lt
ᠰᠤᠶᠤᠯ ᠲᠡᠤᠬᠡ
ᠪᠤᠷᠬᠠᠨ ᠬᠠᠯᠲᠤᠨ ᠭᠡᠭᠴᠢ ᠦᠭᠡᠨ ᠊ᠤ᠌ ᠲᠠᠢᠯᠪᠤᠷᠢ
2016.01.13 ᠲᠣᠰ ᠥᠷᠲᠡᠭᠡᠨ ᠦ ᠨᠠᠢᠷᠠᠭᠤᠯᠤᠭᠴᠢ

《 ᠮᠣᠩᠭᠤᠯ ᠤᠨ ᠨᠢᠭᠤᠴᠠ ᠲᠣᠪᠴᠢᠶᠠᠨ 》 ᠂ 《 ᠠᠯᠳᠠᠨ ᠲᠣᠪᠴᠢ 》 ᠂ 《 ᠰᠠᠭᠠᠩ ᠰᠡᠴᠡᠨ ᠥ ᠡᠷᠳᠡᠨᠢ ᠶᠢᠨ ᠲᠣᠪᠴᠢ 》 ᠭᠡᠬᠦ ᠵᠡᠷᠭᠡ ᠶᠢᠨ ᠮᠣᠩᠭᠤᠯ ᠤᠨ ᠡᠷᠲᠡᠨ ᠊ᠤ᠌ ᠰᠤᠳᠤᠷ ᠲᠡᠦᠬᠡ ᠵᠢ ᠦᠵᠡᠪᠡᠯ ᠂ ᠴᠥᠮ ᠪᠤᠷᠬᠠᠨ ᠬᠠᠯᠲᠤᠨ ᠭᠡᠳᠡᠭ ᠨᠡᠷ᠎ᠡ ᠲᠠᠢ ᠠᠭᠤᠯᠠ ᠭᠠᠷᠳᠠᠭ ᠃ ᠡᠨᠡ ᠠᠭᠤᠯᠠ ᠵᠢ ᠡᠳᠦᠭᠡ ᠵᠢᠨ ᠬᠡᠨᠲᠠᠢ ᠬᠠᠨ ᠊ᠤ᠌ ᠠᠭᠤᠯᠠᠰ ᠲᠦ ᠪᠤᠢ ᠭᠡᠳᠡᠭ ᠪᠣᠯᠪᠠᠴᠤ ᠂ ᠴᠣᠬᠤᠮ ᠪᠤᠷᠬᠠᠨ ᠬᠠᠯᠲᠤᠨ ᠬᠡᠮᠡᠭᠰᠡᠨ ᠦᠭᠡ ᠶᠠᠭᠤ ᠪᠤᠢ ᠭᠡᠭᠴᠢ ᠶᠢᠨ ᠲᠠᠢᠯᠪᠤᠷᠢ ᠪᠠᠢᠳᠠᠭ ᠦᠭᠡᠢ ᠃ ᠬᠠᠭᠤᠴᠢᠨ ᠰᠢᠨ᠎ᠡ ᠮᠣᠩᠭᠤᠯ ᠲᠣᠯᠢ ᠪᠢᠴᠢᠭ᠌ ᠤᠨ ᠵᠦᠢᠯ ᠢ ᠱᠦᠭᠦᠷᠳᠡᠨ ᠡᠷᠢᠪᠡᠴᠦ ᠂ ᠮᠣᠩᠭᠤᠯ ᠤᠨ ᠲᠡᠦᠬᠡ ᠂ ᠬᠡᠯᠡ ᠪᠢᠴᠢᠭ᠌ ᠢ ᠰᠢᠨᠡᠴᠢᠯᠡᠭᠰᠡᠨ ᠡᠷᠳᠡᠮᠲᠡᠨ ᠥ ᠵᠣᠬᠢᠶᠠᠯ ᠢ ᠡᠷᠢᠪᠡᠴᠦ ᠂ ᠪᠤᠷᠬᠠᠨ ᠬᠡᠮᠡᠬᠦ ᠦᠭᠡ ᠶᠢᠨ ᠲᠠᠢᠯᠪᠤᠷᠢ ᠪᠠᠢᠬᠤ ᠡᠴᠡ ᠪᠢᠰᠢ ᠂ ᠬᠠᠯᠲᠤᠨ ᠭᠡᠭᠴᠢ ᠶᠠᠭᠤ ᠭᠡᠰᠡᠨ ᠦᠭᠡ ᠪᠣᠯᠬᠤ ᠵᠢᠨ ᠲᠠᠢᠯᠪᠤᠷᠢ ᠣᠭᠲᠤ ᠪᠠᠢᠳᠠᠭ ᠦᠭᠡᠢ ᠃ ᠡᠨᠡ ᠪᠣᠯ ᠪᠠᠰᠠ ᠮᠣᠩᠭᠤᠯ ᠬᠡᠯᠡ ᠪᠢᠴᠢᠭ᠌ ᠢ ᠪᠢᠳᠡ ᠲᠡᠳᠦᠢᠯᠡ ᠨᠡᠪᠲᠡᠷᠬᠠᠢ ᠂ ᠭᠦᠢᠴᠡᠳ ᠰᠢᠨᠵᠢᠯᠡᠵᠤ ᠴᠢᠳᠠᠭᠰᠠ ᠦᠭᠡᠢ ᠂ ᠮᠣᠩᠭᠤᠯ ᠤᠨ ᠤᠯᠠᠨ ᠠᠶᠠᠯᠭᠤᠨ ᠊ᠤ᠌ ᠪᠠᠢᠳᠠᠯ ᠢ ᠪᠢᠳᠡᠨ ᠊ᠤ᠌ ᠮᠡᠳᠡᠭᠰᠡᠨ ᠰᠤᠳᠤᠯᠤᠭᠰᠠᠨ ᠵᠦᠢᠯ ᠨᠢᠮᠭᠡᠨ ᠰᠢᠭ ᠪᠠᠢᠬᠤ ᠶᠢᠨ ᠪᠠᠷᠢᠮᠲᠠ ᠪᠢᠵᠡ ᠡ ᠃ ᠭᠡᠲᠡᠯ᠎ᠡ ᠡᠨᠡᠬᠦ ᠬᠠᠯᠲᠤᠨ ᠭᠡᠳᠡᠭ ᠦᠭᠡ ᠪᠣᠯ ᠳᠤᠮᠳᠠᠳᠤ ᠡᠷᠲᠡᠨ ᠊ᠤ᠌ ᠦᠶ᠎ᠡ ᠶᠢᠨ ᠮᠣᠩᠭᠤᠯ ᠬᠡᠯᠡ ᠠᠶᠠᠯᠭᠤᠨ ᠊ᠤ᠌ ᠪᠠᠢᠳᠠᠯ ᠡᠴᠡ ᠬᠠᠭᠤᠴᠢᠨ ᠵᠦᠢᠯ ᠢ ᠦᠯᠡᠮᠵᠢᠬᠠᠨ ᠢᠶᠡᠷ ᠬᠠᠳᠠᠭᠠᠯᠠᠭᠰᠠᠨ ᠮᠣᠩᠭᠤᠯ ᠤᠨ ᠨᠢᠭᠡ ᠠᠶᠠᠯᠭᠤᠨ ᠳᠦ ᠡᠳᠦᠭᠡ ᠬᠦᠷᠳᠡᠯ᠎ᠡ ᠬᠡᠷᠡᠬᠯᠡᠭᠳᠡᠰᠡᠭᠡᠷ ᠢᠷᠡᠵᠡᠢ ᠃

ᠲᠤᠬᠠᠢᠯᠠᠪᠠᠯ ᠄ ᠬᠢᠩᠭᠠᠨ ᠊ᠤ᠌ ᠵᠤᠵᠠᠭᠠᠨ ᠣᠢ ᠬᠥᠪᠴᠢ ᠪᠡᠷ ᠠᠩ ᠬᠥᠷᠦᠭᠡ ᠬᠢᠵᠦ ᠶᠠᠪᠤᠳᠠᠭ ᠪᠤᠳᠤᠬᠠᠨ ᠲᠠᠭᠠᠢ ᠭᠡᠳᠡᠭ ᠮᠣᠩᠭᠤᠯ ᠤᠨ ᠨᠢᠭᠡ ᠠᠢᠮᠠᠭ ᠤᠨ ᠠᠶᠠᠯᠭᠤᠨ᠎ᠠ ᠡᠨᠡ ᠦᠭᠡ ᠪᠤᠢ ᠃ ᠲᠡᠳᠡ ᠲᠥᠯᠭᠡ ᠪᠥᠬᠡ ᠵᠢᠨ ᠮᠥᠷᠭᠦᠯ ᠡᠳᠦᠭᠡ ᠬᠦᠷᠳᠡᠯ᠎ᠡ ᠬᠠᠳᠠᠭᠠᠯᠠᠭᠰᠠᠭᠠᠷ ᠢᠷᠡᠭᠰᠡᠨ ᠂ ᠠᠩ ᠢᠶᠡᠷ ᠠᠮᠢᠳᠤᠷᠠᠭᠴᠢ ᠣᠢ ᠶᠢᠨ ᠢᠷᠭᠡᠨ ᠪᠥᠭᠡᠳ ᠤᠳᠠ ᠮᠣᠳᠤᠨ ᠊ᠤ᠌ ᠨᠠᠮ ᠨᠢᠭᠡᠨ ᠵᠦᠢᠯ ᠪᠤᠷᠭᠠᠰᠤ ᠵᠢ ᠬᠠᠯᠲᠤᠨ ᠭᠡᠨ᠎ᠡ ᠃ ᠲᠡᠳᠡ ᠥᠭᠦᠯᠡᠬᠦ ᠨᠢ ᠡᠨᠡᠬᠦ ᠬᠠᠯᠲᠤᠨ ᠭᠡᠭᠴᠢ ᠮᠣᠳᠤ ᠂ ᠪᠤᠰᠤᠳ ᠤᠳᠠ ᠮᠣᠳᠤᠨ ᠊ᠤ᠌ ᠵᠦᠢᠯ ᠢ ᠪᠤᠳᠤᠪᠠᠰᠦ ᠪᠠᠭᠠᠬᠠᠨ ᠥᠨᠳᠦᠷᠯᠢᠭ ᠭᠠᠵᠠᠷ ᠤᠷᠭᠤᠬᠤ ᠳᠤᠷᠠᠲᠠᠢ ᠮᠣᠳᠤ ᠭᠡᠨ᠎ᠡ ᠃ ᠪᠤᠳᠤᠬᠠᠨ ᠬᠥᠮᠦᠨ ᠂ ᠡᠨᠡ ᠮᠣᠳᠤ ᠪᠡᠷ ᠡᠷᠲᠡᠨ ᠡᠴᠡ ᠨᠠᠰᠢ ᠣᠩᠭᠤᠳ ᠤᠨ ᠬᠥᠷᠦᠭ ᠢ ᠳᠦᠷᠰᠦᠯᠡᠨ ᠬᠢᠭᠰᠡᠭᠡᠷ ᠢᠷᠡᠵᠡᠢ ᠃

ᠢᠩᠭᠢᠭᠡᠳ ᠵᠠᠷᠢᠮ ᠨᠢᠭᠡ ᠬᠥᠭᠰᠢᠨ ᠬᠠᠯᠲᠤᠨ ᠮᠣᠳᠤ ᠵᠢ ᠣᠩᠭᠤᠨ ᠮᠣᠳᠤ ᠪᠣᠯᠭᠠᠨ ᠲᠠᠬᠢᠳᠠᠭ ᠢ ᠪᠤᠷᠬᠠᠨ ᠬᠠᠯᠲᠤᠨ ᠭᠡᠨ᠎ᠡ ᠃ ᠡᠭᠦᠪᠡᠷ ᠪᠤᠳᠤᠪᠠᠯ ᠂ ᠴᠢᠩᠭᠢᠰ ᠤᠨ ᠡᠷᠬᠢᠮᠯᠡᠨ ᠳᠠᠬᠢᠵᠤ ᠪᠠᠢᠭᠰᠠᠨ ᠪᠤᠷᠬᠠᠨ ᠬᠠᠯᠲᠤᠨ ᠠᠭᠤᠯᠠ ᠭᠡᠭᠴᠢ ᠲᠡᠷᠡ ᠡᠷᠲᠡᠨ ᠊ᠤ᠌ ᠦᠶ᠎ᠡ ᠡᠴᠡ ᠂ ᠡᠷᠬᠡ ᠦᠭᠡᠢ ᠲᠡᠢᠮᠦ ᠨᠢᠭᠡ ᠣᠩᠭᠤᠳ ᠲᠠᠬᠢᠯᠭ᠎ᠠ ᠲᠠᠢ ᠬᠠᠯᠲᠤᠨ ᠮᠣᠳᠤ ᠪᠠᠢᠭᠰᠠᠨ ᠢᠶᠡᠷ ᠪᠤᠷᠬᠠᠨ ᠬᠠᠯᠲᠤᠨ ᠭᠡᠭᠳᠡᠵᠦ ᠪᠠᠢᠭᠰᠠᠨ ᠪᠣᠯᠤᠨ᠎ᠠ ᠃

( ᠪ᠊ · ᠷᠢᠨᠴᠢᠨ )

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠥᠪᠦᠷ ᠮᠣᠩᠭᠤᠯ ᠥᠨᠳᠥᠰᠥᠲᠡᠨ ᠦ ᠰᠤᠷᠭᠠᠨ ᠬᠥᠮᠦᠵᠢᠯ ᠦᠨ ᠰᠦᠯᠵᠢᠶ᠎ᠡ ᠬᠡᠪᠯᠡᠯ ᠦᠨ ᠡᠷᠬᠡ ᠲᠡᠢ ᠃ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃