lt
ᠰᠤᠶᠤᠯ ᠲᠡᠤᠬᠡ
ᠬᠣᠩᠭᠢᠷᠠᠳ ᠤᠨ ᠲᠡᠦᠬᠡᠨ ᠳᠡᠬᠢ ᠯᠦ ᠸᠠᠩ ᠬᠢᠭᠡᠳ ᠲᠡᠭᠦᠨ ᠤ ᠣᠷᠳᠤᠨ ᠬᠤᠳᠠ
2015.06.18 ᠲᠣᠰ ᠥᠷᠲᠡᠭᠡᠨ ᠦ ᠨᠠᠢᠷᠠᠭᠤᠯᠤᠭᠴᠢ

                                      ︱︱ ᠨᠠᠮᠲᠠᠢᠰᠦᠷᠦᠩ ᠂ ᠰᠡᠴᠡᠨᠪᠠᠳᠤ ᠂ ᠤᠯᠠᠭᠠᠨᠪᠠᠭᠠᠲᠤᠷ

ᠠᠭᠤᠯᠭ᠎ᠠ ᠶᠢᠨ ᠲᠣᠪᠴᠢ ᠄ ᠴᠢᠩᠭᠢᠰ ᠬᠠᠭᠠᠨ ᠤ ᠬᠠᠳᠠᠮ ᠠᠪᠤ ᠳ᠋ᠠᠢ ᠰᠡᠴᠡᠨ ᠤ ᠦᠷ᠎ᠡ ᠬᠤᠢᠴᠠᠰ  ᠨᠢ ᠬᠠᠷᠢᠶᠠᠨ ᠤ ᠭᠠᠵᠠᠷ ᠲᠠᠭᠠᠨ ᠢᠩᠴᠠᠩ ᠴᠦᠯᠭᠡ ᠪᠤᠯᠤᠨ ᠴᠢᠤᠸᠠᠨ ᠨᠢᠩ ᠴᠦᠯᠭᠡ ᠶᠢᠨ ᠬᠤᠳᠠ ᠶᠢ ᠪᠠᠢᠭᠤᠯᠵᠤ ᠂ ᠶᠤᠸᠠᠨ ᠤᠯᠤᠰ ᠤᠨ ᠵᠠᠰᠠᠭ ᠲᠥᠷᠦ ᠶᠢᠨ ᠪᠡᠬᠢᠵᠢᠯ ᠬᠢᠭᠡᠳ ᠲᠤᠬᠠᠢ ᠶᠢᠨ ᠣᠷᠤᠨ ᠤ ᠠᠵᠤ ᠠᠬᠤᠢ ᠶᠢᠨ ᠬᠥᠭᠵᠢᠯᠲᠡ ᠳᠤ ᠨᠢᠭᠡᠨ ᠦᠶ᠎ᠡ ᠯᠤᠲᠤ ᠶᠡᠬᠡ ᠭᠠᠪᠢᠶ᠎ᠠ ᠵᠢᠳᠭᠦᠯ ᠦᠵᠡᠭᠦᠯᠦᠭᠰᠡᠨ ᠶᠤᠮ ᠃ ᠡᠭᠦᠨ ᠤ ᠳᠣᠲᠤᠷ᠎ᠠ ᠯᠦ ᠸᠠᠩ ᠤᠨ ᠬᠤᠳᠠ ᠪᠣᠯ ᠨᠢᠭᠡ ᠦᠶ᠎ᠡ ᠭᠢᠯᠠᠰ ᠴᠢᠭ ᠪᠣᠯᠵᠤ ᠪᠠᠢᠭᠰᠠᠨ ᠶᠤᠮ ᠃ ᠲᠤᠰ ᠥᠭᠦᠯᠡᠯ ᠳᠤ ᠭᠣᠣᠯᠳᠠᠭᠤ ᠯᠦ ᠸᠠᠩ ᠪᠤᠯᠤᠨ ᠯᠦ ᠸᠠᠩ ᠤᠨ ᠬᠤᠳᠠ ᠶᠢᠨ ᠲᠡᠦᠬᠡ ᠪᠤᠯᠤᠨ ᠲᠡᠭᠦᠨ ᠤ ᠲᠡᠦᠬᠡᠨ ᠪᠠᠢᠷᠢ ᠰᠠᠭᠤᠷᠢ ᠶᠢ ᠲᠠᠨᠢᠯᠴᠠᠭᠤᠯᠬᠤ ᠪᠣᠯᠤᠨ᠎ᠠ ᠃ ᠵᠠᠩᠭᠢᠯᠠᠭ᠎ᠠ ᠶᠢᠨ ᠦᠭᠡ ᠄ ᠬᠣᠩᠭᠢᠷᠠᠳ ᠠᠢᠮᠠᠭ ᠂ ᠳ᠋ᠠᠢ ᠰᠡᠴᠡᠨ ᠂ ᠯᠦ ᠸᠠᠩ ᠂ ᠸᠠᠩ ᠤᠨ ᠬᠤᠳᠠ ᠶᠢᠨ ᠪᠠᠢᠭᠤᠯᠤᠭᠳᠠᠭᠰᠠᠨ ᠪᠠ ᠡᠪᠳᠡᠭᠳᠡᠭᠰᠡᠨ ᠨᠢ

ᠨᠢᠭᠡ ᠂ ᠯᠦ ᠸᠠᠩ ᠪᠣᠯ ᠬᠣᠩᠭᠢᠷᠠᠳ ᠠᠢᠮᠠᠭ ᠤᠨ ᠳ᠋ᠠᠢ ᠰᠡᠴᠡᠨ ᠤ ᠬᠤᠢᠴᠠᠰ ᠮᠥᠨ

ᠴᠢᠩᠭᠢᠰ ᠬᠠᠭᠠᠨ ᠤ ᠬᠠᠳᠠᠮ ᠠᠪᠤ ᠳ᠋ᠠᠢ ᠰᠡᠴᠡᠨ ᠪᠣᠯ ᠬᠣᠩᠭᠢᠷᠠᠳ ᠠᠢᠮᠠᠭ ᠤᠨ ᠪᠤᠰᠬᠤᠷ ᠣᠪᠤᠭ  ᠤᠨ ᠬᠥᠮᠦᠨ ᠶᠤᠮ ᠃ ᠳ᠋ᠠᠢ ᠰᠡᠴᠡᠨ ᠡᠴᠡ ᠪᠦᠷᠳᠡ (勃儿帖 ) ᠂ ᠡᠯᠴᠢᠨ (按陈 ) ᠂ ᠠᠬᠤᠲᠠᠢ (阿忽台 ) ᠂ ᠴᠸ ( ᠴᠡᠭᠡ ᠂册) ᠭᠡᠰᠡᠨ ᠳᠥᠷᠪᠡᠨ ᠬᠡᠦᠬᠡᠳ ᠲᠠᠢ ᠃ ᠪᠦᠷᠳᠡ ᠪᠣᠯ ᠴᠢᠩᠭᠢᠰ ᠬᠠᠭᠠᠨ ᠤ ᠡᠰᠢ ᠬᠠᠲᠤᠨ ᠮᠥᠨ ᠃ ᠡᠯᠴᠢᠨ ᠪᠣᠯ ᠴᠢᠩᠭᠢᠰ ᠬᠠᠭᠠᠨ ᠤ ᠲᠠᠯᠠᠨ ᠨᠢᠭᠡᠳᠦᠭᠡᠷ ᠭᠠᠪᠢᠶᠠᠲᠤ ᠵᠠᠩᠵᠤᠨ ᠶᠤᠮ ᠃ ᠡᠯᠴᠢᠨ ᠡᠴᠡ ᠴᠢᠭᠦ (赤古 )᠂ ᠥᠴᠢᠨ (斡陈 ) ᠂ ᠪᠢᠭᠡ (必哥 )᠂ ᠰᠤᠷᠤᠬᠤᠳ (唆儿火都 ) ᠂ ᠨᠠᠴᠢᠨ ( 纳陈 ) ᠂ ᠴᠡᠪᠡᠷ ( ᠴᠢᠮᠪᠠᠢ察必 ᠂车伯尔 ᠂ ) ᠭᠡᠬᠦ ᠵᠢᠷᠭᠤᠭᠠᠨ ᠬᠡᠦᠬᠡᠳ ᠲᠠᠢ ᠃ ( 《 ᠬᠣᠶᠠᠷ ᠭᠣᠣᠯ  ᠤᠨ ᠳᠣᠯᠭᠢᠶᠠᠨ ᠤ ᠲᠠᠭᠤᠨ 》 ᠭᠡᠬᠦ ᠨᠣᠮ ᠳᠤ ᠡᠯᠴᠢᠨ ᠪᠤᠯᠤᠨ ᠨᠠᠴᠢᠨ ᠢ ᠠᠬ᠎ᠠ ᠳᠡᠭᠦᠦ ᠬᠣᠶᠠᠷ ᠭᠡᠵᠦ ᠦᠵᠡᠪᠡ ᠃ ᠡᠨᠳᠡ ᠵᠣᠬᠢᠶᠠᠭᠴᠢ ᠨᠠᠴᠢᠨ ᠪᠣᠯ ᠡᠯᠴᠢᠨ ᠤ ᠬᠥᠪᠡᠭᠦᠨ ᠮᠥᠨ ᠭᠡᠵᠦ ᠦᠵᠡᠯ᠎ᠡ ᠃) ᠴᠢᠭᠦ ᠶᠢᠨ ᠬᠠᠲᠤᠨ ᠪᠣᠯ ᠴᠢᠩᠭᠢᠰ ᠬᠠᠭᠠᠨ ᠤ ᠳᠥᠷᠪᠡᠳᠦᠭᠡᠷ ᠭᠦᠩᠵᠤ ᠲᠤᠮᠤᠯᠤᠨ ( 特莫伦 ) ᠮᠥᠨ ᠃ ᠥᠴᠢᠨ ᠤ ᠬᠠᠲᠤᠨ ᠪᠣᠯ ᠷᠦᠢᠼᠦᠩ ᠵᠠᠬᠢᠷᠤᠭᠴᠢ ᠲᠤᠯᠤᠢ ᠶᠢᠨ ᠥᠬᠢᠨ ᠶᠢᠰᠦᠪᠤᠬ᠎ᠠ (也速不花 ) ᠭᠦᠩᠵᠤ ᠮᠥᠨ ᠃ ᠨᠠᠴᠢᠨ ᠤ ᠬᠠᠲᠤᠨ ᠪᠣᠯ ᠴᠢᠩᠭᠢᠰ ᠬᠠᠭᠠᠨ ᠤ ᠣᠮᠪᠤᠯᠤ ᠥᠬᠢᠨ ᠰᠡᠴᠢᠭᠭᠡᠨ (薛只干 ) ᠭᠦᠩᠵᠤ ᠮᠥᠨ ᠃ ᠴᠡᠪᠡᠷ ᠪᠣᠯ ᠬᠤᠪᠢᠯᠠᠢ ᠬᠠᠭᠠᠨ ᠤ ᠡᠰᠢ ᠬᠠᠲᠤᠨ ᠬᠤᠸᠠᠩᠬᠡᠤ ᠮᠥᠨ ᠃ ᠨᠠᠴᠢᠨ ᠡᠴᠡ ᠦᠯᠦᠴᠢᠨ (斡罗陈 ) ᠂ ᠲᠡᠮᠦᠷ ( 帖 木儿) ᠂ ᠵᠢᠷᠸᠠᠳᠠᠢ (只儿瓦台 ) ᠂ ᠮᠠᠨᠽᠠᠲᠠᠢ (蛮子台 ) ᠭᠡᠬᠦ ᠳᠥᠷᠪᠡᠨ ᠬᠥᠪᠡᠭᠦᠨ ᠲᠠᠢ ᠃ (《 ᠬᠣᠶᠠᠷ ᠭᠣᠣᠯ ᠤᠨ ᠳᠣᠯᠭᠢᠶᠠᠨ ᠤ ᠲᠠᠭᠤᠨ 》 ᠭᠡᠬᠦ ᠨᠣᠮ ᠳᠤ ᠲᠡᠮᠦᠷ ᠪᠤᠯᠤᠨ ᠦᠯᠦᠴᠢᠨ ᠢ ᠦᠶᠡᠯᠡᠳ ᠠᠬ᠎ᠠ ᠳᠡᠭᠦᠦ ᠭᠡᠵᠦ ᠦᠵᠡᠪᠡ ᠃ ᠡᠨᠳᠡ ᠵᠣᠬᠢᠶᠠᠭᠴᠢ ᠪᠤᠷᠤᠭᠤ  ᠶᠢ ᠨᠢ ᠵᠠᠯᠠᠷᠠᠭᠤᠯᠪᠠ ᠃ ) ᠦᠯᠦᠴᠢᠨ ᠳᠤ ᠴᠢᠩᠭᠢᠰ ᠬᠠᠭᠠᠨ ᠤ ᠣᠮᠪᠤᠯᠤ ᠥᠬᠢᠨ ᠸᠠᠨᠰᠸ (完 泽 ) ᠭᠦᠩᠵᠤ ᠶᠢ ᠪᠣᠭᠲᠤᠯᠠᠵᠤ ᠥᠭᠴᠡᠢ ᠃ ᠤᠨ ᠲᠣᠭᠠᠯᠠᠯ ᠤᠨ1295 ᠤᠨ ᠳᠦ ᠬᠠᠭᠠᠨ ᠡᠵᠡᠨ ᠡᠴᠡ ᠡᠯᠴᠢᠨ ᠨᠣᠶᠠᠨ ᠢ ᠨᠡᠬᠡᠮᠵᠢᠯᠡᠨ ᠵᠢᠨᠢᠩ ᠬᠠᠰᠢᠨᠸᠠᠩ ᠡᠷᠭᠦᠮᠵᠢᠯᠡᠵᠤ ᠂ ᠬᠥᠪᠡᠭᠦᠨ ᠥᠴᠢᠨ ᠶᠢ ᠨᠢ ᠲᠦᠮᠡᠲᠦ ᠶᠢᠨ ᠨᠣᠶᠠᠨ ᠪᠣᠯᠭᠠᠵᠤ ᠂ ᠷᠦᠢᠼᠦᠩ ᠵᠠᠬᠢᠷᠤᠭᠴᠢ ᠲᠤᠯᠤᠢ ᠶᠢᠨ ᠥᠬᠢᠨ ᠶᠢᠰᠦᠪᠤᠬ᠎ᠠ ᠭᠦᠩᠵᠤ ᠶᠢ ᠪᠣᠭᠲᠤᠯᠠᠵᠤ ᠥᠭᠪᠡ ᠃ 1270 ᠤᠨ ᠳᠤ ᠶᠢᠰᠦᠪᠤᠬ᠎ᠠ ᠭᠦᠩᠵᠤ ᠪᠤᠯᠤᠨ ᠲᠦᠮᠡᠳᠤ ᠶᠢᠨ ᠨᠣᠶᠠᠨ ᠥᠴᠢᠨ ᠬᠣᠶᠠᠷ ᠬᠡᠰᠢᠭᠲᠡᠨ ᠤ ᠲᠠᠯᠠᠨᠠᠭᠤᠷ ᠤᠨ ᠪᠠᠷᠠᠭᠤᠨ ᠲᠠᠢ ᠣᠷᠳᠤᠨ  ᠢᠶᠠᠨ ᠡᠬᠢᠯᠡᠵᠦ ᠪᠠᠢᠭᠤᠯᠤᠭᠰᠠᠨ ᠪᠠᠢᠨ᠎ᠠ ᠃ ᠥᠴᠢᠨ ᠬᠠᠯᠢᠭᠰᠠᠨ ᠤ ᠳᠠᠷᠠᠭ᠎ᠠ ᠬᠡᠭᠦᠷ ᠶᠢ ᠨᠢ ᠪᠦᠬᠠᠢᠬᠠᠨ ( 不海韩) ᠭᠡᠬᠦ ᠭᠠᠵᠠᠷ ᠣᠷᠤᠰᠢᠭᠤᠯᠪᠠ ᠃  ᠤᠨ ᠲᠣᠭᠠᠯᠠᠯ ᠤᠨ 1214 ᠤᠨ ᠳᠤ ᠂ ᠴᠢᠩᠭᠢᠰ ᠬᠠᠭᠠᠨ ᠥᠪᠡᠷ ᠤᠨ ᠬᠠᠳᠠᠮ ᠳᠡᠭᠦᠦ ᠡᠯᠴᠢᠨ ᠤ ᠬᠥᠪᠡᠭᠦᠨ ᠳᠤ ᠬᠠᠮᠠᠷ ᠥᠨᠳᠦᠷ (可木儿温都 ) ᠡᠴᠡ ᠵᠡᠭᠦᠨᠰᠢ ᠂ ᠲᠡᠮᠡᠭᠡᠨ ᠭᠣᠣᠯ (落马河 ) ᠪᠤᠯᠤᠨ ᠪᠣᠷᠤ ᠠᠭᠤᠯᠠ (赤山) ᠶᠢᠨ ᠬᠣᠭᠤᠷᠤᠨᠳᠤᠬᠢ ᠭᠠᠵᠠᠷ ᠢ ᠬᠠᠷᠢᠶᠠᠨ ᠤ ᠭᠠᠵᠠᠷ ᠢᠶᠠᠷ ᠵᠢᠭᠠᠵᠤ ᠥᠭᠴᠡᠢ ᠃ ᠪᠣᠷᠤ ᠠᠭᠤᠯᠠ ᠭᠡᠵᠦ ᠥᠨᠥ ᠶᠢᠨ ᠬᠤᠩᠱᠠᠨ ᠠᠭᠤᠯᠠ ᠶᠢ ᠵᠢᠭᠠᠵᠤ ᠪᠠᠢᠨ᠎ᠠ ᠃ ᠢᠩᠭᠢᠭᠡᠳ ᠠᠤᠬᠠᠨ ᠂ ᠣᠩᠨᠢᠭᠤᠳ ᠂ ᠪᠠᠭᠠᠷᠢᠨ ᠂ ᠬᠡᠰᠢᠭᠲᠡᠨ ᠂ ᠦᠵᠦᠮᠦᠴᠢᠨ ᠤ ᠭᠠᠵᠠᠷ ᠨᠢ ᠬᠣᠩᠭᠢᠷᠠᠳ ᠠᠢᠮᠠᠭ ᠤᠨ ᠬᠠᠷᠢᠶᠠᠨ ᠤ ᠭᠠᠵᠠᠷ ᠪᠣᠯᠤᠭᠰᠠᠨ ᠪᠠᠢᠨ᠎ᠠ ᠃ ᠥᠴᠢᠨ ᠨᠠᠰᠤ ᠪᠠᠷᠠᠭᠰᠠᠨ ᠤ ᠳᠠᠷᠠᠭ᠎ᠠ ᠂ ᠲᠡᠭᠦᠨ ᠤ ᠳᠡᠭᠦᠦ ᠨᠠᠴᠢᠨ ᠲᠦᠮᠡᠳᠤ ᠶᠢᠨ ᠨᠣᠶᠠᠨ ᠰᠠᠭᠤᠪᠠ ᠃ ᠣᠩᠨᠢᠭᠤᠳ ᠬᠣᠰᠢᠭᠤᠨ ᠳᠤ ᠪᠠᠢᠭ᠎ᠠ ᠵᠠᠩ ᠢᠩ ᠷᠦᠢ ᠶᠢᠨ ᠣᠩᠭᠤᠨ ᠤ ᠡᠵᠡᠨ ᠵᠠᠩ ᠢᠩ ᠷᠦᠢ ᠪᠣᠯ ᠨᠠᠴᠢᠨ ᠨᠣᠶᠠᠨ ᠤ ᠭᠡᠷ ᠤᠨ ᠵᠠᠷᠤᠴᠠ ᠪᠣᠯᠤᠨ᠎ᠠ ᠃ ᠨᠠᠴᠢᠨ ᠨᠠᠰᠤ ᠪᠠᠷᠠᠭᠰᠠᠨ  ᠳᠤ ᠬᠡᠭᠦᠷ ᠶᠢ ᠨᠢ ᠮᠣᠭᠠᠢᠲᠤ (末怀秃 ) ᠭᠡᠬᠦ ᠭᠠᠵᠠᠷ ᠣᠷᠤᠰᠢᠭᠤᠯᠵᠠᠢ ᠃ ᠡᠭᠦᠨ ᠤ ᠳᠠᠷᠠᠭ᠎ᠠ ᠂ ᠨᠠᠴᠢᠨ ᠨᠣᠶᠠᠨ ᠤ ᠶᠡᠬᠡ ᠬᠥᠪᠡᠭᠦᠨ ᠦᠯᠦᠴᠢᠨ ᠢ ᠲᠦᠮᠡᠳᠤ ᠶᠢᠨ ᠨᠣᠶᠠᠨ ᠡᠷᠭᠦᠮᠵᠢᠯᠡᠵᠤ ᠂ ᠸᠠᠨᠰᠸ ᠭᠦᠩᠵᠤ ᠶᠢ ᠪᠣᠭᠲᠤᠯᠠᠵᠤ ᠥᠭᠴᠡᠢ ᠃ ᠸᠠᠨᠰᠸ ᠭᠦᠩᠵᠤ ᠬᠠᠯᠢᠭᠰᠠᠨ ᠳᠤ ᠬᠤᠪᠢᠯᠠᠢ ᠬᠠᠭᠠᠨ ᠤ ᠴᠡᠪᠡᠷ ᠬᠠᠲᠤᠨ ᠡᠴᠡ ᠲᠥᠷᠦᠭᠰᠡᠨ ᠬᠣᠶᠠᠳᠤᠭᠠᠷ ᠥᠬᠢᠨ ᠨᠠᠩᠵᠢᠶᠠᠵᠸᠨ (囊加真 ) ᠭᠦᠩᠵᠤ ᠶᠢ ᠦᠯᠦᠴᠢᠨ ᠨᠤᠶᠠᠨᠳ᠋ᠤ ᠵᠠᠯᠭᠠᠵᠤ ᠪᠣᠭᠲᠤᠯᠠᠵᠤ ᠥᠭᠪᠡ ᠃ 1270 ᠤᠨ ᠳᠤ ᠂ ᠲᠦᠮᠡᠲᠦ ᠶᠢᠨ ᠨᠣᠶᠠᠨ ᠦᠯᠦᠴᠢᠨ ᠪᠤᠯᠤᠨ ᠭᠦᠩᠵᠤ ᠨᠠᠩᠵᠢᠶᠠᠵᠸᠨ ᠬᠣᠶᠠᠭᠤᠯᠠ ᠬᠤᠪᠢᠯᠠᠢ ᠬᠠᠭᠠᠨ ᠳᠤ ᠠᠢᠯᠠᠳᠭᠠᠵᠤ ᠢᠩᠴᠠᠩ ᠹᠦ ᠶᠢᠨ ᠬᠤᠳᠠ ᠶᠢ ᠡᠬᠢᠯᠡᠵᠦ ᠪᠠᠢᠭᠤᠯᠪᠠ ᠃ 1275 ᠤᠨ ᠳᠤ ᠢᠩᠴᠠᠩ ᠹᠦ ᠶᠢ ᠢᠩᠴᠠᠩ ᠴᠦᠯᠭᠡ ᠪᠣᠯᠭᠠᠨ ᠲᠡᠪᠰᠢᠭᠦᠯᠵᠤ ᠮᠤᠵᠢ ᠡᠴᠡ ᠰᠢᠭᠤᠳ ᠬᠠᠮᠢᠶᠠᠷᠬᠤ ᠪᠣᠯᠭᠠᠪᠠ ᠃ 1278  ᠤᠨ ᠳᠤ ᠦᠯᠦᠴᠢᠨ ᠨᠣᠶᠠᠨ ᠵᠢᠷᠸᠠᠳᠠᠢ ᠶᠢᠨ ᠤᠷᠪᠠᠯᠭᠠᠨ ᠳᠤ ᠠᠯᠠᠭᠳᠠᠭᠰᠠᠨ ᠳᠤ ᠬᠡᠭᠦᠷ ᠶᠢ ᠨᠢ ᠲᠦᠷᠯᠠᠢ ( 拓剌里 ) ᠭᠡᠬᠦ ᠭᠠᠵᠠᠷ ᠣᠷᠤᠰᠢᠭᠤᠯᠵᠠᠢ ᠃ 1282 ᠤᠨ ᠳᠤ ᠦᠯᠦᠴᠢᠨ ᠨᠣᠶᠠᠨ  ᠤ ᠳᠡᠭᠦᠦ ᠲᠡᠮᠦᠷ ᠢ ᠲᠦᠮᠡᠳᠤ ᠶᠢᠨ ᠨᠣᠶᠠᠨ ᠡᠷᠭᠦᠮᠵᠢᠯᠡᠵᠤ ᠂ ᠨᠠᠩᠵᠢᠶᠠᠵᠸᠨ ᠭᠦᠩᠵᠤ ᠶᠢ ᠬᠠᠲᠤᠨ  ᠢᠶᠠᠷ ᠵᠠᠯᠭᠠᠵᠤ ᠰᠠᠭᠤᠯᠭᠠᠪᠠ ᠃ ᠲᠡᠮᠦᠷ ᠪᠤᠯᠤᠨ ᠨᠠᠩᠵᠢᠶᠠᠵᠸᠨ ᠬᠣᠶᠠᠷ ᠡᠴᠡ ᠳ᠋ᠢᠶᠤᠤᠪᠤᠯᠠ ( 雕阿 不剌) ᠂ ᠰᠠᠩᠪᠤᠯᠠ ( 桑哥不剌 )ᠭᠡᠬᠦ ᠬᠣᠶᠠᠷ ᠬᠦᠦ ᠲᠠᠢ ᠃ ᠲᠡᠮᠦᠷ ᠨᠣᠶᠠᠨ ᠂ 1288  ᠤᠨ ᠤ ᠨᠠᠶᠠ ᠶᠢᠨ ᠤᠷᠪᠠᠯᠭᠠᠨ ᠪᠤᠯᠤᠨ 1289 ᠤᠨ ᠤ ᠬᠠᠳᠠᠨᠳᠤᠯᠭ᠎ᠠ ᠶᠢᠨ ᠤᠷᠪᠠᠯᠭᠠᠨ ᠢ ᠳᠠᠷᠤᠩᠭᠤᠢᠯᠠᠬᠤ ᠲᠤᠯᠤᠯᠳᠤᠭᠠᠨ ᠳᠤ ᠭᠠᠪᠢᠶ᠎ᠠ ᠪᠠᠢᠭᠤᠯᠤᠭᠰᠠᠨ ᠲᠤᠯᠠ ᠬᠤᠪᠢᠯᠠᠢ ᠬᠠᠭᠠᠨ ᠡᠴᠡ ᠲᠡᠭᠦᠨ ᠳᠤ ᠤᠷᠢᠳ ᠬᠣᠵᠢᠳ ᠵᠢᠨᠢᠩ ᠵᠢᠶᠦ᠋ᠨ ᠸᠠᠩ ᠭᠡᠬᠦ ᠵᠡᠷᠭᠡ ᠪᠠ ᠠᠯᠳᠠᠷᠲᠤ ᠨᠣᠶᠠᠨ ᠭᠡᠬᠦ ᠴᠣᠯᠠ ᠣᠯᠭᠤᠪᠠ ᠃ ᠲᠡᠮᠦᠷ ᠨᠣᠶᠠᠨ ᠬᠠᠯᠢᠭᠰᠠᠨ ᠳᠤ ᠬᠡᠭᠦᠷ ᠶᠢ ᠨᠢ ᠮᠣᠭᠠᠢᠲᠤ ᠭᠡᠬᠦ ᠭᠠᠵᠠᠷ ᠣᠷᠤᠰᠢᠭᠤᠯᠪᠠ ᠃ 1291 ᠤᠨ ᠳᠤ ᠲᠡᠮᠦᠷ ᠤᠨ ᠳᠡᠭᠦᠦ ᠮᠠᠨᠽᠠᠲᠠᠢ ᠶᠢ ᠲᠦᠮᠡᠲᠦ ᠶᠢᠨ ᠨᠣᠶᠠᠨ ᠡᠷᠭᠦᠮᠵᠢᠯᠡᠵᠤ ᠂ ᠨᠠᠩᠵᠢᠶᠠᠵᠸᠨ ᠭᠦᠩᠵᠤ ᠶᠢ ᠪᠠᠰᠠ ᠵᠠᠯᠭᠠᠵᠤ ᠬᠠᠲᠤᠨ ᠢᠶᠠᠷ ᠰᠠᠭᠤᠯᠭᠠᠪᠠ ᠃ 1295 ᠤᠨ ᠳᠤ ᠂ ᠴᠸᠩᠽᠦᠩ ᠥᠯᠵᠡᠢᠲᠦ ᠲᠡᠮᠦᠷ ( 铁穆耳 ) ᠬᠠᠭᠠᠨ ᠡᠴᠡ ᠨᠠᠩᠵᠢᠶᠠᠵᠸᠨ ᠭᠦᠩᠵᠤ ᠳᠤ ᠬᠠᠭᠠᠨ ᠤ ᠠᠪᠠᠭ᠎ᠠ ᠡᠭᠡᠴᠢ ᠯᠦ ᠤᠯᠤᠰ ᠤᠨ ᠡᠭᠡᠴᠢᠮᠡᠳ ᠭᠦᠩᠵᠤ (大长公主 ) ᠴᠣᠯᠠ ᠡᠷᠭᠦᠮᠵᠢᠯᠡᠵᠤ ᠂ ᠮᠠᠨᠽᠠᠲᠠᠢ ᠳᠤ ᠵᠢᠨᠢᠩ ᠸᠠᠩ ᠡᠷᠭᠦᠮᠵᠢᠯᠡᠪᠡ ᠃ ᠲᠤᠰ ᠵᠢᠯ ᠳᠤ ᠭᠦᠩᠵᠤ ᠨᠠᠩᠵᠢᠶᠠᠵᠸᠨ ᠪᠤᠯᠤᠨ ᠬᠦᠷᠭᠡᠨ ᠮᠠᠨᠽᠠᠲᠠᠢ ᠂ ᠬᠠᠭᠠᠨ ᠡᠵᠡᠨ ᠳᠤ ᠠᠢᠯᠠᠳᠭᠠᠵᠤ ᠂ ᠢᠩᠴᠠᠩ ᠬᠤᠳᠠ ᠶᠢᠨ ᠵᠡᠭᠦᠨ ᠡᠮᠦᠨ᠎ᠡ 700 ᠭᠠᠵᠠᠷ ᠠᠯᠤᠰ ᠲᠤ ᠴᠢᠤᠸᠠᠨ ᠨᠢᠩ ᠹᠦ (全宁 府 )ᠶᠢ ᠡᠬᠢᠯᠡᠨ ᠪᠠᠢᠭᠤᠯᠵᠤ ᠡᠪᠦᠯᠵᠢᠶᠡᠨ ᠤ ᠣᠷᠳᠤᠨ ᠢᠶᠠᠨ ᠪᠣᠯᠭᠠᠪᠠ ᠃ ᠡᠨᠡ ᠦᠶ᠎ᠡ ᠳᠤ ᠴᠦᠯᠭᠡ  ᠶᠢᠨ ᠶᠠᠮᠤᠨ ᠨᠢ ᠢᠩᠴᠠᠩ ᠬᠣᠲᠠᠨ ᠳᠤ ᠪᠠᠢᠭᠰᠠᠨ ᠪᠣᠯᠪᠠᠴᠤ ᠵᠢᠨᠢᠩ ᠸᠠᠩ ᠮᠠᠨᠽᠠᠳᠠᠢ ᠢᠩᠴᠠᠩ ᠶᠢ ᠵᠤᠰᠠᠯᠠᠩ ᠤᠨ ᠣᠷᠳᠤᠨ ᠪᠣᠯᠭᠠᠵᠤ ᠪᠠᠢᠭᠰᠠᠨ ᠶᠤᠮ ᠃ ᠢᠩᠴᠠᠩ ᠬᠤᠳᠠ ᠶᠢ ᠮᠣᠩᠭᠤᠯᠴᠤᠳ ᠪᠠᠷᠰ ᠬᠤᠳᠠ ᠭᠡᠵᠦ ᠳᠠᠭᠤᠳᠠᠳᠠᠭ ᠃ ᠯᠦ ( 鲁) ᠸᠠᠩ ᠭᠡᠳᠡᠭ ᠨᠢ ᠡᠷᠲᠡᠨ ᠤ ᠯᠦ ᠤᠯᠤᠰ ᠤᠨ ᠭᠠᠵᠠᠷ ᠢ ᠬᠠᠮᠢᠶᠠᠷᠬᠤ ᠸᠠᠩ ᠨᠣᠶᠠᠨ ᠭᠡᠰᠡᠨ ᠤᠳᠭ᠎ᠠ ᠲᠠᠢ ᠦᠭᠡ ᠶᠤᠮ ᠃ ᠱᠠᠨᠳᠦᠩ ᠮᠤᠵᠢ ᠶᠢ ᠳᠥᠬᠦᠮᠴᠢᠯᠡᠨ ᠯᠦ ᠭᠡᠳᠡᠭ ᠃ ᠲᠡᠷᠡ ᠦᠶ᠎ᠡ ᠳᠤ ᠯᠦ ᠸᠠᠩ ᠱᠠᠨᠳᠦᠩ ᠵᠡᠷᠭᠡ ᠭᠠᠵᠠᠷ ᠣᠷᠤᠨ ᠢ ᠵᠠᠬᠢᠷᠴᠤ ᠪᠠᠢᠭᠰᠠᠨ ᠶᠤᠮ ᠃ ᠯᠦ ᠸᠠᠩ ᠨᠢ ᠵᠢᠨᠢᠩ ᠸᠠᠩ ᠮᠡᠲᠦ ᠪᠠᠭ᠎ᠠ ᠸᠠᠩ ᠤᠳ ᠢ ᠬᠠᠮᠢᠶᠠᠷᠬᠤ ᠡᠷᠬᠡ ᠲᠠᠢ ᠶᠤᠮ ᠃

ᠬᠣᠶᠠᠷ ᠂ ᠯᠦ ᠸᠠᠩ ᠬᠢᠭᠡᠳ ᠯᠦ ᠸᠠᠩ ᠤᠨ ᠬᠠᠷᠢᠶᠠᠨ ᠤ ᠭᠠᠵᠠᠷ

1297 ᠤᠨ ᠳᠤ ᠬᠠᠭᠠᠨ ᠡᠵᠡᠨ ᠵᠠᠷᠯᠢᠭ ᠪᠠᠭᠤᠯᠭᠠᠵᠤ ᠴᠢᠤᠸᠠᠨ ᠨᠢᠩ ᠹᠦ ᠶᠢ ᠴᠢᠤᠸᠠᠨ ᠨᠢᠩ ᠴᠦᠯᠭᠡ ᠪᠣᠯᠭᠠᠨ ᠮᠤᠵᠢ ᠶᠢᠨ ᠵᠠᠰᠠᠭ ᠤᠨ ᠶᠠᠮᠤᠨ ᠡᠴᠡ ᠰᠢᠭᠤᠳ ᠬᠠᠮᠢᠶᠠᠷᠬᠤ ᠪᠣᠯᠭᠠᠪᠠ ᠃ ᠬᠣᠩᠭᠢᠷᠠᠳ ᠠᠢᠮᠠᠭ ᠤᠨ ᠳᠣᠲᠤᠷ᠎ᠠ ᠡᠴᠡ ᠬᠠᠮᠤᠭ ᠲᠡᠷᠢᠭᠦᠨ ᠳᠤ ᠯᠦ ᠸᠠᠩ ᠰᠠᠭᠤᠭᠰᠠᠨ ᠬᠥᠮᠦᠨ ᠪᠣᠯ ᠮᠠᠨᠽᠠᠲᠠᠢ ᠮᠥᠨ ᠃ ᠨᠠᠩᠵᠢᠶᠠᠵᠸᠨ ᠪᠣᠯ ᠬᠠᠮᠤᠭ ᠠᠩᠬᠠᠨ ᠤ ᠡᠭᠡᠴᠢᠮᠡᠳ ᠭᠦᠩᠵᠤ ᠴᠣᠯᠠ ᠣᠯᠤᠭᠰᠠᠨ ᠬᠥᠮᠦᠨ ᠮᠥᠨ ᠃ ᠯᠦ ᠸᠠᠩ ᠮᠠᠨᠽᠠᠳᠠᠢ ᠪᠤᠯᠤᠨ ᠡᠭᠡᠴᠢᠮᠡᠳ ᠭᠦᠩᠵᠤ ᠨᠠᠩᠵᠢᠶᠠᠵᠸᠨ ᠤ ᠵᠥᠪᠰᠢᠶᠡᠷᠡᠯ ᠢᠶᠠᠷ ᠵᠠᠩ ᠢᠩ ᠷᠦᠢ ᠶᠢ ᠯᠦ ᠸᠠᠩ ᠤᠨ ᠣᠷᠳᠤᠨ ᠤ ᠶᠡᠷᠦᠩᠬᠡᠢ ᠬᠠᠮᠢᠶᠠᠷᠤᠭᠴᠢ ᠪᠣᠯᠭᠠᠪᠠ ᠃ ᠵᠠᠩ ᠢᠩ ᠷᠦᠢ ᠪᠣᠯ ᠨᠠᠴᠢᠨ ᠨᠣᠶᠠᠨ ᠪᠤᠯᠤᠨ ᠲᠡᠭᠦᠨ ᠤ ᠬᠥᠪᠡᠭᠦᠨ ᠦᠯᠦᠴᠢᠨ ᠂ ᠲᠡᠮᠦᠷ ᠂ ᠮᠠᠨᠽᠠᠳᠠᠢ ᠨᠠᠷ ᠲᠤ ᠰᠢᠳᠤᠷᠭᠤ ᠪᠠᠷ ᠦᠢᠯᠡᠴᠢᠯᠡᠵᠦ ᠂ ᠵᠢᠷᠸᠠᠳᠠᠢ ᠶᠢᠨ ᠤᠷᠪᠠᠯᠭᠠᠨ ᠢ ᠳᠠᠷᠤᠩᠭᠤᠢᠯᠠᠬᠤ ᠳᠤ ᠰᠡᠢᠳᠪᠦᠷᠢᠯᠡᠭᠴᠢ ᠦᠢᠯᠡᠳᠦᠯ ᠦᠵᠡᠭᠦᠯᠦᠭᠰᠡᠨ ᠶᠤᠮ ᠃ 1311 ᠤᠨ ᠳᠤ ᠵᠠᠩ ᠢᠩ ᠷᠦᠢ 82 ᠨᠠᠰᠤᠲᠠᠢ ᠨᠠᠰᠤ ᠪᠠᠷᠠᠪᠠ ᠃ ᠲᠡᠭᠦᠨ ᠤ ᠬᠥᠰᠢᠶᠡᠨ ᠪᠢᠴᠢᠭ᠌ ᠪᠣᠯ ᠳᠡᠯᠡᠬᠡᠢ ᠳᠡᠭᠡᠷ᠎ᠡ ᠣᠳᠤ ᠪᠠᠷ ᠢᠶᠠᠨ ᠦᠯᠡᠳᠡᠭᠳᠡᠵᠤ ᠪᠠᠢᠭ᠎ᠠ ᠬᠠᠮᠤᠭ ᠠᠷᠪᠢᠨ ᠮᠣᠩᠭᠤᠯ ᠦᠰᠦᠭ ᠲᠠᠢ ᠶᠤᠸᠠᠨ ᠤᠯᠤᠰ ᠤᠨ ᠦᠶ᠎ᠡ ᠶᠢᠨ ᠬᠥᠰᠢᠶᠡᠨ ᠪᠢᠴᠢᠭ᠌ ᠪᠣᠯᠤᠨ᠎ᠠ ᠃ ᠨᠠᠩᠵᠢᠶᠠᠵᠸᠨ ᠭᠦᠩᠵᠤ ᠬᠠᠯᠢᠭᠰᠠᠨ ᠤ ᠳᠠᠷᠠᠭ᠎ᠠ ᠂ ᠢᠦᠢᠽᠦᠩ ᠤᠨ ᠥᠬᠢᠨ ᠠᠬᠠᠪᠤᠯᠠ (喃阿布剌 ) ᠭᠦᠩᠵᠤ ᠶᠢ ᠯᠦ ᠸᠠᠩ ᠮᠠᠨᠽᠠᠳᠠᠢ ᠳᠤ ᠬᠠᠲᠤᠨ ᠢᠶᠠᠷ ᠵᠠᠯᠭᠠᠵᠤ ᠪᠣᠭᠲᠤᠯᠠᠵᠤ ᠥᠭᠪᠡ ᠃ ᠮᠠᠨᠽᠠᠳᠠᠢ 52 ᠨᠠᠰᠤᠲᠠᠢ ᠨᠠᠰᠤ ᠪᠠᠷᠠᠵᠠᠢ ᠃ 1307 ᠤᠨ ᠳᠤ ᠠᠯᠳᠠᠷᠲᠤ ᠨᠣᠶᠠᠨ ᠲᠡᠮᠦᠷ ᠤᠨ ᠠᠬᠠᠮᠠᠳ ᠬᠥᠪᠡᠭᠦᠨ ᠳ᠋ᠢᠶᠤᠤᠪᠤᠯᠠ ᠶᠢ ᠲᠦᠮᠡᠳᠤ  ᠶᠢᠨ ᠨᠣᠶᠠᠨ ᠪᠥᠭᠡᠳ ᠯᠦ ᠸᠠᠩ ᠡᠷᠭᠦᠮᠵᠢᠯᠡᠵᠤ ᠂ ᠰᠡᠩᠭᠡᠷᠠ ᠭᠦᠩᠵᠤ ᠶᠢ ᠸᠠᠩ ᠤᠨ ᠬᠠᠲᠤᠨ ᠢᠶᠠᠷ ᠪᠣᠭᠲᠤᠯᠠᠵᠤ ᠥᠭᠪᠡ ᠃ ᠰᠡᠩᠭᠡᠷᠡ ᠪᠣᠯ ᠬᠤᠪᠢᠯᠠᠢ ᠬᠠᠭᠠᠨ ᠤ ᠣᠮᠪᠤᠯᠤ ᠬᠥᠪᠡᠭᠦᠨ ᠱᠦᠨᠽᠦᠩ ᠲᠠᠷᠮᠠᠪᠠᠯᠠ ᠶᠢᠨ ᠥᠬᠢᠨ ᠪᠣᠯᠤᠨ᠎ᠠ ᠃1309 ᠤᠨ ᠳᠤ ᠂ ᠦᠽᠦᠩ ᠬᠦᠯᠦᠭ ᠬᠠᠢᠱᠠᠨ ᠬᠠᠭᠠᠨ ᠵᠠᠷᠯᠢᠭ ᠪᠠᠭᠤᠯᠭᠠᠵᠤ ᠥᠬᠢᠨ ᠳᠡᠭᠦᠦ ᠰᠡᠩᠭᠡᠷᠡ ᠳᠤ ᠪᠠᠨ ᠬᠠᠭᠠᠨ ᠤ ᠥᠬᠢᠨ ᠳᠡᠭᠦᠦ ᠡᠭᠡᠴᠢᠮᠡᠳ ᠭᠦᠩᠵᠤ ᠭᠡᠰᠡᠨ ᠴᠣᠯᠠ ᠡᠷᠭᠦᠮᠵᠢᠯᠡᠪᠡ ᠃ ᠰᠡᠩᠭᠡᠷᠡ ᠶᠢᠨ ᠨᠠᠷ᠎ᠡ ᠶᠢ ᠲᠡᠦᠬᠡᠨ ᠨᠣᠮ ᠪᠢᠴᠢᠭ᠌ ᠳᠡᠭᠡᠷ᠎ᠡ ᠬᠢᠲᠠᠳ ᠢᠶᠠᠷ ᠤᠯᠠᠨ ᠶᠠᠩᠵᠤ ᠪᠠᠷ ᠲᠡᠮᠳᠡᠭᠯᠡᠵᠦ ᠪᠠᠢᠳᠠᠭ ᠃ ᠵᠡᠭᠦᠨᠲᠠᠢ ᠶᠢᠨ ᠬᠥᠰᠢᠶᠡᠨ ᠪᠢᠴᠢᠭ᠌ ᠳᠡᠭᠡᠷ᠎ᠡ ᠮᠣᠩᠭᠤᠯ ᠢᠶᠠᠷ ᠰᠡᠩᠭᠡᠷᠡ ᠭᠡᠵᠦ ᠪᠢᠴᠢᠵᠡᠢ ᠃ ᠵᠠᠩ ᠢᠩ ᠷᠦᠢ ᠶᠢᠨ ᠬᠥᠰᠢᠶᠡᠨ ᠪᠢᠴᠢᠭ᠌ ᠳᠡᠭᠡᠷ᠎ᠡ ᠰᠡᠩᠭᠡᠷᠡᠭᠢ ᠭᠡᠵᠦ ᠮᠣᠩᠭᠤᠯ ᠢᠶᠠᠷ ᠪᠢᠴᠢᠵᠦ ᠪᠠᠢᠳᠠᠭ ᠃ ᠰᠡᠩᠭᠡ ᠭᠡᠳᠡᠭ ᠪᠣᠯ ᠠᠷᠰᠯᠠᠨ ᠭᠡᠬᠦ ᠰᠠᠨᠰᠠᠺᠠᠷᠲ ᠦᠭᠡ ᠮᠥᠨ ᠭᠡᠵᠦ ᠥᠪᠦᠷ ᠮᠣᠩᠭᠤᠯ ᠤᠨ ᠶᠡᠬᠡ ᠰᠤᠷᠭᠠᠭᠤᠯᠢ ᠶᠢᠨ ᠨᠡᠷᠡᠲᠦ ᠡᠷᠳᠡᠮᠲᠡᠨ ᠪᠤᠶᠠᠨᠳᠡᠯᠭᠡᠷ ᠭᠤᠸᠠᠢ ᠵᠣᠬᠢᠶᠠᠭᠴᠢ ᠳᠤ ᠬᠡᠯᠡᠵᠦ ᠥᠭᠴᠦ ᠪᠢᠯᠡ ᠃ 1310 ᠤᠨ ᠳᠤ ᠯᠦ ᠸᠠᠩ ᠳ᠋ᠢᠶᠤᠤᠪᠤᠯᠠ ᠬᠠᠯᠢᠭᠰᠠᠨ  ᠳᠤ ᠬᠡᠭᠦᠷ ᠶᠢ ᠨᠢ ᠮᠣᠭᠠᠢᠲᠤ ᠠᠭᠤᠯᠠᠨ ᠳᠤ ᠣᠷᠤᠰᠢᠭᠤᠯᠪᠠ ᠃ ᠳ᠋ᠢᠶᠤᠤᠪᠤᠯᠠ ᠶᠢᠨ ᠨᠡᠷ᠎ᠡ ᠶᠢ ᠬᠢᠲᠠᠳ ᠨᠣᠮ ᠪᠢᠴᠢᠭ᠌ ᠳᠡᠭᠡᠷ᠎ᠡ ᠠᠷᠪᠠᠭᠠᠳ ᠵᠦᠢᠯ ᠢᠶᠠᠷ ᠪᠢᠴᠢᠵᠦ ᠪᠠᠢᠳᠠᠭ ᠃ ᠳ᠋ᠢᠶᠤᠤᠪᠤᠯᠠ ᠭᠡᠳᠡᠭ ᠨᠢ ᠬᠢᠲᠠᠳ ᠪᠢᠴᠢᠯᠭᠡ ᠶᠢᠨ ᠠᠪᠢᠶ᠎ᠠ ᠶᠢ ᠦᠨᠳᠦᠰᠦᠯᠡᠵᠦ ᠪᠠᠭᠤᠯᠭᠠᠭᠰᠠᠨ ᠮᠣᠩᠭᠤᠯ ᠪᠢᠴᠢᠯᠭᠡ ᠪᠣᠯᠤᠨ᠎ᠠ ᠃ ᠵᠡᠭᠦᠨᠲᠠᠢ  ᠶᠢᠨ ᠬᠥᠰᠢᠶᠡᠨ ᠪᠢᠴᠢᠭ᠌ ᠳᠡᠭᠡᠷ᠎ᠡ ᠬᠢᠲᠠᠳ ᠢᠶᠠᠷ 淳不剌 ᠭᠡᠵᠦ ᠲᠡᠮᠳᠡᠭᠯᠡᠵᠦ ᠪᠠᠢᠬᠤ ᠲᠤᠯᠠ ᠮᠣᠩᠭᠤᠯ ᠢᠶᠠᠷ ᠪᠠᠰᠠ ᠴᠤᠢᠮᠫᠠᠯ ᠭᠡᠵᠦ ᠪᠢᠴᠢᠳᠡᠭ ᠃ ᠭᠡᠲᠡᠯ᠎ᠡ ᠵᠡᠭᠦᠨᠲᠠᠢ ᠶᠢᠨ ᠮᠣᠩᠭᠤᠯ ᠢᠶᠠᠷ ᠪᠢᠴᠢᠭᠰᠡᠨ ᠬᠥᠰᠢᠶᠡᠨ ᠪᠢᠴᠢᠭ᠌ ᠳᠡᠭᠡᠷ᠎ᠡ ᠨᠢ ᠲᠢᠸᠤᠪᠡᠯ ᠭᠡᠵᠦ ᠪᠢᠴᠢᠵᠦ ᠪᠠᠢᠳᠠᠭ ᠃
1310 ᠤᠨ ᠳᠤ ᠳ᠋ᠢᠶᠤᠤᠪᠠᠯᠠ ᠪᠤᠯᠤᠨ ᠰᠡᠩᠭᠡᠷᠡ ᠡᠴᠡ ᠲᠥᠷᠦᠭᠰᠡᠨ ᠬᠥᠪᠡᠭᠦᠨ ᠠᠯᠢᠵᠢᠶᠠᠰᠢᠷᠢ ( 阿里嘉失利) ᠶᠢ ᠲᠦᠮᠡᠳᠤ ᠶᠢᠨ ᠨᠣᠶᠠᠨ ᠪᠣᠯᠭᠠᠪᠠ ᠃ ᠲᠤᠬᠠᠢ ᠶᠢᠨ ᠵᠢᠯ ᠠᠯᠢᠵᠢᠶᠠᠰᠢᠷᠢ ᠨᠠᠢ᠍ᠮᠠᠨ ᠨᠠᠰᠤᠲᠠᠢ ᠪᠠᠢᠯ᠎ᠠ ᠃ ᠳᠠᠷᠠᠭ᠎ᠠ ᠵᠢᠯ ᠨᠢ ᠠᠯᠢᠵᠢᠶᠠᠰᠢᠷᠢ ᠯᠦ ᠸᠠᠩ ᠤᠨ ᠵᠡᠷᠭᠡ ᠶᠢ ᠵᠠᠯᠭᠠᠮᠵᠢᠯᠠᠪᠠ ᠃ ᠠᠯᠢᠵᠠᠶᠠᠰᠢᠷᠢ ᠳᠤ ᠲᠤᠷᠵᠢᠪᠠᠨ ︵朵儿只班 ︶ ᠭᠦᠩᠵᠤ ᠶᠢ ᠪᠣᠭᠲᠤᠯᠠᠵᠤ ᠥᠭᠪᠡ ᠃ 1333  ᠤᠨ ᠳᠤ ᠯᠦ ᠸᠠᠩ ᠠᠯᠢᠵᠢᠶᠠᠰᠢᠷᠢ ᠬᠠᠯᠢᠪᠠ ᠃ 1333 ᠤᠨ ᠳᠤ ᠰᠠᠩᠪᠤᠯᠠ ᠶᠢ ᠲᠦᠮᠡᠲᠦ ᠶᠢᠨ ᠨᠣᠶᠠᠨ ᠡᠷᠭᠦᠮᠵᠢᠯᠡᠪᠡ ᠃ ᠳᠠᠷᠠᠭ᠎ᠠ ᠵᠢᠯ ᠨᠢ ᠰᠠᠩᠪᠤᠯᠠ ᠶᠢᠨ ᠬᠠᠲᠤᠨ ᠫᠦᠨᠠ ( 普纳) ᠭᠦᠩᠵᠤ ᠳᠤ ᠡᠭᠡᠴᠢᠮᠡᠳ ᠭᠦᠩᠵᠤ ᠶᠢᠨ ᠴᠣᠯᠠ ᠣᠯᠭᠤᠵᠤ ᠰᠠᠩᠪᠤᠯᠠ ᠶᠢ ᠯᠦ ᠸᠠᠩ ᠪᠣᠯᠭᠠᠪᠠ ᠃ ᠰᠠᠩᠪᠤᠯᠠ ᠪᠣᠯ ᠳ᠋ᠢᠶᠤᠤᠪᠤᠯᠠ ᠶᠢᠨ ᠲᠥᠷᠦᠭᠰᠡᠨ ᠳᠡᠭᠦᠦ ᠶᠤᠮ ᠃ ᠴᠸᠩᠽᠦᠩ ᠬᠠᠭᠠᠨ ᠤ ᠦᠶ᠎ᠡ ᠳᠤ ᠰᠠᠩᠪᠤᠯᠠ ᠳᠤ ᠥᠪᠡᠷ ᠤᠨ ᠥᠬᠢᠨ ᠫᠦᠨᠠ ᠭᠦᠩᠵᠤ ᠶᠢ ᠪᠣᠭᠲᠤᠯᠠᠵᠤ ᠥᠭᠭᠦᠭᠰᠡᠨ ᠶᠤᠮ ᠃ ᡁᠢ ᠱᠦᠨ ᠤ ᠤᠨ ᠤᠳ ᠲᠤ ᠲᠡᠭᠦᠨ ᠳᠤ ᠵᠢᠶᠦ᠋ᠨ ᠠᠨ ᠸᠠᠩ ᠂ ᠮᠢᠩᠭᠠᠲᠤ ᠶᠢᠨ ᠨᠣᠶᠠᠨ ᠡᠷᠭᠦᠮᠵᠢᠯᠡᠭᠰᠡᠨ ᠶᠤᠮ ᠃ ᠬᠡᠰᠢᠭᠲᠡᠨ ᠤ ᠯᠤᠤ ᠮᠠᠨᠳᠤᠬᠤ ᠰᠦᠮ᠎ᠡ ᠶᠢ ᠪᠣᠯ ᠰᠠᠩᠪᠤᠯᠠ ᠪᠤᠯᠤᠨ ᠫᠦᠨᠠ ᠭᠦᠩᠵᠤ ᠭᠣᠣᠯᠳᠠᠵᠤ ᠪᠠᠢᠭᠤᠯᠤᠭᠰᠠᠨ ᠶᠤᠮ ᠃ ᠰᠠᠩᠪᠤᠯᠠ 61 ᠨᠠᠰᠤᠲᠠᠢ ᠡᠪᠡᠳᠴᠢᠨ ᠢᠶᠠᠷ ᠨᠠᠰᠤ ᠪᠠᠷᠠᠪᠠ ᠃ ᠬᠣᠩᠭᠢᠷᠠᠳ ᠠᠢᠮᠠᠭ ᠨᠢ ᠬᠤᠪᠢᠳᠠᠵᠤ ᠣᠯᠤᠭᠰᠠᠨ ᠭᠠᠵᠠᠷ ᠲᠤ ᠪᠠᠨ ᠬᠤᠳᠠ ᠬᠤᠪᠢᠶᠠᠵᠤ ᠳᠠᠷᠤᠭᠠᠴᠢ ᠲᠠᠯᠪᠢᠨ ᠬᠠᠮᠢᠶᠠᠷᠴᠤ ᠪᠠᠢᠪᠠ ᠃ ᠵᠢᠨᠢᠩ ᠴᠦᠯᠭᠡ ᠨᠢ ᠵᠢᠢ (济) ᠂ ᠶᠠᠨ (兖) ᠂ ᠱᠠᠨ (单 ) ᠭᠤᠷᠪᠠᠨ ᠵᠧᠦ ᠪᠤᠯᠤᠨ ᠵᠢᠦᠢ ᠶᠧ (巨野 ) ᠂ ᠶᠦᠨ ᠴᠧᠩ ( 郓城) ᠂ ᠵᠢᠨ ᠰᠢᠶᠠᠩ ( 金乡) ᠂  ᠢ ᠴᠧᠩ (虞城) ᠳ᠋ᠠᠩ ᠱᠠᠨ (砀山 ) ᠂ ᠹᠧᠩ ᠰᠢᠶᠠᠨ (丰县 )᠂ ᠷᠸᠨ ᠴᠧᠩ (任城 )᠂ ᠢᠦᠢ ᠲᠠᠢ (鱼台)᠂ ᠫᠡᠢ ᠰᠢᠶᠠᠨ (沛县 )᠂ ᠱᠠᠨ ᠹᠦ ( 单父)᠂ ᠵᠢᠶᠠ ᠱᠠᠩ ( 嘉祥)᠂ ᠰᠾᠢ ᠶᠠᠩ (磁阳 )᠂ ᠨᠢᠩ ᠶᠠᠩ (宁阳 )᠂ ᠴᠢᠦᠢ ᠹᠦ (曲府 ) ᠂ ᠰᠾᠢ ᠰᠢᠦᠢ (泗水 ) ᠠᠷᠪᠠᠨ ᠳᠥᠷᠪᠡᠨ ᠰᠢᠶᠠᠨ ᠢ ᠬᠠᠮᠢᠶᠠᠷᠳᠠᠭ ᠃ 1269  ᠤᠨ ᠳᠤ ᠬᠤᠪᠢᠯᠠᠢ ᠬᠠᠭᠠᠨ ᠪᠠᠰᠠ ᠬᠦ ᠵᠢᠢ ᠵᠧᠦ (古济州) ᠶᠢ ᠹᠦ (府 ) ᠪᠣᠯᠭᠠᠵᠤ ᠂ 1281 ᠤᠨ ᠳᠤ ᠴᠦᠯᠭᠡ ( 路)ᠪᠣᠯᠭᠠᠭᠠᠳ ᠵᠢᠢ ᠂ ᠶᠠᠨ ᠱᠠᠨ ᠭᠤᠷᠪᠠᠨ ᠵᠧᠦ ᠶᠢ ᠬᠠᠮᠢᠶᠠᠷᠠᠭᠤᠯᠪᠠ ᠃ 1276 ᠤᠨ ᠳᠤ ᠴᠠᠩ ᠲᠢᠩ (长汀 ) ᠂ ᠨᠢᠩ ᠬᠤᠸᠠ (宁化 ) ᠂ ᠴᠢᠩ ᠯᠢᠦ ( 清流) ᠂ ᠡᠦ ᠫᠢᠩ (武平 ) ᠂ ᠱᠠᠩ ᠬᠠᠩ (上杭 ) ᠂ ᠯᠢᠶᠠᠨ ᠴᠧᠩ (连城) ᠵᠡᠷᠭᠡ ᠵᠢᠷᠭᠤᠭᠠᠨ ᠰᠢᠶᠠᠨ ᠢ ᠬᠣᠩᠭᠢᠷᠠᠳ ᠠᠢᠮᠠᠭ ᠲᠤ ᠬᠤᠪᠢᠳᠠᠵᠤ ᠥᠭᠪᠡ ᠃ 1308 ᠤᠨ ᠳᠤ ᠬᠠᠢᠱᠠᠨ ᠬᠠᠭᠠᠨ ᠪᠠᠰᠠ ᠶᠦᠩ ᠫᠢᠩ ᠴᠦᠯᠭᠡ ᠶᠢᠨ ᠯᠦᠸᠠᠨ ᠵᠧᠦ (滦州 ︶)᠂ ᠯᠦ ᠯᠦᠩ (卢龙) ᠂ ᠴᠢᠶᠠᠨ ᠠᠨ (迁安 ) ᠂ ᠹᠦ ᠨᠢᠩ ( 抚宁 ) ᠂ ᠴᠠᠩ ᠯᠢ (昌黎) ᠂ ᠱᠾᠢ ᠴᠧᠩ (石城)᠂ ᠯᠧ ᠲᠢᠩ (乐亭 ) ᠵᠡᠷᠭᠡ ᠵᠢᠷᠭᠤᠭᠠᠨ ᠰᠢᠶᠠᠨ ᠤ ᠭᠠᠵᠠᠷ ᠢ ᠬᠣᠩᠭᠢᠷᠠᠳ ᠠᠢᠮᠠᠭ ᠲᠤ ᠬᠤᠪᠢᠶᠠᠵᠤ ᠥᠭᠴᠡᠢ ᠃1309 ᠤᠨ ᠳᠤ ᠫᠢᠩ ᠵᠢᠶᠠᠩ (平江 )ᠤᠨ1500 ᠴᠢᠩ ᠤᠰᠤᠨ ᠲᠠᠷᠢᠶ᠎ᠠ ᠶᠢ ᠬᠣᠩᠭᠢᠷᠠᠳ ᠠᠢᠮᠠᠭ ᠲᠤ ᠰᠣᠶᠤᠷᠬᠠᠵᠤ ᠥᠭᠪᠡ ᠃ ᠲᠡᠷᠡ ᠦᠶ᠎ᠡ ᠳᠤ ᠂ ᠢᠩᠴᠠᠩ ᠂ ᠴᠢᠤᠸᠠᠨ ᠨᠢᠩ ᠵᠡᠷᠭᠡ ᠴᠦᠯᠭᠡ ᠳᠤ ᠪᠦᠷ ᠳᠠᠷᠤᠭᠠᠴᠢ ᠲᠠᠯᠪᠢᠵᠤ ᠬᠠᠮᠢᠶᠠᠷᠴᠤ ᠂ ᠳᠠᠷᠤᠭᠠᠴᠢ ᠶᠢᠨ ᠳᠣᠣᠷ᠎ᠠ ᠨᠢ ᠪᠠᠰᠠ ᠲᠤᠰᠭᠠᠢ ᠨᠣᠶᠠᠳ ᠲᠣᠮᠢᠯᠠᠵᠤ ᠂ ᠬᠠᠮᠢᠶᠠᠷᠤᠯᠲᠠ ᠶᠢᠨ ᠬᠥᠮᠦᠨ ᠨᠢ ᠲᠤᠯᠤᠭᠠᠨ ᠵᠠᠭᠤ ᠢᠯᠡᠭᠦᠦ ᠬᠦᠷᠴᠦ ᠪᠠᠢᠪᠠ ᠃ ᠸᠸᠨᠽᠦᠩ ᠬᠠᠭᠠᠨ ᠤ ᠬᠤᠸᠠᠩᠭᠡᠤ ᠪᠤᠳᠠᠰᠢᠷᠢ (卜答失里)ᠪᠣᠯ ᠯᠦ ᠸᠠᠩ ᠳ᠋ᠢᠶᠤᠤᠪᠤᠯᠠ ᠪᠤᠯᠤᠨ ᠡᠭᠡᠴᠢᠮᠠᠳ ᠭᠦᠩᠵᠤ ᠰᠡᠩᠭᠡᠷᠡ ᠶᠢᠨ ᠥᠬᠢᠨ ᠶᠤᠮ ᠃ ᠸᠸᠨᠽᠦᠩ ᠤᠨ ᠦᠶ᠎ᠡ ᠳᠤ ᠯᠦ ᠸᠠᠩ ᠤᠨ ᠣᠷᠳᠤᠨ ᠤ ᠭᠡᠷᠡᠯ ᠭᠢᠯᠪᠠᠭ᠎ᠠ ᠣᠷᠭᠢᠯ ᠳᠠᠭᠠᠨ ᠲᠤᠯᠤᠭᠰᠠᠨ ᠶᠤᠮ ᠃ ᠤᠬᠠᠭᠠᠨᠲᠤ ᠬᠠᠭᠠᠨ ᠲᠤᠭᠳᠲᠡᠮᠦᠷ ᠰᠠᠭᠤᠷᠢᠨ ᠳᠤ ᠰᠠᠭᠤᠵᠤ ᠥᠪᠡᠷ ᠤᠨ ᠭᠠᠷ ᠢᠶᠠᠷ ᠢᠶᠠᠨ ᠲᠥᠷᠦ ᠶᠢᠨ ᠡᠷᠬᠡ ᠶᠢ ᠠᠳᠭᠤᠭᠰᠠᠨ ᠤ ᠳᠠᠷᠠᠭ᠎ᠠ ᠵᠠᠷᠯᠢᠭ ᠪᠠᠭᠤᠯᠭᠠᠨ ᠬᠥᠬᠡ ᠨᠢᠳᠦᠳᠦ ᠮᠠᠮᠤᠱᠠ ᠶᠢ ᠯᠦ ᠸᠠᠩ ᠪᠣᠯᠭᠠᠵᠤ ᠂ ᠬᠣᠩᠭᠢᠷᠠᠳ ᠠᠢᠮᠠᠭ ᠡᠴᠡ ᠢᠩᠴᠠᠩ ᠴᠦᠯᠭᠡ ᠪᠤᠯᠤᠨ ᠴᠢᠤᠸᠠᠨ ᠨᠢᠩ ᠴᠦᠯᠭᠡ ᠶᠢ ᠬᠠᠮᠢᠶᠠᠷᠬᠤ ᠡᠷᠬᠡ ᠶᠢ ᠪᠦᠷᠢᠨ ᠬᠤᠷᠢᠶᠠᠵᠤ ᠠᠪᠤᠭᠰᠠᠨ ᠶᠤᠮ ᠃ ᠡᠨᠡ ᠨᠢ ᠬᠣᠩᠭᠢᠷᠠᠳ ᠠᠢᠮᠠᠭ ᠤᠨ ᠡᠨᠡ ᠣᠷᠤᠨ  ᠳᠡᠬᠢ ᠨᠣᠶᠠᠷᠬᠠᠯ ᠤᠨ ᠡᠴᠦᠰᠯᠡᠯ ᠪᠣᠯᠤᠨ᠎ᠠ ᠃

ᠭᠤᠷᠪᠠ ᠂ ᠯᠦ ᠸᠠᠩ ᠤᠨ ᠣᠷᠳᠤᠨ ᠬᠤᠳᠠ ᠶᠢᠨ ᠪᠠᠢᠭᠤᠯᠤᠭᠳᠠᠭᠰᠠᠨ ᠪᠠ ᠡᠪᠳᠡᠭᠳᠡᠭᠰᠡᠨ ᠨᠢ

ᠣᠩᠨᠢᠭᠤᠳ ᠬᠣᠰᠢᠭᠤᠨ ᠤ ᠪᠤᠷᠤᠬᠤᠳᠠ ᠶᠢ ᠲᠡᠦᠬᠡᠨ ᠳᠡᠭᠡᠷ᠎ᠡ ᠪᠠᠰᠠ ᠽᠢ ᠴᠧᠩ ᠬᠤᠳᠠ ᠂ ᠴᠢᠤᠸᠠᠨ ᠨᠢᠩ ᠬᠤᠳᠠ ᠂ ᠯᠦ ᠸᠠᠩ ᠤᠨ ᠬᠤᠳᠠ ᠂ ᠭᠦᠩᠵᠤ ᠶᠢᠨ ᠬᠤᠳᠠ ᠂ ᠲᠠᠪᠤᠨᠠᠩ ᠤᠨ ᠬᠤᠳᠠ ᠭᠡᠳᠡᠭ ᠃ ᠪᠤᠷᠤᠬᠤᠳᠠ ᠭᠡᠳᠡᠭ ᠨᠢ ᠬᠢᠲᠠᠳ ᠤᠨ ᠽᠢ ᠴᠧᠩ ᠭᠡᠰᠡᠨ ᠦᠭᠡᠨ ᠤ ᠣᠷᠴᠢᠭᠤᠯᠭ᠎ᠠ ᠮᠥᠨ ᠃ ᠯᠦ ᠸᠠᠩ ᠤᠨ ᠬᠤᠳᠠ ᠶᠢᠦᠨᠦ ᠬᠢᠲᠠᠳ ᠢᠶᠠᠷ 《 ᠦ ᠳ᠋ᠠᠨ 》 (ᠬᠠᠷ᠎ᠠ ᠤᠯᠠᠭᠠᠨ ᠭᠡᠰᠡᠨ ᠦᠭᠡ ᠮᠥᠨ ᠃ ᠬᠠᠷ᠎ᠠ ᠤᠯᠠᠭᠠᠨ ᠥᠩᠭᠡ ᠨᠡᠢᠯᠡᠪᠡᠯ ᠪᠣᠷᠤ ᠥᠩᠭᠡ ᠪᠣᠯᠬᠤ ᠪᠣᠯᠤᠨ᠎ᠠ ᠃ ᠬᠠᠭᠠᠨ ᠡᠵᠡᠨ  ᠤ ᠪᠤᠷᠤᠬᠤᠳᠠ ᠡᠴᠡ ᠢᠯᠭᠠᠬᠤ ᠶᠢᠨ ᠲᠥᠯᠦᠭᠡ ᠦ ᠳ᠋ᠠᠨ ᠭᠡᠵᠦ ᠲᠠᠭᠤᠲᠠᠯ᠎ᠠ ᠭᠡᠳᠡᠭ ᠃ ) ᠭᠡᠵᠦ ᠳᠠᠭᠤᠳᠠᠵᠤ ᠪᠠᠢᠨ᠎ᠠ ᠃ ᠴᠢᠤᠸᠠᠨ ᠨᠢᠩ ᠴᠦᠯᠭᠡ ᠶᠢ ᠪᠣᠯ ᠯᠢᠶᠣᠣ ᠤᠯᠤᠰ ᠤᠨ ᠹᠸᠩᠵᠸᠦ ᠶᠢᠨ ᠪᠠᠭᠤᠷᠢ ᠶᠢᠨ ᠳᠡᠷᠭᠡᠳᠡ ᠪᠠᠢᠭᠤᠯᠤᠭᠰᠠᠨ ᠶᠤᠮ ᠃ ᠲᠡᠦᠬᠡᠨ ᠲᠡᠮᠳᠡᠭᠯᠡᠯ ᠢ ᠦᠨᠳᠦᠰᠦᠯᠡᠪᠡᠯ ᠂ ᠤᠨ ᠲᠣᠭᠠᠯᠠᠯ ᠤᠨ1295  ᠤᠨ ᠂ ᠶᠤᠸᠠᠨ ᠵᠧᠨ ᠤ ᠠᠩᠬᠠᠨ ᠤ ᠤᠨ ᠤ ᠬᠣᠶᠠᠷ ᠰᠠᠷ᠎ᠠ ᠳᠤ ᠬᠠᠭᠠᠨ ᠡᠴᠡ ᠬᠣᠩᠭᠢᠷᠠᠳ ᠠᠢᠮᠠᠭ  ᠤᠨ ᠯᠦ ᠸᠠᠩ ᠮᠠᠨᠽᠠᠳᠠᠢ ᠳᠤ ᠮᠦᠩᠭᠦᠨᠵᠤᠭᠤᠰ18 ᠲᠦᠮᠡᠨ ᠬᠡᠯᠬᠢᠶ᠎ᠡ ᠭᠦᠷᠳᠡᠭᠡᠵᠤ ᠥᠭᠪᠡ ᠃ ᠲᠤᠰ ᠵᠢᠯ ᠳᠤ ᠬᠣᠩᠭᠢᠷᠠᠳ ᠠᠢᠮᠠᠭ ᠤᠨ ᠯᠦ ᠸᠠᠩ ᠮᠠᠨᠽᠡᠲᠠᠢ ᠳᠤ ᠬᠤᠪᠢᠯᠠᠢ ᠬᠠᠭᠠᠨ ᠤ ᠴᠢᠮᠪᠠᠢ ᠬᠤᠸᠠᠩᠭᠡᠤ  ᠡᠴᠡ ᠲᠥᠷᠦᠭᠰᠡᠨ ᠬᠣᠶᠠᠳᠤᠭᠠᠷ ᠥᠬᠢᠨ ᠨᠠᠩᠵᠢᠶᠠᠵᠸᠨ ᠢ ᠸᠠᠩ ᠤᠨ ᠬᠠᠲᠤᠨ ᠢᠶᠠᠷ ᠵᠠᠯᠭᠠᠵᠤ ᠰᠠᠭᠤᠯᠭᠠᠪᠠ ᠃ ᠭᠦᠩᠵᠤ ᠨᠠᠩᠵᠢᠶᠠᠵᠸᠨ ᠪᠤᠯᠤᠨ ᠬᠦᠷᠭᠡᠨ ᠮᠠᠨᠽᠠᠲᠠᠢ ᠬᠣᠶᠠᠭᠤᠯᠠ ᠴᠸᠩᠽᠦᠩ ᠬᠠᠭᠠᠨ  ᠳᠤ ᠭᠤᠶᠤᠴᠢᠯᠠᠨ ᠵᠦᠪᠰᠢᠶᠡᠷᠡᠭᠦᠯᠵᠤ ᠂ ᠪᠠᠷᠰ ᠬᠤᠳᠠ ᠡᠴᠡ ᠵᠡᠭᠦᠨ ᠡᠮᠦᠨ᠎ᠡ ᠲᠤᠯᠤᠭᠠᠨ ᠵᠠᠭᠤᠨ ᠭᠠᠵᠠᠷ ( ᠡᠳᠦᠭᠡ ᠶᠢᠨ ᠪᠤᠷᠤᠬᠤᠳᠠ ) ᠲᠤ ᠡᠪᠦᠯᠵᠢᠶᠡᠨ ᠤ ᠬᠤᠳᠠ ᠴᠢᠤᠸᠠᠨ ᠨᠢᠩ ᠬᠤᠳᠠ ᠶᠢ ᠡᠬᠢᠯᠡᠵᠦ ᠪᠠᠢᠭᠤᠯᠪᠠ ᠃ ᠤᠨ ᠲᠣᠭᠠᠯᠠᠯ ᠤᠨ1297 ᠤᠨ ᠂ ᠳ᠋ᠠ ᠳ᠋ᠧ ᠶᠢᠨ ᠠᠩᠬᠠᠨ ᠤ ᠤᠨ ᠤ ᠬᠣᠶᠠᠷ ᠰᠠᠷ᠎ᠠ ᠳᠤ ᠬᠠᠭᠠᠨ ᠡᠵᠡᠨ ᠴᠢᠤᠸᠠᠨ ᠨᠢᠩ ᠬᠤᠳᠠ ᠶᠢ ᠲᠡᠪᠰᠢᠭᠦᠯᠵᠤ ᠴᠢᠤᠸᠠᠨ ᠨᠢᠩ ᠹᠦ ᠶᠠᠮᠤᠨ ᠪᠣᠯᠭᠠᠪᠠ ᠃ ᠲᠤᠰ ᠵᠢᠯ ᠳᠤ ᠵᠢᠨᠢᠩ ᠸᠠᠩ ᠂ ᠬᠦᠷᠭᠡᠨ ᠮᠠᠨᠽᠠᠲᠠᠢ ᠴᠢᠤᠸᠠᠨ ᠨᠢᠩ ᠬᠣᠲᠠᠨ  ᠳᠤ ᠪᠤᠷᠬᠠᠨ ᠰᠦᠮ᠎ᠡ ᠪᠠᠢᠭᠤᠯᠪᠠ ᠃ ᠤᠨ ᠲᠣᠭᠠᠯᠠᠯ ᠤᠨ 1303 ᠤᠨ ᠂ ᠳ᠋ᠠ ᠳ᠋ᠧ ᠶᠢᠨ ᠳᠣᠯᠤᠳᠤᠭᠠᠷ ᠤᠨ ᠤ ᠲᠠᠪᠤᠨ ᠰᠠᠷ᠎ᠠ ᠳᠤ ᠬᠠᠭᠠᠨ ᠡᠵᠡᠨ ᠬᠣᠩᠭᠢᠷᠠᠳ ᠠᠢᠮᠠᠭ ᠤᠨ ᠯᠦ ᠸᠠᠩ ᠮᠠᠨᠽᠠᠲᠠᠢ ᠳᠤ ᠠᠯᠳᠠ50 ᠯᠠᠩ ᠂ ᠮᠥᠩᠭᠦ ᠂ ᠰᠤᠪᠤᠳ ᠂ ᠳᠤᠷᠳᠤᠩ ᠵᠡᠷᠭᠡ ᠡᠳ᠋ ᠪᠣᠳᠠᠰ ᠵᠣᠭᠤᠰ ᠵᠡᠷᠭᠡ ᠶᠢ ᠭᠦᠷᠳᠡᠭᠡᠵᠤ ᠥᠭᠪᠡ ᠃ ᠲᠤᠰ ᠵᠢᠯ ᠤᠨ ᠠᠷᠪᠠᠨ ᠨᠢᠭᠡᠨ ᠰᠠᠷ᠎ᠠ ᠶᠢᠨ ᠠᠷᠪᠠᠨ ᠨᠠᠢ᠍ᠮᠠᠨ  ᠤ ᠡᠳᠦᠷ ᠬᠠᠭᠠᠨ ᠡᠵᠡᠨ ᠴᠢᠤᠸᠠᠨ ᠨᠢᠩ ᠹᠦ ᠶᠢ ᠴᠢᠤᠸᠠᠨ ᠨᠢᠩ ᠴᠦᠯᠭᠡ ( 路 )ᠪᠣᠯᠭᠠᠨ ᠲᠡᠪᠰᠢᠭᠦᠯᠵᠤ ᠂ ᠴᠢᠤᠸᠠᠨ ᠨᠢᠩ ᠰᠢᠶᠠᠨ ᠢ ᠤᠳᠤᠷᠢᠳᠤᠭᠤᠯᠪᠠ ( ᠴᠢᠤᠸᠠᠨ ᠨᠢᠩ ᠰᠢᠶᠠᠨ ᠤ ᠪᠠᠭᠤᠷᠢ ᠨᠢ ᠡᠳᠦᠭᠡ ᠶᠢᠨ ᠪᠤᠷᠤᠬᠤᠳᠠ ᠶᠢᠨ ᠵᠡᠭᠦᠨᠲᠠᠢ ᠂ ᠨᠠᠷᠠᠰᠤᠨ ᠠᠭᠤᠯᠠ ᠶᠢᠨ ᠪᠠᠷᠠᠭᠤᠨ ᠬᠣᠢᠨ᠎ᠠ ᠂ ᠴᠡᠭᠡᠨ ᠨᠠᠭᠤᠷ ᠤᠨ ᠠᠷᠤ ᠳᠡᠬᠢ ᠵᠡᠭᠦᠨ ᠪᠠᠭᠠᠳᠠᠯ᠎ᠠ ᠳᠤ ᠪᠠᠢᠳᠠᠭ )᠃ ᠤᠨ ᠲᠣᠭᠠᠯᠠᠯ ᠤᠨ1306  ᠤᠨ ᠂ ᠳ᠋ᠠ ᠳ᠋ᠧ ᠶᠢᠨ ᠠᠷᠪᠠᠳᠤᠭᠠᠷ ᠤᠨ ᠤ ᠬᠣᠶᠠᠷ ᠰᠠᠷ᠎ᠠ ᠳᠤ ᠂ ᠬᠣᠩᠭᠢᠷᠠᠳ ᠠᠢᠮᠠᠭ ᠤᠨ ᠯᠦ ᠸᠠᠩ ᠮᠠᠨᠽᠠᠲᠠᠢ ᠶᠢᠨ ᠬᠠᠷᠢᠶ᠎ᠠ ᠠᠢᠮᠠᠭ ᠤᠨ ᠵᠠᠷᠤᠵᠤ ᠬᠡᠷᠡᠭᠯᠡᠬᠦ ᠬᠥᠷᠦᠯᠴᠡᠬᠦ ᠦᠭᠡᠢ ᠪᠣᠯᠤᠭᠰᠠᠨ ᠲᠤᠯᠠ ᠬᠠᠭᠠᠨ ᠳᠤ ᠭᠤᠶᠤᠴᠢᠯᠠᠨ ᠵᠢᠯ ᠪᠦᠷᠢ ᠶᠢᠨ ᠣᠯᠪᠠᠰᠤ ᠵᠣᠬᠢᠬᠤ ᠲᠠᠪᠤᠨ ᠡᠷᠦᠬᠡ ᠶᠢᠨ ᠰᠢᠷᠬᠡᠭ ᠢᠶᠠᠨ ᠤᠷᠢᠳᠴᠢᠯᠠᠨ ᠵᠢᠭᠡᠯᠡᠶ᠎ᠡ ᠭᠡᠰᠡᠨ ᠳᠤ ᠬᠠᠭᠠᠨ ᠡᠵᠡᠨ ᠵᠦᠪᠰᠢᠶᠡᠷᠡᠵᠠᠢ ᠃ ᠲᠤᠰ ᠵᠢᠯ ᠤᠨ ᠭᠤᠷᠪᠠᠨ ᠰᠠᠷ᠎ᠠ ᠳᠤ ᠬᠠᠭᠠᠨ ᠡᠵᠡᠨ ᠡᠴᠡ ᠬᠣᠩᠭᠢᠷᠠᠳ ᠠᠢᠮᠠᠭ ᠤᠨ ᠯᠦ ᠸᠠᠩ ᠮᠠᠨᠽᠠᠳᠠᠢ ᠳᠤ ᠵᠣᠭᠤᠰ ᠲᠦᠮᠡᠨ ᠬᠡᠯᠬᠢᠶ᠎ᠡ ᠭᠦᠷᠳᠡᠭᠡᠵᠤ ᠥᠭᠪᠡ ᠃ ᠯᠦ ᠸᠠᠩ ᠮᠠᠨᠽᠠᠲᠠᠢ ᠨᠠᠰᠤ ᠪᠠᠷᠠᠭᠰᠠᠨ ᠳᠤ ᠨᠠᠩᠵᠢᠶᠠᠵᠸᠨ ᠤ ᠬᠥᠪᠡᠭᠦᠨ ᠳ᠋ᠢᠶᠤᠤᠪᠤᠯᠠ ᠶᠢ ᠯᠦ ᠸᠠᠩ ᠪᠣᠯᠭᠠᠪᠠ ᠃ ᠤᠨ ᠲᠣᠭᠠᠯᠠᠯ ᠤᠨ1307 ᠤᠨ ᠂ ᠳ᠋ᠠ ᠳ᠋ᠧ ᠶᠢᠨ ᠠᠷᠪᠠᠨ ᠨᠢᠭᠡᠳᠦᠭᠡᠷ ᠤᠨ ᠤ ᠵᠢᠷᠭᠤᠭᠠᠨ ᠰᠠᠷ᠎ᠠ ᠳᠤ ᠂ ᠴᠸᠩᠽᠦᠩ ᠬᠠᠭᠠᠨ ᠤ ᠥᠬᠢᠨ ᠳᠡᠭᠦᠦ ᠰᠠᠩᠭᠡᠷᠠ ( 祥哥剌吉 ) ᠶᠢ ᠯᠦ ᠭᠦᠸᠧ ᠶᠢᠨ ᠡᠭᠴᠢᠮᠡᠳ ᠭᠦᠩᠵᠤ ( ᠳ᠋ᠠ ᠵᠠᠩ ᠭᠦᠩᠵᠤ ) ᠭᠡᠵᠦ ᠡᠷᠭᠦᠮᠵᠢᠯᠡᠭᠡᠳ ᠂ ᠳ᠋ᠠᠢ ᠰᠡᠴᠡᠨ ᠤ ᠳᠥᠷᠪᠡᠳᠦᠭᠡᠷ ᠦᠶ᠎ᠡ ᠶᠢᠨ ᠣᠮᠪᠤᠯᠤ ᠳ᠋ᠢᠶᠤᠤᠪᠤᠯᠠ ( 雕阿不剌) ᠶᠢ ᠯᠦ ᠸᠠᠩ ᠪᠣᠯᠭᠠᠵᠤ ᠂ ᠠᠯᠳᠠᠨ ᠲᠠᠮᠠᠭ᠎ᠠ ᠥᠭᠪᠡ ᠃ ᠳ᠋ᠢᠶᠤᠤᠪᠤᠯᠠ ᠪᠣᠯ ᠨᠠᠩᠵᠢᠶᠠᠵᠸᠨ ᠭᠦᠩᠵᠤ ᠶᠢᠨ ᠬᠥᠪᠡᠭᠦᠨ ᠂ ᠰᠠᠩᠭᠡᠷᠠ ᠭᠦᠩᠵᠤ ᠶᠢᠨ ᠬᠦᠷᠭᠡᠨ ᠮᠥᠨ ᠃ ᠲᠤᠰ ᠵᠢᠯ  ᠤᠨ ᠲᠤᠯᠤᠭᠠᠨ ᠰᠠᠷ᠎ᠠ ᠳᠤ ᠶᠦᠩ ᠫᠢᠩ ᠴᠦᠯᠭᠡ ( ᠡᠳᠦᠭᠡ ᠶᠢᠨ ᠾᠧᠪᠧᠢ ᠮᠤᠵᠢ ᠶᠢᠨ ᠯᠦᠯᠦᠩ)  ᠶᠢ ᠯᠦ ᠭᠦᠸᠧ ᠡᠭᠴᠢᠮᠡᠳ ᠭᠦᠩᠵᠤ ᠰᠠᠩᠭᠡᠷᠠᠶᠢᠨ ᠬᠤᠪᠢᠶᠠᠷᠢ ᠭᠠᠵᠠᠷ ᠪᠣᠯᠭᠠᠵᠤ ᠂ ᠭᠠᠢᠯᠢ ᠭᠤᠪᠴᠢᠭᠤᠷ ᠪᠤᠯᠤᠨ ᠨᠤᠲᠤᠭ ᠤᠨ ᠭᠠᠷᠤᠯᠲᠠ ᠶᠢ ᠪᠦᠷ ᠭᠦᠩᠵᠤ ᠶᠢᠨ ᠥᠮᠴᠢ ᠪᠠᠷ ᠥᠭᠪᠡ ᠃ ᠲᠤᠰ ᠵᠢᠯ ᠤᠨ ᠶᠢᠰᠦᠨ ᠰᠠᠷ᠎ᠠ ᠶᠢᠨ ᠤᠯᠠᠭᠴᠢᠨ ᠮᠣᠭᠠᠢ ᠡᠳᠦᠷ ᠂ ᠲᠠᠢᠭᠡᠤ ( ᠦᠽᠦᠩ ᠪᠤᠯᠤᠨ ᠰᠡᠩᠭᠡᠷᠡ ᠶᠢᠨ ᠡᠭᠡ ᠲᠠᠵᠢ) ᠶᠢᠨ ᠵᠠᠷᠯᠢᠭ ᠢᠶᠠᠷ ᠶᠦᠩᠫᠢᠩ ᠴᠦᠯᠭᠡ ᠶᠢᠨ ᠨᠠᠰᠤᠨ ᠳᠤ ᠬᠦᠷᠦᠭᠰᠡᠨ ᠬᠥᠮᠦᠰ ᠤᠨ ᠵᠠᠷᠤᠳᠠᠯ ᠰᠦᠢᠳᠭᠡᠯ ᠡᠴᠡ ᠪᠤᠰᠤᠳ ᠢ ᠨᠢ ᠪᠦᠷ ᠯᠦ ᠭᠦᠸᠧ ᠡᠭᠡᠴᠢᠮᠡᠳ ᠭᠦᠩᠵᠤ ᠰᠠᠩᠭᠡᠷᠠ ᠳᠤ ᠭᠦᠷᠳᠡᠭᠡᠵᠤ ᠥᠭᠪᠡ ᠃ ᠤᠨ ᠲᠣᠭᠠᠯᠠᠯ ᠤᠨ1316 ᠤᠨ ᠂ ᠶᠠᠨ ᠶᠢᠦ ᠶᠢᠨ ᠭᠤᠷᠪᠠᠳᠤᠭᠠᠷ ᠤᠨ ᠤ ᠳᠥᠷᠪᠡᠨ ᠰᠠᠷ᠎ᠠ ᠶᠢᠨ ᠬᠠᠷᠠᠭᠴᠢᠨ ᠲᠠᠬᠢᠶ᠎ᠠ ᠡᠳᠦᠷ ᠷᠸᠨᠽᠦᠩ ᠬᠠᠭᠠᠨ ᠡᠴᠡ ᠬᠠᠭᠠᠨ ᠤ ᠡᠭᠴᠢ ᠡᠭᠡᠴᠢᠮᠡᠳ ᠭᠦᠩᠵᠤ ᠰᠠᠩᠭᠡᠷᠠ ᠳᠤ ᠵᠣᠭᠤᠰ5000 ᠬᠡᠯᠬᠢᠶ᠎ᠡ ᠂ ᠰᠢᠷᠬᠡᠭ ᠪᠦᠰ200 ᠪᠦᠬᠦᠯᠢ ᠭᠦᠷᠳᠡᠭᠡᠵᠤ ᠥᠭᠪᠡ ᠃  ᠤᠨ ᠲᠣᠭᠠᠯᠠᠯ ᠤᠨ1317 ᠤᠨ ᠂ ᠶᠠᠨ ᠶᠢᠦ ᠶᠢᠨ ᠳᠥᠷᠪᠡᠳᠦᠭᠡᠷ ᠤᠨ ᠳᠤ ᠡᠭᠡᠴᠢᠮᠡᠳ ᠭᠦᠩᠵᠤ ᠰᠠᠩᠭᠡᠷᠠ ᠪᠡᠶ᠎ᠡ ᠤᠭᠢᠶᠠᠬᠤ ᠵᠠᠷᠤᠳᠠᠯ ᠤᠨ ᠵᠣᠭᠤᠰ ᠢᠶᠠᠷ ᠢᠶᠠᠨ ᠭᠤᠷᠪᠠᠨ ᠡᠵᠡᠳ ᠤᠨ ᠰᠦᠮ᠎ᠡ ᠶᠢ ᠪᠠᠢᠭᠤᠯᠪᠠ ᠃ ᠲᠤᠰ ᠰᠦᠮ᠎ᠡ ᠶᠢᠨ ᠪᠠᠭᠤᠷᠢ ᠨᠢ ᠴᠢᠤᠸᠠᠨ ᠨᠢᠩ ᠰᠢᠶᠠᠨ ᠤ ᠪᠠᠭᠤᠷᠢ ᠳᠡᠭᠡᠷ᠎ᠡ ᠪᠠᠢᠨ᠎ᠠ ᠃ ᠤᠨ ᠲᠣᠭᠠᠯᠠᠯ ᠤᠨ1325 ᠤᠨ ᠂ ᠲᠠᠢ ᠳ᠋ᠢᠩ ᠤᠨ ᠬᠣᠶᠠᠳᠤᠭᠠᠷ ᠤᠨ ᠳᠤ ᠴᠢᠤᠸᠠᠨ ᠨᠢᠩ ᠬᠣᠲᠠᠨ ᠳᠤ ᠡᠭᠡᠴᠢᠮᠡᠳ ᠭᠦᠩᠵᠤ ᠪᠡᠶ᠎ᠡ ᠪᠠᠷ ᠢᠶᠠᠨ 《 ᠴᠢᠤᠸᠠᠨ ᠨᠢᠩ ᠴᠦᠯᠭᠡ ᠳᠤ ᠺᠦᠩᠽᠢ ᠶᠢᠨ ᠰᠤᠷᠭᠠᠭᠤᠯᠢ ᠶᠢ ᠰᠢᠨ᠎ᠡ ᠪᠠᠷ ᠪᠠᠢᠭᠤᠯᠪᠠᠢ 》 ᠭᠡᠰᠡᠨ ᠬᠥᠰᠢᠶ᠎ᠡ ᠶᠢ ᠪᠣᠰᠭᠠᠪᠠ ᠃ ᠡᠭᠦᠨ ᠡᠴᠡ ᠡᠮᠦᠨ᠎ᠡ ᠨᠢ ᠡᠭᠡᠴᠢᠮᠡᠳ ᠭᠦᠩᠵᠤ ᠰᠠᠩᠭᠡᠷᠠ ᠢᠩᠴᠠᠩ ᠬᠣᠲᠠᠨ ᠳᠤ ᠺᠦᠩᠽᠢ ᠶᠢᠨ ᠰᠤᠷᠭᠠᠭᠤᠯᠢ ᠶᠢ ᠪᠠᠢᠭᠤᠯᠵᠤ ᠬᠥᠰᠢᠶ᠎ᠡ ᠪᠣᠰᠭᠠᠵᠤ ᠥᠩᠭᠡᠷᠡᠭᠰᠡᠨ ᠶᠤᠮ ᠃ ᠤᠨ ᠲᠣᠭᠠᠯᠠᠯ ᠤᠨ1329  ᠤᠨ ᠂ ᠲᠢᠶᠠᠨ ᠯᠢ ᠶᠢᠨ ᠬᠣᠶᠠᠳᠤᠭᠠᠷ ᠤᠨ ᠤ ᠴᠠᠭᠠᠨ ᠰᠠᠷ᠎ᠠ ᠶᠢᠨ ᠬᠠᠷᠠᠭᠴᠢᠨ ᠭᠠᠬᠠᠢ ᠡᠳᠦᠷ ᠂ ᠬᠠᠭᠠᠨ ᠡᠵᠡᠨ ᠡᠴᠡ ᠯᠦ ᠭᠦᠸᠧ ᠶᠢᠨ ᠡᠭᠡᠴᠢᠮᠡᠳ ᠭᠦᠩᠵᠤ ᠰᠠᠩᠭᠡᠷᠠ ᠳᠤ ᠵᠣᠭᠤᠰ ᠬᠣᠶᠠᠷ ᠲᠦᠮᠡᠨ ᠬᠡᠯᠬᠢᠶ᠎ᠡ ᠭᠦᠷᠳᠡᠭᠡᠨ ᠥᠭᠴᠦ ᠂ ᠣᠷᠤᠨ ᠰᠠᠭᠤᠴᠠ ᠪᠠᠷᠢᠭᠤᠯᠪᠠ ᠃ ᠲᠤᠰ ᠵᠢᠯ ᠤᠨ ᠲᠠᠪᠤᠨ ᠰᠠᠷ᠎ᠠ ᠶᠢᠨ ᠤᠯᠠᠭᠴᠢᠨ ᠮᠣᠭᠠᠢ ᠡᠳᠦᠷ ᠪᠠᠰᠠ ᠯᠦ ᠭᠦᠸᠧ ᠶᠢᠨ ᠡᠭᠡᠴᠢᠮᠡᠳ ᠭᠦᠩᠵᠤ ᠰᠠᠩᠭᠡᠷᠠ ᠳᠤ ᠵᠣᠭᠤᠰ ᠵᠣᠭᠤᠰ ᠬᠣᠶᠠᠷ ᠲᠦᠮᠡᠨ ᠬᠡᠯᠬᠢᠶ᠎ᠡ ᠭᠦᠷᠳᠡᠭᠡᠨ ᠥᠭᠴᠦ ᠂ ᠣᠷᠤᠨ ᠰᠠᠭᠤᠴᠠ ᠪᠠᠷᠢᠭᠤᠯᠪᠠ ᠃ ᠤᠨ ᠲᠣᠭᠠᠯᠠᠯ ᠤᠨ1330  ᠤᠨ ᠂ ᡁᠢ ᠱᠦᠨ ᠤ ᠠᠩᠬᠠᠨ ᠤ ᠤᠨ ᠤ ᠲᠠᠪᠤᠨ ᠰᠠᠷ᠎ᠠ ᠳᠤ ᠬᠠᠭᠠᠨ ᠡᠵᠡᠨ ᠡᠴᠡ ᠯᠦ ᠭᠦᠸᠧ ᠶᠢᠨ ᠡᠭᠡᠴᠢᠮᠡᠳ ᠭᠦᠩᠵᠤ ᠰᠠᠩᠭᠡᠷᠠ ᠳᠤ ᠮᠦᠩᠭᠦᠨᠵᠤᠭᠤᠰ ᠲᠦᠮᠡᠨ ᠬᠡᠯᠬᠢᠶ᠎ᠡ ᠭᠦᠷᠳᠡᠭᠡᠵᠤ ᠥᠭᠪᠡ ᠃ ᠲᠤᠰ ᠵᠢᠯ ᠤᠨ ᠵᠤᠨ ᠤ ᠳᠤᠮᠳᠠ ᠰᠠᠷ᠎ᠠ ᠳᠤ ᠸᠸᠨᠽᠦᠩ ᠳᠠᠭᠢᠨ ᠬᠠᠭᠠᠨ ᠰᠢᠷᠡᠭᠡᠨ ᠳᠤ ᠰᠠᠭᠤᠪᠠ ᠃ ᠤᠨ  ᠤ ᠨᠡᠷ᠎ᠡ ᠶᠢ ᡁᠢ ᠱᠦᠨ ᠭᠡᠪᠡ ᠃ ᠲᠤᠰ ᠵᠢᠯ ᠤᠨ ᠢᠯᠡᠭᠦᠦ ᠲᠤᠯᠤᠭᠠᠨ ᠰᠠᠷ᠎ᠠ ᠶᠢᠨ ᠴᠠᠭᠠᠨ ᠬᠤᠯᠤᠭᠠᠨ᠎ᠠ ᠡᠳᠦᠷ ᠯᠦ ᠸᠠᠩ ᠠᠯᠢᠵᠢᠶᠠᠰᠢᠷᠢ ( ᠠᠷᠭᠠᠰᠢᠷᠢ 阿里嘉室利 ) ᠶᠢᠨ ᠬᠠᠷᠢᠶ᠎ᠠ ᠭᠤᠷᠪᠠᠨ ᠲᠦᠮᠡ ᠢᠯᠡᠭᠦᠦ ᠠᠷᠠᠳ ᠥᠯᠦᠰᠭᠦᠯᠡᠩ ᠪᠣᠯᠤᠭᠰᠠᠨ ᠳᠤ ᠬᠠᠭᠠᠨ ᠤ ᠣᠷᠳᠤᠨ ᠡᠴᠡ ᠵᠣᠭᠤᠰ ᠨᠢᠭᠡ ᠲᠦᠮᠡᠨ ᠬᠡᠯᠬᠢᠶ᠎ᠡ ᠂ ᠠᠮᠤ ᠬᠣᠶᠠᠷ ᠲᠦᠮᠡᠨ ᠲᠠᠭᠠᠷ ᠥᠭᠪᠡ ᠃ ᠲᠤᠰ ᠵᠢᠯ ᠤᠨ ᠶᠢᠰᠦᠨ ᠰᠠᠷ᠎ᠠ ᠶᠢᠨ ᠤᠯᠠᠭᠠᠨ ᠪᠡᠴᠢᠨ ᠡᠳᠦᠷ ᠂ ᠯᠦ ᠭᠦᠸᠧ ᠶᠢᠨ ᠡᠭᠡᠴᠢᠮᠡᠳ ᠭᠦᠩᠵᠤ ᠰᠠᠩᠭᠡᠷᠠ ᠶᠢᠨ ᠣᠷᠳᠤᠨ ᠢ ᠪᠠᠢᠭᠤᠯᠵᠤ ᠳᠠᠭᠤᠰᠤᠭᠠᠳᠤᠢ ᠪᠣᠯᠬᠣᠷ ᠬᠠᠭᠠᠨ ᠤ ᠣᠷᠳᠤᠨ ᠡᠴᠡ ᠨᠢᠭᠡ ᠲᠦᠮᠡᠨ ᠬᠡᠯᠬᠢᠶ᠎ᠡ ᠵᠣᠭᠤᠰ ᠥᠭᠪᠡ ᠃ ᠡᠭᠦᠨ ᠡᠴᠡ ᠲᠡᠷᠡ ᠦᠶ᠎ᠡ ᠳᠤ ᠬᠠᠭᠠᠨ ᠡᠵᠡᠨ ᠴᠢᠤᠸᠠᠨ ᠨᠢᠩ ᠬᠤᠳᠠ ᠶᠢ ᠪᠠᠢᠭᠤᠯᠬᠤ ᠶᠢ ᠬᠢᠷᠢ ᠵᠡᠷᠭᠡ ᠬᠦᠨᠳᠦᠳᠭᠡᠨ ᠦᠵᠡᠵᠦ ᠪᠠᠢᠭᠰᠠᠨ ᠢ ᠮᠡᠳᠡᠵᠦ ᠪᠣᠯᠤᠨ᠎ᠠ ᠃ ᠴᠢᠤᠸᠠᠨ ᠨᠢᠩ ᠬᠤᠳᠠ ᠶᠢ1295 ᠤᠨ ᠳᠤ ᠴᠸᠩᠽᠦᠩ ᠬᠠᠭᠠᠨ ᠤ ᠦᠶ᠎ᠡ ᠳᠤ ᠡᠬᠢᠯᠡᠨ ᠪᠠᠢᠭᠤᠯᠵᠤ ᠂1329 ᠤᠨ ᠳᠤ ᠸᠸᠨᠽᠦᠩ ᠬᠠᠭᠠᠨ ᠤ ᠦᠶ᠎ᠡ ᠳᠤ ᠰᠠᠩᠭᠡᠷᠠ ᠭᠦᠩᠵᠤ ᠬᠠᠷᠢᠭᠤᠴᠠᠨ ᠳᠠᠭᠢᠨ ᠥᠷᠭᠡᠳᠭᠡᠨ ᠪᠠᠢᠭᠤᠯᠤᠭᠰᠠᠨ ᠶᠤᠮ ᠃ ᠴᠢᠤᠸᠠᠨ ᠨᠢᠩ ᠬᠤᠳᠠ ᠤᠨ ᠪᠠᠢᠷᠢᠯᠠᠭᠤᠯᠤᠯᠲᠠ ᠪᠠ ᠲᠥᠯᠦᠪ ᠰᠢᠨᠵᠢ ᠂ ᠵᠢᠴᠢ ᠪᠠᠷᠢᠯᠭ᠎ᠠ ᠶᠢᠨ ᠬᠡᠪ ᠨᠠᠮᠪᠠ ᠶᠢ ᠪᠣᠯ ᠲᠤᠬᠠᠢ ᠶᠢᠨ ᠦᠶ᠎ᠡ ᠶᠢᠨ ᠤᠯᠤᠰ ᠤᠨ ᠲᠣᠳᠤᠷᠬᠠᠢ ᠤᠯᠠᠨ ᠬᠤᠳᠠ ᠨᠤᠭᠤᠳ ᠤᠨ ᠰᠣᠳᠤ ᠶᠢ ᠨᠢ ᠦᠵᠡᠵᠦ ᠳᠠᠭᠤᠷᠢᠶᠠᠵᠤ ᠪᠠᠢᠭᠤᠯᠤᠭᠰᠠᠨ ᠪᠠᠢᠵᠠᠢ ᠃ ᠬᠣᠲᠠᠨ ᠳᠤ ᠪᠠᠨ ᠳᠣᠲᠤᠷ᠎ᠠ ᠣᠷᠳᠤᠨ ᠂ ᠳᠣᠲᠤᠭᠠᠳᠤ ᠬᠤᠳᠠ ᠪᠠ ᠭᠠᠳᠠᠭᠠᠳᠤ ᠬᠤᠳᠠ ᠭᠡᠵᠦ ᠲᠡᠰ ᠢᠯᠭᠠᠯ ᠲᠠᠢ ᠵᠣᠬᠢᠴᠠᠭᠤᠯᠤᠨ ᠲᠣᠬᠢᠷᠠᠭᠤᠯᠤᠭᠰᠠᠨ ᠪᠥᠭᠡᠳ ᠪᠠᠰᠠ ᠬᠡᠷᠡᠭ ᠵᠦᠪᠯᠡᠭᠦ ᠲᠢᠩᠬᠢᠮ ᠂ ᠲᠠᠬᠢᠯ ᠶᠣᠰᠤᠯᠠᠯ ᠤᠨ ᠲᠢᠩᠬᠢᠮ ᠂ ᠬᠠᠮᠢᠶᠠᠷᠤᠯᠲᠠ ᠶᠢᠨ ᠶᠠᠮᠤᠨ ᠂ ᠪᠢᠴᠢᠭ᠌ ᠤᠨ ᠬᠦᠷᠢᠶᠡᠯᠡᠩ ᠂ ᠬᠢᠨᠠᠨ ᠪᠠᠢᠴᠠᠭᠠᠭᠴᠢ ᠶᠢᠨ ᠭᠠᠵᠠᠷ ᠵᠡᠷᠭᠡ ᠪᠠᠢᠭᠤᠯᠤᠮᠵᠢ ᠨᠢᠭᠡᠴᠢ ᠨᠤᠭᠦᠳ ᠤᠨ ᠠᠵᠢᠯᠯᠠᠬᠤ ᠣᠷᠤᠨ ᠰᠠᠭᠤᠴᠠ  ᠶᠢ ᠠᠰ ᠠᠰ ᠪᠠᠷ ᠨᠢ ᠲᠤᠰᠭᠠᠷᠯᠠᠨ ᠪᠠᠢᠭᠤᠯᠤᠭᠰᠠᠨ ᠪᠠᠢᠨ᠎ᠠ ᠃ ᠴᠢᠤᠸᠠᠨ ᠨᠢᠩ ᠬᠤᠳᠠ ᠶᠢ ᠲᠤᠬᠠᠢ ᠶᠢᠨ ᠦᠶ᠎ᠡ ᠳᠤ ᠪᠦᠬᠦ ᠤᠯᠤᠰ ᠤᠨ43 ᠶᠠᠮᠤᠨ ᠂169 ᠴᠦᠯᠭᠡ ᠶᠢᠨ ᠰᠠᠭᠤᠷᠢᠨ ᠳᠡᠭᠡᠷ᠎ᠡ ᠰᠢᠨ᠎ᠡ ᠪᠠᠷ ᠨᠡᠮᠡᠵᠦ ᠪᠠᠢᠭᠤᠯᠤᠭᠰᠠᠨ ᠶᠤᠮ ᠃ ᠡᠬᠢᠨ ᠳᠡᠭᠡᠨ ᠶᠠᠮᠤᠨ ᠤ ᠲᠡᠰ ᠤᠨ ᠬᠤᠳᠠ ᠪᠠᠢᠭᠰᠠᠨ ᠢᠶᠠᠨ ᠰᠡᠭᠦᠯᠡᠷ ᠨᠢ ᠡᠵᠡᠨ ᠲᠥᠷᠦ ᠶᠢᠨ ᠴᠦᠯᠭᠡ ᠶᠢᠨ ᠵᠠᠰᠠᠭ ᠵᠠᠬᠢᠷᠭᠠᠨ ᠤ ᠣᠷᠤᠨ ᠪᠣᠯᠭᠠᠵᠠᠢ ᠃ ᠲᠤᠬᠠᠢ ᠶᠢᠨ ᠦᠶ᠎ᠡ ᠳᠤ ᠬᠤᠪᠢᠯᠠᠢ ᠰᠡᠴᠡᠨ ᠬᠠᠭᠠᠨ ᠳᠤᠮᠳᠠᠳᠤ ᠭᠦᠷᠦᠨ ᠢ ᠨᠢᠭᠡᠨᠲᠡ ᠨᠢᠭᠡᠳᠭᠡᠨ ᠵᠠᠬᠢᠷᠴᠤ ᠂ ᠤᠯᠠᠨ ᠠᠷᠪᠢᠨ ᠦᠨᠳᠦᠰᠦᠲᠡᠨ ᠤᠭᠰᠠᠭᠠᠲᠠᠨ  ᠢ ᠡᠷᠬᠡᠰᠢᠶᠡᠯ ᠳᠡᠭᠡᠨ ᠣᠷᠤᠭᠤᠯᠵᠤ ᠂ ᠮᠣᠩᠭᠤᠯ ᠤᠨ ᠶᠡᠬᠡ ᠬᠠᠭᠠᠨᠲᠤ ᠲᠥᠷᠦ ︱ ᠶᠤᠸᠠᠨ ᠤᠯᠤᠰ ᠢ ᠪᠠᠢᠭᠤᠯᠤᠭᠰᠠᠨ ᠪᠠᠢᠪᠠ ᠃ ᠡᠨᠡ ᠬᠤᠭᠤᠴᠠᠭᠠᠨ ᠳᠤ ᠯᠦ ᠸᠠᠩ ᠨᠢᠭᠡᠨᠲᠡ ᠢᠩᠴᠠᠩ ᠬᠤᠳᠠ ᠲᠠᠢ ᠪᠣᠯᠴᠢᠬᠠᠭᠰᠠᠨ ᠶᠤᠮ ᠃ ᠴᠢᠤᠸᠠᠨ ᠨᠢᠩ ᠴᠦᠯᠭᠡ ᠶᠢ ᠪᠠᠢᠭᠤᠯᠤᠭᠰᠠᠨ ᠤ ᠳᠠᠷᠠᠭ᠎ᠠ ᠂ ᠯᠦ ᠸᠠᠩ ᠤᠨ ᠡᠷᠬᠡᠰᠢᠶᠡᠯ ᠤᠨ ᠬᠠᠷᠢᠶ᠎ᠠ ᠣᠷᠤᠨ ᠨᠢ ᠳᠤᠮᠳᠠᠳᠤ ᠶᠢᠨ ᠨᠤᠲᠤᠭ ᠳᠡᠪᠢᠰᠭᠡᠷ ᠳᠡᠭᠡᠷ᠎ᠡ ᠳᠥᠷᠪᠡᠨ ᠶᠡᠬᠡ ᠬᠡᠰᠡᠭ ᠢᠶᠠᠷ ᠪᠦᠷᠢᠯᠳᠤᠵᠤ ᠪᠠᠢᠪᠠ ᠃ ᠨᠢᠭᠡᠳᠦᠭᠡᠷ ᠬᠡᠰᠡᠭ ᠨᠢ ᠂ ᠢᠩᠴᠠᠩ ᠬᠢᠭᠡᠳ ᠴᠢᠤᠸᠠᠨ ᠨᠢᠩ ᠴᠦᠯᠭᠡ ᠪᠣᠯᠤᠨ᠎ᠠ ᠃ ᠡᠭᠦᠨ ᠳᠤ ᠡᠷᠭᠦᠨ᠎ᠡ ᠭᠣᠣᠯ ᠳᠠᠭᠠᠤ ᠣᠷᠤᠨ ᠂ ᠵᠤᠤ ᠤᠳᠠ ᠠᠢᠮᠠᠭ ᠤᠨ ᠶᠡᠬᠡᠩᠬᠢ ᠬᠡᠰᠡᠭ ᠭᠠᠵᠠᠷ ᠂ ᠰᠢᠯᠢ ᠶᠢᠨ ᠭᠣᠣᠯ ᠂ ᠵᠢᠷᠢᠮ ᠠᠢᠮᠠᠭ ᠤᠨ ᠬᠡᠰᠡᠭ ᠪᠦᠯᠦᠭ ᠣᠷᠤᠨ ᠪᠠᠭᠲᠠᠵᠤ ᠂ ᠲᠠᠯᠠᠪᠠᠢ ᠨᠢ 11 ᠲᠦᠮᠡ2 ᠮᠢᠩᠭ᠎ᠠ ᠭᠠᠷᠤᠢ ᠬᠠᠪᠲᠠᠭᠠᠢ ᠳᠥᠷᠪᠡᠯᠵᠢᠨ ᠺᠢᠯᠣᠮᠧᠲ᠋ᠷ ᠪᠠᠢᠳᠠᠭ ᠃ ᠬᠣᠶᠠᠳᠤᠭᠠᠷ ᠬᠡᠰᠡᠭ ᠨᠢ ᠂ ᠣᠳᠣᠬᠢ ᠱᠠᠨᠳᠦᠩ ᠮᠤᠵᠢ ᠶᠢᠨ ᠡᠮᠦᠨ᠎ᠡ ᠬᠡᠰᠡᠭ ᠂ ᠲᠠᠯᠠᠪᠠᠢ  ᠨᠢ1 ᠲᠦᠮᠡ7 ᠮᠢᠩᠭᠠᠨ ᠬᠠᠪᠲᠠᠭᠠᠢ ᠳᠥᠷᠪᠡᠯᠵᠢᠨ ᠺᠢᠯᠣᠮᠧᠲ᠋ᠷ ᠪᠠᠢᠳᠠᠭ ᠃ ᠭᠤᠷᠪᠠᠳᠤᠭᠠᠷ ᠬᠡᠰᠡᠭ ᠨᠢ ᠂ ᠣᠳᠣᠬᠢ ᠵᠢᠶᠠᠩᠰᠢ ᠮᠤᠵᠢ ᠂ ᠵᠧᠵᠢᠶᠠᠩ ᠮᠤᠵᠢ ᠪᠤᠯᠤᠨ ᠫᠦᠵᠢᠶᠠᠨ ᠮᠤᠵᠢ ᠶᠢᠨ ᠬᠢᠯᠢ ᠵᠠᠯᠭᠠᠯᠳᠤᠭ᠎ᠠ ᠣᠷᠤᠨ ᠵᠢᠴᠢ ᠰᠢᠶᠠᠮᠸᠨ ᠂ ᠷᠦᠢ ᠵᠢᠨ ᠂ ᠦ ᠢ ᠱᠠᠨ ᠂ ᠮᠸᠢᠵᠸᠦ ᠵᠡᠷᠭᠡ ᠬᠤᠳᠠ  ᠶᠢ ᠪᠠᠭᠲᠠᠭᠠᠵᠤ ᠂ ᠲᠠᠯᠠᠪᠠᠢ ᠨᠢ2 ᠲᠦᠮᠡ ᠪᠥᠭᠡᠳ2 ᠵᠠᠭᠤ ᠭᠠᠷᠤᠢ ᠬᠠᠪᠲᠠᠭᠠᠢ ᠳᠥᠷᠪᠡᠯᠵᠢᠨ ᠺᠢᠯᠣᠮᠧᠲ᠋ᠷ ᠪᠠᠢᠳᠠᠭ ᠃ ᠳᠥᠷᠪᠡᠳᠦᠭᠡᠷ ᠬᠡᠰᠡᠭ ᠨᠢ ᠂ ᠣᠳᠣᠬᠢ ᠾᠧ ᠪᠧᠢ ᠮᠤᠵᠢ ᠶᠢᠨ ᠲᠠᠩᠱᠠᠨ ᠂ ᠴᠢᠨ ᠬᠤᠸᠠᠩ ᠳ᠋ᠣᠣ ᠂ ᠯᠢᠶᠤᠤᠶᠠᠩ ᠂ ᠪᠦᠸᠧᠬᠠᠢ ᠲᠠᠩᠭᠢᠰ ᠤᠨ ᠡᠷᠭᠢ ᠳᠠᠭᠠᠤ ᠣᠷᠤᠨ ᠢ ᠪᠠᠭᠲᠠᠭᠠᠵᠤ ᠂ ᠲᠠᠯᠠᠪᠠᠢ ᠨᠢ1 ᠲᠦᠮᠡ ᠪᠥᠭᠡᠳ9 ᠵᠠᠭᠤ ᠭᠠᠷᠤᠢ ᠬᠠᠪᠲᠠᠭᠠᠢ ᠳᠥᠷᠪᠡᠯᠵᠢᠨ ᠺᠢᠯᠣᠮᠧᠲ᠋ᠷ ᠪᠠᠢᠳᠠᠭ ᠃ ᠳᠥᠷᠪᠡᠨ ᠬᠡᠰᠡᠭ ᠬᠠᠷᠢᠶ᠎ᠠ ᠣᠷᠤᠨ ᠤ ᠶᠡᠷᠦᠩᠬᠡᠢ ᠲᠠᠯᠠᠪᠠᠢ ᠨᠢ16 ᠲᠦᠮᠡ ᠪᠥᠭᠡᠳ4 ᠵᠠᠭᠤ 88 ᠬᠠᠪᠲᠠᠭᠠᠢ ᠳᠥᠷᠪᠡᠯᠵᠢᠨ ᠺᠢᠯᠣᠮᠧᠲ᠋ᠷ ᠲᠤ ᠬᠦᠷᠦᠭᠰᠡᠨ ᠪᠠᠢᠨ᠎ᠠ ᠃ ᠡᠷᠬᠡᠰᠢᠶᠡᠯ ᠤᠨ ᠣᠷᠤᠨ ᠳᠡᠬᠢ ᠬᠠᠷᠢᠶ᠎ᠠ ᠠᠷᠠᠳ ᠢᠷᠭᠡᠳ ᠨᠢ ᠴᠤ 10 ᠲᠦᠮᠡᠨ ᠡᠷᠦᠬᠡ ᠶᠢ ᠬᠡᠲᠦᠷᠡᠭᠰᠡᠨ ᠪᠠᠢᠪᠠ ᠃ ᠬᠠᠷᠢᠶ᠎ᠠ ᠣᠷᠤᠨ ᠤ ᠪᠠᠨ ᠤᠯᠤᠰ ᠲᠥᠷᠦ ᠂ ᠠᠵᠤ ᠠᠬᠤᠢ ᠂ ᠴᠡᠷᠢᠭ ᠤᠨ ᠶᠠᠪᠤᠳᠠᠯ ᠵᠡᠷᠭᠡ ᠲᠠᠯ᠎ᠠ ᠪᠠᠷ ᠠᠮᠤᠷ ᠲᠣᠭᠲᠠᠨᠢᠭᠤᠨ ᠢ ᠪᠠᠲᠤᠯᠠᠵᠤ ᠂ ᠣᠷᠤᠨ ᠭᠠᠵᠠᠷ ᠂ ᠦᠨᠳᠦᠰᠦᠲᠡᠨ ᠶᠠᠰᠤᠲᠠᠨ ᠤ ᠵᠠᠩ ᠳᠠᠳᠭᠠᠯ ᠂ ᠦᠭᠡ ᠬᠡᠯᠡ ᠂ ᠦᠰᠦᠭ ᠪᠢᠴᠢᠭ᠌ ᠤᠨ ᠵᠥᠷᠢᠶ᠎ᠡ ᠳᠤ ᠵᠣᠬᠢᠴᠠᠭᠤᠯᠤᠨ ᠬᠠᠮᠢᠶᠠᠷᠬᠤ ᠬᠡᠷᠡᠭᠲᠡᠢ ᠪᠣᠯᠤᠭᠰᠠᠨ ᠵᠡᠷᠭᠡ ᠪᠣᠳᠠᠲᠤ ᠱᠠᠭᠠᠷᠳᠠᠯᠭ᠎ᠠ ᠶᠢ ᠦᠨᠳᠦᠰᠦᠯᠡᠵᠦ ᠲᠤᠬᠠᠢ ᠶᠢᠨ ᠦᠶ᠎ᠡ ᠳᠤ ᠯᠦ ᠸᠠᠩ ᠴᠢᠤᠸᠠᠨ ᠨᠢᠩ ᠬᠤᠳᠠ ᠶᠢ ᠪᠠᠢᠭᠤᠯᠬᠤ ᠪᠠᠷ ᠪᠣᠳᠤᠯᠬᠢᠯᠠᠵᠠᠢ ᠃ ᠨᠥᠭᠦᠭᠡ ᠲᠠᠯ᠎ᠠ ᠪᠠᠷ ᠯᠦ ᠸᠠᠩ ᠪᠠᠰᠠ ᠠᠯᠳᠠᠨ ᠡᠷᠦᠬᠡ ᠶᠢᠨ ᠪᠠᠢᠷᠢ ᠰᠠᠭᠤᠷᠢ ᠬᠢᠭᠡᠳ ᠠᠯᠳᠠᠷ ᠨᠡᠷ᠎ᠡ ᠪᠠᠨ ᠳᠠᠶᠠᠩ ᠳᠡᠯᠡᠬᠡᠢ ᠳᠤ ᠭᠠᠢᠬᠠᠭᠤᠯᠤᠶ᠎ᠠ ᠭᠡᠵᠦ ᠪᠣᠳᠤᠯ᠎ᠠ ᠃ ᠶᠡᠬᠡ ᠶᠤᠸᠠᠨ ᠤᠯᠤᠰ ᠢ ᠪᠠᠢᠭᠤᠯᠤᠭᠰᠠᠨ ᠳᠤ ᠲᠡᠷᠢᠭᠦᠨ ᠭᠠᠪᠢᠶᠠᠲᠠᠨ ᠪᠣᠯ ᠮᠤᠬᠤᠯᠠᠢ ᠂ ᠲᠡᠳᠡᠯᠡᠪᠡᠯ ᠬᠣᠩᠭᠢᠷᠠᠳ ᠠᠢᠮᠠᠭ ᠣᠷᠤᠳᠠᠭ ᠃ ᠬᠣᠩᠭᠢᠷᠠᠳ ᠠᠢᠮᠠᠭ ᠤᠨ ᠳ᠋ᠠᠢ ᠰᠡᠴᠡᠨ ᠤ ᠬᠤᠢᠴᠠᠰ ᠲᠦᠮᠡᠲᠦ ᠶᠢᠨ ᠨᠣᠶᠠᠨ ᠮᠠᠨᠽᠡᠲᠠᠢ ᠡᠴᠡ ᠨᠠᠭᠠᠰᠢᠬᠢ ᠦᠶ᠎ᠡ ᠦᠶ᠎ᠡ ᠶᠢᠨ ᠸᠠᠩ ᠤᠨ ᠰᠠᠭᠤᠷᠢᠨ ᠢ ᠵᠠᠯᠭᠠᠮᠵᠢᠯᠠᠭᠰᠠᠳ ᠢ ᠪᠤᠢ ᠬᠠᠭᠠᠨ ᠡᠵᠡᠨ ᠡᠴᠡ ᠯᠦ ᠸᠠᠩ ᠡᠷᠭᠦᠮᠵᠢᠯᠡᠵᠤ ᠂ ᠨᠢᠭᠡᠨᠲᠡ ᠬᠡᠳᠦᠨ ᠦᠶ᠎ᠡ ᠪᠣᠯᠪᠠ ᠃ ᠬᠣᠩᠭᠢᠷᠠᠳ ᠭᠠᠷᠤᠯᠲᠠᠢ ᠸᠠᠩ ᠤᠳ ᠠᠯᠠᠯᠳᠤᠭᠠᠨ ᠲᠤᠯᠤᠯᠳᠤᠭᠠᠨ ᠳᠤ ᠬᠣᠰᠢᠭᠤᠷᠠᠨ ᠪᠠᠢᠯᠳᠤᠵᠤ ᠂ ᠲᠠᠩᠭᠤᠳ ( 西夏 )ᠢ ᠲᠦᠪᠰᠢᠳᠭᠡᠨ ᠂ ᠲᠦᠩᠭᠤᠸᠠᠨ ᠪᠣᠭᠤᠮᠲᠠ ( 潼关) ᠶᠢ ᠡᠪᠳᠡᠵᠤ ᠂ ᠲᠦᠩᠰᠢᠶᠦᠨ ( 统寻 )ᠵᠡᠷᠭᠡ ᠤᠯᠠᠨ ᠬᠤᠳᠠ ᠪᠠᠯᠭᠠᠰᠤ ᠶᠢ ᠬᠤᠷᠢᠶᠠᠮᠵᠢᠯᠠᠭᠠᠳ ᠂ ᠭᠤᠴᠢᠨ ᠬᠣᠶᠠᠷ ᠤᠳᠠᠭ᠎ᠠ ᠶᠢᠨ ᠶᠡᠬᠡ ᠪᠠᠭ᠎ᠠ ᠲᠠᠢᠨ ᠤ ᠲᠠᠯᠠᠪᠤᠷ ᠲᠤ ᠴᠢᠰᠤᠨ ᠭᠠᠪᠢᠶ᠎ᠠ ᠪᠠᠢᠭᠤᠯᠤᠭᠰᠠᠨ ᠠᠷᠢᠭᠤᠨ ᠲᠡᠦᠬᠡ ᠲᠠᠢ ᠶᠤᠮ ᠃ ᠯᠦ ᠸᠠᠩ ᠤᠨᠲᠡᠭᠡᠳᠦᠰ ᠪᠣᠯ ᠪᠣᠭᠳᠠ ᠴᠢᠩᠭᠢᠰ ᠤᠨ ᠬᠠᠲᠤᠨ ᠪᠦᠷᠳᠡ ᠶᠢᠨ ᠲᠥᠷᠬᠦᠮ ᠬᠣᠩᠭᠢᠷᠠᠳ ᠠᠢᠮᠠᠭ ᠪᠣᠯᠤᠨ᠎ᠠ ᠃ ᠡᠢᠮᠦ ᠤᠴᠠᠷ ᠡᠴᠡ ᠦᠭᠡᠲᠠᠢ ᠬᠠᠭᠠᠨ ᠄《 ᠬᠣᠩᠭᠢᠷᠠᠳ ᠣᠪᠤᠭ ᠡᠴᠡ ᠬᠡᠦᠬᠡᠨ ᠲᠥᠷᠦᠪᠡᠯ ᠬᠠᠲᠤᠨ ᠪᠣᠯᠭᠠᠵᠤ ᠂ ᠬᠦᠦ ᠲᠥᠷᠦᠪᠡᠯ ᠭᠦᠩᠵᠤ ᠪᠠᠨ ᠥᠭᠴᠦ ᠲᠠᠪᠤᠨᠠᠩ ᠡᠷᠭᠦᠮᠵᠢᠯᠡᠵᠤ ᠂ ᠦᠶ᠎ᠡ ᠶᠢᠨ ᠦᠶ᠎ᠡ ᠳᠤ ᠤᠷᠤᠭ ᠲᠠᠰᠤᠯᠳᠠᠭᠤᠯᠬᠤ ᠦᠭᠡᠢ》 ᠭᠡᠵᠦ ᠵᠠᠷᠯᠢᠭ ᠪᠠᠭᠤᠯᠭᠠᠭᠰᠠᠨ ᠶᠤᠮ ᠃ ᠲᠡᠦᠬᠡᠨ ᠬᠠᠭᠤᠳᠠᠰᠤ ᠶᠢ ᠰᠡᠬᠦᠵᠦ ᠦᠵᠡᠪᠡᠯ ᠵᠥᠪᠬᠡᠨ ᠯᠦ ᠸᠠᠩ ᠤᠨ ᠭᠦᠩᠵᠤ ᠨᠠᠷ ᠤᠨ ᠳᠣᠲᠤᠷ᠎ᠠ ᠡᠴᠡ14 ᠬᠡᠦᠬᠡᠨ  ᠨᠢ ᠬᠠᠭᠠᠨ ᠤ ᠬᠠᠲᠤᠨ ᠢᠶᠠᠷ ᠲᠠᠳᠠᠪᠤᠷᠢᠯᠠᠭᠳᠠᠭᠰᠠᠨ ᠶᠤᠮ ᠃ ᠷᠦᠢᠽᠦᠩ ᠲᠤᠯᠤᠢ ᠶᠢᠨ ᠥᠬᠢᠨ ᠶᠢᠰᠦᠪᠤᠬ᠎ᠠ ( ᠶᠢᠰᠦᠨᠪᠤᠬ᠎ᠠ ᠂也速不花 ) ᠭᠦᠩᠵᠤ ᠶᠢ ᠲᠦᠮᠡᠲᠦ ᠶᠢᠨ ᠨᠣᠶᠠᠨ ᠯᠦ ᠸᠠᠩ ᠥᠴᠢᠨ ᠳᠤ ᠮᠣᠷᠳᠠᠭᠤᠯᠤᠭᠰᠠᠨ ᠨᠢ ᠠᠷᠤ ᠭᠠᠵᠠᠷ ᠶᠢᠩ ᠴᠠᠩ ᠬᠤᠳᠠ ᠂ ᠴᠢᠤᠸᠠᠨ ᠨᠢᠩ ᠬᠤᠳᠠ ᠶᠢ ᠪᠠᠢᠭᠤᠯᠬᠤ ᠶᠢᠨ ᠡᠬᠢᠯᠡᠯᠲᠡ ᠪᠣᠯᠵᠠᠢ ᠃ ᠡᠵᠡᠨ ᠤ ᠨᠡᠢᠰᠯᠡᠯ ᠬᠣᠲᠠᠨ ᠳᠤ ᠲᠥᠷᠦᠵᠦ ᠥᠰᠦᠭᠰᠡᠨ ᠬᠠᠭᠠᠨ ᠤ ᠭᠦᠩᠵᠤ ᠶᠢᠰᠦᠪᠤᠬ᠎《 ᠴᠡᠯᠮᠡᠭ ᠣᠭᠲᠠᠷᠭᠤᠢ ᠬᠢᠵᠠᠭᠠᠷ ᠦᠭᠡᠢ ᠂ ᠴᠡᠯᠡᠭᠡᠷ ᠨᠤᠲᠤᠭ ᠭᠦᠪᠡᠭᠡ ᠦᠭᠡᠢ》 ᠬᠥᠬᠡᠮᠳᠦᠭ ᠠᠭᠤᠯᠠᠰ ᠨᠢ ᠮᠠᠨᠠᠨ ᠲᠠᠲᠠᠵᠤ ᠂ ᠬᠥᠳᠡᠭᠡ ᠶᠢᠨ ᠬᠥᠮᠦᠨ ᠬᠠᠷ᠎ᠠ ᠴᠥᠭᠡᠨ ᠭᠠᠵᠠᠷ ᠲᠤ ᠨᠠᠰᠤᠨ ᠤ ᠠᠮᠢᠳᠤᠷᠠᠯ ᠢᠶᠠᠨ ᠥᠩᠭᠡᠷᠡᠭᠡᠬᠦ ᠭᠡᠳᠡᠭ ᠪᠠᠰᠠ ᠬᠡᠴᠡᠭᠦᠦ ᠶᠠᠪᠤᠳᠠᠯ ᠪᠠᠢᠯ᠎ᠠ ᠃ ᠬᠥᠭᠵᠢᠶᠡᠨ ᠨᠠᠷᠭᠢᠶᠠᠨᠲᠤ ᠬᠤᠳᠠ ᠵᠡᠭᠡᠯᠢ ᠂ ᠡᠪᠯᠢᠭ ᠲᠠᠭᠠᠯᠠᠮᠵᠢᠲᠠᠢ ᠤᠷᠳᠤ ᠬᠠᠷᠰᠢ ᠦᠭᠡᠢ ᠶᠤᠮ ᠪᠣᠯ ᠭᠦᠩᠵᠤ ᠶᠢᠨ ᠠᠮᠢᠳᠤᠷᠠᠯ ᠨᠢ ᠭᠡᠷᠡᠯ ᠭᠢᠪᠠᠭ᠎ᠠ ᠪᠠᠨ ᠠᠯᠳᠠᠵᠤ ᠂ ᠵᠠᠶᠠᠭᠠᠨ ᠤ ᠠᠮᠠᠷᠠᠭ ᠨᠢ ᠴᠤ ᠠᠮᠲᠠ ᠰᠢᠮᠲᠡ ᠦᠭᠡᠢ ᠪᠣᠯᠬᠤ ᠶᠤᠮ ᠃ ᠡᠢᠮᠦ ᠤᠴᠠᠷ ᠡᠴᠡ ᠬᠠᠭᠠᠨ ᠤ ᠭᠦᠩᠵᠤ ᠨᠠᠷ ᠬᠥᠳᠡᠭᠡ ᠬᠡᠭᠡᠷ᠎ᠡ ᠶᠢᠨ ᠰᠢᠷ᠎ᠠ ᠡᠳᠦᠷ ᠪᠣᠷᠤ ᠬᠣᠨᠤᠭ  ᠢ ᠲᠡᠰᠴᠤ ᠶᠠᠳᠠᠬᠤ ᠳᠠᠭᠠᠨ ᠠᠷᠭ᠎ᠠ ᠪᠦᠬᠦᠨ ᠢ ᠰᠦᠪᠡᠭᠴᠢᠯᠡᠨ ᠡᠴᠢᠭᠡ ᠬᠠᠭᠠᠨ ᠪᠤᠶᠤ ᠠᠬ᠎ᠠ ᠳᠡᠭᠦᠦ  ᠨᠠᠷ ᠡᠴᠡ ᠪᠠᠨ ᠬᠤᠳᠠ ᠵᠡᠭᠡᠯᠢ ᠂ ᠤᠷᠳᠤ ᠬᠠᠷᠰᠢ ᠪᠠᠢᠭᠤᠯᠬᠤ ᠵᠣᠭᠤᠰ ᠮᠥᠩᠭᠦ ᠶᠢ ᠭᠤᠶᠤᠳᠠᠭ ᠨᠢ ᠡᠩ ᠤᠨ ᠤᠴᠠᠷ ᠪᠣᠯᠵᠠᠢ ᠃ ᠬᠠᠭᠠᠨ ᠡᠵᠡᠨ ᠶᠡᠷᠦ ᠡᠴᠡ ᠥᠬᠢᠳ ᠤᠨ ᠢᠶᠠᠨ ᠰᠡᠳᠭᠢᠯ ᠢ ᠭᠣᠮᠤᠳᠠᠭᠠᠳᠠᠭ ᠦᠭᠡᠢ ᠶᠤᠮ ᠃ ᠶᠢᠰᠦᠪᠤᠬ᠎ᠠ ᠭᠦᠩᠵᠤ ᠢᠩᠴᠠᠩ ᠬᠤᠳᠠ ᠶᠢ ᠪᠠᠢᠭᠤᠯᠤᠭᠰᠠᠨ  ᠤ ᠳᠠᠷᠠᠭ᠎ᠠ ᠂ ᠬᠤᠪᠢᠯᠠᠢ ᠬᠠᠭᠠᠨ ᠤ ᠬᠣᠶᠠᠳᠤᠭᠠᠷ ᠭᠦᠩᠵᠤ ᠨᠠᠩᠵᠢᠶᠠᠵᠸᠨ ᠪᠠᠰᠠ ᠢᠩᠭᠢᠵᠦ ᠴᠢᠤᠸᠠᠨ ᠨᠢᠩ ᠬᠤᠳᠠ ᠶᠢ ᠪᠠᠢᠭᠤᠯᠤᠭᠰᠠᠨ ᠪᠠᠢᠨ᠎ᠠ ᠃ ᠡᠭᠴᠢᠮᠠᠳ ᠭᠦᠩᠵᠤ ᠰᠠᠩᠭᠡᠷᠠ ᠶᠢ ᠯᠦ ᠸᠠᠩ ᠳ᠋ᠢᠶᠤᠤᠪᠤᠯᠠ ᠳᠤ ᠮᠣᠷᠳᠠᠭᠤᠯᠤᠭᠰᠠᠨ ᠤ ᠰᠡᠭᠦᠯᠡᠷ ᠴᠢᠤᠸᠠᠨ ᠨᠢᠩ ᠬᠤᠳᠠ ᠶᠢᠨ ᠪᠦᠲᠦᠭᠡᠨ ᠪᠠᠢᠭᠤᠯᠤᠯᠲᠠ ᠨᠢ ᠨᠡᠩ ᠲᠦᠷᠭᠡᠨ ᠪᠣᠯᠤᠭᠰᠠᠨ ᠶᠤᠮ ᠃ ᠴᠢᠤᠸᠠᠨ ᠨᠢᠩ ᠬᠤᠳᠠ ᠤᠨ ᠪᠠᠢᠭᠤᠯᠤᠭᠳᠠᠭᠰᠠᠨ ᠨᠢ ᠶᠤᠸᠠᠨ ᠤᠯᠤᠰ ᠲᠤ ᠴᠡᠷᠢᠭ ᠤᠨ ᠵᠡᠪᠰᠡᠭ ᠪᠤᠯᠤᠨ ᠠᠮᠤ ᠬᠦᠨᠡᠰᠦ ᠶᠢ ᠨᠦᠭᠡᠴᠢᠯᠡᠵᠤ ᠥᠭᠬᠦ ᠂ ᠡᠷᠳᠡᠮᠲᠡᠨ ᠴᠢᠳᠠᠪᠤᠷᠢᠲᠠᠨ ᠢ ᠬᠥᠮᠦᠵᠢᠭᠦᠯᠵᠦ ᠥᠭᠬᠦ ᠂ ᠠᠵᠤ ᠠᠬᠤᠢ ᠶᠢ ᠬᠥᠭᠵᠢᠭᠦᠯᠬᠦ ᠲᠠᠯ᠎ᠠ ᠪᠠᠷ ᠪᠦᠷ ᠲᠤᠢᠯ ᠤᠨ ᠶᠡᠬᠡ ᠰᠠᠢᠨ ᠦᠢᠯᠡᠳᠦᠯ ᠢ ᠦᠵᠡᠭᠦᠯᠵᠦ ᠴᠢᠳᠠᠭᠰᠠᠨ ᠶᠤᠮ ᠃ ᠯᠦ ᠸᠠᠩ ᠨᠠᠷ ᠠᠯᠳᠠᠨ ᠤᠯᠤᠰ ᠂ ᠰᠦᠩ ᠤᠯᠤᠰ ᠤᠨ ᠲᠠᠢᠨ ᠤ ᠲᠠᠯᠠᠪᠤᠷ ᠡᠴᠡ ᠣᠯᠵᠠᠯᠠᠵᠤ ᠠᠪᠴᠢᠷᠠᠭᠰᠠᠨ 700 ᠭᠠᠷᠤᠢ ᠭᠠᠷ ᠤᠷᠠᠴᠤᠳ ᠢ ᠴᠢᠤᠸᠠᠨ ᠨᠢᠩ ᠬᠣᠲᠠᠨ ᠳᠤ ᠲᠣᠬᠢᠷᠠᠭᠤᠯᠤᠨ ᠲᠠᠳᠡᠨᠤᠰ ᠤᠨ ᠡᠷᠳᠡᠮ ᠴᠢᠳᠠᠪᠤᠷᠢ ᠤᠷᠠᠨ ᠠᠪᠢᠶᠠᠰ ᠢ ᠨᠢ ᠦᠨᠳᠦᠰᠦᠯᠡᠵᠦ ᠂ ᠤᠷᠠᠨ ᠲᠠᠷᠬᠠᠨ ᠂ ᠠᠷᠠᠯᠵᠢᠶ᠎ᠠ ᠮᠠᠢᠮᠠᠢ ᠂ ᠴᠡᠷᠢᠭ ᠤᠨ ᠥᠷᠲᠡᠭᠡ ᠂ ᠨᠣᠭᠤᠭ᠎ᠠ ᠲᠠᠷᠢᠰᠢ ᠂ ᠲᠤᠲᠤᠷᠭ᠎ᠠ ᠶᠢᠨ ᠲᠠᠷᠢᠶ᠎ᠠ ᠂ ᠠᠮᠤ ᠬᠥᠮᠦᠷᠭᠡ ᠵᠡᠷᠭᠡ ᠶᠢᠨ ᠠᠵᠢᠯ ᠲᠥᠷᠦᠯ ᠳᠤ ᠬᠡᠷᠡᠭᠯᠡᠵᠡᠢ ᠃ ᠪᠠᠰᠠ ᠢᠩᠴᠠᠩ ᠂ ᠴᠢᠤᠸᠠᠨ ᠨᠢᠩ ᠬᠣᠶᠠᠷ ᠬᠣᠲᠠᠨ ᠳᠤ ᠮᠣᠩᠭᠤᠯ ᠪᠢᠴᠢᠭ᠌ ᠤᠨ ᠰᠤᠷᠭᠠᠭᠤᠯᠢ ᠂ ᠺᠦᠩᠽᠢ ᠶᠢᠨ ᠪᠢᠴᠢᠭᠲᠡᠨ ᠤ ᠬᠦᠷᠢᠶᠡᠯᠡᠩ ᠪᠠᠢᠭᠤᠯᠵᠤ ᠂ ᠮᠣᠩᠭᠤᠯ ᠬᠢᠲᠠᠳ ᠪᠠᠭᠰᠢ ᠢ ᠵᠠᠯᠠᠵᠤ ᠂ ᠸᠠᠩ ᠭᠦᠩ ᠨᠣᠶᠠᠳ ᠤᠨ ᠦᠷ᠎ᠡ ᠬᠡᠦᠬᠡᠳ ᠵᠢᠴᠢ ᠪᠠᠶᠠᠳ ᠤᠨ ᠬᠡᠦᠬᠡᠳ ᠲᠤ ᠭᠢᠴᠢᠶᠡᠯ ᠣᠷᠤᠭᠤᠯᠵᠤ ᠂ ᠮᠣᠩᠭᠤᠯ ᠣᠷᠤᠨ ᠳᠤ ᠰᠤᠷᠭᠠᠨ ᠬᠥᠮᠦᠵᠢᠯ  ᠤᠨ ᠦᠢᠯᠡᠰ ᠢ ᠭᠦᠭᠵᠢᠭᠦᠯᠵᠠᠢ ᠃ ᠬᠠᠮᠢᠶᠠᠷᠤᠯᠲᠠ ᠶᠢᠨ ᠲᠠᠯ᠎ᠠ ᠪᠠᠷ ᠴᠢᠯᠦᠭᠡᠲᠡᠢ ᠲᠥᠷᠦ ᠶᠢᠨ ᠪᠣᠳᠤᠯᠭ᠎ᠠ  ᠶᠢ ᠠᠪᠴᠤ ᠂ ᠯᠦ ᠸᠠᠩ ᠤᠨ ᠬᠠᠷᠢᠶ᠎ᠠ ᠣᠷᠤᠨ ᠳᠤ ᠸᠠᠩ ᠡᠴᠡ ᠪᠦᠬᠦᠨ ᠢ ᠵᠠᠬᠢᠷᠴᠤ ᠂ ᠡᠭᠦᠨ ᠤ ᠬᠠᠮᠲᠤ ᠨᠢᠭᠡ ᠨᠡᠷ᠎ᠡ ᠮᠣᠩᠭᠤᠯ ᠬᠥᠮᠦᠨ ᠪᠤᠶᠤ ᠬᠥᠬᠡ ᠨᠢᠳᠦᠳᠡᠨ ᠢ ᠳᠠᠷᠤᠭᠠᠴᠢ ᠡᠷᠭᠦᠮᠵᠢᠯᠡᠵᠤ ᠂ ᠨᠢᠭᠡ ᠨᠡᠷ᠎ᠡ ᠬᠢᠲᠠᠳ ᠬᠥᠮᠦᠨ ᠢᠶᠠᠷ ᠣᠷᠳᠤᠨ ᠤ ᠬᠠᠮᠢᠶᠠᠷᠤᠭᠴᠢ ᠪᠤᠶᠤ ᠮᠡᠳᠡᠭᠡᠴᠢ ᠶᠢᠨ ᠠᠵᠢᠯ ᠢ ᠬᠠᠷᠢᠭᠤᠴᠠᠭᠤᠯᠪᠠ ᠃ ᠳᠠᠷᠤᠭᠠᠴᠢ ᠵᠡᠭᠦᠨᠲᠠᠢ ᠪᠤᠯᠤᠨ ᠬᠠᠮᠢᠶᠠᠷᠤᠭᠴᠢ ᠵᠠᠩ ᠢᠩ ᠷᠦᠢ ᠪᠣᠯ ᠡᠭᠦᠨ ᠤ ᠳᠤᠳᠤᠷᠠᠭᠢ ᠭᠠᠷᠮᠠᠭᠠᠢ ᠬᠥᠮᠦᠰ ᠪᠣᠯᠤᠨ᠎ᠠ ᠃ ᠵᠡᠭᠦᠨᠲᠠᠢ ᠭᠡᠰᠡᠨ ᠬᠥᠮᠦᠨ ᠳᠠᠷᠤᠭᠠᠴᠢ ᠰᠠᠭᠤᠭᠰᠠᠨ ᠢᠶᠠᠷ ᠯᠦ ᠸᠠᠩ ᠤᠨ ᠣᠷᠳᠤᠨ ᠤ ᠵᠠᠷᠤᠯᠭ᠎ᠠ ᠵᠢᠯ ᠪᠣᠯᠭᠠᠨ 50 ᠭᠠᠷᠤᠢ ᠲᠦᠮᠡᠨ ᠬᠡᠯᠬᠢᠶ᠎ᠡ ᠵᠣᠭᠤᠰ ᠠᠷᠪᠢᠯᠠᠵᠤ ᠴᠢᠳᠠᠭᠰᠠᠨ ᠡᠴᠡ ᠸᠠᠩ ᠤᠨ ᠰᠠᠩ ᠲᠦᠭᠦᠷᠡᠵᠤ ᠂ ᠠᠯᠪᠠᠨ ᠤ ᠬᠡᠷᠡᠭᠰᠡᠯ ᠡᠯᠪᠡᠭᠰᠢᠨ ᠠᠷᠠᠳ ᠤᠨ ᠠᠮᠢᠳᠤᠷᠠᠯ ᠰᠠᠢᠵᠢᠷᠠᠭᠰᠠᠨ ᠪᠠᠢᠨ᠎ᠠ ᠃ ᠶᠤᠸᠠᠨ ᠤ ᠳᠤᠮᠳᠠᠴᠢ ᠦᠶ᠎ᠡ ᠪᠣᠯᠬᠤ ᠳᠤ ᠂ ᠯᠦ ᠸᠠᠩ ᠤᠨ ᠬᠠᠷᠢᠶ᠎ᠠ ᠢᠩᠴᠠᠩ ᠂ ᠴᠢᠤᠸᠠᠨ ᠨᠢᠩ ᠬᠣᠶᠠᠷ ᠴᠦᠯᠭᠡ ᠶᠢᠨ ᠮᠠᠯ ᠤᠨᠤᠭ᠎ᠠ ᠶᠢᠨ ᠭᠠᠷᠭᠠᠯᠲᠠ ᠶᠢᠨ ᠲᠣᠭ᠎ᠠ ᠪᠦᠬᠦ ᠤᠯᠤᠰ ᠲᠤ ᠠᠯᠳᠠᠷᠰᠢᠨ ᠂1286 ᠤᠨ ᠳᠤ ᠂ ᠨᠢᠭᠡᠯᠡ ᠤᠳᠠᠭ᠎ᠠ ᠳᠡᠭᠡᠳᠦ ᠨᠡᠢᠰᠯᠡᠯ ᠱᠠᠩᠳᠤ ᠳᠤ8 ᠲᠦᠮᠡᠨ ᠴᠡᠷᠢᠭ ᠤᠨ ᠠᠭᠲᠠ ᠲᠤᠰᠢᠶᠠᠵᠤ ᠴᠢᠳᠠᠭᠰᠠᠨ ᠪᠠᠢᠨ᠎ᠠ ᠃ ᠡᠭᠦᠨ ᠡᠴᠡ ᠭᠠᠳᠠᠨ᠎ᠠ ᠵᠢᠯ ᠪᠦᠷᠢ ᠬᠠᠭᠠᠨ ᠲᠥᠷᠦ ᠳᠤ ᠦᠬᠡᠷ ᠬᠣᠨᠢ ᠢᠮᠠᠭ᠎ᠠ ᠶᠢ ᠰᠦᠷᠦᠭ ᠰᠦᠷᠦᠭ ᠢᠶᠠᠷ ᠲᠤᠰᠢᠶᠠᠵᠤ ᠂ ᠬᠠᠮᠤᠭ ᠠᠷᠪᠢᠨ ᠳᠠᠭᠠᠨ ᠪᠤᠮᠠᠨ ᠲᠣᠯᠤᠭᠠᠢ ᠭᠦᠷᠴᠠᠢ ᠃ ᠯᠦ ᠸᠠᠩ ᠮᠠᠯ ᠲᠠᠷᠢᠶᠠᠯᠠᠩ ᠢ ᠵᠡᠷᠭᠡᠪᠡᠷ ᠬᠥᠭᠵᠢᠭᠦᠯᠬᠦ ᠶᠢᠨ ᠳᠠᠭᠠᠤ ᠂ ᠭᠠᠷ ᠦᠢᠯᠡᠳᠪᠦᠷᠢ ᠂ ᠠᠭᠤᠷᠬᠠᠢ ᠨᠡᠭᠡᠭᠡᠯᠲᠡ ᠵᠢᠴᠢ ᠬᠦᠳᠡᠷ ᠬᠠᠢᠯᠠᠭᠤᠯᠵᠤ ᠪᠣᠯᠪᠠᠰᠤᠷᠠᠭᠤᠯᠬᠤ ᠦᠢᠯᠡᠰ ᠢ ᠴᠤ ᠴᠢᠬᠤᠯᠠᠴᠢᠯᠠᠨ ᠠᠳᠭᠤᠭᠰᠠᠨ ᠪᠠᠢᠨ᠎ᠠ ᠃ ᠶᠤᠸᠠᠨ ᠤ ᠲᠡᠦᠬᠡ ᠳᠤ《 ᠴᠢᠤᠸᠠᠨ ᠨᠢᠩ ᠣᠷᠤᠨ ᠳᠤ ᠠᠯᠳᠠ ᠮᠥᠩᠭᠦ ᠵᠡᠰ ᠭᠠᠤᠯᠢ  ᠶᠢᠨ ᠠᠭᠤᠷᠬᠠᠢ ᠨᠡᠭᠡᠭᠡᠭᠰᠡᠨ ᠪᠥᠭᠡᠳ ᠲᠤᠰ ᠣᠷᠤᠨ ᠳᠠᠭᠠᠨ ᠳᠠᠪᠲᠠᠵᠤ ᠪᠣᠯᠪᠠᠰᠤᠷᠠᠭᠤᠯᠤᠭᠠᠳ ᠂ ᠵᠠᠰᠠᠯ ᠴᠢᠮᠡᠭᠯᠡᠯ ᠤᠨ ᠡᠳ᠋ ᠪᠤᠶᠤ ᠪᠠᠭᠠᠵᠢ ᠬᠡᠷᠡᠭᠰᠡᠯ ᠤᠨ ᠵᠦᠢᠯᠡᠰ ᠢ ᠦᠢᠯᠡᠳᠪᠦᠷᠢᠯᠡᠵᠤ ᠴᠢᠳᠠᠬᠤ ᠪᠣᠯᠵᠠᠢ》 ᠭᠡᠵᠦ ᠲᠡᠮᠳᠡᠭᠯᠡᠵᠦ ᠪᠠᠢᠳᠠᠭ ᠃ ᠲᠡᠷᠡ ᠦᠶ᠎ᠡ ᠳᠤ ᠴᠡᠷᠢᠭ ᠤᠨ ᠵᠡᠷ ᠵᠡᠪᠰᠡᠭ ᠂ ᠬᠤᠶᠠᠭ ᠲᠤᠭᠤᠯᠭ᠎ᠠ ᠵᠡᠷᠭᠡ ᠪᠠ ᠠᠷᠠᠳ ᠤᠨ ᠬᠡᠷᠡᠭᠯᠡᠭᠡᠨ ᠤ ᠵᠦᠢᠯ ᠂ ᠸᠠᠩ ᠤᠨ ᠣᠷᠳᠤᠨ ᠤ ᠬᠡᠷᠡᠭᠯᠡᠭᠡᠨ  ᠤ ᠵᠦᠢᠯ ᠡᠴᠡ ᠤ ᠡᠩᠭᠡᠰᠭᠡ ᠲᠤ ᠬᠦᠷᠲᠡᠯ᠎ᠡ ᠪᠦᠷ ᠲᠤᠰ ᠣᠷᠤᠨ ᠳᠠᠭᠠᠨ ᠪᠣᠯᠪᠠᠰᠤᠷᠠᠭᠤᠯᠵᠤ ᠂ ᠦᠢᠯᠡᠳᠪᠦᠷᠢᠯᠡᠵᠤ ᠂ ᠪᠣᠷᠤᠯᠠᠭᠤᠯᠵᠤ ᠪᠠᠢᠪᠠ ᠃ ᠪᠠᠰᠠ ᠠᠷᠢᠬᠢ ᠳᠠᠷᠠᠰᠤ ᠂ ᠠᠷᠠᠰᠤ ᠨᠣᠣᠰᠤ ᠂ ᠵᠡᠰ ᠭᠠᠤᠯᠢ ᠂ ᠠᠯᠳᠠ ᠮᠥᠩᠭᠦᠨ ᠪᠦᠲᠦᠭᠡᠭᠳᠡᠬᠦᠨ ᠢᠶᠠᠨ ᠵᠢᠶᠠᠩᠨᠠᠨ ᠣᠷᠤᠨ ᠳᠤ ᠪᠣᠷᠤᠯᠠᠭᠤᠯᠵᠤ ᠪᠠᠢᠪᠠ ᠃ ᠯᠦ ᠸᠠᠩ ᠡᠴᠡ ᠤᠷᠠᠴᠤᠳ ᠲᠤ《 ᠬᠦᠴᠦᠨ ᠤ ᠠᠯᠪᠠ ᠪᠤᠯᠤᠨ ᠵᠢᠯ ᠤᠨ ᠭᠠᠢᠯᠢ ᠡᠴᠡ ᠬᠡᠯᠲᠦᠷᠢᠭᠦᠯᠬᠦ》 ᠠᠷᠭ᠎ᠠ ᠪᠣᠳᠤᠯᠭ᠎ᠠ ᠶᠢ ᠠᠪᠤᠭᠰᠠᠨ ᠡᠴᠡ ᠡᠨᠳᠡᠬᠢ ᠭᠠᠷ ᠦᠢᠯᠡᠳᠪᠦᠷᠢ ᠦᠳᠲᠡᠷ ᠲᠦᠷᠭᠡᠨ ᠭᠦᠭᠵᠢᠵᠠᠢ ᠃ ᠡᠭᠦᠨ ᠡᠴᠡ ᠭᠠᠳᠠᠨ᠎ᠠ ᠂ ᠯᠦ ᠸᠠᠩ ᠤᠨ ᠬᠠᠷᠢᠶ᠎ᠠ ᠣᠷᠤᠨ ᠤ《 ᠡᠷᠡᠭᠲᠠᠢᠴᠤᠳ 15 ᠨᠠᠰᠤᠨ ᠡᠴᠡ ᠳᠡᠭᠡᠭᠰᠢ ᠂ 70 ᠨᠠᠰᠤᠨ ᠡᠴᠡ ᠳᠣᠷᠤᠭᠰᠢ ᠂ ᠡᠷᠬᠢᠮ ᠳᠣᠣᠷᠠᠳᠤ ᠭᠡᠵᠦ ᠢᠯᠭᠠᠯ ᠦᠭᠡᠢ ᠪᠡᠷ ᠪᠦᠷ ᠴᠡᠷᠢᠭ ᠤᠨ ᠠᠯᠪᠠ ᠬᠠᠭᠠᠬᠤ ᠬᠡᠷᠡᠭᠲᠡᠢ 》 ᠪᠠᠢᠵᠤ ᠂ ᠠᠷᠠᠳ ᠤᠨ ᠠᠮᠢᠳᠤᠷᠠᠯ ᠴᠤ ᠬᠠᠷᠢᠴᠠᠩᠭᠤᠢ ᠪᠠᠷ ᠳᠡᠭᠡᠭᠰᠢᠯᠡᠵᠦ ᠂ ᠴᠡᠷᠢᠭ ᠤᠨ ᠪᠣᠯᠪᠠᠰᠤᠷᠠᠯ ᠢ ᠴᠢᠩᠭᠠᠳᠭᠠᠭᠰᠠᠨ  ᠢᠶᠠᠷ ᠴᠡᠷᠢᠭ ᠤᠨ ᠬᠦᠴᠦᠨ ᠴᠤ ᠴᠢᠩᠭᠠᠷᠠᠪᠠ ᠃

ᠨᠢᠭᠡᠨ ᠦᠶ᠎ᠡ ᠨᠡᠷ᠎ᠡ ᠠᠯᠳᠠᠷᠰᠢᠭᠰᠠᠨ ᠴᠢᠤᠸᠠᠨ ᠨᠢᠩ ᠬᠤᠳᠠ ᠨᠢ 1360 ᠤᠨ ᠳᠤ ᠮᠢᠩ ᠤᠯᠤᠰ  ᠤᠨ ᠡᠬᠢᠨ ᠤ ᠦᠶ᠎ᠡ ᠶᠢᠨ ᠲᠠᠷᠢᠶᠠᠴᠢᠨ ᠤ ᠪᠣᠰᠤᠯᠭ᠎ᠠ ᠶᠢᠨ ᠴᠡᠷᠢᠭ ᠲᠤ ᠭᠠᠯᠳᠠᠭᠳᠠᠵᠤ ᠂1376 ᠤᠨ  ᠳᠤ ᠮᠢᠩ ᠤᠯᠤᠰ ᠤᠨ ᠯᠢ ᠸᠧᠨ ᠵᠦᠩ ᠤᠨ ᠴᠡᠷᠢᠭ ᠲᠤ ᠡᠵᠢᠯᠡᠭᠳᠡᠵᠠᠢ ᠃ 1389 ᠤᠨ ᠤ ᠳᠥᠷᠪᠡᠨ ᠰᠠᠷ᠎ᠠ ᠳᠤ ᠂ ᠵᠦ ᠶᠤᠸᠠᠨ ᠵᠠᠩ ᠵᠠᠷᠯᠢᠭ ᠪᠠᠭᠤᠯᠭᠠᠵᠤ ᠂ ᠴᠢᠤᠸᠠᠨ ᠨᠢᠩ ᠴᠦᠯᠭᠡ ᠶᠢ ᠴᠢᠤᠸᠠᠨ ᠨᠢᠩ ᠬᠠᠷᠠᠭᠤᠯ ᠪᠣᠯᠭᠠᠵᠤ ᠂ ᠨᠤᠴᠤᠯᠠᠢ ( 捏怯来 ) ᠶᠢ ᠴᠢᠤᠸᠠᠨ ᠨᠢᠩ ᠬᠠᠷᠠᠭᠤᠯ ᠤᠨ ᠵᠠᠬᠢᠷᠤᠭᠴᠢ ᠡᠯᠴᠢ ᠪᠠᠷ ᠲᠣᠮᠢᠯᠠᠪᠠ ᠃ ᠢᠩᠭᠢᠭᠡᠳ ᠴᠢᠤᠸᠠᠨ ᠨᠢᠩ ᠴᠦᠯᠭᠡ ᠶᠢ90 ᠵᠢᠯ ᠨᠣᠶᠠᠷᠬᠠᠭᠰᠠᠨ ᠯᠦ ᠸᠠᠩ ᠤᠨ ᠨᠠᠰᠤᠨ ᠬᠤᠲᠤᠭ ᠴᠤ ᠲᠡᠭᠦᠰᠴᠤ ᠶᠢᠷᠲᠢᠨᠴᠦ ᠶᠢᠨ ᠲᠣᠭᠤᠰᠤᠨ ᠡᠴᠡ ᠵᠠᠢᠯᠠᠭᠰᠠᠨ ᠶᠤᠮ ᠃ ᠲᠡᠭᠡᠪᠡᠯ ᠴᠢᠤᠸᠠᠨ ᠨᠢᠩ ᠴᠦᠯᠭᠡ ᠶᠢᠨ ᠡᠪᠳᠡᠷᠡᠵᠦ ᠰᠦᠢᠷᠡᠭᠰᠡᠨ ᠭᠣᠣᠯ ᠰᠢᠯᠲᠠᠭᠠᠨ ᠨᠢ ᠬᠠᠮᠢᠭ᠎ᠠ ᠪᠠᠢᠬᠤ ᠪᠤᠢ ︖ ᠬᠣᠵᠢᠮ ᠤᠨ ᠬᠥᠮᠦᠰ ᠡᠭᠦᠨ ᠡᠴᠡ ᠶᠠᠮᠠᠷ ᠲᠤᠷᠰᠢᠯᠭ᠎ᠠ ᠰᠤᠷᠭᠠᠮᠵᠢ ᠣᠯᠵᠤ ᠪᠣᠯᠬᠤ ᠪᠤᠢ ︖ ᠡᠨᠡ ᠲᠤᠬᠠᠢ ᠳᠣᠣᠷ᠎ᠠ ᠶᠠᠷᠢᠶ᠎ᠠ ᠄ ᠨᠢᠭᠡ ᠲᠤ ᠂ ᠶᠤᠸᠠᠨ ᠤ ᠲᠥᠷᠦ ᠶᠢᠨ ᠳᠣᠲᠤᠭᠠᠳᠤ ᠳᠠᠭᠠᠨ ᠡᠷᠬᠡ ᠪᠤᠯᠢᠶᠠᠯᠴᠢᠨ ᠬᠠᠷᠢᠯᠴᠠᠨ ᠲᠡᠮᠡᠴᠡᠯᠳᠦᠭᠰᠡᠨ ᠪᠠ ᠨᠣᠶᠠᠷᠬᠠᠭᠴᠢ ᠠᠩᠭᠢ ᠶᠢᠨ ᠢᠯᠵᠢᠷᠠᠨ ᠳᠣᠷᠤᠢᠲᠠᠭᠰᠠᠨ ᠪᠣᠯ ᠴᠢᠤᠸᠠᠨ ᠨᠢᠩ ᠬᠤᠳᠠ ᠶᠢᠨ ᠡᠪᠳᠡᠭᠳᠡᠭᠰᠡᠨ ᠤ ᠭᠣᠣᠯ ᠰᠢᠯᠲᠠᠭᠠᠨ ᠪᠣᠯᠤᠨ᠎ᠠ ᠃1332 ᠤᠨ ᠤ ᠨᠠᠢ᠍ᠮᠠᠨ ᠰᠠᠷ᠎ᠠ ᠳᠤ ᠂ ᠸᠸᠨᠽᠦᠩ ᠬᠠᠭᠠᠨ29 ᠨᠠᠰᠤᠲᠠᠢ ᠬᠠᠯᠢᠭᠰᠠᠨ ᠶᠤᠮ ᠃ ᠸᠸᠨᠽᠦᠩ ᠤᠨ ᠬᠠᠲᠤᠨ ᠪᠤᠳᠠᠰᠢᠷᠢ ( 卜答失里)ᠡᠯᠪᠡᠷᠢᠯ ᠵᠢᠷᠤᠮ ᠢ ᠡᠷᠬᠢᠮᠯᠡᠵᠦ ᠂ ᠮᠢᠩᠽᠦᠩ ᠬᠢᠭᠡᠳ ᠲᠡᠭᠦᠨ  ᠤ ᠬᠠᠲᠤᠨ ᠢ ᠬᠣᠣᠷᠯᠠᠬᠤ ᠳᠤ ᠥᠪᠡᠷᠦᠨ ᠪᠡᠶ᠎ᠡ ᠨᠢ ᠡᠶᠡᠳᠤᠨ ᠲᠠᠭᠠᠭᠰᠠᠨ ᠳᠠᠭᠠᠨ ᠭᠡᠮᠰᠢᠵᠦ ᠂ 1333 ᠤᠨ ᠤ ᠵᠢᠷᠭᠤᠭᠠᠨ ᠰᠠᠷ᠎ᠠ ᠳᠤ ᠂ ᠥᠪᠡᠷᠦᠨ ᠬᠥᠪᠡᠭᠦᠨ ᠶᠠᠨᠳᠡᠭᠦᠰ ( 燕特古思 ) ᠢᠶᠠᠨ ᠬᠠᠭᠠᠨ ᠰᠢᠷᠡᠭᠡᠨ ᠳᠤ ᠰᠠᠭᠤᠯᠭᠠᠭᠰᠠᠨ ᠦᠭᠡᠢ ᠂ ᠬᠠᠷᠢᠨ ᠮᠢᠩᠽᠦᠩ ᠬᠠᠭᠠᠨ ᠤ ᠬᠥᠪᠡᠭᠦᠨ ᠲᠤᠭᠤᠨᠳᠡᠮᠦᠷ ( 脱罐贴睦尔 ) ᠢ ᠬᠠᠭᠠᠨ ᠰᠢᠷᠡᠭᠡᠨ ᠳᠤ ᠰᠠᠭᠤᠯᠭᠠᠵᠤ ᠤᠬᠠᠭᠠᠨᠲᠤ ᠬᠠᠭᠠᠨ ᠭᠡᠵᠦ ᠡᠷᠭᠦᠮᠵᠢᠯᠡᠵᠠᠢ ᠃ ᠲᠤᠭᠤᠨᠳᠡᠮᠦᠷ ᠪᠣᠯ ᠬᠣᠩᠭᠢᠷᠠᠳ ᠠᠢᠮᠠᠭ ᠤᠨ ᠵᠢᠭᠡ ᠪᠢᠰᠢ ᠶᠤᠮ ᠃1340 ᠤᠨ ᠳᠤ ᠂ ᠲᠣᠭᠲᠠᠬᠤ (脱脱 ) ᠶᠢᠨ ᠳᠡᠮᠵᠢᠯᠭᠡ ᠪᠠᠷ ᠲᠤᠭᠤᠨᠳᠡᠮᠦᠷ ᠬᠠᠭᠠᠨ ᠲᠥᠷᠦ ᠶᠢᠨ ᠡᠷᠬᠡ ᠶᠢ ᠪᠦᠷᠢᠮᠡᠰᠦᠨ ᠡᠵᠡᠮᠰᠢᠭᠰᠡᠨ ᠤ ᠳᠠᠷᠠᠭ᠎ᠠ ᠂ ᠸᠸᠨᠽᠦᠩ ᠬᠠᠭᠠᠨ ᠪᠤᠯᠤᠨ ᠲᠡᠭᠦᠨ ᠤ ᠬᠠᠲᠤᠨ ᠪᠤᠳᠠᠰᠢᠷᠢ ᠳᠤ ᠥᠰ ᠪᠤᠳᠤᠵᠤ ᠂ ᠲᠤᠰ ᠵᠢᠯ ᠤᠨ ᠵᠢᠷᠭᠤᠭᠠᠨ ᠰᠠᠷ᠎ᠠ  ᠳᠤ ᠸᠸᠨᠽᠦᠩ ᠬᠠᠭᠠᠨ ᠤ ᠬᠥᠷᠦᠭ ᠢ ᠰᠦᠮ᠎ᠡ ᠡᠴᠡ ᠭᠠᠷᠭᠠᠵᠤ ᠂ ᠬᠤᠸᠠᠩ ᠲᠠᠢᠬᠡᠦ ᠪᠤᠳᠠᠰᠢᠷᠢ  ᠶᠢ ᠨᠡᠢᠰᠯᠡᠯ ᠬᠣᠲᠠᠨ ᠡᠴᠡ ᠵᠠᠢᠯᠠᠭᠤᠯᠵᠤ ᠳ᠋ᠦᠩ ᠠᠨ ᠵᠧᠦ ( ᠡᠳᠦᠭᠡ ᠶᠢᠨ ᠾᠧ ᠪᠧᠢ ᠮᠤᠵᠢ  ᠶᠢᠨ ᠯᠠᠨ ᠹᠠᠩ ᠣᠷᠴᠢᠮ )  ᠳᠤ ᠰᠢᠯᠵᠢᠭᠦᠯᠵᠦ ᠰᠠᠭᠤᠯᠭᠠᠪᠠ ᠃ ᠪᠤᠳᠠᠰᠢᠷᠢ ᠶᠢᠨ ᠭᠠᠭᠴᠠ ᠬᠥᠪᠡᠭᠦᠨ ᠶᠠᠨᠳᠡᠭᠦᠰ ( ᠪᠠᠰᠠ ᠡᠯᠳᠡᠭᠦᠰ ᠪᠤᠶᠤ ᠭᠦᠨᠡᠳᠡᠷ᠎ᠡ ᠭᠡᠳᠡᠭ )  ᠢ ᠰᠣᠯᠤᠩᠭᠤᠰ ᠤᠯᠤᠰ ᠲᠤ ᠴᠦᠯᠡᠵᠤ ᠶᠠᠪᠤᠭᠤᠯᠬᠤ ᠵᠠᠮ ᠳᠤᠨᠢ ᠬᠦᠷᠭᠡᠵᠦ ᠶᠠᠪᠤᠵᠤ ᠪᠠᠢᠭ᠎ᠠ ᠴᠡᠷᠢᠭ ᠤᠨ ᠨᠣᠶᠠᠨ ᠶᠦᠸᠸ ᠷᠦᠸᠸ ᠴᠠᠨ  ᠢᠶᠠᠷ ᠠᠯᠠᠭᠤᠯᠪᠠ ᠃ ᠪᠤᠳᠠᠰᠢᠷᠢ ᠬᠤᠸᠠᠩᠬᠡᠦ ᠳ᠋ᠦᠩ ᠠᠨ ᠳᠤ ᠣᠴᠢᠭᠠᠳ ᠳᠡᠮᠡᠢ ᠤᠳᠠᠭᠰᠠᠨ ᠦᠭᠡᠢ 30 ᠨᠠᠰᠤᠲᠠᠢᠬᠠᠨ ᠰᠠᠨᠠᠭ᠎ᠠ ᠰᠡᠳᠭᠢᠯ ᠵᠣᠪᠠᠨᠢᠨ ᠪᠢᠳᠡᠭᠦᠷᠡᠵᠤ ᠨᠠᠰᠤ ᠨᠥᠭᠴᠢᠪᠡ ᠃ ᠮᠥᠨ ᠵᠢᠯ  ᠳᠤ ᠂ ᠲᠤᠭᠤᠨᠳᠡᠮᠦᠷ ᠬᠠᠭᠠᠨ ᠢᠩᠴᠠᠩ ᠴᠦᠯᠭᠡ ᠪᠤᠯᠤᠨ ᠴᠢᠤᠸᠠᠨ ᠨᠢᠩ ᠴᠦᠯᠭᠡ ᠶᠢ ᠸᠸᠨᠽᠦᠩ ᠬᠠᠭᠠᠨ ᠲᠠᠢ ᠣᠨᠴᠠ ᠬᠠᠷᠢᠴᠠᠭ᠎ᠠ ᠲᠠᠢ ᠶᠢ ᠪᠣᠳᠤᠯᠬᠢᠯᠠᠭᠠᠳ ᠡᠨᠡ ᠬᠣᠶᠠᠷ ᠬᠤᠳᠠ ᠶᠢᠨ ᠴᠦᠯᠭᠡ  ᠶᠢᠨ ᠲᠡᠰ ᠢ ᠪᠠᠭᠤᠷᠠᠭᠤᠯᠵᠤ ᠹᠦ ᠪᠣᠯᠭᠠᠵᠤ ᠯᠦ ᠸᠠᠩ ᠮᠠᠮᠤᠱᠠ ( 马某沙 )  ᠶᠢᠨ ᠵᠠᠬᠢᠷᠤᠯ  ᠤᠨ ᠳᠣᠣᠷ᠎ᠠ ᠣᠷᠤᠭᠤᠯᠵᠠᠢ ᠃ ᠡᠨᠡ ᠨᠢ ᠪᠤᠳᠠᠰᠢᠷᠢ ᠶᠢᠨ ᠲᠥᠷᠬᠦᠮ ᠬᠣᠩᠭᠢᠷᠠᠳ ᠠᠢᠮᠠᠭ ᠤᠨ ᠡᠷᠬᠡ ᠰᠦᠷ ᠶᠡᠬᠡᠳᠬᠦ ᠡᠴᠡ ᠪᠣᠯᠭᠤᠮᠵᠢᠯᠠᠵᠤ ᠂ ᠭᠡᠨᠡᠳᠲᠡ ᠶᠢᠨ ᠬᠤᠪᠢᠰᠤᠯ ᠭᠠᠷᠬᠤ ᠡᠴᠡ ᠰᠡᠷᠭᠡᠢᠯᠡᠭᠰᠡᠨ ᠠᠷᠭ᠎ᠠ ᠪᠣᠯᠬᠤ ᠶᠤᠮ ᠃ 1354 ᠤᠨ ᠳᠤ ᠲᠤᠭᠤᠨᠳᠡᠮᠦᠷ ᠬᠠᠭᠠᠨ ᠪᠠᠰᠠ ᠬᠠᠮᠢᠶᠠᠷᠤᠯᠲᠠ ᠳᠤ ᠳᠥᠬᠦᠮ ᠦᠭᠡᠢ ᠭᠡᠰᠡᠨ ᠨᠡᠷ᠎ᠡ ᠪᠠᠷ ᠢᠩᠴᠠᠩ ᠪᠤᠯᠤᠨ ᠴᠢᠤᠸᠠᠨ ᠨᠢᠩ ᠤᠨ ᠴᠦᠯᠭᠡ ᠶᠢᠨ ᠲᠡᠰ ᠢ ᠳᠠᠭᠢᠨ ᠰᠡᠷᠭᠦᠭᠡᠵᠠᠢ ᠃ ᠮᠠᠮᠤᠱᠠ ᠯᠦ ᠸᠠᠩ ᠪᠣᠯᠤᠭᠰᠠᠨ ᠪᠣᠯᠪᠠᠴᠤ ᠲᠡᠷᠡ ᠪᠣᠯ ᠬᠣᠩᠭᠢᠷᠠᠳ ᠠᠢᠮᠠᠭ ᠤᠨ ᠬᠥᠮᠦᠨ ᠪᠢᠰᠢ ᠪᠣᠯᠬᠣᠷ ᠬᠡᠷᠡᠭ ᠳᠡᠭᠡᠷ᠎ᠡ ᠪᠠᠨ ᠡᠨᠡ ᠦᠶ᠎ᠡ ᠡᠴᠡ ᠡᠬᠢᠯᠡᠭᠡᠳ ᠬᠣᠩᠭᠢᠷᠠᠳ ᠠᠢᠮᠠᠭ ᠨᠢ ᠤᠯᠤᠰ ᠲᠥᠷᠦ ᠶᠢᠨ ᠲᠠᠪᠴᠠᠩ ᠡᠴᠡ ᠪᠠᠭᠤᠭᠰᠠᠨ ᠶᠤᠮ ᠃ ᠡᠨᠡ ᠪᠣᠯ ᠬᠠᠭᠠᠨ ᠲᠥᠷᠦ ᠶᠢᠨ ᠣᠷᠳᠤᠨ ᠤ ᠳᠣᠲᠤᠭᠠᠳᠤᠬᠢ ᠬᠠᠷᠢᠯᠴᠠᠨ ᠡᠷᠬᠡ ᠪᠤᠯᠢᠶᠠᠯᠳᠤᠭᠰᠠᠨ ᠲᠡᠮᠡᠴᠡᠯ ᠤᠨ ᠵᠠᠢᠯᠠᠰᠢ ᠦᠭᠡᠢ ᠦᠷ᠎ᠡ ᠳ᠋ᠦᠩ ᠮᠥᠨ ᠃ ᠭᠡᠪᠡᠴᠦ ᠂ ᠪᠤᠰᠤᠳ ᠬᠥᠮᠦᠰ ᠴᠢᠮᠠᠶ᠋ᠢ ᠳᠣᠲᠤᠷ᠎ᠠ ᠪᠠᠨ ᠡᠪᠳᠡᠷᠡᠯᠴᠡᠵᠤ ᠮᠢᠬ᠎ᠠ ᠮᠢᠬ᠎ᠠ ᠪᠠᠨ ᠢᠳᠡᠯᠴᠡᠵᠤ ᠪᠠᠢᠬᠤ ᠶᠢ ᠴᠢᠨᠢ ᠮᠡᠳᠡᠵᠦ ᠪᠠᠢᠪᠠᠴᠤ ᠲᠠᠨᠤᠰ ᠢ ᠨᠢᠭᠡ ᠦᠨᠳᠦᠰᠦᠲᠡᠨ ᠶᠠᠰᠤᠲᠠᠨ ᠭᠡᠵᠦ ᠦᠵᠡᠬᠦ ᠪᠠᠨ ᠪᠤᠯᠢᠬᠤ ᠦᠭᠡᠢ ᠂ ᠴᠢᠨᠦ ᠠᠯᠳᠠᠨ ᠲᠥᠷᠦ ᠶᠢ ᠴᠢᠨᠢ ᠪᠤᠯᠢᠶᠠᠵᠤ ᠲᠡᠦᠬᠡ ᠰᠣᠶᠤᠯ ᠢ ᠴᠢᠨᠢ ᠤᠰᠠᠳᠭᠠᠬᠤ ᠦᠭᠡᠢ ᠪᠣᠯ ᠵᠣᠭᠰᠤᠬᠤ ᠦᠭᠡᠢ ᠶᠤᠮ ᠃ ᠲᠤᠭᠤᠨᠳᠡᠮᠡᠷ ᠂ ᠬᠠᠭᠠᠨ ᠰᠠᠭᠤᠷᠢᠨ ᠳᠤ ᠰᠠᠭᠤᠭᠰᠠᠨ ᠤ ᠳᠠᠷᠠᠭ᠎ᠠ ᠂ ᠤᠯᠤᠰ ᠤᠨ ᠶᠡᠬᠡ ᠶᠠᠪᠤᠳᠠᠯ  ᠤᠨ ᠲᠥᠯᠦᠭᠡ ᠰᠡᠳᠭᠢᠯ ᠢᠶᠠᠨ ᠵᠦᠳᠡᠭᠡᠭᠰᠡᠨ ᠪᠢᠰᠢ ᠂ ᠬᠠᠷᠢᠨ ᠵᠢᠷᠭᠠᠯ ᠴᠡᠩᠭᠡᠯ ᠤᠨ ᠬᠣᠢᠨ᠎ᠠ ᠡᠴᠡ ᠭᠦᠭᠡᠭᠡᠴᠡᠯᠳᠦᠵᠤ ᠂ ᠥᠩᠭᠡ ᠪᠤᠯᠤᠨ ᠠᠷᠢᠬᠢ ᠳᠠᠷᠠᠰᠤᠨ ᠳᠤ ᠤᠨᠠᠵᠤ ᠂ ᠱᠠᠰᠢᠨ ᠳᠤ ᠮᠤᠩᠬᠠᠷᠠᠨ ᠂ ᠭᠡᠷ  ᠡᠴᠡ ᠭᠠᠷᠬᠤ ᠦᠭᠡᠢ ᠂ ᠶᠢᠷᠲᠢᠨᠴᠦ ᠶᠢᠨ ᠶᠠᠪᠤᠳᠠᠯ ᠢ ᠬᠠᠮᠢᠶᠠᠷᠬᠤ ᠦᠭᠡᠢ ᠪᠣᠯᠪᠠ ᠃ ᠲᠤᠬᠠᠢ ᠶᠢᠨ ᠦᠶ᠎ᠡ ᠳᠤ ᠡᠮᠦᠨ᠎ᠡ ᠣᠷᠤᠨ ᠳᠤ ᠪᠠᠢᠭᠠᠯᠢ ᠶᠢᠨ ᠭᠠᠮᠰᠢᠭ ᠪᠤᠯᠤᠨ ᠬᠥᠮᠦᠨ ᠤ ᠭᠠᠮᠰᠢᠭ ᠶᠡᠭᠡᠳᠦᠵᠤ ᠂ ᠲᠠᠷᠢᠶᠠᠴᠢᠨ ᠤ ᠪᠣᠰᠤᠯᠭ᠎ᠠ ᠵᠠᠯᠭ᠎ᠠ ᠵᠠᠯᠭᠠᠪᠡᠷ ᠭᠠᠷᠴᠤ ᠪᠠᠢᠪᠠ ᠃ 1351 ᠤᠨ ᠳᠤ ᠂ ᠬᠠᠨ ᠱᠠᠨ ᠲᠦᠩ ᠂ ᠯᠢᠦ ᠹᠦ ᠲᠦᠩ ᠢᠶᠠᠷ ᠲᠣᠯᠤᠭᠠᠢᠯᠠᠭᠤᠯᠤᠭᠰᠠᠨ ᠤᠯᠠᠭᠠᠨ ᠠᠯᠴᠢᠭᠤᠷᠲᠠᠨ ᠤ ᠪᠣᠰᠤᠯᠭ᠎ᠠ ᠭᠠᠷᠴᠤ ᠂ ᠦᠶᠡᠷ ᠤᠨ ᠤᠰᠤ ᠰᠢᠭ ᠴᠥᠮᠦᠷᠡᠨ ᠳᠠᠭᠠᠷᠢᠭᠠᠳ ᠂ ᠬᠤᠳᠠ ᠶᠢᠨ ᠬᠡᠷᠡᠮ ᠢ ᠨᠤᠷᠠᠭᠠᠵᠤ ᠂ ᠤᠷᠳᠤ ᠬᠠᠷᠰᠢ ᠶᠢ ᠭᠠᠯᠳᠠᠨ ᠂ ᠶᠤᠸᠠᠨ ᠤ ᠲᠥᠷᠦ ᠶᠢ ᠭᠡᠯᠡᠮᠡᠭᠳᠡᠭᠦᠯᠪᠡ ᠃ 1357 ᠤᠨ ᠳᠤ ᠂ ᠤᠯᠠᠭᠠᠨ ᠠᠯᠴᠢᠭᠤᠷᠲᠠᠨ ᠤ ᠪᠣᠰᠤᠯᠭ᠎ᠠ ᠶᠢᠨ ᠴᠡᠷᠢᠭ ᠭᠤᠷᠪᠠᠨ ᠰᠠᠯᠠᠭ᠎ᠠ ᠪᠣᠯᠵᠤ ᠪᠤᠵᠠᠭᠠᠢᠷᠠᠨ ᠂ ᠶᠤᠸᠠᠨ  ᠤ ᠲᠥᠷᠦ ᠶᠢ ᠲᠠᠯ᠎ᠠ ᠶᠢᠨ ᠲᠦᠢᠮᠡᠷ ᠰᠢᠭ ᠰᠢᠲᠠᠭᠠᠵᠤ ᠡᠬᠢᠯᠡᠪᠡ ᠃ ᠡᠭᠦᠨ ᠳᠤ ᠭᠤᠸᠠᠨ ᠳ᠋ᠦᠸᠸ ᠂ ᠫᠠᠨ ᠴᠧᠩ ᠤᠨ ᠤᠳᠤᠷᠢᠳᠤᠭᠰᠠᠨ ᠨᠢᠭᠡ ᠰᠠᠯᠠᠭ᠎ᠠ ᠪᠣᠰᠤᠯᠭ᠎ᠠ ᠶᠢᠨ ᠴᠡᠷᠢᠭ ᠨᠢ ᠱᠠᠨ ᠰᠢ ᠣᠷᠤᠨ ᠢ ᠡᠵᠡᠯᠡᠵᠦ ᠂ ᠳᠠᠷᠠᠭ᠎ᠠ ᠵᠢᠯ ᠨᠢ ᠶᠤᠸᠠᠨ ᠤ ᠳᠡᠭᠡᠳᠦ ᠨᠡᠢᠰᠯᠡᠯ ᠱᠠᠩᠳᠦ ᠳᠤ ᠲᠦᠷᠢᠨ ᠣᠷᠤᠵᠠᠢ ᠃ ᠵᠠᠯᠭᠠᠭᠠᠳ ᠴᠢᠤᠸᠠᠨ ᠨᠢᠩ ᠴᠦᠯᠭᠡ ᠪᠠᠷ ᠲᠠᠭᠠᠷᠢᠵᠤ ᠯᠢᠶᠣᠣᠨᠢᠩ ᠤᠷᠤᠭᠤ ᠳᠠᠭᠠᠷᠢᠯᠲᠠ ᠬᠢᠪᠡ ᠃ 1360 ᠤᠨ  ᠳᠤ ᠂ ᠡᠨᠡ ᠰᠠᠯᠠᠭ᠎ᠠ ᠪᠣᠰᠤᠯᠭ᠎ᠠ ᠶᠢᠨ ᠴᠡᠷᠢᠭ ᠴᠢᠤᠸᠠᠨ ᠨᠢᠩ ᠬᠤᠳᠠ ᠶᠢ ᠡᠵᠡᠯᠡᠵᠦ ᠂ ᠴᠢᠤᠸᠠᠨ ᠨᠢᠩ ᠤᠳᠠ ᠶᠢ ᠭᠠᠯᠳᠠᠭᠠᠳ ᠦᠨᠡᠰᠦᠨ ᠲᠣᠪᠷᠠᠭ ᠪᠣᠯᠭᠠᠪᠠ ᠃ ᠡᠨᠡ ᠰᠠᠯᠠᠭ᠎ᠠ ᠲᠠᠷᠢᠶᠠᠴᠢᠨ ᠤ ᠪᠣᠰᠤᠯᠭ᠎ᠠ ᠶᠢᠨ ᠴᠡᠷᠢᠭ ᠲᠤ ᠵᠦᠪ ᠣᠨᠤᠪᠴᠢᠲᠠᠢ ᠬᠥᠲᠦᠯᠪᠦᠷᠢ ᠭᠡᠵᠦ ᠪᠠᠢᠳᠠᠭ ᠦᠭᠡᠢ ᠂ ᠬᠠᠮᠢᠭ᠎ᠠ ᠳᠠᠭᠠᠷᠢᠪᠠᠯ ᠲᠡᠷᠡ ᠭᠠᠵᠠᠷ ᠢ ᠭᠠᠯ ᠤᠨ ᠳᠠᠯᠠᠢ ᠪᠣᠯᠭᠠᠵᠤ ᠪᠠᠢᠪᠠ ᠃ ᠲᠤᠭᠲᠠᠭᠰᠠᠨ ᠵᠣᠷᠢᠯᠲᠠ ᠭᠡᠰᠡᠨ ᠶᠠᠭᠤᠮ᠎ᠠ ᠪᠠᠢᠳᠠᠭ  ᠦᠭᠡᠢ ᠂ ᠭᠡᠮᠭᠡᠴᠢᠵᠤ ᠪᠠᠯᠪᠠᠴᠢᠬᠤ ᠡᠴᠡ ᠥᠭᠡᠷ᠎ᠡ ᠶᠣᠰᠤ ᠤᠴᠠᠷ ᠢ ᠮᠡᠳᠡᠳᠡᠭ ᠦᠭᠡᠢ ᠶᠤᠮ ᠃ ᠡᠨᠡ ᠤᠳᠠᠭ᠎ᠠ  ᠶᠢᠨ ᠲᠠᠷᠢᠶᠠᠴᠢᠨ ᠤ ᠪᠣᠰᠤᠯᠭ᠎ᠠ ᠶᠢᠨ ᠭᠠᠮᠰᠢᠭ ᠲᠤ ᠂ ᠴᠢᠤᠸᠠᠨ ᠨᠢᠩ ᠬᠤᠳᠠ ᠶᠢᠨ ᠰᠦᠷᠯᠢᠭ ᠰᠠᠢᠬᠠᠨ ᠳᠣᠲᠤᠷ᠎ᠠ ᠤᠷᠳᠤ ᠬᠠᠷᠰᠢ ᠪᠦᠬᠦᠨ ᠢᠶᠠᠷ ᠢᠶᠠᠨ ᠰᠢᠳᠠᠭᠠᠭᠳᠠᠵᠤ ᠳᠠᠭᠤᠰᠴᠠᠢ ᠃ ᠭᠡᠪᠡᠴᠦ ᠬᠤᠳᠠ ᠶᠢᠨ ᠲᠡᠭᠦᠷᠭᠡ  ᠳᠡᠬᠢ ᠣᠯᠠᠩᠬᠢ ᠪᠠᠷᠢᠯᠭ᠎ᠠ ᠬᠠᠷᠢᠨ ᠠᠶᠤᠯ ᠡᠴᠡ ᠭᠡᠯᠳᠦᠷᠡᠵᠤ ᠦᠯᠡᠳᠡᠭᠰᠡᠨ ᠪᠣᠯᠬᠣᠷ ᠯᠦ ᠸᠠᠩ ᠮᠠᠮᠤᠱᠠ ᠡᠳᠡᠭᠡᠷ ᠬᠦᠷᠢᠶ᠎ᠡ ᠬᠠᠰᠢᠶ᠎ᠠ ᠶᠢ ᠠᠰᠢᠭᠯᠠᠨ ᠴᠡᠷᠢᠭ ᠮᠣᠷᠢ ᠡᠯᠡᠰᠴᠤ ᠂ ᠭᠦᠩᠵᠤ ᠶᠢᠨ ᠠᠭᠤᠯᠠ ᠤᠨ ᠪᠠᠷᠳᠠᠭ᠎ᠠ ᠪᠡᠷᠬᠡ ᠶᠢ ᠠᠰᠢᠭᠯᠠᠨ ᠴᠢᠤᠸᠠᠩ ᠴᠦᠯᠭᠡ ᠪᠠᠨ ᠬᠠᠮᠠᠭᠠᠯᠠᠵᠤ ᠪᠠᠢᠪᠠ ᠃ 1365 ᠤᠨ ᠳᠤ ᠲᠤᠭᠤᠨᠳᠡᠮᠦᠷ ᠬᠠᠭᠠᠨ ᠤ ᠬᠣᠩᠭᠢᠷᠠᠳ ᠬᠠᠲᠤᠨ ᠪᠤᠶᠠᠨᠬᠤᠳᠤᠭ ᠬᠠᠯᠢᠵᠤ ᠂ ᠲᠤᠭᠤᠨᠳᠡᠮᠦᠷ ᠬᠠᠭᠠᠨ ᠲᠡᠭᠦᠨ ᠤ ᠰᠣᠯᠤᠩᠭᠤᠰ ᠬᠠᠲᠤᠨ ᠴᠢ ᠱᠢ ( 奇氏 ) ᠪᠠᠨ ᠬᠤᠸᠠᠩᠬᠡᠦ ᠪᠣᠯᠭᠠᠭᠰᠠᠨ ᠢᠶᠠᠷ ᠬᠣᠩᠭᠢᠷᠠᠳ ᠠᠢᠮᠠᠭ ᠤᠨ ᠥᠮᠦᠭ ᠲᠦᠰᠢᠭ ᠦᠭᠡᠢ ᠪᠣᠯᠤᠭᠰᠠᠨ ᠪᠠᠢᠨ᠎ᠠ ᠃ ᠡᠨᠡ ᠪᠠᠢᠳᠠᠯ ᠤᠨ ᠳᠣᠣᠷ᠎ᠠ ᠬᠣᠩᠭᠢᠷᠠᠳ ᠠᠢᠮᠠᠭ ᠤᠨ ᠴᠡᠷᠢᠭ  ᠨᠢ ᠲᠤᠭᠤᠨᠳᠡᠮᠦᠷ ᠤᠨ ᠮᠦᠭᠦᠵᠤ ᠪᠠᠢᠭ᠎ᠠ ᠲᠥᠷᠦ ᠳᠤ ᠨᠢᠭᠡᠯᠡ ᠰᠡᠳᠭᠢᠯ ᠢᠶᠠᠷ ᠵᠢᠳᠭᠦᠬᠦ ᠦᠭᠡᠢ ᠶᠤᠮ ᠃ 1368 ᠤᠨ ᠳᠤ ᠲᠤᠭᠤᠨᠳᠡᠮᠦᠷ ᠠᠷᠭ᠎ᠠ ᠦᠭᠡᠢ ᠳᠡᠭᠡᠨ ᠶᠢᠩ ᠴᠠᠩ ᠬᠣᠲᠠᠨ ᠳᠤ ᠢᠷᠡᠵᠦ ᠨᠡᠢᠰᠯᠯᠡᠭᠰᠡᠨ  ᠳᠤ ᠴᠢᠤᠸᠠᠨ ᠨᠢᠩ ᠬᠤᠳᠠ ᠨᠢ ᠶᠢᠩ ᠴᠠᠩ ᠬᠤᠳᠠ ᠶᠢ ᠬᠠᠮᠠᠭᠠᠯᠠᠬᠤ ᠡᠮᠦᠨ᠎ᠡ ᠹᠷᠣᠨᠲ ᠪᠣᠯᠤᠭᠰᠠᠨ ᠶᠤᠮ ᠃1376 ᠤᠨ ᠳᠤ ᠂ ᠮᠢᠩ ᠤᠯᠤᠰ ᠤᠨ ᠯᠢ ᠸᠧᠨ ᠵᠦᠩ ᠴᠡᠷᠢᠭ ᠳᠠᠢᠴᠢᠯᠠᠨ ᠴᠢᠤᠸᠠᠨ ᠨᠢᠩ ᠬᠤᠳᠠ ᠶᠢ ᠴᠣᠬᠢᠭᠰᠠᠨ ᠳᠤ ᠲᠤᠭᠤᠷᠴᠠᠭ ᠠᠭᠤᠯᠠᠨ ᠳᠤ ᠯᠦ ᠸᠠᠩ ᠮᠠᠮᠤᠱᠠ ᠴᠠᠪᠴᠠᠭᠳᠠᠨ ᠠᠯᠠᠭᠳᠠᠵᠤ ᠂ ᠸᠠᠩ ᠤᠨ ᠬᠠᠲᠤᠨ ᠮᠡᠩᠭᠡᠲᠦ ( 蒙哥秃) ᠬᠢᠭᠡᠳ ᠳᠠᠭᠠᠭᠰᠠᠳ ᠳ᠋ᠠᠬᠠᠢ ( 答海) ᠵᠡᠷᠭᠡ ᠬᠥᠮᠦᠰ ᠪᠠᠷᠢᠪᠴᠢᠯᠠᠭᠳᠠᠨ ᠮᠢᠩ ᠤᠯᠤᠰ ᠤᠨ ᠨᠡᠢᠰᠯᠡᠯ ( ᠡᠳᠦᠭᠡ ᠶᠢᠨ ᠨᠠᠨᠵᠢᠩ ) ᠬᠣᠲᠠᠨ ᠳᠤ ᠬᠦᠷᠭᠡᠭᠳᠡᠪᠡ ᠃ ᠢᠩᠭᠢᠭᠡᠳ ᠨᠢᠭᠡᠨ ᠦᠶ᠎ᠡ ᠨᠡᠷ᠎ᠡ ᠠᠯᠳᠠᠷᠰᠢᠭᠰᠠᠨ ᠴᠢᠤᠸᠠᠨ ᠨᠢᠩ ᠬᠤᠳᠠ ᠶᠢᠨ ᠦᠯᠡᠳᠡᠭᠰᠡᠨ ᠭᠡᠷ ᠪᠠᠷᠢᠯᠭ᠎ᠠ ᠤᠳ ᠡᠪᠳᠡᠭᠳᠡᠵᠤ ᠳᠠᠭᠤᠰᠪᠠ ᠃

ᠡᠰᠢᠯᠡᠭᠰᠡᠨ ᠨᠣᠮ ᠵᠣᠬᠢᠶᠠᠯ ᠤᠳ ᠄ 1 ᠂ 《 ᠶᠤᠸᠠᠨ ᠤᠯᠤᠰ ᠤᠨ ᠲᠡᠦᠬᠡ 》 ( ᠬᠢᠲᠠᠳ )  ᠤᠨ ᠳ᠋ᠠᠢ ᠰᠡᠴᠡᠨ ᠤ ᠪᠦᠯᠦᠭ ᠃ 2 ᠂ ᠯᠢᠦ ᠽᠸᠩ ᠵᠢᠶᠦ᠋ᠨ ᠂ ᠵᠠᠩ ᠵᠦᠩ ᠷᠸᠨ ᠨᠠᠷ ᠤᠨ ᠨᠠᠢᠷᠠᠭᠤᠯᠤᠭᠰᠠᠨ 《 ᠬᠣᠶᠠᠷ ᠭᠣᠣᠯ ᠤᠨ ᠳᠣᠯᠭᠢᠶᠠᠨ ᠤ ᠲᠠᠭᠤᠨ》 ( 两河涛声 ) ᠭᠡᠬᠦ ᠨᠣᠮ ᠃ 2011 ᠤᠨ ᠤ5 ᠰᠠᠷ᠎ᠠ ᠳᠤ ᠥᠪᠦᠷ ᠮᠣᠩᠭᠤᠯ ᠤᠨ ᠰᠣᠶᠤᠯ ᠤᠨ ᠬᠡᠪᠯᠡᠯ ᠤᠨ ᠬᠣᠷᠢᠶ᠎ᠠ ᠬᠡᠪᠯᠡᠭᠦᠯᠪᠡ ᠃ 3 ᠂《 ᠮᠣᠩᠭᠤᠯ ᠤᠨ ᠪᠣᠷᠵᠢᠭᠢᠳ ᠣᠪᠤᠭ ᠤᠨ ᠲᠡᠦᠬᠡ》 ᠂ ᠯᠤᠮᠢ ᠵᠣᠬᠢᠶᠠᠵᠤ ᠂ ᠨᠠᠭᠤᠰᠠᠢᠡᠭᠦᠦ ᠠᠷᠳᠠᠵᠠᠪ ᠲᠤᠯᠭᠠᠨ ᠬᠠᠷᠢᠴᠠᠭᠤᠯᠵᠤ ᠲᠠᠢᠯᠪᠤᠷᠢᠯᠠᠨ ᠂ 1989 ᠤᠨ ᠤ 8 ᠰᠠᠷ᠎ᠠ ᠳᠤ ᠥᠪᠦᠷ ᠮᠣᠩᠭᠤᠯ  ᠤᠨ ᠠᠷᠠᠳ ᠤᠨ ᠬᠡᠪᠯᠡᠯ ᠤᠨ ᠬᠣᠷᠢᠶ᠎ᠠ ᠬᠡᠪᠯᠡᠭᠦᠯᠪᠡ ᠃ 4 ᠂《 ᠶᠤᠸᠠᠨ ᠤ ᠦᠶ᠎ᠡ ᠳᠤ ᠵᠢᠢ ᠭᠦᠸᠧ ᠭᠦᠩ ᠬᠡᠮᠡᠨ ᠨᠡᠬᠡᠮᠵᠢᠯᠡᠨ ᠡᠷᠭᠦᠮᠵᠢᠯᠡᠭᠳᠡᠭᠰᠡᠨ ᠵᠠ᠊ ᠢᠩ ᠷᠦᠢ ᠶᠢᠨᠤᠩᠭᠤᠨ ᠤ ᠬᠥᠰᠢᠶ᠎ᠡ ᠶᠢ ᠰᠤᠳᠤᠯᠬᠤ ᠠᠨᠤ》 ( 元代追封蓟国公 张应瑞墓碑研究) ᠭᠡᠬᠦ ᠨᠣᠮ ᠂ ᠠᠮᠧᠷᠢᠺᠠ ᠶᠢᠨ ᠾᠧ ᠯᠢ ᠫᠦ ᠵᠣᠬᠢᠶᠠᠵᠤ ᠂ ᠯᠢ ᠵᠢᠶᠦ᠋ᠨ ᠢ ᠣᠷᠴᠢᠭᠤᠯᠵᠤ ᠲᠠᠢᠯᠪᠤᠷᠢᠯᠠᠪᠠ ᠃ 20013 ᠤᠨ ᠤ 7 ᠰᠠᠷ᠎ᠠ ᠳᠤ ᠶᠤᠸᠠᠨ ᠹᠠᠩ ᠬᠡᠪᠯᠡᠯ ᠤᠨ ᠬᠣᠷᠢᠶ᠎ᠠ ᠭᠡᠪᠯᠡᠪᠡ ᠃

ᠵᠣᠬᠢᠶᠠᠭᠴᠢ ᠶᠢᠨ ᠬᠠᠶᠢᠭ ᠄

1 ᠂ ᠣᠩᠨᠢᠭᠤᠳ ᠬᠣᠰᠢᠭᠤᠨ ᠤ ᠢᠲᠡᠭᠡᠮᠵᠢ ᠶᠢᠨ ᠬᠣᠯᠪᠤᠭᠠᠲᠤ ᠬᠣᠷᠰᠢᠶ᠎ᠠ ᠶᠢᠨ ᠲᠡᠳᠭᠡᠪᠦᠷᠢ ᠳᠤ ᠭᠠᠷᠤᠭᠰᠠᠨ ᠠᠵᠢᠯᠲᠠᠨ ᠨᠠᠮᠲᠠᠢᠰᠦᠷᠦᠩ

2 ᠂ ᠤᠯᠠᠭᠠᠨᠬᠠᠳᠠ ᠬᠤᠳᠠ ᠶᠢᠨ ᠡᠷᠡᠭᠦᠯ ᠬᠠᠮᠠᠭᠠᠯᠠᠯ ᠤᠨ ᠰᠤᠷᠭᠠᠭᠤᠯᠢ ᠤᠨ ᠵᠠᠬᠢᠷᠤᠯ ᠰᠡᠴᠡᠨᠪᠠᠳᠤ

3 ᠂ ᠣᠩᠨᠢᠭᠤᠳ ᠬᠣᠰᠢᠭᠤᠨ ᠤ ᠨᠠᠮ ᠤᠨ ᠬᠣᠷᠢᠶ᠎ᠠ ᠶᠢᠨ ᠤᠬᠠᠭᠤᠯᠬᠤ  ᠺᠠᠲᠷ ᠤᠯᠠᠭᠠᠨᠪᠠᠭᠠᠲᠤᠷ

ᠳᠠᠷᠠᠭᠠᠬᠢ ᠵᠣᠬᠢᠶᠠᠯᠵᠣᠬᠢᠶᠠᠯ ᠦᠭᠡᠢ ᠪᠣᠯᠵᠠᠢ

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠥᠪᠦᠷ ᠮᠣᠩᠭᠤᠯ ᠥᠨᠳᠥᠰᠥᠲᠡᠨ ᠦ ᠰᠤᠷᠭᠠᠨ ᠬᠥᠮᠦᠵᠢᠯ ᠦᠨ ᠰᠦᠯᠵᠢᠶ᠎ᠡ ᠬᠡᠪᠯᠡᠯ ᠦᠨ ᠡᠷᠬᠡ ᠲᠡᠢ ᠃ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃