lt
ᠰᠤᠶᠤᠯ ᠲᠡᠤᠬᠡ
ᠮᠣᠩᠭᠤᠯᠴᠤᠳ ᠤᠨ ᠤᠷᠳᠤ ᠶᠢ ᠬᠡᠮᠵᠢᠬᠦ ᠨᠢᠭᠡᠴᠢ
2015.11.13 ᠲᠣᠰ ᠥᠷᠲᠡᠭᠡᠨ ᠦ ᠨᠠᠢᠷᠠᠭᠤᠯᠤᠭᠴᠢ

                                      ᠰᠢ᠊ · ᠨᠠᠷᠠᠨ

ᠮᠤᠩᠭᠤᠯᠴᠦᠦᠨ ᠠᠯᠢ ᠡᠷᠲᠡ ᠡᠴᠡ ᠠᠪᠤᠭᠠᠦᠨ ᠬᠡᠮᠵᠢᠬᠦ ᠨᠢᠭᠡᠴᠢ ᠶᠢᠨ ᠤᠬᠠᠭᠳᠠᠬᠤᠨ ᠲᠠᠢ ᠪᠠᠢᠵᠤ ᠤᠷᠲᠤ ᠤᠳᠠᠭᠠᠨ ᠬᠤᠭᠤᠴᠠᠭᠠᠨ ᠤ ᠦᠢᠯᠡᠳᠪᠤᠷᠢᠯᠠᠯ ᠪᠠ ᠡᠳᠦᠷ ᠲᠤᠲᠤᠮ ᠤᠨ ᠠᠮᠢᠳᠤᠷᠠᠯ ᠳᠤᠮᠳᠠ ᠪᠠᠨ ᠣᠷᠤᠰᠢᠨ ᠠᠮᠢᠳᠤᠷᠠᠬᠤ ᠂ ᠰᠡᠳᠭᠢᠬᠦ ᠬᠢᠬᠦ ᠂ ᠢᠳᠡᠵᠦ ᠤᠤᠭᠤᠬᠤ ᠂ ᠡᠮᠦᠰᠴᠦ ᠵᠡᠭᠦᠬᠦ ᠂ ᠡᠳ᠋ᠯᠡᠵᠦ ᠬᠡᠷᠡᠭᠰᠡᠬᠦ ᠭᠦᠷᠳᠡᠯ᠎ᠠ ᠪᠠᠨ ᠪᠦᠷ ᠥᠭᠡᠷ᠎ᠡ ᠪᠤᠰᠤᠳ ᠦᠨᠳᠦᠰᠦᠲᠡᠨ ᠡᠴᠡ ᠢᠯᠭᠠᠭ᠎ᠠ ᠲᠠᠢ ᠂ ᠥᠪᠡᠷ ᠤᠨ ᠢᠶᠠᠨ ᠥᠪ ᠤᠯᠠᠮᠵᠢᠯᠠᠯ ᠲᠠᠢ ᠂ ᠪᠤᠰᠤᠳ ᠡᠴᠡ ᠳᠠᠪᠰᠢᠩᠭᠤᠢ ᠮᠣᠩᠭᠤᠯ ᠰᠣᠶᠤᠯ ᠤᠨ ᠳᠣᠲᠤᠷ᠎ᠠ ᠠᠮᠢᠳᠤᠷᠠᠵᠤ ᠢᠷᠡᠭᠰᠡᠨ ᠪᠠᠢᠨ᠎ᠠ ᠃ ᠣᠳᠤ ᠴᠦ ᠭᠡᠰᠡᠨ ᠢᠯᠭᠠᠭ᠎ᠠ ᠦᠭᠡᠢ ᠠᠳᠠᠯᠢᠬᠠᠨ ᠂ ᠡᠳᠡᠭᠡᠷ ᠰᠠᠶᠢᠬᠠᠨ ᠥᠪ ᠰᠣᠶᠤᠯ ᠢᠶᠠᠨ ᠬᠠᠳᠠᠭᠠᠯᠠᠨ ᠬᠥᠭᠵᠢᠭᠦᠯᠵᠦ ᠂ ᠵᠠᠯᠭᠠᠮᠵᠢᠯᠡᠨ ᠬᠡᠷᠡᠭᠯᠡᠵᠦ ᠪᠠᠢᠭ᠎ᠠ ᠃ ᠭᠡᠮᠵᠢᠯᠲᠠ ᠪᠣᠯ ᠬᠥᠮᠦᠰ ᠤᠨ ᠦᠢᠯᠡᠳᠪᠦᠷᠢ ᠬᠥᠳᠡᠯᠮᠦᠷᠢ ᠶᠢᠨ ᠳᠤᠮᠳᠠ ᠡᠴᠡ ᠣᠯᠵᠤ ᠳ᠋ᠦᠩᠨᠡᠭᠰᠡᠨ ᠤᠷᠳᠤ ᠣᠬᠤᠷ ᠂ ᠣᠢᠷ᠎ᠠ ᠬᠤᠯᠠ ᠂ ᠬᠦᠡᠳᠤ ᠬᠥᠩᠭᠡᠨ ᠂ ᠵᠤᠵᠠᠭᠠᠨ ᠨᠢᠮᠭᠡᠨ ᠂ ᠶᠡᠬᠡ ᠪᠠᠭ᠎ᠠ ᠶᠢᠨ ᠢᠯᠭᠠᠭ᠎ᠠ ᠶᠢ ᠬᠡᠮᠵᠢᠬᠦ ᠦᠨᠳᠦᠰᠦᠨ ᠨᠢᠭᠡᠴᠢ ᠮᠥᠨ ᠃

ᠮᠣᠩᠭᠤᠯ ᠬᠥᠮᠦᠨ ᠲᠡᠦᠬᠡᠨ ᠡᠴᠡ ᠪᠠᠨ ᠠᠪᠤᠭᠠᠳ ᠶᠡᠷᠦ ᠡᠴᠡ ᠳᠡᠯᠡᠬᠡᠢ ᠨᠡᠢᠲᠡ ᠤᠨ ᠪᠠᠷᠢᠮᠵᠢᠶ᠎ᠠ ᠲᠠᠢ ᠭᠡᠮᠵᠢᠯᠲᠠ ᠶᠢᠨ ᠨᠢᠭᠡᠴᠢ ᠶᠢ ᠬᠡᠷᠡᠭᠯᠡᠳᠡᠭ ᠦᠭᠡᠢ ᠂ ᠬᠡᠷᠡᠭᠯᠡᠬᠦ ᠪᠣᠯᠤᠯᠴᠠᠭ᠎ᠠ ᠴᠦ ᠪᠠᠢᠬᠤ ᠦᠭᠡᠢ ᠃ ᠤᠴᠢᠷ ᠨᠢ ᠮᠣᠩᠭᠤᠯ ᠬᠥᠮᠦᠨ ᠥᠪᠡᠷ ᠤᠨ ᠢᠶᠠᠨ ᠣᠶᠤᠨ ᠤᠬᠠᠭᠠᠨ ᠤ ᠪᠠᠨ ᠪᠠᠶᠠᠯᠢᠭ ᠣᠢᠯᠠᠭᠠᠭᠳᠠᠬᠤᠨ ᠪᠠ ᠡᠩ ᠤᠨ ᠠᠮᠢᠳᠤᠷᠠᠯ ᠤᠨ ᠲᠤᠷᠰᠢᠯᠭ᠎ᠠ ᠪᠠᠷ ᠳ᠋ᠦᠩᠨᠡᠵᠦ ᠭᠠᠷᠭᠠᠭᠰᠠᠨ ᠶᠠᠭᠤᠮᠠᠨ ᠤ ᠤᠷᠳᠤ ᠠᠬᠠᠷ ᠢ ᠬᠡᠮᠵᠢᠵᠦ ᠴᠢᠳᠠᠬᠤ ᠨᠢᠭᠡᠴᠢ ᠲᠠᠢ ᠪᠠᠢᠳᠠᠭ ᠃ ᠡᠨᠡᠬᠦ ᠨᠢᠭᠡᠴᠢ ᠪᠠᠷ ᠢᠶᠠᠨ ᠶᠠᠭᠤᠮᠠᠨ ᠤ ᠤᠷᠳᠤ ᠠᠬᠠᠷ ᠢ ᠬᠡᠮᠵᠢᠵᠦ ᠭᠠᠷᠭᠠᠭᠰᠠᠨ ᠬᠡᠮᠵᠢᠯᠲᠡ ᠶᠢᠨ ᠦᠷ᠎ᠡ ᠳ᠋ᠦᠩ ᠨᠢ ᠳᠡᠯᠡᠬᠡᠢ ᠳ᠋ᠡᠭᠢᠨ ᠤ ᠡᠯ᠎ᠡ ᠤᠯᠤᠰ ᠦᠨᠳᠦᠰᠦᠲᠡᠨ ᠤ ᠬᠡᠷᠡᠭᠯᠡᠵᠦ ᠪᠠᠢᠭ᠎ᠠ ᠪᠠᠷᠢᠮᠵᠢᠶ᠎ᠠ ᠲᠣᠭᠲᠠᠭᠠᠯ ᠲᠠᠢ ᠦᠦᠢ ᠱᠤᠭᠤᠮ ᠢᠶᠠᠷ ᠬᠡᠮᠵᠢᠭᠰᠡᠨ ᠡᠴᠡ ᠵᠥᠷᠢᠶ᠎ᠡ ᠠᠯᠳᠠᠭ᠎ᠠ ᠦᠭᠡᠢ ᠨᠠᠷᠢᠨ ᠣᠨᠤᠪᠴᠢᠲᠠᠢ ᠪᠠᠷ ᠬᠡᠮᠵᠢᠵᠦ ᠴᠢᠳᠠᠳᠠᠭ ᠃

ᠨᠢᠭᠡ ᠂ ᠮᠳᠭᠭᠤᠯᠴᠦᠳ ᠤᠨ ᠤᠷᠳᠤ ᠶᠢᠨ ᠬᠡᠮᠵᠢᠶ᠎ᠡ ᠶᠢ ᠢᠯᠭᠠᠨ ᠬᠡᠮᠵᠢᠬᠦ ᠨᠢᠭᠡᠴᠢ

ᠪᠠᠷᠢᠮᠵᠢᠶᠠᠨ ᠤ ᠲᠤᠬᠠᠢ ᠣᠢᠯᠠᠭᠠᠭᠳᠠᠬᠤᠨ ᠮᠣᠩᠭᠤᠯᠴᠤᠳ ᠠᠮᠢᠳᠤᠷᠠᠯ ᠤᠨ ᠬᠡᠷᠡᠭᠴᠡᠭᠡᠨ ᠤ ᠳᠤᠮᠳᠠ ᠶᠠᠭᠤᠮᠠᠨ ᠤ ᠤᠷᠳᠤ ᠶᠢᠨ ᠬᠡᠮᠵᠢᠶ᠎ᠡ ᠶᠢ ᠬᠡᠮᠵᠢᠬᠦ ᠳᠡᠭᠡᠨ ᠬᠤᠷᠤᠭᠤ ᠂ ᠰᠥᠭᠦᠮ ᠂ ᠳᠦᠭᠡ ᠂ ᠲᠣᠬᠤᠢ ᠂ ᠳᠠᠯᠢᠮ ᠂ ᠠᠯᠳᠠ ᠁ ᠭᠡᠳ ᠯᠠ ᠤᠯᠠᠨ ᠲᠣᠭᠲᠠᠭᠰᠠᠨ ᠨᠢᠭᠡᠴᠢ ᠶᠢᠨ ᠪᠠᠷᠢᠮᠵᠢᠶ᠎ᠠ ᠪᠠᠷ ᠲᠣᠭᠠᠯᠠᠨ ᠬᠡᠮᠵᠢᠳᠡᠭ ᠪᠠᠢᠨ᠎ᠠ ᠃ ᠢᠩᠭᠢᠭᠡᠳ ᠯᠠ ᠶᠠᠮᠠᠷ ᠨᠢᠭᠡᠨ ᠶᠠᠭᠤᠮᠠᠨ ᠤ ᠤᠷᠳᠤ ᠶᠢᠨ ᠬᠡᠮᠵᠢᠶ᠎ᠡ ᠶᠢ ᠬᠡᠮᠵᠢᠨ ᠪᠠᠷᠤᠭᠴᠠᠭᠠᠯᠠᠬᠤ ᠳᠠᠭᠠᠨ ᠭᠠᠷ ᠤᠨ ᠨᠢᠭᠡ ᠬᠤᠷᠤᠭᠤ ᠡᠴᠡ ᠨᠠᠷᠢᠨ ᠶᠠᠭᠤᠮ᠎ᠠ ᠪᠠᠢᠪᠠᠯ ᠬᠢᠮᠤᠰᠤᠨ ᠤ ᠴᠢᠨᠡᠭᠡᠨ ᠂ ᠵᠠᠩᠭᠢᠯᠠᠭ᠎ᠠ ᠶᠢᠨ ᠴᠢᠨᠡᠭᠡᠨ ᠂ ᠲᠠᠷᠢᠶᠠᠨ ᠤ ᠴᠢᠨᠡᠭᠡᠨ ᠂ ᠪᠥᠭᠡᠰᠦ ᠴᠢᠨᠡᠭᠡᠨ ( ᠪᠦᠷᠢ ᠶᠡᠬᠡ ᠪᠠᠭ᠎ᠠ ᠶᠢᠨ ᠬᠡᠮᠵᠢᠶ᠎ᠡ ᠲᠤ ᠪᠠᠭᠲᠠᠨ᠎ᠠ ) ᠂ ᠬᠢᠯᠭᠠᠰᠤᠨ ᠤ ᠴᠢᠨᠡᠭᠡᠨ ᠡᠴᠡ ᠬᠤᠮᠠᠬᠢ ᠶᠢᠨ ᠲᠣᠭᠤᠰᠤᠨ ᠴᠢᠨᠡᠭᠡᠨ ᠪᠣᠯᠲᠠᠯ᠎ᠠ ᠪᠠᠭᠠᠰᠴᠤ ᠠᠯᠳᠠ ᠪᠤᠶᠤ ᠬᠡᠳᠦᠨ ᠠᠯᠳᠠ ᠡᠴᠡ ᠤᠷᠳᠤ ᠪᠠᠢᠪᠠᠯ ᠡᠭᠦᠳᠡᠨ ᠬᠤᠶᠢᠮᠤᠷ ᠤᠨ ᠵᠠᠢ ᠂ ᠠᠷᠭᠠᠮᠵᠢ ᠶᠢᠨ ᠵᠠᠢ ᠂ ᠡᠳᠦᠷ ᠤᠨ ᠭᠠᠵᠠᠷ ᠂ ᠬᠣᠨᠤᠭ ᠤᠨ ᠭᠠᠵᠠᠷ ᠂ ᠰᠠᠷ᠎ᠠ ᠶᠢᠨ ᠭᠠᠵᠠᠷ ᠂ ᠵᠢᠯ ᠤᠨ ᠭᠠᠵᠠᠷ ᠭᠡᠳ ᠤᠷᠲᠤᠰᠴᠤ ᠲᠡᠭᠦᠨ ᠡᠴᠡ ᠪᠠᠨ ᠬᠠᠷᠠᠭᠠᠨ ᠤ ᠭᠠᠵᠠᠷ ᠂ ᠰᠠᠨᠠᠭᠠᠨ ᠤ ᠭᠠᠵᠠᠷ ᠭᠡᠳ ᠦᠷᠭᠡᠳᠤᠨ ᠬᠣᠯᠠᠳᠴᠤ ᠶᠠᠪᠤᠳᠠᠭ ᠪᠠᠢᠨ᠎ᠠ ᠃ ᠮᠣᠩᠭᠤᠯᠴᠤᠳ ᠲᠣ᠋ ᠪᠡᠶ᠎ᠡ ᠬᠦᠷᠬᠦ ᠦᠭᠡᠢ ᠭᠠᠵᠠᠷ ᠬᠠᠷᠠᠭ᠎ᠠ ᠬᠦᠷᠴᠦ ᠂ ᠬᠠᠷᠠᠭ᠎ᠠ ᠬᠦᠷᠬᠦ ᠦᠭᠡᠢ ᠭᠠᠵᠠᠷ ᠰᠠᠨᠠᠭ᠎ᠠ ᠭᠦᠷᠤᠨ᠎ᠠ ᠭᠡᠳᠡᠭ ᠰᠠᠶᠢᠬᠠᠨ ᠦᠭᠡ ᠪᠠᠢᠳᠠᠭ ᠃

ᠮᠣᠩᠭᠤᠯ ᠬᠥᠮᠦᠨ ᠪᠠᠰᠠ ᠡᠳᠦᠷ ᠂ ᠰᠥᠨᠢ ᠬᠣᠶᠠᠷ ᠢ ᠨᠢᠭᠡ ᠬᠣᠨᠤᠭ ᠢᠶᠠᠷ ᠦᠵᠡᠵᠦ ᠂ ᠡᠳᠦᠷ ᠢ ᠦᠷ ᠴᠠᠶᠢᠬᠤ ᠂ ᠨᠠᠷᠠ ᠮᠠᠨᠳᠤᠬᠤ ᠂ ᠪᠠᠭ᠎ᠠ ᠦᠳᠡ ᠂ ᠦᠳᠡ ᠳᠤᠮᠳᠠ ᠂ ᠦᠳᠡ ᠬᠤᠶᠢᠷ᠎ᠠ ᠂ ᠨᠠᠷᠠᠨ ᠨᠢᠭᠤᠬᠤ ᠦᠶ᠎ᠡ ᠂ ᠴᠠᠭᠠᠨ ᠪᠦᠷᠦᠢ ᠂ ᠬᠠᠷ᠎ᠠ ᠪᠦᠷᠦᠢ ᠂ ᠰᠥᠨᠢ ᠳᠤᠮᠳᠠ ᠭᠡᠬᠦ ᠮᠡᠲᠦ ᠪᠠᠷ ᠲᠣᠳᠤᠷᠬᠠᠢ ᠢᠯᠭᠠᠯ ᠲᠠᠢ ᠪᠠᠢᠵᠤ ᠂ ᠡᠭᠦᠨ ᠢᠶᠠᠷ ᠢᠶᠠᠨ ᠴᠠᠭ ᠲᠡᠮᠳᠡᠭᠯᠠᠭᠦ ᠠᠷᠭ᠎ᠠ ᠪᠣᠯᠭᠠᠭᠠᠳ ᠬᠤᠯᠠ ᠵᠠᠢ ᠶᠢᠨ ᠤᠷᠳᠤ ᠳᠤ ᠲᠦᠯᠬᠢᠨ ᠪᠤᠳᠤᠵᠤ ᠴᠢᠳᠠᠳᠠᠭ ᠪᠠᠢᠨ᠎ᠠ ᠃ ᠮᠣᠩᠭᠤᠯᠴᠤᠳ ᠤᠨ ᠴᠠᠰᠤᠨ ᠤ ᠵᠤᠵᠠᠭᠠᠨ ᠨᠢᠮᠭᠡᠨ ᠢ ᠢᠯᠡᠳᠭᠡᠵᠦ ᠬᠡᠯᠡᠬᠦ ᠳᠡᠭᠡᠨ ᠱᠠᠭᠠᠵᠠᠭᠠᠢ ᠶᠢᠨ ᠮᠥᠷ ᠂ ᠮᠠᠯ ᠳᠣᠯᠢᠶᠠᠮ᠎ᠠ ᠂ ᠭᠤᠳᠤᠰᠤᠨ ᠤ ᠤᠯᠠ ᠂ ᠱᠠᠭ᠎ᠠ ᠬᠦᠷᠬᠦ ᠂ ᠡᠪᠦᠳᠦᠭ ᠬᠦᠷᠬᠦ ᠭᠡᠬᠦ ᠮᠡᠲᠦ ᠪᠠᠷ ᠬᠡᠮᠵᠢᠬᠦ ᠨᠢ ᠶᠠᠭ ᠮᠣᠩᠭᠤᠯ ᠬᠥᠮᠦᠨ ᠤ ᠪᠣᠳᠠᠲᠤ ᠠᠮᠢᠳᠤᠷᠠᠯ ᠢ ᠢᠯᠡᠳᠭᠡᠭᠰᠡᠨ ᠨᠢᠭᠡ ᠵᠦᠢᠯ ᠤᠨ ᠤᠷᠳᠤ ᠶᠢ ᠬᠡᠮᠵᠢᠬᠦ ᠪᠠᠷᠢᠮᠵᠢᠶ᠎ᠠ ᠮᠥᠨ ᠃

ᠬᠣᠶᠠᠷ ᠂ ᠮᠳᠭᠭᠤᠯᠴᠦᠳ ᠤᠨ ᠤᠷᠳᠤ ᠶᠢᠨ ᠬᠡᠮᠵᠢᠶ᠎ᠡ ᠨᠢᠭᠡᠴᠢ ᠶᠢᠨ ᠲᠤᠬᠠᠢ ᠵᠠᠩᠰᠢᠯ ᠤᠨ ᠦᠨᠳᠦᠰᠦᠨ ᠲᠦᠷᠢᠮ

ᠮᠣᠩᠭᠤᠯᠴᠤᠳ ᠤᠨ ᠤᠯᠠᠮᠵᠢᠯᠠᠯᠲᠤ ᠤᠷᠳᠤ ᠶᠢᠨ ᠭᠡᠮᠵᠢᠯᠲᠠ ᠶᠢᠨ ᠨᠢᠭᠡᠴᠢ ᠶᠢᠨ ᠳᠤᠳᠤᠷᠠᠭᠢ ᠠᠮᠢᠳᠤᠷᠠᠯ ᠳᠤᠮᠳᠠ ᠦᠷᠭᠦᠯᠵᠢ ᠬᠡᠷᠡᠭᠯᠡᠭᠳᠡᠳᠡᠭ ᠨᠢ ᠬᠤᠷᠤᠭᠤ ᠂ ᠰᠥᠭᠦᠮ ᠂ ᠳᠦᠭᠡ ᠂ ᠲᠣᠬᠤᠢ ᠂ ᠠᠯᠳᠠ ᠠᠷᠭᠠᠮᠵᠢ ᠵᠡᠷᠭᠡ ᠪᠠᠢᠳᠠᠭ ᠃

ᠬᠤᠷᠤᠭᠤ – ᠬᠤᠷᠤᠭᠤ ᠵᠤᠵᠠᠭᠠᠨ ᠂ ᠭᠠᠷ ᠤᠨ ᠬᠤᠷᠤᠭᠤᠨ ᠤ ᠥᠷᠭᠡᠴᠡ ᠲᠠᠢ ᠲᠡᠩᠴᠡᠬᠦ ᠵᠤᠵᠠᠭᠠᠨ ᠤ ᠬᠡᠮᠵᠢᠶ᠎ᠡ ᠂ ᠶᠠᠭᠤᠮᠠᠨ ᠤ ᠭᠠᠷ ᠤᠨ ᠬᠤᠷᠤᠭᠤ ᠶᠢᠨ ᠪᠦᠳᠦᠭᠦᠨ ᠲᠠᠢ ᠲᠡᠩᠴᠡᠬᠦ ᠬᠡᠮᠵᠢᠶ᠎ᠡ ᠃ ᠰᠦᠬᠦᠮ – ᠡᠷᠡᠬᠡᠢ ᠬᠤᠷᠤᠭᠤ ᠪᠠ ᠳᠣᠯᠢᠶᠠᠪᠤᠷ ᠬᠤᠷᠤᠭᠤ ᠶᠢ ᠴᠢᠨᠡᠭᠡ ᠪᠠᠷ ᠨᠢ ᠰᠤᠩᠭᠠᠵᠤ ᠬᠡᠮᠵᠢᠭᠰᠡᠨ ᠬᠡᠮᠵᠢᠶ᠎ᠡ ᠃

ᠲᠦᠭᠡ – ᠰᠤᠩᠭᠠᠭᠰᠠᠨ ᠡᠷᠡᠬᠡᠢ ᠬᠤᠷᠤᠭᠤ ᠪᠤᠯᠤᠨ ᠳᠤᠮᠳᠠ ᠬᠤᠷᠤᠭᠤ ᠬᠣᠶᠠᠷ ᠤᠨ ᠬᠣᠭᠤᠷᠤᠨᠳᠤᠬᠢ ᠵᠠᠢ ᠶᠢᠨ ᠬᠡᠮᠵᠢᠶ᠎ᠡ ᠂ ᠲᠦᠭᠡ ᠴᠢᠨᠡᠭᠡ ᠤᠷᠲᠤ ᠂ ᠭᠤᠷᠪᠠᠨ ᠲᠦᠭᠡ ᠪᠦᠰ ᠭᠡᠬᠦ ᠮᠡᠲᠦ ᠃

ᠠᠯᠳᠠ – ᠬᠣᠶᠠᠷ ᠭᠠᠷ ᠶᠢ ᠬᠥᠨᠳᠡᠯᠡᠨ ᠰᠤᠩᠭᠠᠭᠰᠠᠨ ᠤ ᠬᠣᠭᠤᠷᠤᠨᠳᠤᠬᠢ ᠤᠷᠳᠤ ᠶᠢᠨ ᠬᠡᠮᠵᠢᠶ᠎ᠡ ᠶᠢ ᠵᠢᠭᠠᠨ᠎ᠠ ᠃

ᠳᠠᠯᠢᠮ – ᠬᠠᠭᠠᠰ ᠠᠯᠳᠠ ᠶᠢᠨ ᠬᠡᠮᠵᠢᠶ᠎ᠡ ᠃

ᠠᠷᠭᠠᠮᠵᠢ ᠶᠢᠨ ᠭᠠᠵᠠᠷ – ᠨᠢᠭᠡ ᠠᠮᠢᠰᠭᠤᠯ ᠢᠶᠠᠷ ᠭᠦᠶᠦᠵᠦ ᠬᠦᠷᠬᠦ ᠭᠠᠵᠠᠷ ᠢ ᠵᠢᠭᠠᠨ᠎ᠠ ᠃ ᠠᠷᠭᠠᠮᠵᠢ ᠶᠢᠨ ᠭᠠᠵᠠᠷ ᠮᠣᠷᠢ ᠤᠨᠤᠭᠠᠳ ᠶᠠᠭᠠᠬᠢᠬᠤ ᠪᠤᠢ ᠭᠡᠬᠦ ᠮᠡᠲᠦ ᠪᠠᠷ ᠃

ᠡᠳᠡᠭᠡᠷ ᠨᠢᠭᠡᠴᠢ ᠶᠢᠨ ᠬᠣᠭᠤᠷᠤᠨᠳᠤ ᠮᠥᠨ ᠴᠦ ᠭᠤᠷᠪᠠᠨ ᠳᠦᠭᠡ ᠨᠢ ᠨᠢᠭᠡ ᠲᠣᠬᠤᠢ ᠂ ᠭᠤᠷᠪᠠᠨ ᠲᠣᠬᠤᠢ ᠨᠢ ᠨᠢᠭᠡ ᠠᠯᠳᠠ ᠂ ᠠᠷᠪᠠᠨ ᠬᠣᠶᠠᠷ ᠠᠯᠳᠠ ᠨᠢ ᠨᠢᠭᠡ ᠠᠷᠭᠠᠮᠵᠢ ᠭᠡᠬᠦ ᠮᠡᠲᠦ ᠪᠠᠷ ᠶᠡᠬᠡᠰᠭᠡᠬᠦ ᠪᠤᠶᠤ ᠪᠠᠭᠠᠰᠭᠠᠬᠤ ᠳᠠᠪᠰᠢᠯᠲᠠ ᠶᠢᠨ ᠢᠯᠭᠠᠭ᠎ᠠ ᠲᠠᠢ ᠪᠠᠢᠳᠠᠭ ᠨᠢ ᠪᠦᠷᠢ ᠮᠣᠩᠭᠤᠯ ᠬᠥᠮᠦᠨ ᠤ ᠪᠣᠳᠠᠲᠤ ᠠᠮᠢᠳᠤᠷᠠᠯ ᠳᠤᠮᠳᠠ ᠡᠴᠡ ᠪᠠᠨ ᠬᠠᠷᠢᠴᠠᠭᠤᠯᠤᠨ ᠭᠠᠷᠭᠠᠵᠤ ᠴᠢᠳᠠᠭᠰᠠᠨ ᠤᠷᠠᠮ ᠳᠠᠮ ᠲᠠᠢ ᠂ ᠳᠥᠭᠦᠮ ᠪᠠᠷᠢᠮᠵᠢᠶ᠎ᠠ ᠲᠠᠢ ᠂ ᠠᠷᠭ᠎ᠠ ᠤᠬᠠᠭᠠᠨ ᠤ ᠬᠡᠮᠵᠢᠯᠲᠡ ᠵᠢᠨ ᠨᠢᠭᠡᠴᠢ ᠪᠣᠯᠤᠨ᠎ᠠ ᠃

ᠭᠤᠷᠪᠠ ᠂ ᠮᠣᠩᠭᠤᠯᠴᠤᠳ ᠤᠷᠳᠤ ᠶᠢᠨ ᠬᠡᠮᠵᠢᠶ᠎ᠡ ᠨᠢᠭᠡᠴᠢ ᠢ ᠠᠮᠢᠳᠤᠷᠠᠯ ᠪᠠ ᠦᠢᠯᠡᠳᠪᠦᠷᠢ ᠬᠥᠳᠡᠯᠮᠦᠷᠢ ᠳᠤᠮᠳᠠ ᠪᠠᠨ ᠬᠡᠷᠡᠭᠯᠡᠬᠦ ᠪᠣᠳᠠᠲᠤ ᠵᠢᠱᠢᠶ᠎ᠡ ᠮᠣᠩᠭᠤᠯᠴᠤᠳ ᠬᠤᠪᠴᠠᠰᠤ ᠬᠤᠨᠠᠷ ᠣᠶᠤᠬᠤ ᠂ ᠮᠣᠩᠭᠤᠯ ᠤᠨ ᠮᠣᠳᠤ ᠵᠠᠯᠠᠬᠤ ᠡᠴᠡ ᠪᠤᠷᠢᠶᠠᠰᠤ ᠡᠰᠭᠡᠵᠤ ᠡᠪᠯᠡᠬᠦ ᠂ ᠮᠠᠯᠵᠢᠯ ᠠᠮᠢᠳᠤᠷᠠᠯ ᠤᠨ ᠳᠤᠮᠳᠠ ᠡᠳᠦᠷᠵᠢᠨ ᠬᠡᠷᠡᠭᠯᠡᠳᠡᠭ ᠡᠳ᠋ᠯᠡᠯ ᠬᠡᠷᠡᠭᠰᠡᠯ ᠬᠢᠬᠦ ᠳᠡᠭᠡᠨ ᠪᠦᠷ ᠳᠦᠭᠡ ᠂ ᠰᠥᠭᠦᠮ ᠂ ᠠᠯᠳᠠ ᠵᠡᠷᠭᠡ ᠤᠷᠳᠤ ᠶᠢᠨ ᠭᠡᠮᠵᠢᠯᠲᠡ ᠶᠢᠨ ᠨᠢᠭᠡᠴᠢ ᠪᠠᠷ ᠢᠶᠠᠨ ᠬᠡᠮᠵᠢᠨ ᠡᠰᠭᠡᠨ ᠡᠪᠯᠡᠵᠦ ᠂ ᠣᠶᠤᠵᠤ ᠬᠠᠳᠭᠤᠵᠤ ᠂ ᠬᠠᠳᠠᠵᠤ ᠪᠣᠭᠤᠵᠤ ᠂ ᠭᠦᠷᠦᠵᠤ ᠲᠠᠮᠤᠵᠤ ᠂ ᠰᠢᠷᠡᠵᠤ ᠱᠠᠭᠯᠠᠨ ᠡᠯᠳᠡᠪ ᠵᠦᠢᠯ ᠤᠨ ᠪᠦᠲᠦᠭᠡᠭᠳᠡᠬᠦᠨ ᠢᠶᠠᠨ ᠡᠭᠦᠳᠦᠨ ᠪᠦᠲᠦᠭᠡᠵᠦ ᠂ ᠡᠳ᠋ᠯᠡᠵᠦ ᠬᠡᠷᠡᠭᠰᠡᠳᠡᠭ ᠪᠠᠢᠨ᠎ᠠ ᠃ ᠡᠭᠦᠨ ᠤ ᠳᠣᠲᠤᠷ᠎ᠠ ᠡᠳᠦᠷ ᠲᠤᠲᠤᠮ ᠤᠨ ᠠᠮᠢᠳᠤᠷᠠᠯ ᠳᠤᠮᠳᠠ ᠶᠡᠷᠦᠳᠡ ᠶᠢᠨ ᠬᠡᠷᠡᠭᠯᠡᠭᠳᠡᠳᠡᠭ ᠂ ᠪᠢᠳᠡ ᠪᠦᠬᠦᠨ ᠤ ᠬᠠᠮᠤᠭ ᠤᠨ ᠮᠡᠳᠡᠳᠡᠭ ᠪᠣᠳᠠᠲᠤ ᠵᠢᠱᠢᠶ᠎ᠡ ᠶᠢ ᠬᠡᠯᠡᠪᠡᠯ ᠄

ᠮᠣᠩᠭᠤᠯ ᠭᠡᠷ ᠤᠨ ᠮᠣᠳᠤ ᠶᠢ ᠵᠠᠯᠠᠵᠤ ᠦᠢᠬᠤ

ᠮᠣᠩᠭᠤᠯ ᠭᠡᠷ ᠤᠨ ᠮᠣᠳᠤ ᠵᠠᠯᠠᠵᠤ ᠵᠠᠰᠠᠬᠤ ᠳᠤ ᠬᠠᠮᠢᠶ᠎ᠠ ᠦᠭᠡᠢ ᠬᠡᠳᠦᠨ ᠮᠣᠳᠤ ᠠᠪᠴᠢᠷᠠᠨ ᠵᠤᠷᠠᠵᠤ ᠬᠠᠷᠠᠭᠤᠯᠳᠠᠵᠤ ᠵᠠᠰᠠᠬᠤ ᠵᠦᠢᠯ ᠣᠭᠲᠤ ᠪᠢᠰᠢ ᠃ ᠪᠦᠭᠦᠶᠢᠯᠨ ᠮᠣᠩᠭᠤᠯ ᠭᠡᠷ ᠤᠨ ᠵᠠᠭᠪᠤᠷ ᠪᠦᠷ ᠯᠠ ᠨᠢᠭᠡ ᠪᠦᠲᠦᠨ ᠴᠣᠭᠴᠠ ᠶᠤᠮ ᠃ ᠤᠨᠢ ᠂ ᠳᠠᠷᠠᠮ᠎ᠠ ᠂ ᠬᠠᠷᠠᠭᠠᠴᠨ ᠂ ᠡᠭᠦᠳᠡᠨ ᠤ ᠶᠡᠬᠡ ᠪᠠᠭ᠎ᠠ ᠪᠦᠷ ᠨᠢᠭᠡ ᠨᠢᠭᠡᠨ ᠳᠡᠭᠡᠨ ᠬᠣᠯᠪᠤᠭ᠎ᠠ ᠲᠠᠢ ᠂ ᠨᠢᠭᠡ ᠨᠢ ᠳᠡᠩᠳᠡᠭᠦᠦ ᠤᠷᠳᠤᠰᠬᠤ ᠪᠤᠶᠤ ᠪᠠᠷᠢᠮᠵᠢᠶᠠᠨ ᠡᠴᠡ ᠳᠡᠩᠳᠡᠭᠦᠦ ᠠᠬᠠᠷᠳᠠᠪᠠᠯ ᠪᠦᠬᠦ ᠭᠡᠷ ᠡᠪᠭᠡᠶᠢᠷᠠᠵᠤ ᠪᠠᠷᠢᠬᠤ ᠳᠤ ᠬᠢᠯᠪᠠᠷ ᠪᠤᠰᠤ ᠪᠤᠶᠤ ᠪᠠᠷᠢᠭᠰᠠᠨ ᠤ ᠬᠣᠢᠨ᠎ᠠ ᠬᠡᠪ ᠦᠵᠡᠪᠤᠷᠢ ᠦᠭᠡᠢ ᠬᠠᠷᠠᠭᠳᠠᠳᠠᠭ ᠃ ᠡᠢᠮᠦ ᠡᠴᠡ ᠬᠠᠷᠠᠭᠠᠴᠨ ᠶᠢᠨ ᠢᠶᠠᠨ ᠶᠡᠬᠡ ᠪᠠᠭ᠎ᠠ ᠪᠠ ᠲᠡᠷᠠᠮ᠎ᠠ ᠶᠢᠨ ᠢᠶᠠᠨ ᠡᠷᠡᠰ ᠢ ᠦᠵᠡᠵᠦ ᠤᠨᠢ ᠤ ᠪᠠᠨ ᠤᠷᠳᠤ ᠠᠬᠠᠷ ᠢ ᠲᠣᠭᠲᠠᠭᠠᠨ᠎ᠠ ᠃ ᠶᠡᠷᠦ ᠳᠡᠭᠡᠨ ᠬᠡᠷᠡᠭᠯᠡᠳᠡᠭ ᠨᠠᠶᠠᠨ ᠤ ᠭᠡᠷ ᠢᠶᠠᠷ ᠵᠢᠱᠢᠶᠡᠯᠡᠪᠡᠯ ᠬᠠᠷᠠᠭᠠᠴᠨ ᠨᠢ ᠨᠠᠶᠠᠨ ᠬᠤᠯᠬ᠎ᠠ ᠲᠠᠢ ᠪᠠᠢᠵᠤ ᠤᠨᠢ ᠨᠢ ᠪᠠᠭ᠎ᠠ ᠳᠠᠭᠠᠨ 10 -12 ᠲᠦᠭᠡ ᠤᠷᠳᠤ ᠪᠠᠢᠬᠤ ᠬᠡᠷᠡᠭᠲᠡᠢ ᠃ ᠲᠡᠷᠡᠮ᠎ᠡ ᠬᠠᠮᠤᠭ ᠥᠷᠭᠡᠨ ᠳᠡᠭᠡᠨ ᠠᠷᠪᠠᠨ ᠬᠣᠶᠠᠷ ᠲᠣᠯᠤᠭᠠᠢ ᠲᠠᠢ ᠂ 1 ᠲᠡᠷᠠᠮ᠎ᠠ 10 ᠳᠦᠭᠡ ᠪᠠᠢᠬᠤ ᠃ ᠬᠠᠭᠠᠯᠭ᠎ᠠ ᠳᠡᠭᠡᠷ᠎ᠡ 4 -5 ᠲᠣᠯᠤᠭᠠᠢ ᠲᠠᠭᠠᠷᠠᠭᠤᠯᠪᠠᠯ ᠰᠠᠶᠢ ᠡᠪᠲᠡᠢ ᠰᠠᠶᠢᠬᠠᠨ ᠬᠡᠪ ᠲᠠᠢ ᠭᠡᠷ ᠪᠠᠷᠢᠭᠳᠠᠨ᠎ᠠ ᠃

ᠮᠣᠩᠭᠤᠯᠴᠤᠳ ᠤᠨ ᠠᠮᠢᠳᠤᠷᠠᠯ ᠳᠤᠮᠳᠠ ᠶᠡᠷᠦᠳᠡ ᠪᠠᠨ ᠬᠡᠷᠡᠭᠯᠡᠭᠳᠡᠳᠡᠭ ᠳᠡᠭᠡᠰᠦ ᠰᠢᠳᠠᠮ

ᠡᠭᠦᠨ ᠳᠤ ᠵᠢᠯᠤᠭᠤ ᠴᠤᠯᠪᠤᠭᠤᠷ ᠂ ᠴᠠᠯᠮ᠎ᠠ ᠶᠢᠨ ᠳᠡᠭᠡᠰᠦ ᠂ ᠤᠯᠳᠭ ᠭᠠᠨᠵᠤᠭ᠎ᠠ ᠂ ᠭᠡᠯᠭᠢᠶᠠᠨ ᠤ ᠳᠡᠭᠡᠰᠦ ᠂ ᠵᠡᠯ᠎ᠡ ᠬᠦᠵᠦᠭᠦᠪᠴᠢ ᠂ ᠴᠢᠳᠦᠷ ᠳᠤᠱᠨ ᠂ ᠳᠦᠢᠪᠤᠷ ᠂ ᠳᠦᠷᠦᠭᠡ ᠶᠢᠨ ᠰᠦᠷ ᠂ ᠭᠡᠷ ᠤᠨ ᠪᠦᠰᠡ ᠂ ᠴᠢᠡᠡᠳᠠᠭ᠎ᠠ ᠂ ᠡᠷᠭᠢᠭᠦᠯᠭᠡ ᠂ ᠤᠨᠢ ᠶᠢᠨ ᠭᠣᠭᠴᠤᠭ᠎ᠠ ᠬᠦᠷᠲᠡᠯ᠎ᠡ ᠪᠦᠷ ᠲᠤᠰ ᠲᠤᠰ ᠤᠨ ᠢᠶᠠᠨ ᠲᠣᠭᠲᠠᠭᠰᠠᠨ ᠪᠠᠷᠢᠮᠵᠢᠶ᠎ᠠ ᠤᠷᠳᠤ ᠶᠢᠨ ᠬᠡᠮᠵᠢᠶ᠎ᠡ ᠲᠠᠢ ᠃ ᠡᠭᠦᠨ ᠳᠤ ᠨᠢᠭᠡ ᠴᠤᠯᠪᠤᠭᠤᠷ 3 – 5 ᠠᠯᠳᠠ ᠂ ᠨᠢᠭᠡ ᠵᠢᠯᠤᠭᠤ ᠶᠢᠨ ᠤᠷᠳᠤ 1 -3 ᠠᠯᠳᠠ ᠪᠤᠶᠤ 2 ᠠᠯᠳᠠ 1 ᠳᠠᠯᠢᠮ ᠂ ᠨᠢᠭᠡ ᠴᠠᠯᠮ᠎ᠠ ᠶᠢᠨ ᠳᠡᠭᠡᠰᠦ 5 -7 ᠠᠯᠳᠠ ᠭᠡᠬᠦ ᠮᠡᠲᠦ ᠲᠣᠭᠲᠠᠮᠠᠯ ᠤᠷᠳᠤ ᠶᠢᠨ ᠪᠠᠷᠢᠮᠵᠢᠶ᠎ᠠ ᠨᠢᠭᠡᠴᠢ ᠲᠠᠢ ᠃ ᠬᠡᠷᠪᠡ ᠨᠢᠭᠡ ᠬᠥᠳᠡᠭᠡ ᠶᠢᠨ ᠪᠣᠷᠤ ᠮᠠᠯᠴᠢᠨ ᠡᠴᠡ ᠲᠠᠨ ᠤ ᠬᠡᠷᠡᠭᠯᠡᠵᠦ ᠪᠠᠢᠭ᠎ᠠ ᠨᠢᠭᠡ ᠴᠤᠯᠪᠤᠭᠤᠷ ᠬᠡᠳᠦᠢ ᠮᠧᠲ᠋ᠷ ᠤᠷᠳᠤ ᠪᠤᠢ ᠭᠡᠵᠦ ᠠᠰᠠᠭᠤᠪᠠᠯ ᠬᠠᠷᠢᠭᠤᠯᠵᠤ ᠲᠡᠶᠢᠯᠭᠦ ᠬᠥᠮᠦᠨ ᠴᠥᠭᠡᠨ ᠪᠠᠢᠵᠤ ᠂ ᠨᠢᠭᠡ ᠴᠤᠯᠪᠤᠭᠤᠷ ᠬᠡᠳᠦᠢ ᠠᠯᠳᠠ ᠪᠠᠢᠵᠤ ᠂ ᠨᠢᠭᠡ ᠭᠠᠨᠵᠤᠭ᠎ᠠ ᠬᠡᠳᠦᠢ ᠳᠦᠭᠡ ᠪᠠᠢᠳᠠᠭ ᠪᠤᠢ ᠭᠡᠵᠦ ᠠᠰᠠᠭᠤᠪᠠᠯ ᠬᠠᠷᠢᠭᠤᠯᠵᠤ ᠴᠢᠳᠠᠬᠤ ᠦᠭᠡᠢ ᠬᠥᠮᠦᠨ ᠪᠠᠢᠬᠤ ᠦᠭᠡᠢ ᠪᠦᠭᠦᠳᠡ ᠶᠢ ᠮᠡᠳᠡᠨ᠎ᠡ ᠃ ᠠᠨ ᠪᠣᠯ ᠰᠠᠶᠢ ᠰᠣᠶᠤᠯ ᠂ ᠰᠠᠶᠢ ᠪᠤᠰᠤᠳ ᠡᠴᠡ ᠢᠯᠭᠠᠭᠳᠠᠨ ᠲᠠᠨᠢᠭᠳᠠᠬᠤ ᠮᠣᠩᠭᠤᠯ ᠰᠣᠶᠤᠯ ᠪᠠᠢᠭ᠎ᠠ ᠃

ᠮᠣᠩᠭᠤᠯ ᠬᠤᠪᠴᠠᠰᠤ ᠬᠤᠨᠠᠷ ᠣᠶᠤᠬᠤ ᠶᠠᠪᠤᠴᠠ ᠳᠤ ᠬᠡᠷᠡᠭᠯᠡᠬᠦ ᠤᠷᠳᠤ ᠶᠢᠨ ᠨᠢᠭᠡᠴᠢ

ᠯᠠᠪᠠᠰᠢᠭ ᠨᠢ ᠮᠠᠨ ᠤ ᠳᠡᠭᠡᠳᠦ ᠮᠣᠩᠭᠤᠯᠴᠤᠳ ᠤᠨ ᠥᠭᠡᠷ᠎ᠡ ᠭᠠᠵᠠᠷ ᠣᠷᠤᠨ ᠤ ᠮᠣᠩᠭᠤᠯᠴᠤᠳ ᠡᠴᠡ ᠢᠯᠭᠠᠭᠳᠠᠬᠤ ᠣᠨᠴᠠᠯᠢᠭ ᠲᠠᠢ ᠬᠤᠪᠴᠠᠰᠤ ᠪᠣᠯᠬᠤ ᠤᠴᠢᠷ ᠥᠴᠢ ᠯᠠᠪᠠᠰᠢᠭ ᠡᠰᠬᠡᠬᠦ ᠪᠠᠷ ᠵᠢᠱᠢᠶᠡᠯᠡᠪᠡᠯ ᠂ ᠨᠢᠭᠡ ᠥᠴᠢ ᠶᠢᠨ ᠠᠷᠤ ᠶᠢᠨ ᠤᠷᠳᠤ ᠢ ᠪᠣᠭᠤᠨᠢ ᠰᠢᠭ ᠡᠮᠡᠭᠲᠡᠢ ᠳᠤ 7 ᠳᠦᠭᠡ ᠂ ᠥᠨᠳᠦᠷ ᠡᠮᠡᠭᠲᠡᠢ ᠬᠥᠮᠦᠨ ᠳᠤ 8 ᠳᠦᠭᠡ ᠪᠠᠷ ᠳᠦᠭᠡᠯᠡᠵᠤ ᠡᠰᠭᠡᠵᠤ ᠂ ᠪᠣᠭᠤᠨᠢ ᠡᠷᠡᠭᠲᠡᠢ 5 ᠳᠦᠭᠡ ᠂ ᠥᠨᠳᠦᠷ ᠡᠷᠡᠭᠲᠡᠢ ᠬᠥᠮᠦᠨ 6 ᠳᠦᠭᠡ ᠡᠰᠭᠡᠨ᠎ᠡ ᠃ ᠡᠭᠡᠮ ᠤᠨ ᠥᠷᠭᠡᠨ ᠢ ᠨᠢ ᠡᠩ ᠤᠨ ᠦᠶ᠎ᠡ 4 ᠳᠦᠭᠡ ᠲᠠᠯᠪᠢᠵᠤ ᠂ ᠡᠷᠡᠭᠲᠡᠢ ᠬᠥᠮᠦᠨ ᠤ ᠥᠴᠢ ᠶᠢᠨ ᠵᠠᠬ᠎ᠠ 5 ᠳᠦᠭᠡ ᠂ ᠡᠮᠡᠭᠲᠡᠢ ᠬᠥᠮᠦᠨ ᠤ ᠵᠠᠬ᠎ᠠ 3 ᠳᠦᠭᠡ ᠂ ᠬᠠᠨᠴᠤᠢ 3 – 4 ᠳᠦᠭᠡ ᠂ ᠰᠢᠭᠰᠢᠭ ᠤᠨ ᠥᠷᠭᠡᠨ ᠦᠵᠦᠭᠦᠷ ᠢ 1 ᠰᠥᠭᠦᠮ ᠨᠠᠷᠢᠨ ᠦᠵᠦᠭᠦᠷ ᠢ ᠨᠢ 2 ᠬᠤᠷᠤᠭᠤ ᠵᠡᠷᠭᠡ ᠪᠠᠷ ᠪᠠᠷᠢᠮᠵᠢᠶᠡᠯᠡᠨ ᠡᠰᠭᠡᠵᠤ ᠡᠪᠯᠡᠨ ᠣᠶᠤᠳᠠᠭ ᠪᠠᠢᠨ᠎ᠠ ᠃ ᠢᠩᠭᠢᠭᠡᠳ ᠯᠠ 《 ᠤᠷᠠᠨ ᠬᠥᠮᠦᠨ ᠤᠴᠢᠭ ᠤᠨ ᠴᠢᠨᠡᠭᠡᠨ ᠤᠲᠠᠰᠤ ᠲᠠᠢ ᠂ ᠴᠠᠯᠳᠠᠡᠭ ᠬᠥᠮᠦᠨ ᠴᠠᠯᠮ᠎ᠠ ᠶᠢᠨ ᠴᠢᠨᠡᠭᠡᠨ ᠤᠲᠠᠰᠤ ᠲᠠᠢ 》 ᠭᠡᠬᠦ ᠠᠷᠠᠳ ᠤᠨ ᠵᠦᠢᠷ ᠦᠭᠡ ᠪᠠᠷ ᠦᠢᠯᠡ ᠣᠶᠤᠵᠤ ᠪᠠᠢᠭ᠎ᠠ ᠬᠥᠮᠦᠨ ᠤ ᠬᠡᠴᠡᠭᠦᠦ ᠳᠦᠭᠳᠦᠭ ᠢ ᠰᠢᠨᠵᠢᠵᠦ ᠦᠵᠡᠳᠡᠭ ᠪᠠᠢᠨ᠎ᠠ ᠃

ᠮᠣᠩᠭᠤᠯᠴᠤᠳ ᠤᠨ ᠡᠳᠡᠭᠡᠷ ᠬᠡᠷᠡᠭᠯᠡᠵᠦ ᠪᠠᠢᠭ᠎ᠠ ᠨᠢᠭᠡᠴᠢ ᠶᠢ ᠳᠡᠯᠡᠬᠡᠢ ᠨᠡᠢᠲᠡ ᠶᠢᠨ ᠭᠡᠮᠵᠢᠯᠲᠠ ᠶᠢᠨ ᠨᠢᠭᠡᠴᠢ ᠲᠠᠢ ᠬᠠᠷᠢᠴᠠᠭᠤᠯᠪᠠᠯ ᠱᠤᠭᠤᠮ ᠤᠨ ᠡᠷᠢᠶᠡᠯᠡᠮᠡᠯ ᠨᠢᠳᠦ ᠡᠴᠡ ᠵᠦᠪ ᠪᠠᠢᠬᠤ ᠡᠴᠡ ᠪᠢᠰᠢ ᠵᠥᠷᠢᠶ᠎ᠡ ᠲᠠᠢ ᠪᠠᠢᠬᠤ ᠦᠭᠡᠢ ᠃ ᠲᠡᠷᠡ ᠮᠥᠷᠲᠡᠭᠡᠨ ᠥᠭᠡᠷ᠎ᠡ ᠦᠨᠳᠦᠰᠦᠲᠡᠨ ᠤ ᠬᠡᠷᠡᠭᠯᠡᠳᠡᠭ ᠠᠰ ᠦᠦᠢ ᠡᠴᠡ ᠳᠠᠪᠰᠢᠩᠭᠤᠢ ᠨᠢ ᠮᠣᠩᠭᠤᠯᠴᠤᠳ ᠮᠠᠲᠠᠭᠠᠷ ᠮᠤᠷᠤᠢ ᠂ ᠭᠤᠷᠪᠠᠯᠵᠢᠨ ᠂ ᠳᠥᠷᠪᠡᠯᠵᠢᠨ ᠂ ᠵᠢᠰᠢᠭᠦᠯᠵᠢᠨ ᠂ ᠪᠥᠭᠡᠷᠡᠩᠬᠡᠢ ᠂ ᠭᠦᠳᠦᠭᠦᠷ ᠬᠣᠲᠤᠭᠤᠷ ᠭᠡᠬᠦ ᠶᠠᠮᠠᠷᠴᠤ ᠬᠡᠯᠪᠡᠷᠢ ᠶᠢᠨ ᠪᠣᠳᠠᠰ ᠢ ᠬᠡᠮᠵᠢᠵᠦ ᠴᠢᠳᠠᠬᠤ ᠮᠥᠷᠲᠡᠭᠡᠨ ᠮᠠᠰᠢ ᠬᠤᠷᠳᠤᠨ ᠣᠨᠤᠪᠴᠢᠲᠠᠢ ᠪᠠᠷ ᠬᠡᠮᠵᠢᠨ ᠢᠯᠡᠳᠭᠡᠵᠦ ᠲᠡᠶᠢᠯᠳᠠᠭ ᠨᠢ ᠨᠢᠭᠡᠨ ᠪᠠᠬᠠᠷᠤᠯᠲᠠᠢ ᠰᠣᠶᠤᠯ ᠪᠠᠢᠵᠤ ᠂ ᠨᠡᠩ ᠴᠦ ᠪᠢᠳᠡᠨ ᠤ ᠤᠯᠠᠮ ᠨᠢᠭᠡ ᠠᠯᠬᠤᠮ ᠠᠩᠬᠠᠷᠤᠨ ᠰᠤᠳᠤᠯᠵᠤ ᠪᠣᠯᠤᠮᠠᠷ ᠤᠯᠠᠮᠵᠢᠯᠠᠯᠲᠤ ᠮᠣᠩᠭᠤᠯ ᠰᠣᠶᠤᠯ ᠪᠣᠯᠤᠨ᠎ᠠ ᠃ 《ᠡᠷᠲᠡᠨ ᠤ ᠦᠶ᠎ᠡ ᠳᠤ ᠮᠣᠩᠭᠤᠯᠴᠤᠳ ᠤᠨ ᠰᠢᠷ᠎ᠠ ᠵᠢᠷᠤᠬᠠᠢ ᠦᠵᠡᠳᠡᠭ ᠬᠥᠮᠦᠨ ᠬᠤᠮᠠᠬᠢ ᠶᠢᠨ ᠲᠣᠭᠤᠰᠤᠨ ᠡᠴᠡ ᠡᠬᠢᠯᠡᠵᠦ ᠪᠥᠮᠪᠦᠷᠴᠡᠭ ᠤᠨ ᠬᠡᠮᠵᠢᠶ᠎ᠡ ᠶᠢ ᠪᠤᠳᠤᠵᠤ ᠭᠠᠷᠭᠠᠵᠤ ᠴᠢᠳᠠᠳᠠᠭ ᠪᠠᠶᠢᠯ᠎ᠠ 》 ᠭᠡᠳᠡᠭ ᠨᠠᠰᠤᠳᠠᠶᠢᠴᠤᠳ ᠤᠨ ᠦᠭᠡ ᠳᠣᠲᠤᠷ᠎ᠠ ᠶᠡᠬᠡ ᠬᠡᠮᠵᠢᠶᠡᠨ ᠤ ᠬᠡᠮᠵᠢᠯᠲᠡ ᠶᠢᠨ ᠭᠦᠨ ᠤᠬᠠᠭᠠᠨ ᠠᠭᠤᠯᠤᠭᠳᠠᠵᠤ ᠪᠠᠢᠭ᠎ᠠ ᠨᠢ ᠨᠡᠩ ᠴᠦ ᠰᠤᠷᠴᠤ ᠰᠤᠳᠤᠯᠤᠭᠤᠰᠢᠲᠠᠢ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠥᠪᠦᠷ ᠮᠣᠩᠭᠤᠯ ᠥᠨᠳᠥᠰᠥᠲᠡᠨ ᠦ ᠰᠤᠷᠭᠠᠨ ᠬᠥᠮᠦᠵᠢᠯ ᠦᠨ ᠰᠦᠯᠵᠢᠶ᠎ᠡ ᠬᠡᠪᠯᠡᠯ ᠦᠨ ᠡᠷᠬᠡ ᠲᠡᠢ ᠃ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃