lt
ᠮᠣᠩᠭᠤᠯ ᠰᠤᠷᠭᠠᠭᠤᠯᠢ
ᠭᠠᠨᠵᠤᠭ᠎ᠠ ᠲᠦᠭᠦᠷᠡᠩ《 ᠭᠠᠯ ᠠᠶᠠᠨ》—- ᠪᠠᠶᠠᠠᠠᠠᠭᠤᠯᠨ ᠰᠤᠷᠭᠠᠭᠤᠯᠢ ᠶᠢᠨ ᠮᠠᠯᠵᠢᠬᠤ ᠠᠮᠢᠳᠤᠷᠠᠯ ᠳ᠋ᠤ ᠤᠷᠤᠯᠴᠠᠭᠰᠠᠨ ᠠᠵᠢᠯᠯᠠᠭᠠᠨ ᠤ ᠲᠠᠳᠠᠯᠠᠭ᠎ᠠ
2015.04.15 ᠲᠣᠰ ᠥᠷᠲᠡᠭᠡᠨ ᠦ ᠨᠠᠢᠷᠠᠭᠤᠯᠤᠭᠴᠢ

    ᠨᠢᠬᠡ: ᠠᠳᠤᠭᠤᠨ ᠰᠤᠶᠤᠯ ᠤᠨ ᠨᠠᠢ᠌ᠷ
ᠠᠭᠳᠠ ᠶᠢᠨ ᠲᠠᠯ᠎ᠠ ᠳ᠋ᠤ ᠠᠳᠤᠭᠤᠨ ᠰᠤᠶᠤᠯ ᠤᠨ ᠨᠠᠢ᠌ᠷ  ᠲᠠᠢ ᠬᠡᠯ᠎ᠡ ᠬᠡᠰᠡᠨ ᠶᠠᠷᠢᠶ᠎ᠠ
ᠮᠠᠯᠴᠢᠳ ᠵᠤᠭᠤᠭ ᠤᠨ ᠰᠡᠳᠤᠪ ᠪᠤᠯᠭᠠᠵᠦ᠂ ᠬᠡᠳᠤᠨ ᠡᠳᠤᠷ ᠪᠤᠯᠵᠠᠢ᠃ ᠮᠤᠷᠢᠳᠠᠨ
ᠤᠭᠰᠠᠭᠠᠳᠠᠨ ᠤᠳᠤᠮ ᠲᠠᠭᠠᠵᠦ ᠲᠦᠷᠥᠭ᠍ᠰᠡᠨ ᠢᠶᠡᠷ ᠰᠤᠷᠤᠭᠴᠢᠳ ᠴᠦ
ᠰᠦᠢᠳ ᠪᠤᠯᠵᠤ᠂ ᠬᠤᠭᠤᠷᠤᠨᠳᠤ ᠬᠤᠭᠤᠷᠤᠨᠳᠤ ᠪᠠᠨ ᠢᠪᠢᠷ ᠰᠢᠪᠢᠷ
ᠵᠤᠭᠤᠭᠳᠠᠵᠤ᠂ ᠤᠷᠮ᠎ᠠ ᠲᠠᠢ ᠵᠤᠭᠤᠭᠳᠠᠨ᠎ᠠ᠃
ᠪᠠᠶᠠᠠᠠᠠᠭᠤᠯᠠ ᠰᠤᠷᠭᠠᠭᠤᠯᠢ ᠨᠢ ᠠᠳᠤᠭᠤᠨ ᠰᠤᠶᠤᠯ ᠤᠨ ᠨᠠᠢ᠌ᠷ ᠤᠨ ᠲᠠᠰᠢᠷᠠᠮ
 ᠢᠶᠡᠷ ᠰᠤᠷᠤᠭᠣᠢ᠌ᠳ ᠲᠤ ᠤᠤᠷ ᠰᠤᠶᠤᠯ ᠤᠨ ᠤᠢ᠌ᠯᠠᠭᠠᠯᠳᠠ᠂ ᠠᠳᠤᠭᠤᠨ ᠰᠤᠶᠤᠯ
 ᠤᠨ ᠲᠤᠬᠠᠢ ᠬᠦᠷᠳᠡᠭᠡᠯ ᠤᠯᠭᠤᠬᠤ ᠪᠡᠷ ᠪᠦᠬᠦ ᠰᠤᠷᠤᠭᠣᠢ᠌ᠳ ᠢᠶᠡᠨ ᠲᠠᠢ᠌ᠴᠢᠯᠠᠨ
᠂ ᠠᠭᠳᠠ ᠶᠢᠨ ᠲᠠᠯ᠎ᠠ ᠶᠢᠨ ᠠᠳᠤᠭᠤᠨ ᠰᠤᠶᠤᠯ ᠤᠨ ᠨᠠᠢ᠌ᠷ ᠢ ᠵᠤᠷᠢᠭᠰᠠᠨ ᠪᠠᠢ᠌ᠨ᠎ᠠ᠃
4 ᠰᠠᠷᠠᠢ᠌ᠨ11 ᠬᠡᠵᠦ ᠰᠠᠢ᠌ᠬᠠᠨ ᠡᠳᠦᠷ ᠪᠠᠢ᠌ᠭᠰᠠᠨ  ᠡ᠂ ᠲᠦᠷᠥᠬᠦᠬᠡᠨ ᠪᠠᠭᠤᠭᠰᠠᠨ
ᠴᠠᠰᠤᠨ ᠤ ᠴᠢᠭᠢᠭ᠌ ᠢᠶᠡᠷ ᠰᠡᠷᠢᠬᠦᠨ ᠠᠮᠢᠰᠬᠤᠯ ᠰᠡᠩᠬᠢᠨᠡᠵᠦ᠂ ᠲᠦᠷᠪᠡᠨ ᠵᠦᠭ᠌
ᠨᠠᠢ᠍ᠮᠠᠨ ᠵᠤᠪᠬᠢᠰ ᠡᠴᠡ ᠵᠤᠷᠢᠵᠦ ᠢᠷᠡᠭ᠍ᠰᠡᠨ ᠨᠠᠭᠠᠳᠤᠮᠴᠢᠳ᠂ ᠤᠶᠠᠭᠠᠴᠢᠳ ᠨᠠᠰᠢ
ᠴᠠᠰᠢ ᠵᠦᠷᠢᠯᠳᠦᠨ᠂ ᠦᠩᠭᠡ ᠦᠩᠭᠡ ᠪᠡᠷ ᠴᠢᠮᠡᠭ᠍ᠰᠡᠨ ᠤᠷᠤᠯᠳᠤᠭᠠᠨ ᠮᠤᠷᠢᠳ
ᠨᠠᠢ᠌ᠷ ᠤ ᠲᠡᠪᠵᠢᠶᠡᠨ ᠳ᠋ᠤ ᠤᠷᠮᠠᠰᠢᠨ᠂ ᠤᠷᠤᠨ ᠳ᠋ᠤ ᠪᠠᠨ ᠲᠤᠭᠳᠠᠵᠤ ᠶᠠᠳᠠᠨ
ᠲᠡᠪᠬᠡᠴᠡᠨ᠎ᠡ᠃
ᠠᠭᠳᠠ ᠶᠢᠨ ᠲᠠᠯ᠎ᠠ ᠬᠡᠵᠦ ᠭᠠᠵᠠᠷ ᠤᠨ ᠵᠢᠷᠤᠭ ᠲᠡᠬᠡᠷ᠎ᠡ ᠭᠠᠭᠴᠠᠬᠠᠨ ᠲᠤᠰᠤᠯ ᠤᠨ
ᠵᠠᠢ ᠡᠵᠡᠯᠡᠬᠦ ᠦᠬᠡᠢ ᠵᠢᠭᠠᠬᠠᠨ ᠭᠠᠵᠠᠷ ᠡ᠃ ᠬᠡᠳᠡᠯ᠎ᠡ ᠪᠠᠶᠠᠠᠠᠠᠭᠤᠯᠨ  ᠶᠢᠨ
ᠮᠤᠩᠭ᠋ᠤᠯᠴᠤᠳ ᠤᠨ ᠰᠡᠳᠬᠢᠯ ᠳ᠋ᠤ《 ᠠᠭᠳᠠ  ᠶᠢᠨ ᠲᠠᠯ᠎ᠠ》 ᠨᠢ ᠡᠬᠡᠯ ᠵᠢᠷ
 ᠤᠨ ᠨᠤᠳᠤᠭ ᠤᠨ ᠨᠡᠷ᠎ᠡ ᠪᠢᠰᠢ᠂ ᠡᠷ᠎ᠡ ᠶᠢᠨ ᠬᠡᠢ᠌ᠮᠤᠷᠢ ᠵᠤᠯᠪᠤᠭ᠎ᠠ ᠵᠢ ᠰᠡᠷᠬᠦᠬᠡᠳᠡᠭ᠌
ᠠᠷᠢᠭᠤᠨ ᠲᠠᠭᠰᠢᠨ ᠤᠷᠤᠨ ᠪᠠᠢ᠌ᠭ᠎ᠠ ᠶᠤᠮ᠃ ᠡᠨᠡ ᠨᠤᠳᠤᠭ ᠲᠤ ᠡᠷᠳᠡ ᠦᠶ᠎ᠡ
 ᠶᠢᠨ ᠬᠡᠰᠡᠷ ᠪᠤᠭᠳᠠ ᠶᠢᠨ ᠠᠳᠤᠭᠤ ᠪᠡᠨ ᠬᠠᠷᠠᠭᠤᠯᠵᠦ ᠪᠠᠢ᠌ᠭᠰᠠᠨ ᠰᠠᠢ᠌ᠬᠠᠨ
ᠲᠤᠮᠤᠭ ᠲᠠᠢ᠃ ᠡᠨᠡ ᠨᠤᠳᠤᠭ ᠡᠴᠡ ᠮᠤᠩᠭ᠋ᠤᠯ ᠤᠨ ᠬᠠᠭᠠᠨ ᠬᠦᠭ᠍ᠵᠢᠮ
ᠮᠤᠷᠢᠨ ᠬᠤᠭᠤᠷ ᠤᠨ ᠠᠪᠤᠷᠭᠤ ᠪᠦᠳᠦᠬᠡᠯ《 ᠲᠦᠮᠡᠨ ᠠᠭᠳᠠ ᠶᠢᠨ ᠲᠦᠪᠡᠷᠬᠡᠨ》
ᠠᠮᠢᠯᠠᠵᠦ ᠵᠤᠬᠢᠶᠠᠭᠳᠠᠭᠰᠠᠨ ᠦᠯᠢᠬᠡᠷ ᠲᠠᠢ᠃ ᠡᠨᠡ ᠨᠤᠳᠤᠭ ᠡᠴᠡ ᠬᠤᠰᠢᠭᠤ ᠨᠤᠳᠤᠭ
 ᠤᠨ ᠴᠤᠤᠳᠤ ᠬᠦᠯᠦᠭ᠌ ᠤᠳ ᠴᠤᠯᠭᠤᠷᠠᠵᠦ ᠪᠠᠢ᠌ᠭᠰᠠᠨ ᠦᠨᠡᠨᠳᠠᠢ᠃ ᠡᠨᠡ ᠨᠤᠳᠤᠭ
ᠡᠨᠡ ᠨᠤᠳᠤᠭ ᠡᠴᠡ ᠮᠢᠩᠭ᠋ᠠᠨ ᠰᠦᠷᠥᠭ᠌ ᠲᠠᠪᠬᠢᠵᠦ ᠪᠠᠢ᠌ᠭᠰᠠᠨ ᠮᠦᠷ ᠲᠠᠢ᠃
ᠴᠠᠭ ᠨᠡᠢ᠌ᠬᠡᠮ ᠤᠨ ᠰᠢᠯᠳᠠᠭᠠᠯᠠᠯ ᠡᠴᠡ ᠠᠳᠤᠭᠤᠨ ᠰᠤᠶᠤᠯ ᠬᠦᠮᠥᠰ ᠤᠨ ᠤᠢ
ᠤᠬᠠᠭᠠᠨ ᠳ᠋ᠤ ᠮᠠᠷᠳᠠᠭᠳᠠᠮᠠᠷ ᠪᠤᠯᠬᠤ ᠦᠶ᠎ᠡ ᠳ᠋ᠤ ᠰᠤᠶᠤᠯ ᠳ᠋ᠠᠭᠠᠨ ᠬᠠᠢ᠌ᠷᠠᠳᠠᠢ
ᠠᠳᠤᠭᠤᠨ ᠳ᠋ᠠᠭᠠᠨ ᠬᠠᠢ᠌ᠷᠠᠳᠠᠢ ᠪᠠᠶᠠᠨ ᠠᠭᠤᠯᠨ ᠶᠢᠨ ᠮᠠᠯᠴᠢᠳ ᠠᠳᠤᠭᠤᠨ
ᠰᠤᠶᠤᠯ ᠢᠶᠡᠨ ᠲᠠᠬᠢᠨ ᠰᠡᠷᠬᠦᠬᠡᠵᠦ ᠠᠳᠤᠭᠤ ᠪᠡᠨ ᠲᠡᠵᠢᠬᠡᠵᠦ ᠦᠷᠡᠵᠢᠬᠦᠯᠵᠦ
ᠬᠦᠭ᠍ᠵᠢᠬᠦᠯᠬᠦ ᠡᠬᠦᠳᠡᠨ ᠡᠴᠡ《 ᠠᠭᠳᠠ ᠶᠢᠨ ᠲᠠᠯ᠎ᠠ》 ᠶᠢᠨ ᠠᠳᠤᠭᠤᠨ ᠰᠤᠶᠤᠯ
 ᠤᠨ ᠨᠠᠢ᠌ᠷ ᠢ ᠰᠡᠳᠤᠨ ᠡᠷᠬᠢᠯᠡᠵᠦ ᠡᠨᠡ ᠵᠢᠯ ᠪᠤᠯᠬᠤ ᠳ᠋ᠤ ᠬᠤᠶᠠᠳᠤᠭᠠᠷ ᠵᠢᠯ ᠤᠨ
ᠤᠢ ᠪᠡᠨ ᠤᠭᠳᠤᠵᠦ ᠪᠠᠶᠠᠨ ᠠᠭᠤᠯᠨ ᠨᠤᠳᠤᠭ ᠤᠨ ᠵᠠᠯᠠᠭᠤ ᠮᠠᠯᠴᠢᠨ ᠴᠠᠩ ᠱᠠᠨ᠂
ᠴᠤᠭᠪᠠᠶᠠᠷ᠂ ᠲᠤᠯᠭᠤᠷ᠂ ᠡᠷᠳᠡᠨᠢᠪᠢᠯᠢᠭ᠌ ᠨᠠᠷ ᠦᠪᠡᠷᠰᠡᠳ ᠢᠶᠡᠨ ᠪᠡᠯᠡ ᠭᠠᠷᠭᠠᠵᠦ᠂
ᠡᠷᠬᠢᠯᠡᠨ ᠬᠢᠬᠦ ᠪᠡᠷ ᠪᠤᠯᠤᠭᠰᠠᠨ ᠨᠢ ᠡᠨᠡ ᠠᠵᠠᠢ᠃
ᠨᠡᠨ ᠡᠳᠤᠷ ᠤᠨ ᠨᠠᠢ᠌ᠷ ᠲᠤ ᠪᠠᠷᠠᠭᠤᠨ ᠦᠵᠤᠮᠤᠴᠢᠨ᠂ ᠠᠷᠤ ᠬᠤᠷᠴᠢᠨ᠂
ᠬᠤᠶᠠᠷ ᠪᠠᠭᠠᠷᠢᠨ ᠤ ᠤᠶᠠᠭᠠᠴᠢᠳ ᠬᠦᠷᠤᠯᠴᠡᠨ ᠢᠷᠡᠵᠦ᠂ ᠬᠤᠷᠳᠤᠨ ᠦᠷᠢᠶ᠎ᠡ᠂
ᠵᠢᠷᠤᠭ᠎ᠠ ᠦᠷᠢᠶ᠎ᠡ᠂ ᠬᠤᠷᠳᠤᠨ ᠮᠤᠷᠢ᠂ ᠵᠢᠷᠤᠭ᠎ᠠ ᠮᠤᠷᠢᠨ ᠤ ᠤᠷᠤᠯᠳᠤᠭᠠᠨ ᠬᠡᠵᠦ
ᠲᠦᠷᠪᠡᠨ ᠲᠦᠷᠤᠯ ᠳ᠋ᠤ ᠬᠤᠪᠢᠶᠠᠨ ᠬᠤᠶᠠᠷ ᠵᠠᠭᠤ ᠭᠠᠷᠤᠢ ᠮᠤᠷᠢ ᠤᠷᠤᠯᠴᠠᠭᠰᠠᠨ
ᠪᠠᠢ᠌ᠨ᠎ᠠ᠃ ᠤᠷᠤᠯᠳᠤᠭᠠᠨ ᠤ ᠳ᠋ᠦᠩ ᠳ᠋ᠤ ᠬᠤᠷᠳᠤᠨ ᠦᠷᠢᠶ᠎ᠡ  ᠶᠢᠨ ᠤᠷᠤᠯᠳᠤᠭᠠᠨ
 ᠳ᠋ᠤ ᠪᠠᠷᠠᠭᠤᠨ ᠦᠵᠤᠮᠤᠴᠢᠨ ᠤ ᠬᠡᠬᠡᠷ ᠦᠷᠢᠶ᠎ᠡ ᠲᠡᠷᠢᠬᠦᠯᠡᠭ᠍ᠰᠡᠨ ᠢ ᠭᠠᠷᠭᠠᠪᠠᠯ
ᠪᠤᠰᠤᠳ ᠲᠦᠷᠤᠯ ᠪᠦᠷ ᠪᠠᠷᠠᠭᠤᠨ ᠪᠠᠭᠠᠷᠢᠨ ᠤ ᠮᠤᠷᠢᠳ ᠲᠡᠷᠢᠬᠦᠨ ᠲᠡᠳ᠋ ᠲᠤ
ᠲᠠᠪᠬᠢᠵᠦ ᠬᠤᠷᠠᠭᠰᠠᠨ ᠤᠯᠠᠨ ᠤ ᠨᠢᠳᠤ ᠵᠢ ᠬᠤᠵᠠᠷᠯᠠᠵᠦ᠂ ᠬᠠᠷᠠᠭ᠎ᠠ ᠵᠢ
ᠪᠠᠶᠠᠰᠬᠠᠨ᠂ ᠨᠠᠭᠠᠳᠤᠮᠴᠢᠨ ᠤᠶᠠᠭᠠᠴᠢᠳ ᠰᠡᠳᠬᠢᠯ ᠤᠨ ᠴᠠᠩᠭ᠋ᠠᠭ᠎ᠠ ᠪᠡᠨ ᠲᠠᠢ᠌ᠯᠤᠨ
ᠤᠷᠤᠯᠳᠤᠭᠠᠨ ᠮᠤᠢ᠌ᠳ ᠲᠤᠭᠤᠷᠠᠢ ᠶᠢᠨ ᠬᠡ ᠪᠡᠨ ᠲᠡᠯᠬᠡᠭ᠍ᠰᠡᠨ ᠪᠠᠢ᠌ᠨ᠎ᠠ᠃
ᠮᠦᠨ ᠲᠤᠰ ᠨᠠᠢ᠌ᠷ ᠨᠢ ᠭᠠᠭᠴᠠᠬᠠᠨ ᠤᠷᠤᠯᠳᠤᠭᠠᠨ ᠰᠤᠨᠢᠷᠬᠠᠬᠤ ᠪᠡᠷ ᠯᠠ
ᠵᠤᠭᠰᠤᠬᠤ ᠦᠬᠡᠢ ᠮᠤᠷᠢᠨ ᠬᠤᠷᠬᠠᠢ᠌ᠳᠠᠳ ᠤᠨ ᠮᠤᠷᠢ ᠬᠠᠢ᠌ᠬᠤ ᠰᠠᠢ᠌ᠬᠠᠨ ᠵᠠᠪᠰᠢᠶᠠᠨ
ᠪᠤᠯᠵᠦ ᠦᠨ᠎ᠡ ᠬᠠᠶᠠᠯᠴᠠᠵᠦ ᠮᠠᠢ᠌ᠮᠠᠢ ᠬᠡᠯᠡᠯᠴᠡᠨ᠎ᠡ᠃ ᠭᠠᠩᠭ᠋ᠠᠩ ᠮᠤᠷᠢᠳ ᠤᠨ ᠵᠠᠰᠠᠯ
ᠤᠷᠤᠯᠳᠤᠭᠠᠨ ᠮᠤᠷᠢᠳ ᠤᠨ ᠬᠡᠷᠡᠭ᠍ᠰᠡᠯ ᠂ᠰᠦᠷ᠂ ᠨᠤᠭᠳᠤ ᠵᠡᠷᠬᠡ ᠮᠤᠷᠢᠨ ᠰᠤᠶᠤᠯ ᠤᠨ
ᠲᠤᠬᠠᠢ ᠬᠦᠮᠤᠰ ᠬᠠᠷᠠᠭᠠᠨ᠎ᠠ ᠲᠡᠯᠬᠡᠭ᠍ᠳᠡᠨ᠎ᠡ᠃
ᠠᠳᠤᠭᠤᠨ ᠰᠤᠶᠤᠯ ᠤᠨ ᠨᠠᠢ᠌ᠷ ᠢ ᠵᠤᠷᠢᠵᠦ ᠬᠦᠷᠥᠭ᠍ᠰᠡᠨ ᠰᠤᠷᠤᠭᠴᠢᠳ ᠮᠠᠨᠢ
ᠠᠯᠤᠰ ᠤᠨ ᠮᠤᠷᠢᠨ ᠤ ᠤᠷᠤᠯᠳᠤᠭᠠᠨ ᠢ ᠰᠤᠨᠢᠷᠬᠠᠵᠦ ᠤᠷᠤᠯᠳᠤᠭᠠᠨ ᠤ ᠲᠤᠬᠠᠢ
ᠪᠠᠭ᠎ᠠ ᠪᠤᠰᠤ ᠮᠡᠳᠡᠯᠬᠡ ᠬᠤᠷᠠᠮᠳᠤᠭᠤᠯᠤᠭᠰᠠᠨ ᠮᠦᠷᠳᠡᠬᠡᠨ᠂ ᠬᠠᠰᠢᠷ ᠠᠳᠤᠭᠤᠴᠢᠨ᠂
ᠪᠤᠶᠠᠨᠳᠦ ᠪᠤᠭᠤᠷᠤᠯᠴᠤᠳ ᠡᠴᠡ ᠪᠡᠨ ᠠᠳᠤᠭᠤᠨ ᠤ ᠵᠢᠰᠤᠮ᠂ ᠨᠡᠷᠡᠢ᠌ᠳᠤᠯ᠂
ᠲᠠᠭᠤᠳᠠᠯᠭ᠎ᠠ ᠶᠢᠨ ᠲᠤᠬᠠᠢ ᠤᠪᠤᠭ᠎ᠠ ᠤᠯᠵᠠ ᠡᠪᠦᠷᠳᠤᠯᠠᠨ᠂ ᠠᠭᠳᠠ ᠶᠢᠨ
ᠲᠠᠯ᠎ᠠ ᠶᠢᠨ ᠪᠡᠨ ᠵᠦᠬᠡᠯᠡᠨ ᠲᠡᠨᠵᠢᠨ ᠳ᠋ᠤ ᠬᠤᠷᠠᠭ᠎ᠠ ᠢᠰᠢᠬᠡ ᠰᠢᠭ᠌ ᠲᠤᠭᠯᠠᠨ
ᠬᠦᠬᠡᠷᠡᠯᠳᠦᠨ᠎ᠡ᠂᠂᠂᠂
ᠮᠡᠳᠡᠬᠡᠯᠡᠭ᠍ᠰᠡᠨ ᠨᠢ ᠡᠷᠳᠡᠨᠢᠳᠠᠯᠠᠢ
ᠰᠡᠬᠦᠳᠡᠷᠯᠡᠭ᠍ᠰᠡᠨ ᠨᠢ ᠴᠢᠨᠳᠠᠮᠤᠨᠢ

IMG_9262

IMG_9263

IMG_9266

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠥᠪᠦᠷ ᠮᠣᠩᠭᠤᠯ ᠥᠨᠳᠥᠰᠥᠲᠡᠨ ᠦ ᠰᠤᠷᠭᠠᠨ ᠬᠥᠮᠦᠵᠢᠯ ᠦᠨ ᠰᠦᠯᠵᠢᠶ᠎ᠡ ᠬᠡᠪᠯᠡᠯ ᠦᠨ ᠡᠷᠬᠡ ᠲᠡᠢ ᠃ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃