lt
ᠰᠤᠶᠤᠯ ᠲᠡᠤᠬᠡ
ᠮᠣᠩᠭᠤᠯᠴᠤᠳ ᠤᠨ ᠰᠠᠭᠤᠬᠤ ᠰᠣᠶᠤᠯ ᠤᠨ ᠲᠤᠬᠠᠢ
2015.10.29 ᠲᠣᠰ ᠥᠷᠲᠡᠭᠡᠨ ᠦ ᠨᠠᠢᠷᠠᠭᠤᠯᠤᠭᠴᠢ

ᠮᠣᠩᠭᠤᠯᠴᠤᠳ ᠤᠨ ᠠᠳᠠᠯ ᠠᠮᠢᠳᠤᠷᠠᠯ ᠤᠨ ᠳᠤᠮᠳᠠᠬᠢ ᠮᠠᠰᠢ ᠤᠯᠠᠨ ᠵᠠᠩ ᠵᠠᠩᠰᠢᠯ ᠨᠢ ᠥᠪᠡᠷᠮᠢᠴᠡ ᠣᠨᠴᠠᠯᠢᠭ  ᠲᠠᠢ ᠪᠥᠭᠡᠳ ᠪᠣᠷᠤᠭᠵᠢᠭᠤᠨ ᠪᠣᠯᠪᠠᠰᠤᠨ ᠪᠠᠢᠳᠠᠭ ᠶᠤᠮ ᠃ ᠲᠡᠭᠦᠨ ᠤ ᠳᠣᠲᠤᠷᠠᠬᠢ ᠰᠠᠭᠤᠬᠤ ᠵᠠᠩ ᠪᠠ ᠲᠡᠭᠦᠨ ᠯᠤᠭᠡ ᠬᠣᠯᠪᠤᠭᠳᠠᠭᠰᠠᠨ ᠴᠡᠭᠡᠷ ᠶᠣᠰᠤ ᠪᠣᠯ ᠨᠡᠢᠳᠡᠮ ᠤᠨ ᠴᠢᠨᠠᠷ ᠲᠠᠢ ᠡᠷᠬᠢᠮᠯᠡᠨ ᠳᠡᠭᠡᠳᠦᠯᠡᠳᠡᠭ ᠭᠤᠸ᠎ᠠ ᠰᠠᠢᠬᠠᠨ ᠵᠠᠩᠰᠢᠯ ᠶᠤᠮᠰᠠᠨ ᠃

ᠮᠣᠩᠭᠤᠯᠴᠤᠳ ᠤᠨ ᠤᠯᠠᠮᠵᠢᠯᠠᠯᠲᠤ ᠰᠠᠭᠤᠬᠤ ᠵᠠᠩᠰᠢᠯ ᠳᠤ ᠭᠣᠣᠯ ᠨᠢ ᠴᠣᠮᠴᠤᠢᠬᠤ ᠪᠠ ᠵᠠᠪᠢᠯᠠᠵᠤ ᠰᠠᠭᠤᠬᠤ ᠬᠣᠶᠠᠷ ᠵᠦᠢᠯ ᠪᠠᠢᠳᠠᠭ ᠃ ᠡᠭᠦᠨ ᠡᠴᠡ ᠭᠠᠳᠠᠨ᠎ᠠ ᠪᠠᠰᠠ ᠰᠠᠨᠳᠠᠢᠯᠠᠬᠤ ᠂ ᠬᠡᠪᠢᠰᠯᠡᠬᠦ ᠂ ᠬᠥᠯ ᠢᠶᠡᠨ ᠵᠢᠭᠢᠬᠦ ᠂ ᠡᠪᠦᠳᠦᠭ  ᠢᠶᠡᠨ ᠲᠡᠪᠡᠷᠢᠬᠦ ᠰᠦᠬᠦᠳᠬᠦ ᠂ ᠶᠠᠪᠠᠭᠠᠨ ᠰᠠᠭᠤᠬᠤ ᠮᠡᠳᠤᠴᠢᠯᠠᠨ ᠤᠯᠠᠨ ᠵᠦᠢᠯ ᠤᠨ ᠰᠠᠭᠤᠳᠠᠯ ᠤᠨ ᠨᠡᠷᠡᠢᠳᠦᠯ ᠪᠠᠢᠳᠠᠭ ᠶᠤᠮ ᠃ ᠴᠣᠮᠴᠤᠢᠬᠤ ᠪᠠ ᠵᠠᠪᠢᠯᠠᠵᠤ ᠰᠠᠭᠤᠬᠤ ᠵᠢ ᠮᠣᠩᠭᠤᠯᠴᠤᠳ ᠬᠠᠮᠤᠭ ᠡᠴᠡ ᠰᠠᠢᠬᠠᠨ ᠡᠷᠬᠢᠮ ᠨᠠᠨᠳᠢᠨ ᠪᠣᠯᠪᠠᠰᠤᠨ ᠰᠠᠭᠤᠳᠠᠯ ᠪᠠ ᠬᠥᠮᠦᠨ ᠤ ᠪᠡᠶ᠎ᠡ ᠮᠠᠬᠠᠪᠤᠳ ᠲᠤ ᠠᠰᠢᠭᠲᠠᠢ ᠰᠠᠭᠤᠳᠠᠯ ᠭᠡᠵᠦ ᠲᠠᠭᠠᠰᠢᠶᠠᠵᠤ ᠥᠨᠢ ᠤᠳᠠᠭᠠᠨ ᠤᠯᠠᠮᠵᠢᠯᠠᠵᠤ ᠢᠷᠡᠭᠰᠡᠨ ᠲᠡᠦᠬᠡ ᠲᠠᠢ ᠶᠤᠮ ᠃

ᠮᠣᠩᠭᠤᠯᠴᠤᠳ ᠭᠡᠷ ᠥᠷᠦᠭᠡ ᠪᠠᠨ ᠭᠤᠶᠤᠮᠰᠤᠬ ᠰᠠᠢᠬᠠᠨ ᠵᠣᠬᠢᠴᠠᠭᠤᠯᠤᠨ ᠲᠣᠬᠢᠷᠠᠭᠤᠯᠵᠤ ᠠᠬᠠᠮᠠᠳ ᠲᠣᠮᠤᠭᠠᠲᠠᠳ ᠭᠡᠷ ᠤᠨ ᠡᠵᠡᠨ ᠨᠢ ᠲᠤᠯᠭ᠎ᠠ ᠲᠣᠭᠤᠭ᠎ᠠ ᠵᠢᠨ ᠬᠣᠢᠲᠤ ᠵᠠᠬ᠎ᠠ ᠵᠢ ᠲᠠᠭᠠᠵᠤ ᠦᠶ᠎ᠡ ᠳᠠᠷᠠᠭᠠᠯᠠᠨ ᠡᠷᠡᠭᠳᠡᠢᠴᠤᠳ ᠡᠴᠡ ᠡᠮᠡᠭᠲᠡᠢᠴᠦᠳ ᠭᠡᠬᠦ ᠲᠠᠰ ᠳᠠᠷᠠᠭ᠎ᠠ ᠲᠠᠢ ᠰᠠᠭᠤᠳᠠᠬ ᠃ ᠡᠭᠦᠨ ᠳᠤ ᠡᠷᠡᠭᠲᠡᠢᠴᠦᠳ ᠨᠢ ᠭᠣᠣᠯᠳᠠᠭᠤ ᠵᠠᠪᠢᠯᠠᠵᠤ ᠂ ᠡᠮᠡᠭᠲᠡᠢᠴᠦᠳ ᠨᠢ ᠪᠦᠷ ᠴᠣᠮᠴᠤᠢᠵᠤ ᠰᠠᠭᠤᠳᠠᠬ ᠵᠠᠩᠰᠢᠯ ᠲᠠᠢ ᠃ ᠬᠠᠷᠢᠨ ᠪᠡᠷᠢᠶᠡᠳ ᠭᠡᠤᠭᠡᠨᠴᠤᠳ ᠂ ᠵᠠᠯᠠᠭᠤ ᠪᠠᠭ᠎ᠠ ᠬᠡᠦᠬᠡᠳ ᠪᠣᠯ ᠲᠤᠯᠭ᠎ᠠ ᠲᠣᠭᠤᠭ᠎ᠠ ᠵᠢᠨ ᠵᠡᠭᠦᠨ ᠬᠣᠢᠲᠤ ᠵᠠᠬ᠎ᠠ ᠵᠢ ᠲᠠᠭᠠᠵᠤ ᠪᠦᠷ ᠴᠣᠮᠴᠤᠢᠵᠤ ᠰᠠᠭᠤᠳᠠᠬ ᠶᠤᠮ ᠃ ᠬᠥᠮᠦᠨ ᠠᠮᠠ ᠠᠷᠪᠢᠨ ᠂ ᠭᠠᠳᠠᠨ᠎ᠠ ᠡᠴᠡ ᠭᠡᠢᠴᠢᠨ ᠵᠣᠴᠢᠨ ᠦᠭᠡᠢ ᠴᠠᠭ ᠲᠤ ᠡᠷᠡᠭᠲᠡᠢᠴᠦᠳ ᠤᠨ ᠨᠠᠰᠤ ᠠᠬ᠎ᠠ ᠡᠴᠡ ᠡᠬᠢᠯᠡᠵᠦ ᠨᠠᠰᠤᠲᠠᠨ ᠲᠣᠮᠤᠭᠠᠲᠠᠨ ᠤ ᠵᠠᠬᠢᠶ᠎ᠠ ᠵᠢᠭᠠᠪᠤᠷᠢ ᠪᠡᠷ ᠲᠤᠯᠭ᠎ᠠ ᠲᠣᠭᠤᠭ᠎ᠠ ᠵᠢᠨ ᠪᠠᠷᠠᠭᠤᠨ ᠵᠠᠬ᠎ᠠ ᠵᠢ ᠲᠠᠭᠠᠵᠤ ᠵᠠᠪᠢᠯᠠᠬᠤ ᠪᠤᠶᠤ ᠴᠣᠮᠴᠤᠢᠵᠤ ᠰᠠᠭᠤᠳᠠᠬ ᠃ ᠬᠡᠷᠪᠡ ᠭᠡᠢᠴᠢᠨ ᠵᠣᠴᠢᠨ ᠲᠠᠢ ᠪᠣᠯ ᠲᠤᠯᠭ᠎ᠠ ᠲᠣᠭᠤᠭ᠎ᠠ ᠵᠢᠨ ᠪᠠᠷᠠᠭᠤᠨ ᠵᠠᠬ᠎ᠠ ᠵᠢ ᠪᠦᠭᠦᠳᠡ ᠵᠢ ᠭᠡᠢᠴᠢᠨ ᠵᠣᠴᠢᠨ ᠳᠠᠭᠠᠨ ᠵᠠᠢᠴᠢᠯᠠᠨ ᠬᠠᠢᠷᠠᠯᠠᠵᠤ ᠪᠤᠰᠤᠳ ᠢ ᠬᠦᠨᠳᠦᠳᠭᠡᠳᠡᠭ ᠰᠠᠢᠬᠠᠨ ᠵᠠᠩᠰᠢᠯ ᠲᠠᠢ ᠶᠤᠮ ᠃

ᠠᠢᠯ ᠳᠤ ᠭᠡᠢᠴᠢᠨ ᠵᠣᠴᠢᠨ ᠪᠣᠯᠬᠤ ᠳᠠᠭᠠᠨ ᠡᠷᠡᠭᠲᠡᠢᠴᠦᠳ ᠨᠢ ᠤᠬᠠᠮᠰᠠᠷ ᠡᠴᠡ ᠪᠠᠨ ᠨᠠᠰᠤᠨ ᠪ᠊ ᠶᠡᠬᠡ ᠪᠠᠭ᠎ᠠ ᠵᠢᠨ ᠢᠯᠭᠠᠯ ᠂ ᠡᠰᠡᠬᠦᠯ᠎ᠡ ᠤᠳᠤᠮ ᠦᠶ᠎ᠡ ᠵᠢᠨ ᠢᠯᠭᠠᠯ ᠢᠶᠡᠷ ᠢᠶᠡᠨ ᠲᠤᠯᠭ᠎ᠠ ᠲᠣᠭᠤᠭ᠎ᠠ ᠵᠢᠨ ᠪᠠᠷᠠᠭᠤᠨ ᠵᠠᠬ᠎ᠠ ᠵᠢ ᠲᠠᠭᠠᠵᠤ ᠲᠡᠰ ᠳᠠᠷᠠᠭ᠎ᠠ ᠲᠠᠢ ᠰᠤᠪᠤᠷᠠᠨ ᠰᠠᠭᠤᠳᠠᠬ ᠃ ᠯᠠᠮᠠ ᠬᠤᠸᠠᠷᠠᠬ ᠭᠡᠷ ᠤᠨ ᠡᠵᠡᠨ ᠡᠴᠡ ᠨᠠᠰᠤ ᠥᠨᠳᠦᠷ ᠵᠣᠴᠢᠨ  ᠨᠢ ᠵᠠᠪᠢᠯᠠᠵᠤ ᠰᠠᠭᠤᠳᠠᠬ ᠃ ᠭᠡᠷ ᠤᠨ ᠡᠵᠡᠨ ᠤ ᠵᠢᠭᠠᠪᠤᠷᠢ ᠱᠠᠭᠠᠷᠳᠠᠯᠭ᠎ᠠ ᠪᠡᠷ ᠨᠠᠰᠤ ᠵᠠᠯᠠᠭᠤᠬᠠᠨ ᠡᠷᠡᠭᠲᠡᠢᠴᠦᠳ ᠴᠤ ᠵᠠᠪᠢᠯᠠᠵᠤ ᠰᠠᠭᠤᠳᠠᠬ ᠵᠠᠩᠰᠢᠯ ᠲᠠᠢ ᠃ ᠡᠮᠡᠭᠲᠡᠢ ᠭᠡᠢᠴᠢᠳ ᠵᠣᠴᠢᠳ ᠪᠣᠯ ᠲᠤᠯᠭ᠎ᠠ ᠲᠣᠭᠤᠭ᠎ᠠ ᠵᠢᠨ ᠵᠡᠭᠦᠨ ᠬᠣᠢᠲᠤ ᠵᠠᠬ᠎ᠠ ᠵᠢ ᠲᠠᠭᠠᠵᠤ ᠨᠠᠰᠤᠨ ᠤ ᠶᠡᠬᠡ ᠪᠠᠭ᠎ᠠ ᠂ ᠦᠶ᠎ᠡ ᠵᠡᠷᠭᠡ ᠵᠢᠨ ᠳᠠᠷᠠᠭᠠᠯᠠᠯ ᠢᠶᠡᠷ ᠴᠥᠮ ᠴᠣᠮᠴᠤᠢᠵᠤ ᠰᠠᠭᠤᠳᠠᠬ ᠃ ᠡᠮᠡᠭᠲᠡᠢ ᠬᠥᠮᠦᠨ ᠵᠠᠪᠢᠯᠠᠵᠤ ᠰᠠᠭᠤᠬᠤ ᠵᠢ ᠶᠣᠰᠤ ᠮᠤᠷᠠᠯ ᠦᠭᠡᠢ ᠰᠠᠭᠤᠳᠠᠯ ᠭᠡᠵᠦ ᠣᠨᠴᠠ ᠴᠡᠭᠡᠷᠯᠡᠳᠡᠭ ᠃ ᠬᠡᠦᠬᠡᠳ ᠠᠢᠯ ᠳᠤ ᠣᠴᠢᠪᠠᠯ ᠲᠤᠯᠭ᠎ᠠ ᠲᠣᠭᠤᠭ᠎ᠠ ᠵᠢᠨ ᠪᠠᠷᠠᠭᠤᠨ ᠡᠮᠤᠨᠡᠬᠦᠷ ᠴᠣᠮᠴᠤᠢᠵᠤ ᠰᠠᠭᠤᠳᠠᠬ ᠃ ᠮᠣᠩᠭᠤᠯᠴᠤᠳ ᠴᠣᠮᠴᠤᠢᠵᠤ ᠰᠠᠭᠤᠬᠤ ᠵᠢ ᠨᠢᠭᠡᠨ ᠴᠡᠪᠡᠷ ᠰᠠᠢᠬᠠᠨ ᠪᠣᠷᠤᠭᠵᠢᠭᠤᠨ ᠪᠣᠯᠪᠠᠰᠤᠨ ᠲᠥᠪ ᠰᠠᠭᠤᠳᠠᠯ ᠭᠡᠵᠦ ᠲᠠᠭᠠᠰᠢᠶᠠᠬᠤ ᠪᠡᠷ ᠦᠯᠦ ᠪᠠᠷᠠᠮ ᠪᠡᠶ᠎ᠡ ᠮᠠᠬᠠᠪᠤᠳ ᠤᠨ ᠥᠰᠦᠯᠲᠡ ᠪᠣᠢᠵᠢᠯᠲᠠ ᠂ ᠡᠷᠡᠭᠦᠯ ᠴᠢᠬᠢᠷᠠᠬ ᠲᠤ ᠠᠰᠢᠭ ᠲᠠᠢ ᠭᠡᠵᠦ ᠬᠣᠢᠴᠢ ᠦᠶ᠎ᠡ ᠪᠠᠨ ᠰᠤᠷᠭᠠᠳᠠᠬ ᠃ ᠴᠣᠮᠴᠤᠢᠵᠤ ᠰᠠᠭᠤᠬᠤ ᠨᠢ ᠴᠠᠢ ᠬᠣᠭᠤᠯᠠ ᠢᠳᠡᠵᠦ ᠤᠤᠭᠤᠬᠤ ᠳᠤ ᠬᠡᠪᠡᠯᠢ ᠵᠢᠨ ᠬᠡᠰᠡᠭ ᠢ ᠰᠢᠬᠠᠵᠤ ᠨᠥᠯᠦᠭᠡᠯᠡᠬᠦ ᠦᠭᠡᠢ ᠂ ᠦᠰᠪᠤᠷᠢ ᠨᠠᠰᠤᠨ ᠤ ᠬᠡᠦᠬᠡᠳ ᠪᠠᠭᠠᠴᠤᠳ ᠤᠨ ᠨᠢᠷᠤᠭᠤ ᠬᠥᠯ   ᠶᠢ ᠠᠰᠭᠠᠨ ᠲᠡᠭᠰᠢ ᠂ ᠴᠡᠭᠡᠵᠢᠨ ᠪᠡᠶ᠎ᠡ ᠵᠢ ᠨᠢ ᠥᠷᠭᠡᠨ ᠲᠡᠨᠢᠭᠦᠨ ᠪᠣᠯᠭᠠᠵᠤ ᠂ ᠪᠡᠶ᠎ᠡ ᠵᠢᠨ ᠡᠯ᠎ᠡ ᠡᠷᠬᠡᠲᠡᠨ ᠤ ᠥᠰᠴᠦ ᠪᠣᠢᠵᠢᠬᠤ ᠳᠤ ᠠᠰᠢᠭᠲᠠᠢ ᠰᠠᠭᠤᠳᠠᠯ ᠭᠡᠵᠦ ᠬᠡᠯᠡᠳᠡᠭ ᠃ ᠡᠢᠮᠦ ᠤᠴᠢᠷ ᠡᠴᠡ ᠬᠡᠦᠬᠡᠳ ᠪᠠᠭᠠᠴᠤᠳ ᠢ ᠬᠦᠢᠰᠦ ᠴᠢᠨᠠᠷ ᠢᠯᠭᠠᠬᠤ ᠦᠭᠡᠢ ᠴᠣᠮᠴᠤᠢᠵᠤ ᠰᠠᠭᠤᠯᠭᠠᠳᠠᠬ ᠵᠠᠩᠰᠢᠯ ᠲᠠᠢ ᠪᠠᠢᠳᠠᠭ ᠶᠤᠮ ᠃ ᠮᠣᠩᠭᠤᠯᠴᠤᠳ ᠭᠡᠷ ᠲᠤ ᠰᠠᠨᠳᠠᠢᠯᠠᠵᠤ ᠰᠠᠭᠤᠳᠠᠬ ᠦᠭᠡᠢ ᠂ ᠬᠠᠷᠢᠨ ᠭᠠᠳᠠᠭ᠎ᠠ ᠬᠥᠳᠡᠭᠡ ᠂ ᠢᠯᠠᠩᠭᠤᠶ᠎ᠠ ᠬᠡᠭᠡᠷ᠎ᠡ ᠬᠥᠳᠡᠭᠡ ᠮᠠᠯ ᠬᠠᠷᠢᠭᠤᠯᠵᠤ ᠶᠠᠪᠤᠭ᠎ᠠ ᠬᠥᠮᠦᠨ ᠬᠠᠷᠢᠯᠴᠠᠨ ᠠᠭᠤᠯᠵᠠᠬᠤ ᠪᠤᠶᠤ ᠲᠦᠷ ᠠᠮᠷᠠᠵᠤ ᠰᠠᠭᠤᠬᠤ ᠳᠠᠭᠠᠨ ᠠᠭᠤᠯᠠ ᠬᠠᠳᠠᠷᠭᠠᠠ ᠭᠠᠵᠠᠷ ᠪᠣᠯ ᠴᠢᠯᠠᠭᠤᠨ ᠳᠡᠭᠡᠷ᠎ᠡ ᠲᠡᠪᠠᠯ ᠲᠡᠷᠯᠢᠭ ᠤᠨ ᠠᠷᠤ ᠬᠣᠷᠮᠤᠢ ᠪᠠᠨ ᠲᠡᠪᠢᠰᠤᠭᠡᠳ ᠲᠦᠷ ᠬᠤᠭᠤᠴᠠᠭ᠎ᠠ ᠰᠠᠨᠳᠠᠢᠯᠠᠵᠤ ᠰᠠᠭᠤᠳᠠᠬ ᠂ ᠬᠠᠲᠠᠪᠴᠢ ᠡᠭᠦᠳᠡᠨ ᠳᠡᠭᠡᠷ᠎ᠡ ᠰᠠᠨᠳᠠᠢᠯᠠᠵᠤ ᠰᠠᠭᠤᠬᠤ ᠵᠢ ᠣᠨᠴᠠ ᠴᠡᠭᠡᠷᠯᠡᠵᠦ ᠪᠡᠯᠭᠡ ᠳᠡᠮᠪᠡᠷᠢᠯ ᠦᠭᠡᠢ ᠮᠠᠭᠤ ᠢᠷᠸ᠎ᠠ ᠵᠢᠨ ᠰᠠᠭᠤᠳᠠᠯ ᠭᠡᠵᠦ ᠵᠢᠭᠰᠢᠳᠡᠭ ᠶᠤᠮ ᠃

ᠵᠠᠯᠠᠭᠤᠴᠤᠳ ᠪᠠᠭᠠᠴᠤᠳ ᠣᠨᠴᠠ ᠪᠠᠢᠳᠠᠯ ᠢ ᠭᠠᠷᠭᠠᠪᠠᠯ ᠠᠬᠠᠮᠠᠳ ᠲᠣᠮᠤᠭᠠᠲᠠᠳ ᠤᠨ ᠬᠠᠵᠠᠭᠤ ᠳᠤ ᠬᠥᠯ ᠢᠶᠡᠨ ᠵᠢᠬᠢᠵᠤ ᠰᠠᠭᠤᠬᠤ ᠵᠢ ᠪᠣᠯᠪᠠᠰᠤᠨ ᠪᠤᠰᠤ ᠰᠠᠭᠤᠳᠠᠯ ᠭᠡᠵᠦ ᠴᠡᠭᠡᠷᠯᠡᠳᠡᠭ ᠃ ᠢᠯᠠᠩᠭᠤᠶ᠎ᠠ ᠭᠡᠢᠴᠢᠨ ᠵᠣᠴᠢᠨ ᠤ ᠬᠠᠵᠠᠭᠤ ᠳᠤ ᠬᠥᠯ ᠢᠶᠡᠨ ᠵᠢᠬᠢᠵᠤ ᠰᠠᠭᠤᠬᠤ ᠵᠢ ᠮᠤᠷᠠᠯ ᠶᠣᠰᠤᠨ ᠳᠤ ᠬᠣᠯᠪᠤᠭᠳᠠᠭᠰᠠᠨ ᠶᠡᠬᠡ ᠤᠴᠢᠷ ᠢᠶᠡᠷ ᠴᠡᠭᠡᠷᠯᠡᠬᠦᠯᠳᠡᠭ ᠃ ᠨᠠᠰᠤᠲᠠᠢ ᠲᠣᠮᠤᠭᠠᠲᠠᠳ ᠭᠡᠢᠴᠢᠨ ᠵᠣᠴᠢᠨ ᠤ ᠬᠠᠵᠠᠭᠤ ᠳᠤ ᠬᠥᠯ ᠢᠶᠡᠨ ᠵᠢᠭᠢᠬᠦ ᠴᠢᠬᠤᠯᠠ ᠲᠠᠢ ᠪᠣᠯᠪᠠᠯ ᠤᠷᠢᠳᠠᠪᠠᠷ ᠲᠠᠢᠯᠪᠤᠷᠢᠯᠠᠵᠤ ᠳᠠᠷᠠᠭ᠎ᠠ ᠨᠢ ᠬᠥᠯ ᠢᠶᠡᠨ ᠭᠠᠷᠭᠠᠨ ᠵᠢᠬᠢᠵᠤ ᠰᠠᠭᠤᠳᠠᠬ ᠰᠠᠢᠬᠠᠨ ᠵᠠᠩᠰᠢᠯ ᠲᠠᠢ ᠃

ᠬᠡᠦᠬᠡᠳ ᠪᠠᠭᠠᠴᠤᠳ ᠲᠣᠮᠤᠭᠠᠲᠠᠳ ᠤᠨ ᠵᠠᠬ᠎ᠠ ᠳᠤ ᠡᠷᠡᠦ ᠰᠢᠨᠠ ᠪᠠᠨ ᠲᠦᠰᠢᠵᠦ ᠭᠡᠪᠡᠬᠡᠢᠯᠡᠵᠤ ᠰᠠᠭᠤᠭᠠᠳ ᠶᠡᠬᠡ ᠬᠥᠮᠦᠰ ᠤᠨ ᠬᠡᠯᠡᠯᠴᠡᠭᠡ ᠶᠠᠷᠢᠶ᠎ᠠ ᠵᠢ ᠰᠣᠨᠤᠰᠬᠤ ᠵᠢ ᠴᠡᠭᠡᠷᠯᠡᠳᠡᠭ ᠃ ᠡᠪᠦᠳᠦᠭ ᠢᠶᠡᠨ ᠲᠡᠪᠡᠷᠢᠵᠦ ᠰᠠᠭᠤᠬᠤ ᠵᠢ ᠮᠠᠭᠤ ᠢᠷᠸ᠎ᠠ ᠵᠢᠨ ᠮᠤᠷᠠᠯ ᠦᠭᠡᠢ ᠰᠠᠭᠤᠳᠠᠯ ᠭᠡᠵᠦ ᠴᠢᠩᠭ᠎ᠠ ᠴᠡᠭᠡᠷᠯᠡᠬᠦᠯᠤᠨ ᠴᠠᠭᠠᠵᠠᠯᠠᠳᠠᠬ ᠃

ᠶᠠᠮᠠᠷ ᠨᠢᠭᠡᠨ ᠣᠷᠴᠢᠨ ᠠᠬᠤᠢ ᠪᠠᠢᠳᠠᠯ ᠳᠣᠣᠷ᠎ᠠ ᠭᠡᠰᠡᠨ ᠴᠤ ᠶᠠᠪᠠᠭᠠᠨ ᠪᠠ ᠰᠦᠬᠦᠳᠴᠤ ᠰᠠᠭᠤᠬᠤ ᠵᠢ ᠣᠨᠴᠠ ᠴᠡᠭᠡᠷᠯᠡᠳᠡᠭ ᠃ ᠶᠠᠪᠠᠭᠠᠨ ᠰᠠᠭᠤᠬᠤ ᠵᠢ ᠵᠢᠷᠤᠮ ᠮᠤᠷᠠᠯ ᠦᠭᠡᠢ ᠮᠠᠭᠤ ᠢᠷᠸ᠎ᠠ ᠵᠢᠨ ᠰᠠᠭᠤᠳᠠᠯ ᠭᠡᠵᠦ ᠬᠤᠷᠢᠭᠯᠠᠳᠠᠬ ᠃ ᠰᠦᠬᠦᠳᠴᠤ ᠰᠠᠭᠤᠬᠤ ᠵᠢ ᠪᠣᠯ ᠶᠠᠯ᠎ᠠ ᠲᠠᠮᠤ ᠪᠠᠨ ᠬᠦᠯᠢᠶᠡᠬᠦ ᠭᠡᠵᠦ ᠪᠠᠢᠭ᠎ᠠ ᠰᠢᠨᠵᠢ ᠬᠡᠯᠪᠡᠷᠢ ᠲᠠᠢ ᠰᠠᠭᠤᠳᠠᠯ ᠭᠡᠵᠦ ᠴᠡᠭᠡᠷᠯᠡᠳᠡᠭ ᠶᠤᠮ ᠃ ᠡᠳᠡᠭᠡᠷ ᠡᠴᠡ ᠭᠠᠳᠠᠨ᠎ᠠ ᠪᠠᠰᠠ ᠤᠷᠭᠤᠭ᠎ᠠ ᠨᠣᠢᠲᠠᠨ ᠮᠣᠳᠤ ᠡᠪᠡᠰᠦ ᠂ ᠰᠢᠲᠦᠯᠭᠡ ᠲᠠᠢ ᠬᠠᠢᠷᠬᠠᠨ ᠤᠪᠤᠭ᠎ᠠ ᠵᠢᠨ ᠴᠢᠯᠠᠭᠤ ᠮᠣᠳᠤᠨ ᠳᠡᠭᠡᠷ᠎ᠡ ᠰᠠᠭᠤᠬᠤ ᠵᠢ ᠦᠷᠭᠦᠯᠵᠢ ᠴᠡᠭᠡᠷᠯᠡᠬᠦᠯᠤᠨ ᠡᠪᠡᠳᠴᠢᠨ ᠲᠠᠬᠤᠯ ᠳᠤ ᠨᠡᠷᠪᠡᠭᠳᠡᠨ᠎ᠡ ᠂ ᠠᠭᠤᠯᠠ ᠬᠠᠢᠷᠬᠠᠨ ᠡᠪᠡᠰᠦ ᠤᠷᠭᠤᠮᠠᠯ ᠪᠤᠵᠠᠷᠳᠤᠭᠤᠯᠤᠨ᠎ᠠ ᠭᠡᠰᠡᠨ ᠤᠳᠭ᠎ᠠ ᠠᠭᠤᠯᠭ᠎ᠠ ᠲᠠᠢ ᠦᠭᠡ ᠪᠡᠷ ᠲᠠᠢᠯᠪᠤᠷᠢᠯᠠᠵᠤ ᠂ ᠮᠠᠯ ᠠᠵᠤ ᠠᠬᠤᠢ ᠵᠢᠨ ᠦᠢᠯᠡᠳᠪᠦᠷᠢᠯᠡᠯ ᠤᠨ ᠡᠬᠢ ᠪᠠᠶᠠᠯᠢᠭ ᠪᠣᠯᠬᠤ ᠡᠪᠡᠰᠦ ᠤᠷᠭᠤᠮᠠᠯ ᠪᠠ ᠡᠭᠡ ᠪᠠᠢᠭᠠᠯᠢ ᠪᠠᠨ ᠬᠢᠮᠠᠭᠠᠳᠠᠨ ᠬᠠᠢᠷᠠᠯᠠᠭᠰᠠᠨ ᠰᠡᠳᠭᠢᠯᠭᠡ ᠵᠢ ᠢᠯᠡᠳᠭᠡᠵᠦ ᠪᠠᠢᠳᠠᠭ ᠶᠤᠮ ᠃

ᠮᠣᠩᠭᠤᠯᠴᠤᠳ ᠤᠨ ᠰᠠᠭᠤᠬᠤ ᠵᠠᠩᠰᠢᠯ ᠢ ᠨᠠᠷᠢᠨ ᠠᠵᠢᠭᠯᠠᠵᠤ ᠦᠵᠡᠪᠡᠯ ᠲᠡᠷᠡ ᠨᠢ ᠠᠮᠢᠳᠤᠷᠠᠯ ᠤᠨ ᠳᠤᠮᠳᠠᠬᠢ ᠬᠥᠳᠡᠯᠦᠯ ᠪᠠᠢᠳᠠᠯ ᠲᠡᠳᠦᠢ ᠪᠣᠯᠪᠠᠴᠤ ᠲᠡᠭᠦᠨ ᠳᠤ ᠪᠣᠷᠤᠭᠵᠢᠭᠤᠨ ᠪᠣᠯᠪᠠᠰᠤᠨ ᠶᠣᠰᠤ ᠮᠤᠷᠠᠯ ᠭᠦᠨᠵᠡᠭᠡᠢ ᠨᠡᠪᠴᠢᠵᠤ ᠪᠠᠢᠳᠠᠭ ᠶᠤᠮ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠥᠪᠦᠷ ᠮᠣᠩᠭᠤᠯ ᠥᠨᠳᠥᠰᠥᠲᠡᠨ ᠦ ᠰᠤᠷᠭᠠᠨ ᠬᠥᠮᠦᠵᠢᠯ ᠦᠨ ᠰᠦᠯᠵᠢᠶ᠎ᠡ ᠬᠡᠪᠯᠡᠯ ᠦᠨ ᠡᠷᠬᠡ ᠲᠡᠢ ᠃ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃