lt
ᠮᠣᠩᠭᠤᠯ ᠰᠤᠷᠭᠠᠭᠤᠯᠢ
ᠰᠤᠷᠭᠠᠭᠤᠯᠢ ᠶᠢᠨ ᠬᠦᠷᠢᠶᠡᠨ ᠤ ᠠᠷᠪᠠᠨ ᠰᠣᠳᠤᠨ ᠳᠠᠭᠤᠴᠢᠨ ᠢ ᠰᠢᠯᠭᠠᠷᠠᠭᠤᠯᠪᠠ
2015.03.17 ᠲᠣᠰ ᠥᠷᠲᠡᠭᠡᠨ ᠦ ᠨᠠᠢᠷᠠᠭᠤᠯᠤᠭᠴᠢ

    ᠳᠡᠯᠡᠬᠡᠢ ᠶᠢᠨ ᠬᠡᠦᠬᠡᠳ  ᠤᠨ ᠪᠠᠶᠠᠷ ᠤᠨ ᠡᠳᠦᠷ  ᠤᠨ ᠠᠢᠯᠴᠢᠯᠠᠨ ᠢᠷᠡᠬᠦ ᠲᠠᠰᠢᠷᠠᠮ ᠢᠶᠠᠷ ᠂ ᠰᠤᠷᠤᠭᠴᠢᠳ ᠤᠨ ᠰᠤᠷᠭᠠᠭᠤᠯᠢ ᠶᠢᠨ ᠬᠦᠷᠢᠶᠡᠨ ᠤ ᠰᠣᠶᠤᠯ ᠤᠨ ᠠᠮᠢᠳᠤᠷᠠᠯ ᠢ ᠨᠢ ᠪᠠᠶᠠᠯᠢᠭᠵᠢᠭᠤᠯᠤᠨ ᠂ ᠥᠪᠡᠷ  ᠤᠨ ᠳᠠᠪᠠᠭᠤᠯᠢᠭ ᠲᠠᠯ᠎ᠠ ᠪᠠᠨ ᠪᠠᠳᠠᠷᠠᠭᠤᠯᠵᠤ ᠂ ᠬᠥᠮᠦᠨ ᠤ ᠡᠮᠦᠨ᠎ᠡ ᠭᠠᠷᠴᠤ ᠂ ᠥᠷᠢᠰᠦᠯᠳᠦᠭᠡᠨ ᠳᠤ ᠴᠠᠭᠠᠷᠠᠬᠤ ᠂ ᠲᠠᠢᠰᠠᠨ ᠤ ᠤᠷᠠᠯᠢᠭ ᠲᠦ ᠣᠢᠷᠠᠳᠬᠤ ᠪᠠᠷ ᠳᠠᠮᠵᠢᠨ ᠦᠨᠳᠦᠰᠦᠲᠡᠨ ᠤ ᠰᠣᠶᠤᠯ ᠤᠨ ᠥᠪ ᠢᠶᠠᠨ ᠬᠠᠢᠷᠠᠯᠠᠬᠤ ᠬᠥᠮᠦᠵᠢᠯ ᠬᠢᠬᠦ ᠵᠣᠷᠢᠯᠲᠠ ᠡᠴᠡ ᠪᠠᠭᠠᠷᠢᠨ ᠵᠡᠭᠦᠨ ᠬᠣᠰᠢᠭᠤᠨ ᠤ ᠪᠠᠶᠠᠠᠠᠠᠭᠤᠯᠠ ᠰᠤᠷᠭᠠᠭᠤᠯᠢ ᠨᠢ ᠰᠤᠷᠭᠠᠭᠤᠯᠢ ᠶᠢᠨ ᠬᠦᠷᠢᠶᠡᠨ ᠤ ᠠᠷᠪᠠᠨ ᠰᠣᠳᠤᠨ ᠳᠠᠭᠤᠴᠢᠨ ᠰᠢᠯᠭᠠᠷᠠᠭᠤᠯᠬᠤ ᠤᠷᠤᠯᠳᠤᠭᠠᠨ ᠢ ᠵᠣᠬᠢᠶᠠᠨ ᠪᠠᠢᠭᠤᠯᠤᠭᠰᠠᠨ ᠪᠠᠢᠨ᠎ᠠ ᠃

    ᠲᠤᠰ ᠤᠳᠠᠭᠠᠨ ᠤ ᠤᠷᠤᠯᠳᠤᠭᠠᠨ ᠳᠤ ᠠᠩᠭᠢ ᠨᠢᠭᠡᠴᠡ ᠪᠠᠷ ᠠᠩᠬᠠᠨ ᠤ ᠰᠢᠯᠭᠠᠷᠠᠭᠤᠯᠤᠯᠲᠠ ᠬᠢᠵᠦ ᠂ ᠲᠤᠰ ᠪᠦᠷᠢ ᠭᠤᠷᠪᠠᠨ ᠨᠡᠷ᠎ᠡ ᠳᠠᠭᠤᠴᠢᠨ ᠢ ᠤᠷᠤᠯᠳᠤᠭᠠᠨ ᠳᠤ ᠬᠦᠷᠭᠡᠨ ᠂ ᠨᠡᠢᠲᠡ 33 ᠨᠡᠷ᠎ᠡ ᠣᠷᠤᠯᠴᠠᠭᠴᠢ ᠬᠠᠮᠲᠤᠯᠢᠭ ᠤᠨ ᠬᠡᠯᠪᠡᠷᠢ ᠪᠤᠶᠤ ᠭᠣᠴᠤᠯᠠᠯ ᠳᠠᠭᠤᠤ ᠤᠨ ᠬᠡᠯᠪᠡᠷᠢ ᠪᠠᠷ ᠣᠷᠤᠯᠴᠠᠨ ᠂ ᠲᠤᠯᠤᠭᠠᠨ ᠬᠢᠨᠠᠭᠴᠢ ᠪᠠᠭᠰᠢ ᠶᠢᠨ ᠲᠥᠪ ᠭᠣᠣᠯᠴᠢ ᠬᠢᠨᠠᠨ ᠰᠢᠭᠦᠯᠲᠡ ᠪᠠᠷ ᠳᠠᠮᠵᠢᠨ ᠂2.1 ᠠᠩᠭᠢ ᠶᠢᠨ ᠢᠪᠡᠭᠡᠯ ᠲᠡᠷᠢᠭᠦᠯᠡᠵᠦ ᠂ 5.2 ᠠᠩᠭᠢ ᠶᠢᠨ ᠮᠠᠭᠲᠠᠭᠠᠯ ᠳᠡᠳ᠋ ᠪᠠᠢᠷᠢᠨ ᠳᠤ ᠲᠣᠳᠤᠷᠠᠵᠤ ᠂3.1 ᠠᠩᠭᠢ ᠶᠢᠨ ᠰᠤᠮᠢᠶ᠎ᠠ ᠵᠡᠷᠭᠡ ᠨᠠᠢ᠍ᠮᠠᠨ ᠨᠡᠷ᠎ᠡ ᠰᠤᠷᠤᠭᠴᠢᠳ ᠰᠣᠳᠤᠨ ᠳᠠᠭᠤᠴᠢᠨ ᠢᠶᠠᠷ ᠰᠢᠯᠭᠠᠷᠠᠵᠤ ᠂ ᠬᠥᠬᠢᠭᠦᠯᠦᠯ ᠤᠨ ᠱᠠᠩᠨᠠᠯ ᠲᠤᠰᠤᠭᠰᠠᠨ ᠪᠠᠢᠨ᠎ᠠ ᠃
ᠡᠷᠳᠡᠨᠢᠳᠠᠯᠠᠢ ᠴᠢᠮᠡᠭᠡᠯᠡᠪᠡ

    ᠲᠠᠭᠠᠯᠳᠠᠭᠤᠯᠤᠯ ᠄ ᠵᠢᠷᠤᠭ1 ᠂ ᠬᠢᠨᠠᠭᠴᠢ ᠶᠢᠨ ᠳᠤᠭᠤᠢᠯᠠᠩ ᠃ ᠵᠢᠷᠤᠭ2 ᠄ ᠢᠬᠢᠷ᠎ᠡ ᠬᠣᠶᠠᠷ ᠳᠠᠭᠤᠴᠢᠨ ᠵᠢᠷᠤᠭ3 ᠄ ᠳᠠᠭᠤᠴᠢᠨ ᠡᠯᠪᠡᠭ ᠵᠢᠷᠤᠭ4 ᠄ ᠳᠠᠭᠤᠴᠢᠨ ᠨᠠᠷᠮᠠᠢ ᠵᠢᠷᠤᠭ5 ᠄ ᠥᠬᠢᠳ ᠤᠨ ᠬᠠᠮᠲᠤᠯᠢᠭ ᠵᠢᠷᠤᠭ6 ᠄ ᠲᠡᠷᠢᠭᠦᠨ ᠳᠠᠭᠤᠴᠢᠨ ᠢᠪᠡᠭᠡᠯ ᠵᠢᠷᠤᠭ7 ᠄ ᠪᠢ ᠪᠠᠰᠠ ᠳᠠᠭᠤᠯᠠᠨ᠎ᠠ ᠂ ᠵᠢᠷᠤᠭ8 ᠄ ᠠᠷᠪᠠᠨ ᠰᠣᠳᠤᠨ ᠳᠠᠭᠤᠴᠢᠨ ᠰᠤᠷᠭᠠᠭᠤᠯᠢ ᠶᠢᠨ ᠵᠠᠬᠢᠷᠤᠯ ᠪᠠ ᠲᠠᠭᠤᠨ ᠤ ᠪᠠᠭᠰᠢ ᠨᠠᠷ ᠲᠠᠢ ᠪᠠᠨ

IMG_0299

IMG_0328

IMG_0341

IMG_0402

IMG_0449

IMG_0526

IMG_0534

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠥᠪᠦᠷ ᠮᠣᠩᠭᠤᠯ ᠥᠨᠳᠥᠰᠥᠲᠡᠨ ᠦ ᠰᠤᠷᠭᠠᠨ ᠬᠥᠮᠦᠵᠢᠯ ᠦᠨ ᠰᠦᠯᠵᠢᠶ᠎ᠡ ᠬᠡᠪᠯᠡᠯ ᠦᠨ ᠡᠷᠬᠡ ᠲᠡᠢ ᠃ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃