lt
ᠮᠣᠩᠭᠤᠯ ᠰᠤᠷᠭᠠᠭᠤᠯᠢ
ᠶᠠᠫᠥᠨᠴᠤᠳ  ᠤᠨ ᠬᠦᠭᠵᠢᠯ  ᠤᠨ ᠨᠢᠭᠤᠴᠠ ᠶᠠᠭᠤ ᠪᠤᠢ
2015.09.15 ᠲᠣᠰ ᠥᠷᠲᠡᠭᠡᠨ ᠦ ᠨᠠᠢᠷᠠᠭᠤᠯᠤᠭᠴᠢ

    1. ᠪᠠᠭᠰᠢ ᠶᠢᠨ ᠦᠨᠳᠦᠰᠦᠨ ᠬᠡᠪ ᠪᠤᠯᠪᠡᠰᠤᠷᠡᠯ

ᠬᠢᠴᠢᠶᠡᠯ ᠣᠷᠤᠬᠤ ᠳᠤ ᠂ ᠨᠢᠭᠡᠨ ᠬᠢᠷᠢ ᠲᠡᠩᠴᠡᠭᠰᠠᠨ ᠪᠠᠭᠰᠢ ᠬᠥᠮᠦᠨ ᠤ ᠬᠤᠪᠢ ᠳᠤ ᠪᠣᠯ ᠬᠡᠯᠡ ᠬᠡᠯᠡᠯᠭᠡ ᠂ ᠪᠢᠴᠢᠯᠭᠡ ᠂ ᠬᠡᠪ ᠨᠠᠮᠪᠠ ᠬᠥᠳᠡᠯᠦᠯ ᠪᠠᠷᠢᠯ ᠂ ᠲᠤᠰᠭᠠᠢ ᠮᠡᠷᠭᠡᠵᠢᠯ ᠵᠡᠷᠭᠡ ᠳᠥᠷᠪᠡᠨ ᠲᠡᠯ᠎ᠡ ᠶᠢᠨ ᠦᠨᠳᠦᠰᠦᠨ ᠬᠡᠪ ᠪᠤᠯᠪᠡᠰᠤᠷᠡᠯ ᠱᠠᠭᠠᠷᠳᠠᠭᠳᠠᠨ᠎ᠠ ᠃ ᠬᠡᠯᠡ ᠬᠡᠯᠡᠯᠭᠡ ᠶᠢᠨ ᠬᠡᠪ ᠪᠤᠯᠪᠡᠰᠤᠷᠡᠯ ᠭᠡᠳᠡᠭ ᠨᠢ ᠪᠠᠭᠰᠢ ᠶᠢᠨ ᠬᠡᠯᠡ ᠶᠡᠷᠢᠶ᠎ᠡ ᠨᠢ ᠴᠪᠡᠷ ᠲᠣᠳᠤ ᠂ ᠤᠷᠤᠰᠤᠮ᠎ᠠ ᠂ ᠪᠡᠷᠢᠮᠵᠢᠶ᠎ᠡ ᠰᠠᠢᠬᠠᠨ ᠠᠶᠠᠯᠭᠤ ᠲᠡᠢ ᠂ ᠰᠣᠨᠤᠰᠤᠭᠴᠢᠳ ᠢ ᠤᠷᠮᠠᠰᠢᠭᠤᠯᠤᠨ ᠬᠦᠭᠵᠢᠬᠡᠵᠤ ᠤᠷᠢᠶᠡᠯᠡᠨ ᠲᠡᠢᠴᠢᠯᠡᠬᠤ ᠬᠦᠴᠦᠨ ᠲᠡᠢ ᠪᠠᠢᠬᠤ ᠶᠢ ᠱᠠᠭᠠᠷᠳᠠᠬᠤ ᠪᠡ ᠨᠤᠷᠰᠢᠨ ᠴᠡᠯᠴᠢᠵᠤ ᠂ ᠰᠤᠯᠠ ᠦᠭᠡ ᠠᠷᠪᠢᠨ ᠳᠡᠭᠡᠷ᠎ᠡ ᠪᠡᠨ ᠣᠷᠤᠨ ᠨᠤᠲᠤᠭ ᠤᠨ ᠠᠶᠠᠯᠭᠤ ᠶᠡᠬᠡ ᠪᠥᠭᠡᠳ ᠠᠮᠠᠨ ᠳᠠᠭᠠᠨ ᠬᠦᠩᠬᠢᠨᠡᠵᠤ ᠡᠰᠠᠬᠦᠯ᠎ᠡ ᠲᠤᠷᠴᠢᠬᠢᠨᠡᠭᠤᠯᠤᠭᠠᠳ ᠬᠢᠴᠢᠶᠡᠯ ᠤᠨ ᠲᠠᠩᠬᠢᠮ ᠤᠨ ᠠᠭᠤᠷ ᠠᠮᠢᠰᠭᠤᠯ ᠢ ᠬᠥᠭᠵᠢᠶᠡᠨ ᠦᠭᠡᠢ ᠪᠣᠯᠭᠠᠬᠤ ᠡᠴᠡ ᠵᠠᠪᠠᠯ ᠵᠠᠢᠯᠠᠰᠬᠢᠬᠦ ᠬᠡᠷᠡᠭᠲᠡᠢ ᠃ ᠪᠢᠴᠢᠯᠭᠡ ᠶᠢᠨ ᠬᠡᠪ ᠪᠤᠯᠪᠡᠰᠤᠷᠡᠯ ᠭᠡᠳᠡᠭ ᠨᠢ ᠪᠠᠭᠰᠢ ᠶᠢᠨ ᠤ ᠶᠢᠨ ᠪᠢᠷ ᠤᠨ ᠪᠢᠴᠢᠯᠭᠡ ᠨᠢ ᠴᠡᠪᠡᠷ ᠂ ᠳᠦᠷᠢᠮᠵᠢᠬᠦᠨ ᠂ ᠭᠣᠶᠤᠮᠰᠤᠭ ᠂ ᠭᠤᠸ᠎ᠡ ᠲᠠᠭᠠᠰᠢᠶᠠᠯ ᠤᠨ ᠬᠦᠷᠲᠡᠭᠡᠯ ᠥᠭᠴᠦ ᠴᠢᠳᠠᠬᠤ ᠪᠥᠭᠡᠳ ᠰᠠᠮᠪᠠᠷ᠎ᠠ ᠶᠢᠨ ᠵᠢᠷᠤᠭ ᠲᠥᠯᠦᠪᠯᠡᠭᠡ ᠨᠢ ᠡᠪᠲᠡᠢ ᠂ ᠵᠣᠬᠢᠴᠠᠩᠭᠤᠢ ᠴᠡᠪᠡᠷᠬᠡᠨ ᠪᠠᠢᠬᠤ ᠶᠢ ᠠᠩᠬᠠᠷᠬᠤ ᠪᠡ ᠬᠠᠮᠢᠶ᠎ᠠ ᠬᠠᠢᠳᠠᠭ ᠦᠭᠡᠢ ᠲᠠᠲᠠᠯᠠᠬᠤ ᠂ ᠪᠤᠷᠤᠭᠤ ᠪᠢᠴᠢᠬᠦ ᠂ ᠦᠰᠦᠭ ᠤᠨ ᠵᠢᠷᠤᠯᠭ᠎ᠠ ᠨᠢ ᠦᠵᠡᠬᠦ ᠳᠤ ᠮᠠᠭᠤᠬᠠᠢ ᠂ ᠰᠠᠮᠪᠠᠷ᠎ᠠ ᠶᠢᠨ ᠵᠢᠷᠤᠭ ᠤᠨ ᠲᠠᠰ ᠳᠠᠷᠠᠭ᠎ᠠ ᠨᠢ ᠲᠣᠳᠤ ᠦᠭᠡᠢ ᠂ ᠡᠷᠦᠢ ᠬᠤᠷᠤᠢ ᠦᠭᠡᠢ ᠪᠠᠢᠬᠤ ᠶᠢ ᠴᠡᠭᠡᠷᠯᠡᠨ᠎ᠡ ᠃ ᠬᠡᠪ ᠨᠠᠮᠪᠠ ᠬᠥᠳᠡᠯᠦᠯ ᠪᠠᠷᠢᠯ ᠤᠨ ᠪᠤᠯᠪᠡᠰᠤᠷᠡᠯ ᠭᠡᠳᠡᠭ ᠨᠢ ᠪᠠᠭᠰᠢ ᠬᠥᠮᠦᠨ ᠲᠥᠪ ᠶᠡᠭᠡᠮᠰᠦᠭ ᠂ ᠯᠡᠪᠳᠡᠭᠤᠨ ᠲᠤᠭᠳᠡᠭᠤᠨ ᠠᠲᠠᠯ᠎ᠠ ᠪᠡᠨ ᠢᠨᠢᠶᠡᠮᠰᠦᠭᠯᠡᠩᠭᠦᠢ ᠴᠢᠷᠡᠢᠯᠡᠵᠤ ᠂ ᠡᠶᠡᠯᠰᠡᠭ ᠲᠤᠲᠤᠨᠤ ᠂ ᠬᠦᠯᠢᠴᠡᠩᠭᠦᠢ ᠲᠡᠪᠴᠢᠶᠡᠷᠢ ᠲᠡᠢ ᠂ ᠡᠮᠤᠰᠦᠭᠰᠠᠨ ᠵᠠᠬᠦᠭᠰᠠᠨ ᠨᠢ ᠴᠡᠪᠡᠷ ᠲᠡᠭᠰᠢ ᠪᠠᠢᠬᠤ ᠪᠥᠭᠡᠳ ᠬᠢᠴᠢᠶᠡᠯ ᠤᠨ ᠲᠠᠩᠬᠢᠮ ᠳᠤ ᠤᠷᠤᠩᠭᠤᠳᠡ ᠪᠡᠨ ᠠᠭᠤᠷ ᠣᠮᠤᠭ ᠢᠶᠡᠨ ᠭᠠᠷᠭᠠᠵᠤ ᠂ ᠰᠤᠷᠤᠭᠴᠢ ᠶᠢ ᠬᠠᠷᠢᠶᠡᠵᠤ ᠵᠣᠳᠤᠬᠤ ᠂ ᠮᠠᠭᠤᠬᠠᠢ ᠦᠭᠡ ᠪᠡᠷ ᠲᠤᠷᠤᠮᠵᠢᠯᠡᠬᠤ ᠂ ᠡᠮᠤᠰᠴᠦ ᠵᠡᠬᠦᠭᠰᠠᠨ ᠨᠢ ᠴᠠᠭ ᠤᠨ ᠥᠩᠭᠡ ᠶᠢ ᠲᠠᠭᠠᠵᠤ ᠡᠯᠳᠡᠪ ᠬᠣᠶᠠᠷ ᠢᠶᠡᠷ ᠵᠠᠰᠠᠨ ᠭᠤᠶᠤᠭᠰᠠᠨ ᠪᠤᠶᠤ ᠬᠠᠨᠴᠦᠢ ᠪᠡᠨ ᠰᠢᠮᠠᠯᠠᠵᠤ ᠥᠮᠦᠳᠦ ᠪᠡᠨ ᠰᠢᠭᠤᠬᠤ ᠂ ᠱᠤᠭᠤᠪᠳᠤᠭ ( ᠣᠬᠤᠷ ᠥᠮᠦᠳᠦ ) ᠪᠤᠶᠤ ᠪᠠᠩᠵᠠᠯ ᠡᠮᠦᠰᠬᠦ ᠮᠡᠲᠦ ᠬᠡᠪ ᠡᠴᠡ ᠬᠡᠳᠤᠷᠡᠭᠰᠠᠨ ᠪᠠᠢᠳᠠᠯ ᠲᠡᠢ ᠪᠠᠢᠬᠤ ᠶᠢ ᠴᠡᠭᠡᠷᠯᠡᠨ᠎ᠡ ᠃ ᠲᠤᠰᠭᠠᠢ ᠮᠡᠷᠭᠡᠵᠢᠯ ᠤᠨ ᠬᠡᠪ ᠪᠤᠯᠪᠡᠰᠤᠷᠡᠯ ᠭᠡᠳᠡᠭ ᠨᠢ ᠪᠠᠭᠰᠢ ᠬᠥᠮᠦᠨ ᠤ ᠲᠤᠰᠭᠠᠢ ᠮᠡᠷᠭᠡᠵᠢᠯ ᠳᠡᠭᠡᠨ ᠨᠡᠪᠲᠡᠷᠡᠵᠦ ᠂ ᠤᠴᠢᠷ ᠶᠣᠰᠤ ᠶᠢ ᠲᠤᠭᠤᠷᠡᠳᠡᠯ᠎ᠡ ᠣᠢᠯᠠᠭᠠᠵᠤ ᠥᠷᠦᠭᠡᠯ ᠡᠴᠡ ᠳᠠᠪᠠᠭᠰᠠᠨ ᠥᠷᠭᠡᠨ ᠳᠡᠯᠭᠡᠷ ᠮᠡᠳᠡᠯᠭᠡ ᠲᠡᠢ ᠪᠠᠢᠬᠤ ᠶᠢ ᠱᠠᠭᠠᠷᠳᠠᠬᠤ ᠪᠡ ᠡᠭᠦᠨ ᠢ ᠨᠢ ᠠᠰᠠᠭᠤᠬᠤ ᠳᠤ ᠲᠡᠷᠡ ᠶᠢ ᠨᠢ ᠮᠡᠳᠡᠬᠦ ᠦᠭᠡᠢ ᠂ ᠲᠣᠷᠴᠤ ᠲᠡᠭᠡᠭᠯᠡᠨ ᠂ ᠡᠢᠮᠦ ᠪᠡ ᠲᠡᠢᠮᠦ ᠪᠡ ᠭᠡᠵᠦ ᠡᠪᠯᠡᠬᠦᠯᠵᠤ ᠲᠡᠪᠯᠡᠬᠦᠯᠤᠨ ᠠᠮᠠ ᠬᠠᠭᠠᠵᠤ ᠠᠯᠪᠠ ᠬᠠᠰᠢᠳᠠᠭ ᠵᠠᠩ ᠲᠡᠢ ᠪᠠᠢᠬᠤ ᠶᠢ ᠴᠡᠭᠡᠷᠯᠡᠨ᠎ᠡ 》 ᠭᠡᠵᠦ ᠵᠢᠭᠠᠵᠤ ᠭᠠᠷᠭᠠᠭᠰᠠᠨ ᠪᠠᠢᠨ᠎ᠠ ᠃ ᠪᠠᠭᠰᠢ ᠶᠢᠨ ᠬᠡᠪ ᠪᠤᠯᠪᠡᠰᠤᠷᠡᠯ ᠭᠡᠳᠡᠭ ᠪᠣᠯ ᠨᠢᠭᠡ ᠬᠥᠮᠦᠨ ᠤ ᠤᠯᠠᠨ ᠵᠢᠯ ᠤᠨ ᠰᠢᠭᠤᠷᠬᠠᠢ ᠴᠢᠷᠮᠠᠢᠯᠭ᠎ᠠ ᠂ ᠪᠣᠯᠪᠠᠰᠤᠷᠠᠯ ᠲᠡᠪᠳᠠᠭᠳᠠᠯ ᠪᠡ ᠰᠢᠷᠭᠠᠭᠠᠨ ᠪᠤᠯᠪᠠᠰᠤᠷᠡᠯᠳᠡ ᠶᠢ ᠳᠡᠮᠵᠢᠨ ᠬᠤᠷᠡᠮᠳᠤᠵᠤ ᠪᠦᠷᠢᠯᠳᠦᠳᠡᠭ ᠤᠨ ᠤᠴᠢᠷ ᠨᠢᠭᠡ ᠬᠤᠶᠡᠷᠬᠠᠨ ᠵᠢᠯ ᠂ ᠡᠰᠠᠬᠦᠯ᠎ᠠ ᠨᠢᠭᠡ ᠬᠣᠶᠠᠷ ᠤᠳᠠᠭᠠᠨ ᠤ ᠦᠬᠦᠨ ᠴᠢᠷᠮᠠᠢᠭᠰᠠᠨ ᠤ ᠢᠳᠡ ᠪᠡᠷ ᠲᠡᠳᠤᠢᠯᠡ ᠠᠮᠠᠷᠬᠠᠨ ᠪᠡᠶᠡᠯᠡᠭᠳᠡᠵᠤ ᠴᠢᠳᠠᠳᠠᠭ ᠤᠴᠢᠷ ᠪᠢᠰᠢ ᠶᠤᠮ ᠃ ᠡᠢᠮᠦ ᠡᠴᠡ ᠮᠠᠨ ᠤ ᠪᠠᠭᠰᠢ ᠪᠣᠯᠭᠠᠨ ᠡᠩ ᠤᠨ ᠴᠠᠭ ᠤᠨ ᠬᠢᠴᠢᠶᠡᠯ ᠰᠤᠷᠤᠯᠴᠠᠯᠭ᠎ᠠ ᠳᠡᠭᠡᠷ᠎ᠡ ᠪᠡᠨ ᠭᠡᠳ ᠥᠪᠡᠷ ᠤᠨ ᠪᠡᠶ᠎ᠡ ᠪᠡᠨ ᠡᠨᠡ ᠬᠦ ᠳᠥᠷᠪᠡᠨ ᠲᠡᠯ᠎ᠡ ᠪᠡᠷ ᠴᠢᠩᠭ᠎ᠠ ᠱᠠᠭᠠᠷᠳᠠᠭᠠᠳ ᠯᠠ ᠪᠠᠢᠪᠠᠯ ᠬᠤᠪᠢ ᠪᠡᠶ᠎ᠡ ᠴᠢᠨᠢ ᠦᠳᠳᠤᠷ ᠲᠦᠷᠭᠡᠨ ᠳᠡᠭᠡᠭᠰᠢᠯᠡᠵᠦ ᠴᠢᠳᠠᠨ᠎ᠠ ᠃

    2. ᠪᠠᠭᠰᠢ ᠡᠴᠡ ᠵᠢᠭᠠᠬᠤ ᠶᠢ ᠲᠦᠰᠦᠪᠯᠡᠭᠰᠠᠨ ᠰᠠᠳᠬᠢᠴᠡ

ᠡᠭᠦᠨ ᠳᠤ ᠵᠢᠭᠠᠬᠤ ᠰᠠᠳᠬᠢᠴᠡ ᠭᠡᠳᠡᠭ ᠨᠢ ᠵᠢᠭᠠᠨ ᠰᠤᠷᠭᠠᠬᠤ ᠦᠵᠡᠯ ᠰᠠᠨᠠᠭ᠎ᠠ ᠶᠢ ᠲᠦᠯᠦᠬᠡᠯᠡᠵᠤ ᠪᠠᠢᠬᠤ ᠪᠥᠭᠡᠳ 《 ᠰᠤᠷᠤᠭᠴᠢ ᠪᠡᠷ ᠭᠣᠣᠯ ᠴᠣᠭᠴᠠ ᠪᠣᠯᠭᠠᠵᠤ ᠂ ᠪᠠᠭᠰᠢ ᠶᠢᠨ ᠵᠢᠯᠤᠭᠤᠳᠤᠯᠭ᠎ᠠ ᠪᠡᠷ ᠭᠣᠣᠯ ᠬᠦᠳᠤᠯᠤᠮᠵᠢ ᠪᠣᠯᠭᠠᠵᠤ 》 ᠂ 《 ᠰᠤᠷᠤᠭᠴᠢ ᠬᠠᠮᠵᠢᠯᠴᠠᠨ ᠰᠦᠪᠡᠭᠴᠢᠯᠠᠵᠤ ᠰᠤᠷᠤᠯᠴᠠᠵᠤ ᠴᠢᠳᠠᠵᠤ 》ᠪᠠᠢᠬᠤ ᠡᠰᠡᠬᠦ ᠶᠢ ᠵᠢᠭᠠᠵᠤ ᠪᠠᠢᠨ᠎ᠠ ᠃ ᠡᠭᠦᠨ ᠳᠤ ᠪᠠᠭᠰᠢ ᠡᠴᠡ ᠶᠠᠮᠠᠷ ᠡᠭᠦᠷᠭᠡ ᠲᠤᠰᠢᠶᠠᠭᠰᠠᠨ ᠂ ᠰᠤᠷᠤᠭᠴᠢ ᠬᠢᠷᠢ ᠵᠡᠷᠭᠡ ᠪᠡᠶ᠎ᠡ ᠪᠡᠨ ᠳᠠᠭᠠᠭᠠᠵᠤ ᠠᠰᠠᠭᠤᠳᠠᠯ ᠢ ᠰᠢᠢᠳᠪᠦᠷᠢᠯᠡᠵᠦ ᠴᠢᠳᠠᠵᠤ ᠪᠠᠢᠬᠤ ᠂ ᠪᠠᠭᠰᠢ ᠡᠴᠡ ᠶᠠᠭᠠᠬᠢᠵᠤ ᠵᠢᠯᠤᠭᠤᠳᠴᠤ ᠪᠠᠢᠬᠤ ᠂ ᠡᠴᠦᠰ ᠤᠨ ᠦᠷ᠎ᠡ ᠳ᠋ᠦᠩ ᠳᠤ ᠨᠢ ᠶᠠᠮᠠᠷ ᠪᠣᠯᠤᠭᠰᠠᠨ ᠵᠡᠷᠭᠡ ᠨᠢ ᠲᠣᠳᠤᠷᠬᠠᠢ ᠪᠠᠢᠬᠤ ᠬᠡᠷᠡᠭᠲᠡᠢ ᠃ ᠳᠠᠷᠤᠢ ᠪᠠᠭᠰᠢ ᠰᠤᠷᠤᠭᠴᠢ ᠶᠢᠨ ᠠᠯᠢ ᠨᠢ ᠬᠢᠴᠢᠶᠡᠯ ᠤᠨ ᠴᠠᠭ ᠲᠤ ᠢᠯᠡᠭᠦᠦ ᠠᠵᠢᠯᠯᠠᠭᠰᠠᠨ ᠪᠤᠢ ᠭᠡᠳᠡᠭ ᠨᠢ ᠲᠤᠲᠤᠷᠡᠬᠠᠢ ᠪᠠᠢᠬᠤ ᠶᠢ ᠵᠢᠭᠠᠨ᠎ᠠ ᠃ ᠬᠠᠷᠢᠨ ᠪᠦᠬᠦᠯᠢ ᠪᠦᠲᠦᠨ ᠬᠢᠴᠢᠶᠡᠯ ᠤᠨ ᠴᠠᠭ ᠢ ᠪᠠᠭᠰᠢ ᠭᠠᠭᠴᠠᠭᠠᠷ ᠡᠵᠡᠯᠡᠵᠦ ᠂ ᠭᠠᠭᠴᠠᠭᠠᠷ ᠶᠠᠷᠢᠵᠤ ᠲᠣᠭᠯᠠᠵᠤ ᠪᠢᠴᠢᠭᠡᠳ ᠯᠡ ᠪᠠᠢᠪᠠᠯ ᠡᠨᠡ ᠬᠢᠴᠢᠶᠡᠯ ᠪᠣᠯ ᠶᠠᠮᠠᠷ ᠴᠤ ᠦᠷ᠎ᠡ ᠠᠰᠢᠭ ᠦᠭᠡᠢ ᠬᠢᠴᠢᠶᠡᠯ ᠪᠣᠯᠤᠨ᠎ᠠ ᠃ ᠡᠢᠮᠦ ᠡᠴᠡ ᠮᠡᠨᠤᠰ ᠵᠢᠭᠠᠨ ᠰᠤᠷᠭᠠᠬᠤ ᠦᠵᠡᠯ ᠰᠠᠨᠠᠭ᠎ᠠ ᠪᠡᠨ ᠡᠷᠬᠡᠪᠰᠢ ᠥᠭᠡᠷᠡᠴᠢᠯᠡᠬᠦ ᠬᠡᠷᠡᠭᠲᠡᠢ ᠃ ᠡᠢᠮᠦ ᠰᠢᠨᠵᠢ ᠶᠢᠨ ᠪᠤᠯᠪᠡᠰᠤᠷᠡᠯ ᠢ ᠳᠠᠬᠢᠨ ᠳᠠᠪᠲᠠᠨ ᠥᠷᠨᠢᠭᠦᠯᠬᠦ ᠪᠣᠯ ᠮᠠᠨ ᠤ ᠳᠠᠷᠠᠭᠠᠴᠢ ᠶᠢᠨ ᠠᠵᠢᠯ ᠤᠨ ᠴᠢᠬᠤᠯᠠ ᠨᠢᠭᠡᠨ ᠠᠭᠤᠯᠭ᠎ᠠ ᠪᠣᠯᠤᠨ᠎ᠠ ᠃ ᠰᠢᠨ᠎ᠡ ᠬᠢᠴᠢᠶᠡᠯᠯᠡᠭᠡ ᠶᠢᠨ ᠦᠬᠡᠷᠡᠴᠢᠯᠠᠯᠳᠠ ᠬᠢᠬᠦ ᠨᠢ ᠵᠢᠭᠠᠨ ᠰᠤᠷᠭᠠᠬᠤ ᠦᠵᠡᠯ ᠰᠠᠨᠠᠭ᠎ᠠ ᠪᠡᠨ ᠥᠭᠡᠷᠡᠴᠢᠯᠡᠬᠦ ᠡᠴᠡ ᠡᠬᠢᠯᠡᠬᠦ ᠪᠣᠯᠬᠣᠷ ᠪᠦᠬᠦᠢᠯᠡ ᠠᠵᠢᠯ ᠨᠢ ᠡᠨᠡ ᠬᠦ ᠰᠠᠭᠤᠷᠢᠨ ᠳᠡᠭᠡᠷ᠎ᠡ ᠰᠠᠶᠢ ᠪᠡᠶᠡᠯᠡᠭᠳᠡᠨ᠎ᠡ ᠃

    3. ᠬᠢᠴᠢᠶᠡᠯᠯᠡᠭᠡ ᠶᠢᠨ ᠪᠣᠳᠠᠲᠠᠢ ᠶᠠᠪᠤᠴᠠ

ᠪᠦᠬᠦᠢᠯᠡ ᠬᠢᠴᠢᠶᠡᠯᠯᠡᠭᠡ ᠴᠢᠨᠢ ᠶᠠᠮᠠᠷ ᠮᠠᠶᠢᠭ ᠢᠶᠡᠷ ᠦᠷᠨᠢᠵᠤ ᠲᠡᠨ ᠤ ᠰᠠᠳᠬᠢᠮᠵᠢ ᠪᠡᠷ ᠬᠢᠷᠢ ᠵᠡᠷᠭᠡ ᠶᠠᠪᠤᠭᠳᠠᠭᠰᠠᠨ ᠡᠰᠡᠬᠦ ᠂ ᠪᠠᠭᠰᠢ ᠶᠢᠨ ᠵᠢᠭᠠᠬᠤ ᠪᠡ ᠰᠤᠷᠤᠭᠴᠢ ᠶᠢᠨ ᠰᠤᠷᠬᠤ ᠶᠠᠪᠤᠴᠠ ᠳᠤ ᠶᠠᠮᠠᠷ ᠠᠰᠠᠭᠤᠳᠠᠯ ᠳᠤ ᠲᠤᠯᠭᠠᠷᠠᠭᠰᠠᠨ ᠂ ᠶᠠᠭᠠᠬᠢᠵᠤ ᠰᠢᠳᠪᠤᠷᠢᠯᠡᠭᠰᠠᠨ ᠵᠡᠷᠭᠡ ᠪᠠᠢᠳᠠᠯ ᠪᠣᠯᠤᠨ᠎ᠠ ᠃ ᠪᠠᠭᠰᠢ ᠡᠴᠡ ᠵᠠᠷᠢᠮ ᠵᠦᠢᠯ ᠢ ᠵᠠᠪᠠᠯ ᠠᠯᠪᠠ ᠪᠡᠷ ᠲᠣᠬᠤᠵᠤ ᠦᠬᠦᠮᠡᠯ ᠢᠶᠡᠷ ᠴᠡᠭᠡᠵᠢᠯᠡᠬᠦᠯᠬᠦ ᠡᠴᠡ ᠵᠡᠢᠯᠠᠰᠬᠢᠬᠤ ᠨᠢ ᠬᠢᠴᠢᠶᠡᠯᠯᠡᠭᠡ ᠶᠢᠨ ᠶᠠᠪᠤᠴᠠ ᠳᠤ ᠴᠠᠭ ᠢᠮᠠᠭᠲᠠ ᠠᠩᠬᠠᠷᠤᠨ ᠰᠠᠳᠬᠢᠬᠦᠰᠢᠳᠡᠢ ᠂ ᠬᠢᠨᠡᠮᠵᠢᠳᠡᠢ ᠪᠡᠷ ᠪᠡᠶᠡᠯᠡᠬᠦᠯᠦᠬᠦᠰᠢᠳᠡᠢ ᠠᠰᠠᠭᠤᠳᠠᠯ ᠪᠣᠯᠤᠨ᠎ᠠ ᠃

    4. ᠵᠢᠭᠠᠭᠰᠠᠨ ᠦᠷ᠎ᠡ ᠳ᠋ᠦᠩ

ᠵᠢᠭᠠᠨ ᠰᠤᠷᠭᠠᠭᠰᠠᠨ ᠦᠷ᠎ᠡ ᠳ᠋ᠦᠩ ᠳᠤ ᠰᠤᠷᠤᠭᠴᠢ ᠂ ᠪᠠᠭᠰᠢ ᠂ ᠬᠢᠴᠢᠶᠡᠯ ᠰᠣᠨᠤᠰᠤᠭᠴᠢ ᠬᠡᠮᠡᠬᠦ ᠭᠤᠷᠪᠠᠨ ᠲᠡᠯ᠎ᠡ ᠶᠢᠨ ᠬᠥᠮᠦᠰ ᠬᠠᠮᠤᠷᠤᠭᠳᠠᠨ᠎ᠠ ᠃ ᠭᠡᠪᠡᠴᠦ ᠬᠠᠮᠤᠭ ᠤᠨ ᠡᠴᠦᠰ ᠤᠨ ᠦᠷ᠎ᠡ ᠳ᠋ᠦᠩ ᠨᠢ ᠶᠠᠮᠠᠷ ᠪᠣᠯᠪᠠ ᠭᠡᠳᠡᠭ ᠢ ᠬᠠᠰᠢᠯᠠ ᠰᠤᠷᠤᠭᠴᠢ ᠪᠡᠷ ᠯᠠ ᠬᠡᠮᠵᠢᠬᠦ ᠬᠡᠷᠡᠭᠲᠡᠢ ᠶᠤᠮ ᠃ ᠰᠤᠷᠤᠭᠴᠢ ᠶᠠᠮᠠᠷ ᠴᠢᠳᠠᠪᠤᠷᠢ ᠲᠡᠢ ᠪᠣᠯᠤᠭᠰᠠᠨ ᠂ ᠶᠠᠮᠠᠷ ᠵᠢᠮ᠎ᠡ ᠶᠣᠰᠤ ᠶᠢ ᠰᠡᠷᠡᠵᠦ ᠤᠬᠠᠭᠠᠷᠠᠵᠤ ᠮᠡᠳᠡᠭᠰᠡᠨ ᠂ ᠠᠰᠠᠭᠤᠳᠠᠯ ᠢ ᠰᠢᠢᠳᠪᠦᠷᠢᠯᠡᠬᠦ ᠶᠠᠮᠠᠷ ᠠᠷᠭ᠎ᠠ ᠲᠤᠷᠰᠢᠯᠭ᠎ᠠ ᠲᠡᠢ ᠪᠣᠯᠤᠭᠰᠠᠨ ᠂ ᠶᠠᠮᠠᠷ ᠶᠡᠬᠡ ᠬᠥᠮᠦᠵᠢᠯ ᠬᠦᠷᠳᠡᠭᠰᠠᠨ ᠭᠡᠬᠦ ᠵᠡᠷᠭᠡ ᠶᠢᠨ ᠣᠯᠤᠯᠲᠠ ᠲᠥᠷᠦᠭᠳᠡᠯ ᠢᠶᠡᠷ ᠨᠢ ᠣᠴᠢᠵᠤ ᠦᠵᠡᠨ᠎ᠡ ᠃

    5. ᠶᠡᠷᠦᠩᠬᠡᠢ ᠦᠨᠡᠯᠡᠯᠲᠡ

ᠶᠡᠷᠦᠩᠬᠡᠢ ᠦᠨᠡᠯᠡᠯᠲᠡ ᠳᠤ ᠪᠦᠬᠦ ᠬᠢᠴᠢᠶᠡᠯᠯᠡᠭᠡ ᠶᠢᠨ ᠵᠢᠭᠠᠨ ᠰᠤᠷᠭᠠᠯᠲᠠ ᠶᠢᠨ ᠳᠠᠪᠠᠭᠤᠯᠢᠭ ᠲᠡᠯ᠎ᠡ ᠂ ᠳᠤᠲᠠᠭᠳᠠᠯ ᠲᠡᠢ ᠲᠡᠯ᠎ᠡ ᠶᠢᠨ ᠲᠤᠬᠠᠢ ᠦᠨᠡᠯᠡᠯᠲᠡ ᠵᠢᠴᠢ ᠵᠦᠢ ᠵᠣᠬᠢᠰᠲᠠᠢ ᠰᠢᠢᠳᠪᠦᠷᠢᠯᠡᠬᠦ ᠠᠷᠭ᠎ᠠ ᠵᠡᠷᠭᠡ ᠰᠠᠨᠠᠯ ᠰᠢᠭᠦᠮᠵᠢ ᠨᠦᠭᠦᠳ ᠪᠠᠭᠲᠠᠨ᠎ᠠ ᠃

ᠬᠢᠴᠢᠶᠡᠯ ᠦᠨᠡᠯᠡᠬᠦ ᠰᠢᠨ᠎ᠡ ᠪᠠᠷᠢᠮᠵᠢᠶ᠎ᠠ

    1. ᠵᠢᠭᠠᠬᠤ ᠶᠠᠪᠤᠴᠠ ᠨᠢ ᠬᠢᠴᠢᠶᠡᠯᠯᠡᠬᠦ ᠪᠠᠷᠢᠮᠵᠢᠶ᠎ᠠ ᠳᠤ ᠨᠡᠢᠴᠡᠬᠦ ( 30 ) ᠪᠦᠲᠦᠴᠡᠲᠦ ᠠᠰᠠᠭᠤᠳᠠᠯ (ᠡᠭᠦᠷᠭᠡ ) ᠢᠶᠡᠷ ᠵᠢᠭᠠᠬᠤ ᠠᠭᠤᠯᠭ᠎ᠠ ᠪᠠᠨ ᠢᠯᠡᠷᠡᠭᠦᠯᠬᠦ ᠂ ᠰᠤᠷᠤᠭᠴᠢᠳ ᠤᠨ ᠰᠤᠷᠤᠯᠴᠠᠬᠤ ᠶᠠᠪᠤᠴᠠ ᠪᠠ ᠠᠷᠭ᠎ᠠ ᠪᠠᠷ ᠰᠢᠵᠢᠮ ᠪᠣᠯᠭᠠᠬᠤ ᠬᠡᠷᠡᠭᠲᠡᠢ ᠃ ᠪᠡᠶ᠎ᠡ ᠳᠠᠭᠠᠭᠠᠬᠤ ᠂ ᠰᠦᠪᠡᠭᠴᠢᠯᠡᠬᠦ ᠂ ᠬᠠᠮᠲᠤᠷᠠᠬᠤ ︔ ᠵᠢᠭᠠᠬᠤ ᠶᠠᠪᠤᠴᠠ ᠶᠢ ᠪᠦᠷᠢᠨ ᠪᠠᠢᠯᠭᠠᠨ᠎ᠠ ᠂ ᠪᠠᠭᠰᠢ ᠵᠢᠨ ᠵᠢᠭᠠᠬᠤ ᠠᠷᠭ᠎ᠠ ᠪᠠᠷᠢᠯ ᠤᠨ ᠥᠭᠡᠷᠡᠴᠢᠯᠡᠯᠲᠡ ᠪᠡᠷ ᠳᠠᠮᠵᠢᠨ ᠰᠤᠷᠤᠭᠴᠢᠳ ᠤᠨ ᠰᠤᠷᠬᠤ ᠠᠷᠭ᠎ᠠ ᠪᠠᠷᠢᠯ ᠢ ᠦᠬᠡᠷᠡᠴᠢᠯᠡᠨ᠎ᠡ ᠃ ᠪᠠᠭᠰᠢ ᠵᠢᠨ ᠶᠠᠷᠢᠬᠤ ᠵᠢ 10 ᠮᠢᠨᠦᠲ ᠢᠶᠡᠷ ᠬᠢᠵᠠᠭᠠᠷᠯᠠᠨ᠎ᠠ ᠃

    2. ᠵᠢᠭᠠᠬᠤ ᠶᠠᠪᠤᠴᠠ ᠶᠢᠨ ᠲᠥᠰᠦᠪ ᠲᠤ ᠵᠢᠭᠠᠬᠤ ᠲᠥᠰᠦᠪ ᠤᠨ ᠭᠣᠣᠯᠳᠠᠯᠭ᠎ᠠ ᠪᠣᠯᠭᠠᠨ᠎ᠠ ( 20 ) ᠪᠦᠲᠦᠴᠡᠲᠦ ᠠᠰᠠᠭᠤᠳᠠᠯ ( ᠡᠭᠦᠷᠭᠡ ) ᠢᠶᠡᠷ ᠪᠦᠬᠦ ᠬᠢᠴᠢᠶᠡᠯ ᠦᠨ ᠶᠠᠪᠤᠴᠠ ᠪᠠ ᠰᠡᠳᠭᠢᠮᠵᠢ ᠶᠢ ᠲᠤᠰᠭᠠᠬᠤ ︔ ᠵᠢᠭᠠᠬᠤ ᠭᠣᠣᠯᠳᠠᠯᠭ᠎ᠠ ᠂ ᠬᠦᠴᠢᠷᠳᠡᠯᠬᠡ ᠳᠦ ᠴᠢᠭᠯᠡᠭᠦᠯᠵᠦ ᠂ ᠳᠡᠳ᠋ᠯᠡᠬᠦ ᠠᠰᠠᠭᠤᠳᠠᠯ ( ᠡᠭᠦᠷᠭᠡ ) ᠢ ᠬᠠᠩᠭᠠᠯᠲᠠ ᠲᠠᠢ ᠪᠡᠯᠡᠳᠭᠡᠬᠦ ︔ ᠵᠢᠭᠠᠬᠤ ᠭᠣᠣᠯᠳᠠᠯᠭ᠎ᠠ ᠂ ᠬᠦᠴᠢᠷᠳᠡᠯᠬᠡ ᠵᠢ ᠰᠢᠢᠳᠪᠦᠷᠢᠯᠡᠬᠦ ᠂ ᠰᠤᠷᠤᠭᠴᠢᠳ ᠪᠡᠶ᠎ᠡ ᠳᠠᠭᠠᠭᠠᠨ ᠰᠤᠷᠤᠯᠴᠠᠬᠤ ᠴᠠᠭ ᠢ ᠬᠠᠩᠭᠠᠯᠲᠠ ᠲᠠᠢ ᠲᠥᠯᠦᠪᠯᠡᠬᠦ ︔ ᠬᠢᠴᠢᠶᠡᠯ ᠳᠡᠭᠡᠷ᠎ᠡ ᠰᠤᠷᠤᠭᠴᠢᠳ ᠲᠤ ᠰᠤᠷᠬᠤ ᠪᠢᠴᠢᠭ᠌ ᠢᠶᠡᠨ ᠤᠩᠰᠢᠬᠤ ᠴᠠᠭ ᠭᠠᠷᠭᠠᠬᠤ ︔ ᠰᠤᠷᠤᠭᠴᠢᠳ ᠰᠣᠨᠢᠷᠬᠠᠭᠰᠠᠨ ᠠᠰᠠᠭᠤᠳᠠᠯ ᠢᠶᠠᠨ ᠳᠡᠪᠰᠢᠭᠦᠯᠬᠦ ᠴᠠᠭ ᠪᠠ ᠪᠠᠭᠰᠢ ᠬᠠᠷᠢᠭᠤ ᠠᠰᠠᠭᠤᠬᠤ ᠴᠠᠭ ᠭᠠᠷᠭᠠᠬᠤ ︔ ᠳ᠋ᠦᠩᠨᠡᠬᠦ ᠱᠠᠲᠤᠨ ᠤ ᠠᠰᠠᠭᠤᠳᠠᠯ ᠪᠠ ᠠᠵᠢᠯᠯᠠᠬᠤ ᠶᠠᠪᠤᠴᠠ ᠶᠢ ᠲᠥᠯᠦᠪᠯᠡᠬᠦ

    3. ᠬᠢᠴᠢᠶᠡᠯ ᠳᠡᠭᠡᠷ᠎ᠡ ᠵᠢᠭᠠᠬᠤ ᠶᠠᠪᠤᠳᠠᠯ ᠨᠢ ᠰᠢᠨ᠎ᠡ ᠮᠠᠶᠢᠭ ᠤᠨ ᠬᠢᠴᠢᠶᠡᠯ ᠤᠨ ᠰᠤᠷᠭᠠᠯᠲᠠ ᠶᠢᠨ ᠳᠦᠷᠢᠮ ᠳᠦ ᠨᠡᠢᠴᠡᠭᠰᠡᠨ ᠪᠠᠢᠬᠤ ( 10 ) 《 ᠲᠠᠪᠤᠨ ᠡᠷᠬᠢᠮᠯᠡᠯ ᠲᠠᠪᠤᠨ ᠴᠡᠭᠡᠷᠯᠡᠯ 》 ᠪᠠ 《 ᠵᠢᠷᠭᠤᠭᠠᠨ ᠡᠷᠬᠢᠮᠯᠡᠯ ᠵᠢᠷᠭᠤᠭᠠᠨ ᠴᠡᠭᠡᠷᠯᠡᠯ 》ᠳᠦᠷᠢᠮ ᠢᠶᠡᠷ ᠂ ᠰᠤᠷᠤᠭᠴᠢᠳ ᠬᠠᠰᠭᠢᠷᠤᠯᠳᠤᠬᠤ ᠂ ᠪᠠᠭᠰᠢ ᠠᠰᠠᠭᠤᠵᠤ ᠰᠤᠷᠤᠭᠴᠢ ᠬᠠᠷᠢᠭᠤᠯᠬᠤ ᠬᠢᠴᠢᠶᠡᠯ ᠦᠨ ᠰᠣᠶᠤᠯ ᠢ ᠥᠭᠡᠷᠡᠴᠢᠯᠡᠨ᠎ᠡ ᠃ ᠲᠠᠢᠯᠪᠤᠷᠢ ᠄ ( 1 ) 《 ᠲᠠᠪᠤᠨ ᠡᠷᠬᠢᠮᠯᠡᠯ ᠂ ᠲᠠᠪᠤᠨ ᠴᠡᠭᠡᠷᠯᠡᠯ 》 ᠨᠢ ᠄ ᠪᠡᠶ᠎ᠡ ᠳᠠᠭᠠᠭᠠᠬᠤ ᠂ ᠤᠬᠤᠴᠢᠯᠠᠵᠤ ᠰᠤᠳᠤᠯᠬᠤ ᠂ ᠲᠦᠯᠬᠢᠭᠦᠷ ᠦᠭᠡ ᠪᠢᠴᠢᠬᠦ ᠂ ᠲᠣᠢᠮᠤ ᠵᠢᠷᠤᠭ ᠵᠢᠷᠤᠬᠤ ᠂ ᠠᠰᠠᠭᠤᠯᠲᠠ ᠳᠤᠷᠠᠳᠬᠤ ᠪᠠᠷ ᠪᠡᠯᠡᠳᠭᠡᠬᠦ ᠬᠡᠷᠡᠭᠲᠡᠢ ︔ ᠤᠷᠢᠳᠡ ᠪᠡᠷ ᠬᠢᠴᠢᠶᠡᠯ ᠤᠨ ᠨᠣᠮ ᠢᠶᠡᠨ ᠦᠵᠡᠬᠦ ᠦᠭᠡᠢ ᠂ ᠤᠷᠢᠳᠴᠢᠯᠠᠵᠤ ᠶᠠᠷᠢᠯᠴᠠᠬᠤ ᠦᠭᠡᠢ ᠂ ᠬᠠᠰᠭᠢᠷᠤᠯᠳᠤᠬᠤ ᠦᠭᠡᠢ ᠂ ᠭᠠᠷ ᠡᠷᠭᠦᠬᠦ ᠵᠢ ᠶᠠᠭᠠᠷᠠᠬᠤ ᠦᠭᠡᠢ ᠂ ᠪᠠᠭᠰᠢ ᠶᠢ ᠬᠦᠯᠢᠶᠡᠬᠦ ᠦᠭᠡᠢ ᠪᠠᠢᠬᠤ ᠃ (2 ) 《 ᠵᠢᠷᠭᠤᠭᠠᠨ ᠡᠷᠬᠢᠮᠯᠡᠯ ᠂ ᠵᠢᠷᠭᠤᠭᠠᠨ ᠴᠡᠭᠡᠷᠯᠡᠯ 》 ᠨᠢ ᠄① ᠠᠰᠠᠭᠤᠯᠲᠠ ᠵᠢᠨ ᠳ᠋ᠦᠩ ᠭᠠᠷᠭᠠᠬᠤ ᠵᠢ ᠶᠠᠭᠠᠷᠠᠬᠤ ᠦᠭᠡᠢ ᠂ ᠰᠤᠷᠤᠭᠴᠢᠳ ᠲᠤ ᠰᠣᠨᠢᠷᠬᠠᠭᠰᠠᠨ ᠶᠠᠮᠠᠷ ᠨᠢᠭᠡᠨ ᠠᠰᠠᠭᠤᠳᠠᠯ ᠢᠶᠠᠨ ᠭᠦᠨ ᠰᠦᠪᠡᠭᠴᠢᠯᠡᠬᠦ ᠴᠠᠭ ᠣᠯᠭᠤᠵᠤ ᠂ ᠤᠬᠤᠴᠢᠯᠠᠬᠤ ᠴᠠᠭ ᠪᠠ ᠪᠡᠶᠡᠴᠢᠯᠡᠨ ᠮᠡᠳᠡᠷᠡᠬᠦ ᠵᠠᠪᠰᠢᠶᠠᠨ ᠢ ᠬᠠᠩᠭᠠᠯᠲᠠ ᠲᠠᠢ ᠪᠠᠲᠤᠯᠠᠬᠤ ᠬᠡᠷᠡᠭᠲᠡᠢ ︔②ᠵᠢᠭᠠᠬᠤ ᠮᠠᠲ᠋ᠧᠷᠢᠶᠠᠯ ᠢ ᠵᠢᠭᠠᠬᠤ ᠪᠢᠰᠢ ᠂ ᠵᠦᠪ ᠢᠶᠡᠷ ᠠᠰᠢᠭᠯᠠᠬᠤ ᠬᠡᠷᠡᠭᠲᠡᠢ ︔ ᠰᠤᠷᠤᠭᠴᠢᠳ ᠤᠨ ᠨᠥᠭᠡᠴᠡ ᠴᠢᠳᠠᠯ ᠢ ᠪᠠᠰᠤᠵᠤ ᠪᠣᠯᠬᠤ ᠦᠭᠡᠢ ᠂ ᠰᠤᠷᠤᠭᠴᠢᠳ ᠤᠨ ᠴᠢᠳᠠᠪᠤᠷᠢ ᠶᠢ ᠳᠡᠭᠡᠭᠦᠷ ᠵᠢᠱᠢᠨ᠎ᠡ ᠃ 《 ᠰᠤᠷᠤᠭᠴᠢᠳ ᠤᠨ ᠣᠶᠤᠨ ᠤ ᠨᠥᠭᠡᠴᠡ ᠴᠢᠳᠠᠯ ᠢ ᠪᠠᠰᠤᠬᠤ ᠨᠢ ᠳᠡᠭᠡᠭᠦᠷ ᠵᠢᠱᠢᠬᠦ ᠡᠴᠡ ᠨᠠᠩ ᠠᠶᠤᠯ ᠲᠠᠢ 》︔④ 《 ᠰᠤᠷᠤᠭᠴᠢᠳ ᠢ ᠥᠪᠡᠷ ᠢᠶᠡᠨ ᠳ᠋ᠦᠩ ᠭᠠᠷᠭᠠᠬᠤ ᠳᠤ ᠨᠢ ᠬᠥᠲᠦᠯᠵᠦ ᠂ ᠪᠠᠭᠰᠢ ᠥᠪᠡᠷ ᠤᠨ ᠦᠵᠡᠯᠲᠡ ᠪᠡᠨ ᠠᠯᠪᠠ ᠪᠠᠷ ᠲᠤᠯᠭᠠᠬᠤ ᠦᠭᠡᠢ 》 ︔⑤ ᠰᠤᠷᠬᠤ ᠪᠢᠴᠢᠭ᠌ ᠪᠠ ᠺᠤᠨᠰᠫᠸᠺᠲ ᠢ ᠦᠬᠦᠮᠡᠯ ᠮᠥᠷᠳᠡᠬᠦ ᠶᠠᠪᠤᠴᠠ ᠵᠢ ᠥᠭᠡᠷᠡᠴᠢᠯᠡᠵᠦ ᠂ ᠰᠤᠷᠤᠭᠴᠢᠳ ᠤᠨ ᠬᠠᠢᠨ ᠰᠤᠷᠤᠯᠴᠠᠬᠤ ᠶᠠᠪᠤᠴᠠ ᠪᠣᠯᠭᠠᠨ᠎ᠠ ︔⑥ᠰᠤᠷᠤᠭᠴᠢᠳ ᠲᠤ ᠰᠣᠨᠢᠷᠬᠠᠯ ᠲᠥᠷᠦᠭᠦᠯᠬᠦ ᠪᠤᠶᠤ ᠰᠤᠷᠤᠭᠴᠢᠳ ᠤᠨ ᠠᠩᠬᠠᠷᠤᠯ ᠢ ᠲᠠᠲᠠᠭᠰᠠᠨ ᠳᠤ ᠯᠡ ᠪᠠᠭᠰᠢ ᠰᠡᠳᠭᠢᠯ ᠬᠠᠨᠵᠤ ᠪᠣᠯᠬᠤ ᠦᠭᠡᠢ ᠂ ᠰᠤᠷᠤᠭᠴᠢᠳ ᠢ ᠮᠡᠳᠡᠯᠭᠡ ᠪᠠ ᠤᠷ᠎ᠠ ᠴᠢᠳᠠᠯ ᠢᠶᠠᠷ ᠢᠶᠠᠨ ᠠᠰᠠᠭᠤᠳᠠᠯ ᠢ ᠰᠢᠢᠳᠪᠦᠷᠢᠯᠡᠬᠦ ᠬᠠᠢᠨ ᠰᠦᠪᠡᠭᠴᠢᠯᠡᠬᠦ ᠶᠠᠪᠤᠴᠠ ᠳᠤ ᠠᠮᠵᠢᠯᠲᠠ ᠶᠢᠨ ᠬᠠᠪᠤ ᠴᠡᠩᠭᠡᠯ ᠡᠳ᠋ᠯᠡᠬᠦ ᠳᠤ ᠡᠪᠲᠡᠢᠬᠡᠨ ᠬᠥᠲᠦᠯᠬᠦ ᠨᠢ ᠪᠦᠷ ᠴᠦ ᠴᠢᠬᠤᠯᠠ ᠃

    4. ᠪᠦᠬᠦ ᠰᠤᠷᠤᠭᠴᠢᠳ ᠲᠤ ᠦᠢᠯᠡᠴᠢᠯᠡᠨ᠎ᠡ ᠂ ᠨᠢᠭᠡ ᠰᠤᠷᠤᠭᠴᠢ ᠶᠢ ᠴᠦ ᠤᠷᠬᠢᠭᠳᠠᠭᠤᠯᠬᠤ ᠦᠭᠡᠢ ( 10 ) ᠵᠢᠵᠢᠭ᠌ ᠠᠩᠭᠢ ᠪᠠᠷ ᠵᠢᠭᠠᠬᠤ ᠶᠢᠨ ᠳᠠᠪᠠᠭᠤᠯᠢᠭ ᠢ ᠭᠦᠢᠴᠡᠳ ᠪᠠᠳᠠᠷᠠᠭᠤᠯᠵᠤ ᠂ ᠬᠢᠴᠢᠶᠡᠯ ᠳᠡᠭᠡᠷ᠎ᠡ ᠰᠤᠷᠤᠭᠴᠢᠳ ᠤᠨ ᠰᠤᠷᠬᠤ ᠶᠠᠪᠤᠴᠠ ᠶᠢ ᠰᠠᠨᠠᠭᠠᠴᠢᠯᠠᠭ᠎ᠠ ᠲᠠᠢ ᠠᠵᠢᠭᠯᠠᠨ ᠮᠠᠭᠠᠳᠯᠠᠵᠤ ᠂ ᠠᠰᠠᠭᠤᠳᠠᠯ ᠢ ᠳᠠᠷᠤᠢ ᠳᠤ ᠨᠢ ᠢᠯᠡᠷᠡᠭᠦᠯᠦᠨ᠎ᠡ ᠂ ᠰᠤᠷᠤᠭᠴᠢᠳ ᠤᠨ ᠮᠡᠳᠡᠯᠭᠡ ᠵᠢᠨ ᠰᠢᠰᠲ᠋ᠧᠮ ᠴᠣᠭᠴᠠᠯᠠᠬᠤ ᠳᠤ ᠨᠢ ᠲᠤᠰᠠᠯᠠᠵᠤ ᠂ ᠰᠤᠷᠤᠭᠴᠢ ᠪᠦᠬᠦᠨ ᠤ ᠢᠳᠡᠪᠬᠢᠵᠢᠯ ᠪᠠ ᠴᠢᠳᠠᠪᠬᠢ ᠵᠢ ᠪᠦᠷᠢᠨ ᠳᠠᠢᠴᠢᠯᠠᠭᠰᠠᠨ ᠪᠠᠢᠬᠤ ᠬᠡᠷᠡᠭᠲᠡᠢ ᠃ ᠰᠤᠷᠤᠭᠴᠢ ᠶᠢᠨ ᠰᠤᠷᠬᠤ ᠶᠠᠪᠤᠴᠠ ᠪᠦᠷᠢᠨ ᠪᠣᠯᠬᠤ ᠦᠶ᠎ᠡ ᠳᠤ ᠰᠠᠶᠢ ᠰᠤᠷᠤᠭᠴᠢ ᠪᠠᠨ ᠶᠠᠷᠢᠭᠤᠯᠤᠨ᠎ᠠ ᠃ ᠳᠤᠮᠳᠠ ᠳᠣᠣᠷ᠎ᠠ ᠲᠦᠪᠰᠢᠨ ᠦ ᠰᠤᠷᠤᠭᠴᠢ ᠶᠢ ᠤᠷᠢᠳᠠᠪᠠᠷ ᠶᠠᠷᠢᠭᠤᠯᠵᠤ ᠂ ᠰᠤᠷᠤᠭᠴᠢᠳ ᠪᠦᠬᠦᠨ ᠳᠤ ᠶᠠᠷᠢᠬᠤ ᠵᠠᠪᠰᠢᠶᠠᠨ ᠢ ᠣᠯᠭᠤᠬᠤ ᠵᠢ ᠬᠢᠴᠢᠶᠡᠨ᠎ᠡ ᠃

    5. ᠵᠢᠭᠠᠬᠤ ᠵᠠᠭᠤᠴᠢ ᠬᠡᠷᠡᠭᠰᠡᠯ ᠢ ᠵᠣᠬᠢᠰᠲᠠᠢ ᠠᠰᠢᠭᠯᠠᠨ᠎ᠠ ᠂ ᠲᠥᠪ ᠠᠶᠠᠯᠭᠤ ᠪᠠᠷ ᠶᠠᠷᠢᠵᠤ ᠂ ᠲᠥᠪ ᠪᠢᠴᠢᠯᠭᠡ ᠪᠡᠷ ᠪᠢᠴᠢᠨ᠎ᠡ ᠃ ( 15 ᠬᠤᠪᠢ )

    6. ᠬᠢᠴᠢᠶᠡᠯ ᠦᠨ ᠳᠠᠷᠠᠭ᠎ᠠ ᠲᠤᠩᠭᠠᠯᠳᠠ ᠪᠡᠨ ᠳᠠᠷᠤᠢᠬᠠᠨ ᠲᠠᠪᠰᠢᠬᠦᠯᠦᠨ᠎ᠡ (15 ) ᠪᠦᠲᠦᠴᠡᠲᠦ ᠠᠰᠠᠭᠤᠳᠠᠯ ᠪᠠ ᠳᠡᠳ᠋ᠯᠡᠬᠦ ᠠᠰᠠᠭᠤᠳᠠᠯ ᠢ ᠲᠦᠰᠦᠪᠯᠡᠭᠰᠡᠨ ᠂ 《ᠲᠠᠪᠤᠨ ᠡᠷᠬᠢᠮᠯᠡᠯ ᠂ ᠲᠠᠪᠤᠨ ᠴᠡᠭᠡᠷᠯᠡᠯ 》 《ᠵᠢᠷᠭᠤᠭᠠᠨ ᠡᠷᠬᠢᠮᠯᠡᠯ ᠂ ᠵᠢᠷᠭᠤᠭᠠᠨ ᠴᠡᠭᠡᠷᠯᠡᠯ 》ᠤᠨ ᠲᠦᠷᠢᠮ ᠢ ᠬᠡᠷᠡᠭᠵᠢᠭᠦᠯᠦᠭᠰᠡᠨ ᠂ ᠵᠢᠭᠠᠬᠤ ᠮᠠᠲ᠋ᠧᠷᠢᠶᠠᠯ ᠢ ᠠᠰᠢᠭᠯᠠᠭᠰᠠᠨ ᠂ ᠪᠣᠳᠠᠲᠤ ᠬᠢᠴᠢᠶᠡᠯᠯᠡᠭᠡ ᠶᠢᠨ ᠶᠠᠪᠤᠴᠠ ᠶᠢᠨ ᠵᠤᠬᠢᠰᠯᠢᠭ ᠰᠢᠨᠵᠢ ᠂ ᠰᠤᠷᠤᠭᠴᠢᠳ ᠤᠨ ᠮᠡᠳᠡᠯᠭᠡ ᠵᠢᠨ ᠰᠢᠰᠲ᠋ᠧᠮ ᠴᠣᠭᠴᠠᠯᠠᠬᠤ ᠳᠤ ᠬᠡᠷᠬᠢᠨ ᠲᠤᠰᠠᠯᠠᠭᠰᠠᠨ ᠲᠤᠬᠠᠢ ᠲᠤᠩᠭᠠᠨ᠎ᠠ ( ᠦᠭᠡ ᠶᠢᠨ ᠲᠣᠭ᠎ᠠ 300 ᠡᠴᠡ ᠳᠡᠭᠡᠭᠰᠢ ) ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠥᠪᠦᠷ ᠮᠣᠩᠭᠤᠯ ᠥᠨᠳᠥᠰᠥᠲᠡᠨ ᠦ ᠰᠤᠷᠭᠠᠨ ᠬᠥᠮᠦᠵᠢᠯ ᠦᠨ ᠰᠦᠯᠵᠢᠶ᠎ᠡ ᠬᠡᠪᠯᠡᠯ ᠦᠨ ᠡᠷᠬᠡ ᠲᠡᠢ ᠃ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃