᠷᠤᠯᠠᠭᠤᠯᠤᠮᠤᠢ ᠃ ᠤᠪᠤᠭ᠎ᠠ ᠪᠠᠨ ᠭᠤᠷᠪᠠᠨᠲᠠ ᠲᠣᠭᠤᠷᠢᠭᠰᠠᠨ ᠤ ᠳᠠᠷᠠᠭ᠎ᠠ ᠵᠣᠭᠰᠤᠮᠤᠢ ᠃ ᠡᠨᠡ ᠪᠣᠯᠪᠠᠰᠤ ᠲᠡᠳᠡᠨ ᠤ ᠤᠯᠠᠮᠵᠢᠯᠠᠯᠲᠤ ᠵᠠᠩᠰᠢᠯ ᠪᠣᠯᠤᠮᠤᠢ ︾ ᠭᠡᠵᠡᠢ ᠃

ᠣᠪᠤᠭᠠᠨ ᠤ ᠲᠥᠷᠦᠯ

ᠤᠪᠤᠭ᠎ᠠ ᠶᠢ ᠲᠠᠬᠢᠯᠭ᠎ᠠ ᠲᠠᠢ ᠤᠪᠤᠭ᠎ᠠ ᠪᠠ ᠲᠠᠬᠢᠯᠭ᠎ᠠ ᠦᠭᠡᠢ ᠤᠪᠤᠭ᠎ᠠ ᠭᠡᠵᠦ ᠬᠣᠶᠠᠷ ᠬᠤᠪᠢᠶᠠᠳᠠᠭ ᠃ ᠡᠨᠡ ᠬᠣᠶᠠᠷ ᠵᠦᠢᠯ ᠤᠨ ᠣᠪᠤᠭᠠᠨ ᠤ ᠳᠣᠲᠤᠷ᠎ᠠ ᠪᠠᠰᠠ ᠠᠳᠠᠯᠢ ᠪᠤᠰᠤ ᠵᠣᠷᠢᠯᠭ᠎ᠠ ᠲᠠᠢ ᠪᠣᠰᠭᠠᠭᠳᠠᠭᠰᠠᠨ ᠤᠯᠠᠨ ᠵᠦᠢᠯ ᠤᠨ ᠤᠪᠤᠭ᠎ᠠ ᠪᠠᠢᠳᠠᠭ ᠃ ᠡᠭᠦᠨ ᠳᠤ ᠲᠡᠭᠷᠢ ᠶᠢᠨ ᠤᠪᠤᠭ᠎ᠠ ᠂ ᠣᠪᠤᠭ ᠠᠢᠮᠠᠭ ᠤᠨ ᠤᠪᠤᠭ᠎ᠠ ᠂ ᠵᠠᠩᠵᠤᠨ ᠤᠪᠤᠭ᠎ᠠ ᠂ ᠠᠯᠪᠠᠨ ᠤ ᠤᠪᠤᠭ᠎ᠠ ᠂ ᠰᠦᠮ᠎ᠡ ᠬᠡᠶᠢᠳ ᠤᠨ ᠤᠪᠤᠭ᠎ᠠ ᠂ ᠳᠤᠷᠠᠰᠭᠠᠯ ᠤᠨ ᠤᠪᠤᠭ᠎ᠠ ᠂ ᠬᠤᠷᠠᠬᠤ ᠶᠢᠨ ᠤᠪᠤᠭ᠎ᠠ ᠂ ᠣᠩᠭᠤᠨ ᠤᠪᠤᠭ᠎ᠠ ᠂ ᠰᠦᠯᠳᠡ ᠶᠢᠨ ᠤᠪᠤᠭ᠎ᠠ ᠂ ᠨᠠᠭᠤᠷ ᠤᠰᠤᠨ ᠤ ᠤᠪᠤᠭ᠎ᠠ ᠂ ᠲᠡᠮᠳᠡᠭ ᠤᠨ ᠤᠪᠤᠭ᠎ᠠ ᠂ ᠨᠣᠶᠠᠨ ᠤ ᠤᠪᠤᠭ᠎ᠠ ᠂ ᠠᠢᠯ ᠤᠰᠤᠨ ᠤ ᠤᠪᠤᠭ᠎ᠠ ᠂ ᠵᠢᠷᠤᠬᠠᠢ ᠶᠢᠨ ᠤᠪᠤᠭ᠎ᠠ ᠂ ᠬᠡᠦᠬᠡᠳ ᠤᠨ ᠤᠪᠤᠭ᠎ᠠ ᠂ ᠮᠠᠯ ᠤᠨ ᠤᠪᠤᠭ᠎ᠠ ᠂ ᠠᠪᠠ ᠠᠩᠨᠠᠭᠤᠷ ᠤᠨ ᠤᠪᠤᠭ᠎ᠠ ᠂ ᠠᠮᠢᠲᠠᠨ ᠤᠷᠭᠤᠮᠠᠯ ᠤᠨ ᠤᠪᠤᠭ᠎ᠠ ᠂ ᠬᠠᠷᠢᠶᠠᠯ ᠤᠨ ᠤᠪᠤᠭ᠎ᠠ ᠂ ᠲᠠᠩᠭᠠᠷᠢᠭ ᠤᠨ ᠤᠪᠤᠭ᠎ᠠ ᠂ ᠰᠢᠯᠢ ᠶᠢᠨ ᠰᠠᠶᠢᠨ ᠡᠷᠡᠴᠦᠳ ᠤᠨ ᠤᠪᠤᠭ᠎ᠠ ᠂ ᠨᠤᠷᠵᠢᠨ ᠤᠪᠤᠭ᠎ᠠ ᠵᠡᠷᠭᠡ ᠪᠠᠢᠳᠠᠭ ᠃ ᠡᠳᠡᠭᠡᠷ ᠣᠪᠤᠭᠠᠨ ᠤ ᠪᠦᠲᠦᠴᠡ ᠪᠠᠷ ᠨᠢ ᠲᠦᠷᠦᠭᠦᠦ ᠤᠪᠤᠭ᠎ᠠ ᠂ ᠬᠣᠶᠠᠷ ᠤᠪᠤᠭ᠎ᠠ ᠂ ᠭᠤᠷᠪᠠᠨ ᠤᠪᠤᠭ᠎ᠠ ᠂ ᠳᠥᠷᠪᠡᠨ ᠤᠪᠤᠭ᠎ᠠ ᠂ ᠲᠠᠪᠤᠨ ᠤᠪᠤᠭ᠎ᠠ ᠂ ᠳᠣᠯᠤᠭᠠᠨ ᠤᠪᠤᠭ᠎ᠠ ᠂ ᠭᠤᠴᠢᠨ ᠭᠤᠷᠪᠠᠨ ᠤᠪᠤᠭ᠎ᠠ ᠂ ᠤᠯᠠᠨ ᠤᠪᠤᠭ᠎ᠠ ᠭᠡᠬᠦ ᠮᠡᠲᠦ ᠪᠠᠷ ᠠᠩᠬᠢᠯᠵᠤ ᠂ ᠡᠭᠦᠨ ᠳᠤ ᠲᠦᠷᠦᠭᠦᠦ ᠤᠪᠤᠭ᠎ᠠ ᠡᠴᠡ ᠪᠤᠰᠤᠳ ᠤᠪᠤᠭ᠎ᠠ ᠨᠢ ᠤᠯᠠᠨ ᠪᠠᠭ᠎ᠠ ᠤᠪᠤᠭ᠎ᠠ ᠪᠠᠷ ᠪᠦᠷᠢᠯᠳᠦᠨ᠎ᠡ ᠃ ᠪᠠᠭ᠎ᠠ ᠤᠪᠤᠭ᠎ᠠ ᠨᠢ ᠪᠠᠰᠠ ᠱᠠᠪᠢ ᠤᠪᠤᠭ᠎ᠠ ᠂ ᠭᠠᠷᠴᠠᠭ ᠤᠪᠤᠭ᠎ᠠ ᠂ ᠬᠠᠷᠠᠭᠤᠯ ᠤᠪᠤᠭ᠎ᠠ ᠂ ᠬᠤᠶᠠᠭ ᠤᠪᠤᠭ᠎ᠠ ᠂ ᠰᠦᠪᠡᠭᠡ ᠤᠪᠤᠭ᠎ᠠ ᠂ ᠳᠠᠭᠠᠯᠲᠠ ᠤᠪᠤᠭ᠎ᠠ ᠭᠡᠳᠡᠭ ᠃ ᠭᠣᠣᠯ ᠤᠪᠤᠭ᠎ᠠ ᠶᠢ ᠪᠠᠰᠠ ᠶᠡᠬᠡ ᠤᠪᠤᠭ᠎ᠠ ᠪᠦᠳᠦᠭᠦᠨ ᠤᠪᠤᠭ᠎ᠠ ᠂ ᠨᠣᠶᠠᠨ ᠤᠪᠤᠭ᠎ᠠ ᠂ ᠵᠠᠩᠵᠤᠨ ᠤᠪᠤᠭ᠎ᠠ ᠂ ᠲᠥᠪ ᠤᠪᠤᠭ᠎ᠠ ᠭᠡᠵᠦ ᠤᠯᠠᠨ ᠶᠠᠩᠵᠤ ᠪᠠᠷ ᠬᠡᠯᠡᠳᠡᠭ ᠃

ᠣᠪᠤᠭᠠᠨ ᠲᠠᠬᠢᠯᠭ᠎ᠠ

ᠣᠪᠤᠭᠠᠨ ᠲᠠᠬᠢᠯᠭ᠎ᠠ ᠨᠢ ᠨᠡᠢᠭᠡᠮ ᠤᠨ ᠠᠳᠠᠯᠢ ᠪᠤᠰᠤ ᠱᠠᠲᠤ ᠦᠶ᠎ᠡ ᠳᠤ ᠰᠤᠷᠲᠠᠬᠤᠨ ᠤ ᠰᠢᠲᠦᠯᠭᠡ ᠶᠢᠨ ᠨᠢᠭᠡ ᠬᠡᠯᠪᠡᠷᠢ ᠪᠣᠯᠤᠭᠰᠠᠭᠠᠷ ᠢᠷᠡᠭᠰᠡᠨ ᠪᠣᠯᠪᠠᠴᠤ ᠤᠯᠠᠷᠢᠯ ᠤᠨ ᠲᠠᠯ᠎ᠠ ᠪᠠᠷ ᠬᠢᠵᠠᠭᠠᠷ ᠲᠠᠢ ᠪᠠᠢᠵᠤ ᠂ ᠵᠤᠨ ᠨᠠᠮᠤᠷ ᠤᠨ ᠳᠡᠯᠭᠡᠷ ᠰᠠᠶᠢᠬᠠᠨ ᠴᠠᠭ ᠲᠤ ᠬᠤᠯᠠ ᠤᠶᠢᠷ᠎ᠠ ᠶᠢᠨ ᠠᠷᠠᠳ ᠤᠯᠠᠨ ᠢᠶᠠᠷ ᠢᠶᠠᠨ ᠴᠤᠭᠯᠠᠷᠠᠨ ᠨᠤᠲᠤᠭ ᠤᠰᠤ ᠪᠠᠨ ᠪᠠᠶᠠᠰᠭᠠᠨ ᠣᠪᠤᠭᠠᠨ ᠳᠤ ᠭᠠᠷᠳᠠᠭ ᠮᠣᠩᠭᠤᠯ ᠤᠨ ᠰᠠᠶᠢᠬᠠᠨ ᠤᠯᠠᠮᠵᠢᠯᠠᠯ ᠢᠶᠠᠨ ᠡᠳᠦᠭᠡ ᠪᠣᠯᠲᠠᠯ᠎ᠠ ᠬᠠᠳᠠᠭᠠᠯᠠᠭᠰᠠᠭᠠᠷ ᠢᠷᠡᠭᠰᠡᠨ ᠪᠠᠢᠨ᠎ᠠ ᠃ ᠲᠡᠭᠡᠪᠡᠯ ᠤᠪᠤᠭ᠎ᠠ ᠶᠢ ᠶᠠᠭᠤᠨ ᠤ ᠤᠴᠢᠷ ᠡᠴᠡ ᠡᠪᠦᠯ ᠬᠠᠪᠤᠷ ᠤᠨ ᠤᠯᠠᠷᠢᠯ ᠲᠠᠬᠢᠳᠠᠭ ᠦᠭᠡᠢ ᠪᠤᠢ ︖ ᠡᠭᠦᠨ ᠳᠤ ᠰᠢᠨᠵᠢᠯᠡᠬᠦ ᠤᠬᠠᠭᠠᠨᠴᠢ ᠬᠠᠷᠢᠭᠤᠯᠲᠠ ᠥᠭᠬᠦ ᠴᠢᠬᠤᠯᠠ ᠲᠠᠢ ᠪᠠᠢᠨ᠎ᠠ ᠃ ᠡᠷᠲᠡ ᠦᠶ᠎ᠡ ᠶᠢᠨ ᠠᠩᠨᠠᠯ ᠮᠠᠯᠵᠢᠯ ᠤᠨ ᠠᠵᠤ ᠠᠬᠤᠢ ᠳᠠᠬᠢ ᠠᠩᠬᠠᠨ ᠤ ᠬᠥᠮᠦᠰ ᠂ ᠪᠠᠢᠭᠠᠯᠢ ᠶᠢ ᠲᠦᠰᠢᠭᠯᠡᠨ ᠣᠷᠤᠰᠢᠨ ᠠᠮᠢᠳᠤᠷᠠᠵᠤ ᠡᠯᠳᠡᠪ ᠵᠦᠢᠯ ᠤᠨ ᠭᠠᠢ ᠵᠣᠪᠠᠯᠠᠩ ᠂ ᠵᠤᠳ ᠭᠠᠮᠰᠢᠭ ᠢ ᠲᠤᠭᠤᠯᠵᠤ ᠭᠠᠷᠬᠤ ᠨᠢ ᠲᠡᠢᠮᠦ ᠬᠢᠯᠪᠠᠷᠬᠠᠨ ᠶᠠᠪᠤᠳᠠᠯ ᠪᠢᠰᠢ ᠃ ᠡᠢᠮᠦ ᠡᠴᠡ ᠮᠠᠯ ᠤᠨᠤᠭ᠎ᠠ ᠨᠢ ᠲᠠᠷᠭᠤᠯᠠᠨ ᠂ ᠰᠦ ᠰᠠᠭᠠᠯᠢ ᠤᠨᠳᠤᠷᠴᠤ ᠂ ᠬᠤᠸᠠᠷ ᠴᠡᠴᠡᠭ ᠳᠡᠯᠭᠡᠷᠡᠨ ᠂ ᠠᠭᠤᠯᠠ ᠤᠰᠤᠨ ᠳᠤᠨᠢ ᠥᠩᠭᠡ ᠦᠵᠡᠮᠵᠢ ᠪᠦᠷᠢᠯᠳᠦᠭᠰᠡᠨ ᠡᠯᠪᠡᠭ ᠪᠠᠶᠠᠨ ᠵᠤᠨ ᠤ ᠤᠯᠠᠷᠢᠯ ᠢ ᠤᠭᠲᠤᠬᠤ ᠶᠢ ᠲᠤᠬᠠᠢ ᠶᠢᠨ ᠦᠶ᠎ᠡ ᠳᠤ ᠠᠪᠴᠤ ᠬᠡᠯᠡᠪᠡᠯ ᠥᠪᠡᠷ ᠤᠨ ᠡᠷᠬᠡ ᠦᠭᠡᠢ ᠪᠠᠶᠠᠰᠤᠨ ᠨᠤᠲᠤᠭ ᠤᠰᠤ ᠪᠠᠨ ᠪᠠᠬᠠᠷᠠᠨ ᠪᠢᠰᠢᠷᠡᠵᠦ ᠂ ᠬᠠᠢᠷᠠᠯᠠᠨ ᠬᠦᠨᠳᠦᠳᠭᠡᠬᠦ ᠨᠢ ᠵᠠᠢᠯᠠᠰᠢ ᠦᠭᠡᠢ ᠶᠤᠮ ᠃ ᠠᠷᠠᠳ ᠤᠨ ᠰᠡᠴᠡᠨ ᠦᠭᠡᠨ ᠳᠤ ︽ ᠥᠨᠳᠦᠷ ᠳᠡᠭᠡᠷ᠎ᠡ ᠭᠠᠷᠪᠠᠯ ᠨᠢᠭᠡ ᠶᠢ ᠦᠵᠡᠨ᠎ᠡ ᠂ ᠥᠷᠯᠦᠭᠡ ᠡᠷᠲᠡ ᠪᠣᠰᠪᠠᠯ ᠬᠣᠶᠠᠷ ᠢ ᠰᠣᠨᠤᠰᠤᠨ᠎ᠠ ︾ ᠭᠡᠳᠡᠭ ᠃ ᠮᠣᠩᠭᠤᠯ ᠵᠦᠢᠷ ᠰᠡᠴᠡᠨ ᠦᠭᠡᠨ ᠳᠤ ᠪᠠᠰᠠ ︽ ᠥᠷᠯᠦᠭᠡ ᠡᠷᠲᠡ ᠪᠣᠰᠬᠤ ᠦᠭᠡᠢ ᠪᠣᠯ ᠡᠳᠦᠷ ᠤᠨ ᠠᠵᠢᠯ ᠰᠠᠭᠠᠲᠠᠨ᠎ᠠ ᠂ ᠥᠰᠬᠦ ᠨᠠᠰᠤᠨ ᠳᠠᠭᠠᠨ ᠰᠤᠷᠬᠤ ᠦᠭᠡᠢ ᠪᠣᠯ ᠨᠠᠰᠤᠨ ᠤ ᠶᠠᠪᠤᠳᠠᠯ ᠬᠣᠵᠢᠮᠳᠠᠨ᠎ᠠ ︾ ᠭᠡᠳᠡᠭᠴᠢᠯᠡᠨ ᠨᠡᠭᠦᠳᠡᠯᠴᠢᠨ ᠮᠠᠯᠴᠢᠳ ᠤᠨ ᠲᠠᠬᠤ ᠳᠣᠲᠤᠷᠠᠬᠢ ᠬᠦᠦ ᠂ ᠲᠠᠬᠢ ᠳᠣᠲᠤᠷᠠᠬᠢ ᠬᠦᠯᠦᠭ ᠢᠶᠠᠨ ᠰᠣᠩᠭᠤᠬᠤ ᠳᠤ ᠴᠤ ᠲᠣᠬᠢᠯᠢᠭ ᠰᠠᠶᠢᠬᠠᠨ ᠤᠯᠠᠷᠢᠯ ᠪᠣᠯᠬᠤ ᠶᠢ ᠰᠣᠩᠭᠤᠳᠠᠭ ᠰᠠᠨ ᠃ ᠡᠨᠡ ᠨᠢ ᠪᠣᠳᠠᠲᠤ ᠠᠮᠢᠳᠤᠷᠠᠯ ᠤᠨ ᠨᠥᠬᠦᠴᠡᠯ ᠡᠴᠡ ᠪᠠᠨ ᠪᠣᠯᠤᠭᠰᠠᠨ ᠳᠣᠲᠤᠭᠠᠳᠤ ᠰᠡᠳᠭᠢᠯᠭᠡ ᠶᠢᠨ ᠬᠢᠨᠢ ᠪᠣᠷᠤᠭᠵᠢᠭᠤᠨ ᠦᠵᠡᠯ ᠤᠨ ᠢᠯᠡᠷᠡᠯ ᠪᠣᠯᠬᠤ ᠶᠤᠮ ᠃ ᠶᠠᠭ ᠡᠳᠡᠭᠡᠷ ᠤᠴᠢᠷ ᠰᠢᠯᠲᠠᠭᠠᠨ ᠡᠴᠡ ᠪᠣᠯᠵᠤ ᠂ ᠣᠪᠤᠭᠠᠨ ᠲᠠᠬᠢᠯᠭ᠎ᠠ ᠨᠢ ᠡᠷᠲᠡᠨ ᠤ ᠮᠣᠩᠭᠤᠯᠴᠤᠳ ᠤᠨ ᠴᠤᠷ ᠤᠨ ᠭᠠᠭᠴᠠ ᠤᠯᠠᠨ ᠲᠦᠮᠡᠨᠴᠢ ᠴᠢᠨᠠᠷᠲᠠᠢ ᠴᠤᠭᠯᠠᠭᠠᠨ ᠪᠠᠢᠵᠤ ᠂ ᠡᠭᠦᠨ ᠢᠶᠠᠷ ᠢᠶᠠᠨ ᠳᠠᠮᠵᠢᠭᠤᠯᠤᠨ ᠠᠢᠮᠠᠭ ᠪᠦᠯᠦᠭ ᠤᠨ ᠬᠣᠭᠤᠷᠤᠨᠳᠤᠬᠢ ᠬᠠᠷᠢᠴᠠᠭ᠎ᠠ ᠬᠣᠯᠪᠤᠭ᠎ᠠ ᠪᠠᠨ ᠨᠢᠭᠲᠠᠷᠠᠭᠤᠯᠵᠤ ᠂ ᠨᠤᠲᠤᠭ ᠤᠰᠤᠨ ᠤ ᠳᠤᠮᠳᠠᠬᠢ ᠡᠯ᠎ᠡ ᠵᠦᠢᠯ ᠤᠨ ᠵᠥᠷᠢᠴᠡᠯ ᠮᠥᠷᠭᠦᠯᠳᠦᠭᠡᠨ ᠢ ᠰᠢᠢᠳᠪᠦᠷᠢᠯᠡᠬᠦ ᠂ ᠬᠠᠷᠢᠯᠴᠠᠨ ᠲᠠᠨᠢᠯᠴᠠᠵᠤ ᠤᠷᠤᠭ ᠰᠠᠳᠤᠨ ᠤ ᠬᠡᠯᠬᠢᠶ᠎ᠡ ᠰᠦᠯᠪᠡᠭᠡ ᠪᠠᠢᠭᠤᠯᠬᠤ ᠵᠡᠷᠭᠡ ᠬᠥᠮᠦᠰ ᠤᠨ ᠬᠦᠰᠡᠯ ᠱᠠᠭᠠᠷᠳᠠᠯᠭ᠎ᠠ ᠶᠢ ᠲᠥᠯᠦᠭᠡᠯᠡᠭᠰᠡᠨ ᠠᠯᠢ ᠤᠯᠠᠨ ᠠᠭᠤᠯᠭ᠎ᠠ ᠪᠠᠭᠲᠠᠭᠠᠵᠤ ᠪᠠᠢᠵᠠᠢ ᠃ ᠡᠨᠡ ᠨᠢ ᠲᠤᠬᠠᠢ ᠶᠢᠨ ᠦᠶ᠎ᠡ ᠶᠢᠨ ᠪᠣᠳᠠᠲᠠᠢ ᠨᠥᠬᠦᠴᠡᠯ ᠳᠣᠣᠷ᠎ᠠ ᠮᠣᠩᠭᠤᠯᠴᠤᠳ ᠤᠨ ᠥᠪᠡᠷᠮᠢᠴᠡ ᠣᠨᠴᠠᠯᠢᠭ ᠬᠢᠭᠡᠳ ᠭᠠᠵᠠᠷ ᠤᠰᠤᠨ ᠤ ᠵᠠᠩ ᠳᠠᠳᠭᠠᠯ ᠂ ᠰᠣᠶᠤᠯ ᠲᠠᠮᠢᠷ ᠁ ᠵᠡᠷᠭᠡ ᠤᠯᠠᠨ ᠲᠠᠯ᠎ᠠ ᠳᠤ ᠲᠣᠬᠢᠷᠠᠭᠰᠠᠨ ᠥᠷᠭᠡᠨ ᠳᠡᠯᠭᠡᠷ ᠂ ᠠᠷᠠᠳᠴᠢᠯᠠᠯ ᠲᠠᠢ ᠴᠤᠭᠯᠠᠭᠠᠨ ᠪᠤᠯᠤᠨ ᠬᠡᠪᠰᠢᠭᠰᠡᠨ ᠪᠠᠢᠨ᠎ᠠ ᠃ ᠡᠢᠮᠦ ᠤᠴᠢᠷ ᠡᠴᠡ ᠣᠪᠤᠭᠠᠨ ᠲᠠᠬᠢᠯᠭ᠎ᠠ ᠨᠢ ᠤᠷᠲᠤ ᠤᠳᠠᠭᠠᠨ ᠲᠡᠦᠬᠡᠨ ᠬᠤᠭᠤᠴᠠᠭᠠᠨ ᠳᠤ ᠣᠷᠤᠰᠢᠨ ᠲᠤᠭᠲᠠᠨᠢᠵᠤ ᠂ ᠠᠳᠠᠯᠢ ᠪᠤᠰᠤ ᠠᠭᠤᠯᠭ᠎ᠠ ᠪᠠ ᠬᠡᠯᠪᠡᠷᠢ ᠮᠠᠶᠢᠭ ᠢᠶᠠᠷ ᠤᠯᠠᠷᠢᠨ ᠬᠥᠭᠵᠢᠵᠦ ᠢᠷᠡᠭᠰᠡᠨ ᠪᠢᠯᠡ ᠃ ᠤᠪᠤᠭ᠎ᠠ ᠶᠢ ᠠᠮᠢᠳᠤᠷᠠᠯ ᠲᠠᠢ ᠪᠠᠨ ᠬᠣᠯᠪᠤᠵᠤ ᠰᠡᠳᠭᠢᠯ ᠰᠠᠨᠠᠭ᠎ᠠ ᠪᠤᠯᠤᠨ ᠮᠥᠷᠦᠭᠡᠳᠦᠯ ᠬᠦᠰᠡᠯ ᠢᠶᠠᠨ ᠢᠯᠡᠳᠭᠡᠭᠰᠡᠨ ᠠᠷᠠᠳ ᠤᠨ ᠳᠠᠭᠤᠤ ᠨᠤᠭᠤᠳ ᠭᠠᠵᠠᠷ ᠪᠣᠯᠭᠠᠨ ᠳᠤ ᠤᠯᠠᠨ ᠪᠠᠢᠳᠠᠭ ᠃ ᠣᠪᠤᠭᠠᠨ ᠲᠠᠬᠢᠯᠭ᠎ᠠ ᠶᠢᠨ ᠤᠯᠠᠮᠵᠢᠯᠠᠯᠲᠤ ᠣᠨᠴᠠᠯᠢᠭ ᠤᠨ ᠲᠠᠯ᠎ᠠ ᠪᠠᠷ ᠤᠷᠲᠤ ᠤᠳᠠᠭᠠᠨ ᠶᠠᠪᠤᠴᠠ ᠳᠤ ᠠᠳᠠᠯᠢ ᠪᠤᠰᠤ ᠤᠯᠤᠰ ᠲᠥᠷᠦ ᠂ ᠱᠠᠰᠢᠨ ᠰᠤᠷᠲᠠᠬᠤᠨ ᠢ ᠳᠠᠮᠵᠢᠵᠤ ᠤᠯᠠᠷᠢᠨ ᠬᠤᠪᠢᠷᠠᠭᠰᠠᠭᠠᠷ ᠢᠷᠡᠭᠰᠡᠨ ᠶᠤᠮ ᠃

ᠲᠡᠭᠷᠢ ᠶᠢᠨ ᠤᠪᠤᠭ᠎ᠠ ᠶᠢᠨ ᠲᠤᠬᠠᠢ

ᠪᠥᠬᠡ ᠮᠥᠷᠭᠦᠯ ᠤᠨ ᠨᠣᠮᠯᠠᠯ ᠢᠶᠠᠷ ᠲᠡᠭᠷᠢ ᠶᠢ ᠰᠢᠲᠦᠵᠦ ᠂ ᠲᠡᠭᠷᠢ ᠳᠤ ᠲᠠᠬᠢᠯ ᠡᠷᠭᠦᠳᠡᠭ ᠶᠡᠨᠳᠡᠷ ᠂ ᠲᠡᠭᠷᠢ ᠶᠢᠨ ᠤᠪᠤᠭ᠎ᠠ ᠮᠣᠩᠭᠤᠯᠴᠤᠳ ᠤᠨ ᠤᠯᠠᠨ ᠣᠪᠤᠭᠠᠨ ᠤ ᠳᠣᠲᠤᠷ᠎ᠠ ᠬᠠᠮᠤᠭ ᠤᠨ ᠠᠩᠬᠠᠨ ᠤ ᠤᠪᠤᠭ᠎ᠠ ᠳᠤ ᠲᠣᠭᠠᠴᠠᠭᠳᠠᠨ᠎ᠠ ᠃ ᠲᠡᠦᠬᠡ ᠲᠡᠮᠳᠡᠭᠯᠡᠯ ᠨᠣᠮ ᠰᠤᠳᠤᠷ ᠡᠴᠡ ᠦᠵᠡᠪᠡᠯ ᠂ ᠬᠠᠯᠬ᠎ᠠ ᠶᠢᠨ ᠳᠣᠷᠤᠨᠠᠳᠤ ᠠᠢᠮᠠᠭ ᠤᠨ ᠬᠠᠯᠬ᠎ᠠ ᠭᠣᠣᠯ ᠤᠨ ᠬᠠᠪᠢ ᠶᠢᠨ ᠭᠠᠯᠵᠤᠳ ᠂ ᠪᠤᠯᠠᠭᠠᠨ ᠠᠢᠮᠠᠭ ᠤᠨ ᠬᠠᠩᠭᠠᠳ ᠂ ᠰᠥᠨᠢᠳ ᠤᠨ ᠳ᠋ᠢᠴᠤᠳ ᠂ ᠣᠷᠳᠤᠰ ᠤᠨ ᠨᠠᠷᠠᠴᠤᠳ ᠂ ᠪᠠᠷᠭᠤ ᠶᠢᠨ ᠦᠯᠢᠶᠡᠳ ᠵᠡᠷᠭᠡ ᠨᠠᠷᠠ ᠶᠢ ᠲᠠᠬᠢᠳᠠᠭ ᠃ ᠤᠪᠤᠭ᠎ᠠ ᠨᠢ ᠠᠢᠮᠠᠭ ᠤᠨ ᠤᠪᠤᠭ᠎ᠠ ᠴᠤ ᠲᠡᠭᠷᠢ ᠶᠢᠨ ᠣᠪᠤᠭᠠᠨ ᠳᠤ ᠲᠣᠭᠠᠴᠠᠭᠳᠠᠨ᠎ᠠ ᠃ ᠬᠥᠬᠡ ᠮᠥᠩᠬᠡ ᠲᠡᠭᠷᠢ ᠂ ᠴᠠᠭᠠᠨ ᠵᠦᠭ ᠤᠨ ᠲᠡᠭᠷᠢ ᠂ ᠬᠠᠷ᠎ᠠ ᠵᠦᠭ ᠤᠨ ᠲᠡᠭᠷᠢ ᠂ ᠨᠠᠷᠠ ᠲᠡᠭᠷᠢ ᠶᠢ ᠲᠠᠬᠢᠳᠠᠭ ᠢᠶᠠᠷ ᠨᠢ ᠲᠡᠭᠷᠢ ᠶᠢᠨ ᠤᠪᠤᠭ᠎ᠠ ᠶᠢ ᠬᠥᠬᠡ ᠤᠪᠤᠭ᠎ᠠ ᠂ ᠴᠠᠭᠠᠨ ᠤᠪᠤᠭ᠎ᠠ ᠂ ᠬᠠᠷ᠎ᠠ ᠤᠪᠤᠭ᠎ᠠ ᠂ ᠤᠯᠠᠭᠠᠨ ᠤᠪᠤᠭ᠎ᠠ ᠭᠡᠵᠦ ᠥᠩᠭᠡ ᠪᠠᠷ ᠢᠯᠭᠠᠨ ᠨᠡᠷᠡᠯᠡᠭᠰᠡᠨ ᠪᠠᠢᠳᠠᠭ ᠃ ᠡᠭᠦᠨ ᠳᠤ ᠤᠯᠠᠭᠠᠨ ᠤᠪᠤᠭ᠎ᠠ ᠭᠡᠳᠡᠭ ᠨᠢ ᠤᠯᠠᠭᠠᠨ ᠨᠠᠷᠠ ᠶᠢ ᠳᠥᠬᠦᠮᠴᠢᠯᠡᠨ ᠤᠯᠠᠭᠠᠨ ᠭᠡᠵᠡᠢ ᠃ ᠡᠨᠡ ᠳᠥᠷᠪᠡᠨ ᠥᠩᠭᠡ ᠨᠢ ᠮᠣᠩᠭᠤᠯᠴᠤᠳ ᠣᠪᠤᠭᠠᠨ ᠨᠡᠷᠡᠶᠢᠳᠦᠯ ᠤᠨ ᠳᠥᠷᠪᠡᠨ ᠦᠨᠳᠦᠰᠦᠨ ᠥᠩᠭᠡ ᠪᠣᠯᠬᠤ ᠶᠤᠮ ᠃ ᠰᠡᠭᠦᠯᠡᠷ ᠨᠢ ᠠᠯᠢ ᠤᠯᠠᠨ ᠬᠠᠷᠢᠶᠠᠯ ᠤᠨ ᠤᠪᠤᠭ᠎ᠠ ᠪᠠ ᠤᠯᠠᠭᠠᠨ ᠳ᠋ᠠᠮᠵᠢᠨ ᠂ ᠨᠠᠮᠰᠠᠷᠠᠢ ᠶᠢᠨ ᠰᠠᠬᠢᠭᠤᠰᠤ ᠪᠦᠲᠦᠭᠰᠡᠨ ᠤᠪᠤᠭ᠎ᠠ ᠨᠤᠭᠤᠳ ᠪᠤᠢ ᠪᠣᠯᠤᠭᠰᠠᠨ ᠡᠴᠡ ᠬᠠᠷ᠎ᠠ ᠪᠠ ᠤᠯᠠᠭᠠᠨ ᠥᠩᠭᠡ ᠶᠢᠨ ᠠᠭᠤᠯᠭ᠎ᠠ ᠨᠢ ᠬᠤᠪᠢᠷᠠᠭᠰᠠᠨ ᠪᠠᠢᠳᠠᠭ ᠃ ᠲᠡᠭᠷᠢ ᠶᠢᠨ ᠣᠪᠤᠭᠠᠨ ᠳᠤ ᠰᠢᠯᠢ ᠶᠢᠨ ᠭᠣᠣᠯ ᠤᠨ ᠬᠡᠨᠲᠡᠢ ᠶᠢᠨ ᠠᠷᠰᠯᠠᠩᠲᠤ ᠬᠠᠶᠢᠷᠬᠠᠨ ᠳᠠᠬᠢ ᠬᠥᠬᠡ ᠤᠪᠤᠭ᠎ᠠ ᠂ ᠰᠥᠨᠢᠳ ᠵᠡᠭᠦᠨ ᠬᠣᠰᠢᠭᠤᠨ ᠳᠠᠬᠢ ᠤᠯᠠᠭᠠᠨ ᠳ᠋ᠢᠴᠤᠳ ᠤᠨ ᠤᠪᠤᠭ᠎ᠠ ᠂ ᠪᠤᠯᠠᠭᠠᠨ ᠤ ᠬᠠᠩᠭᠠᠳ ᠤᠨ ᠤᠯᠠᠭᠠᠨ ᠤᠪᠤᠭ᠎ᠠ ᠂ ᠣᠷᠳᠤᠰ ᠤᠨ ᠵᠢᠶᠦ᠋ᠨ ᠸᠠᠩ ᠳᠠᠬᠢ ᠲᠦᠯᠦᠩᠭᠦᠰ ᠤᠨ ᠤᠯᠠᠭᠠᠨ ᠤᠪᠤᠭ᠎ᠠ ᠂ ᠵᠡᠭᠦᠨᠭᠠᠷ ᠤᠨ ᠨᠠᠷᠠᠴᠤᠳ ᠤᠨ ᠤᠯᠠᠭᠠᠨ ᠤᠪᠤᠭ᠎ᠠ ᠂ ᠬᠠᠩᠭᠢᠨᠴᠤᠳ ᠤᠨ ᠬᠣᠷᠤᠭᠠᠨ ᠴᠠᠢᠳᠠᠮ ᠰᠤᠮᠤᠨ ᠳᠠᠬᠢ ᠴᠠᠭᠠᠨ ᠲᠡᠭᠷᠢ ᠲᠠᠬᠢᠭᠰᠠᠨ ᠬᠠᠨ ᠤ ᠤᠪᠤᠭ᠎ᠠ ᠂ ᠬᠠᠯᠬ᠎ᠠ ᠶᠢᠨ ᠪᠤᠯᠠᠭᠠᠨ ᠤ ᠬᠥᠭᠡᠨ᠎ᠡ ᠬᠠᠨ ᠤ ᠤᠪᠤᠭ᠎ᠠ ᠂ ᠣᠢᠷᠠᠳ ᠤᠨ ᠵᠡᠯᠮᠡᠨ ᠬᠠᠨ ᠤ ᠤᠪᠤᠭ᠎ᠠ ᠂ ᠣᠷᠳᠤᠰ ᠤᠨ ᠬᠠᠲᠠᠬᠢᠨ ᠤ ᠠᠷᠪᠠᠨ ᠭᠤᠷᠪᠠᠨ ᠠᠲᠠᠭ᠎ᠠ ᠲᠡᠭᠷᠢ ᠶᠢᠨ ᠤᠪᠤᠭ᠎ᠠ ᠪᠤᠯᠤᠨ ᠤᠯᠠᠨ ᠭᠠᠵᠠᠷ ᠲᠠᠬᠢ ︽ ᠣᠩᠭᠤᠨ ᠲᠡᠭᠷᠢ ᠲᠠᠬᠢᠭᠰᠠᠨ ᠤᠪᠤᠭ᠎ᠠ ︾ ︽ ᠳᠥᠷᠪᠡᠨ ᠳᠤᠭᠰᠢᠳ ᠤᠨ ᠲᠡᠭᠷᠢ ᠤᠪᠤᠭ᠎ᠠ ︾ ︽ ᠳᠣᠯᠤᠭᠠᠨ ᠪᠤᠷᠬᠠᠨ ᠤᠲᠤᠨ ᠲᠡᠭᠷᠢ ᠤᠪᠤᠭ᠎ᠠ ︾ ︽ ᠰᠦᠯᠳᠡ ᠤᠲᠤᠨ ᠲᠠᠬᠢᠭᠰᠠᠨ ᠤᠪᠤᠭ᠎ᠠ ︾ ᠭᠡᠵᠦ ᠪᠠᠢᠳᠠᠭ ᠃ ᠬᠠᠯᠬ᠎ᠠ ᠪᠤᠷᠢᠶᠠᠳ ᠂ ᠪᠠᠷᠭᠤ ᠂ ᠰᠢᠯᠢ ᠶᠢᠨ ᠭᠣᠣᠯ ᠂ ᠤᠯᠠᠭᠠᠨᠴᠠᠪ ᠂ ᠵᠤᠤ ᠤᠳᠠ ᠂ ᠵᠢᠷᠢᠮ ᠂ ᠴᠠᠬᠠᠷ ᠵᠡᠷᠭᠡ ᠨᠤᠲᠤᠭ ᠤᠨ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠳᠤ ᠲᠡᠭᠷᠢ ᠳᠤ ᠵᠤᠯᠠ ᠡᠷᠭᠦᠳᠡᠭ ᠴᠠᠰᠤᠨ ᠤᠪᠤᠭ᠎ᠠ ᠴᠤ ᠲᠡᠭᠷᠢ ᠶᠢᠨ ᠤᠪᠤᠭ᠎ᠠ ᠳᠤ ᠪᠠᠭᠲᠠᠨ᠎ᠠ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠥᠪᠦᠷ ᠮᠣᠩᠭᠤᠯ ᠥᠨᠳᠥᠰᠥᠲᠡᠨ ᠦ ᠰᠤᠷᠭᠠᠨ ᠬᠥᠮᠦᠵᠢᠯ ᠦᠨ ᠰᠦᠯᠵᠢᠶ᠎ᠡ ᠬᠡᠪᠯᠡᠯ ᠦᠨ ᠡᠷᠬᠡ ᠲᠡᠢ ᠃ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃