lt
ᠦᠬᠦᠯᠡᠯ ᠰᠤᠳᠤᠯᠤᠯ
ᠬᠦᠮᠦᠵᠢᠯ  ᠤᠨ ᠵᠠᠩᠬᠢᠯᠭ᠎ᠠ ᠨᠢ ᠬᠠᠳᠠᠭᠤ ᠳ᠋ᠠᠭᠠᠨ ᠪᠤᠢ
2016.10.12 ᠲᠣᠰ ᠥᠷᠲᠡᠭᠡᠨ ᠦ ᠨᠠᠢᠷᠠᠭᠤᠯᠤᠭᠴᠢ

  ᠬᠦᠮᠦᠵᠢᠯ  ᠤᠨ ᠵᠠᠩᠬᠢᠯᠭ᠎ᠠ ᠨᠢ ᠬᠠᠳᠠᠭᠤ ᠳ᠋ᠠᠭᠠᠨ ᠪᠤᠢ

        ᠪᠤᠤ ᠶᠢᠨ ᠱᠠᠨ ᠂ ᠣᠶᠤᠨ᠎ᠠ

    ᠶᠠᠭᠤᠮ᠎ᠠ ᠬᠠᠲᠠᠭᠤ ᠳᠠᠭᠠᠨ ᠪᠥᠬᠡ ᠴᠢᠨᠠᠷ ᠲᠠᠢ ᠂ ᠬᠥᠮᠦᠨ ᠬᠠᠲᠠᠭᠤ ᠳᠠᠭᠠᠨ ᠳᠣᠲᠤᠷ ᠲᠠᠮᠢᠷ ᠲᠠᠢ ᠂ ᠰᠣᠶᠤᠯ ᠬᠠᠲᠠᠭᠤ ᠳᠠᠭᠠᠨ ᠥᠨᠢ ᠶᠢᠨ ᠠᠮᠢ ᠲᠠᠢ ᠰᠢᠭ ᠰᠤᠷᠭᠠᠯ ᠬᠠᠲᠠᠭᠤ ᠲᠠᠭᠠᠨ ᠭᠦᠨ ᠬᠥᠮᠦᠵᠢᠯ ᠲᠠᠢ ᠃ ᠬᠠᠲᠠᠭᠤ ᠪᠣᠯ ᠣᠳᠣᠬᠠᠨ ᠤ ᠰᠤᠷᠭᠠᠨ ᠬᠥᠮᠦᠵᠢᠯ ᠤᠨ ᠵᠠᠩᠭᠢᠯᠠᠭ᠎ᠠ ᠮᠥᠨ ᠃

    ᠳ᠋ᠧᠩ ᠰᠢᠶᠣᠣ ᠫᠢᠩ ᠨᠥᠬᠦᠷ ᠄ 《 ᠪᠣᠳᠠᠰ ᠤᠨ ᠪᠣᠯᠪᠠᠰᠤᠨ ᠢ ᠡᠷᠬᠢᠮᠯᠡᠬᠦ ᠮᠥᠷᠲᠡᠭᠡᠨ ᠣᠶᠤᠨ ᠤ ᠪᠣᠯᠪᠠᠰᠤᠨ ᠢ ᠴᠦ ᠡᠷᠬᠢᠮᠯᠡᠬᠦ ᠬᠡᠷᠡᠭᠲᠡᠢ ᠂ ᠬᠣᠶᠠᠷ ᠭᠠᠷ ᠢᠶᠠᠷ ᠠᠳᠭᠤᠬᠤ ᠮᠥᠷᠲᠡᠭᠡᠨ ᠬᠣᠶᠠᠷ ᠭᠠᠷ ᠴᠢᠩᠭ᠎ᠠ ᠪᠠᠢᠬᠤ ᠬᠡᠷᠡᠭᠲᠡᠢ 》 ᠭᠡᠵᠦ ᠂ 《 ᠥᠭᠡᠷᠡᠴᠢᠯᠡᠯᠲᠡ ᠬᠢᠬᠦ ᠪᠣᠯ ᠬᠠᠲᠠᠭᠤ ᠶᠣᠰᠤ 》 ᠭᠡᠵᠦ ᠳᠤᠮᠳᠠᠳᠤ ᠤᠯᠤᠰ ᠤᠨ ᠬᠥᠭᠵᠢᠯᠲᠡ ᠳᠠᠬᠢ ᠬᠠᠲᠠᠭᠤ ᠱᠠᠭᠠᠷᠳᠠᠯᠭ᠎ᠠ ᠶᠢᠨ ᠦᠢᠯᠡᠳᠦᠯ ᠢ ᠥᠩᠭᠡᠷᠡᠭᠰᠡᠨ ᠳᠤ ᠠᠯᠢ ᠤᠯᠠᠨ ᠳᠤᠷᠠᠳᠤᠭᠰᠠᠨ ᠃ 《 ᠬᠡᠦᠬᠡᠳ ᠲᠤ ᠬᠠᠲᠠᠭᠤ ᠣᠷᠤ 》 ᠬᠡᠮᠡᠨ ᠮᠠᠨ ᠤ ᠮᠣᠩᠭᠤᠯᠴᠤᠳ ᠴᠦ ᠡᠷᠲᠡᠨ ᠡᠴᠡ ᠠᠪᠤᠭᠠᠳ ᠬᠡᠦᠬᠡᠳ ᠪᠠᠭᠠᠴᠤᠤᠯ ᠤᠨ ᠢᠳᠡᠵᠦ ᠤᠤᠭᠤᠤᠬᠤ ᠂ ᠡᠮᠦᠰᠴᠦ ᠵᠡᠭᠦᠬᠦ ᠂ ᠶᠠᠪᠤᠵᠤ ᠰᠠᠭᠤᠬᠤ ᠂ ᠶᠠᠷᠢᠵᠤ ᠬᠡᠯᠡᠬᠦ ᠳᠤᠨᠢ ᠬᠦᠷᠲᠡᠯ᠎ᠡ ᠵᠠᠪᠠᠯ ᠡᠷᠬᠢᠮᠯᠡᠬᠦ ᠴᠢᠩᠭ᠎ᠠ ᠬᠠᠲᠠᠭᠤ ᠬᠡᠷ ᠤᠨ ᠰᠤᠷᠭᠠᠯ ᠲᠠᠢ ᠪᠢᠯᠡ ᠃ ᠦᠨᠡᠬᠡᠷ ᠴᠦ ᠲᠡᠢᠮᠦ ᠂ 《 ᠬᠠᠯᠠ ᠨᠢ ᠭᠠᠳᠠᠨ᠎ᠠ ᠪᠠᠨ ᠬᠠᠢᠷ᠎ᠠ ᠨᠢ ᠳᠣᠲᠤᠨ᠎ᠠ ᠪᠠᠨ 》 ᠂ 《 ᠡᠷᠬᠡ ᠶᠢ ᠰᠤᠷᠬᠤ ᠪᠠᠷ ᠪᠡᠷᠬᠡ ᠶᠢ ᠰᠤᠷ 》 ᠂ 《 ᠴᠢᠩᠭ᠎ᠠ ᠪᠠᠭᠰᠢ ᠡᠴᠡ ᠰᠠᠶᠢᠨ ᠱᠠᠪᠢ 》 ᠭᠡᠵᠦ ᠬᠡᠯᠡᠳᠡᠭ ᠃

    ᠴᠠᠭ ᠡᠷᠢᠨ ᠬᠡᠷᠬᠢᠨ ᠬᠥᠭᠵᠢᠵᠦ ᠂ ᠨᠡᠢᠭᠡᠮ ᠶᠠᠭᠠᠬᠢᠵᠤ ᠳᠠᠪᠰᠢᠭᠰᠠᠨ ᠴᠦ ᠬᠠᠲᠠᠭᠤ ᠪᠣᠯᠪᠠᠰᠤᠷᠠᠯ ᠢ ᠲᠠᠪᠠᠨ ᠲᠤᠭᠤᠯᠵᠤ ᠂ ᠡᠯᠡ ᠬᠠᠯᠠ ᠠᠮᠰᠠᠭᠰᠠᠨ ᠬᠥᠮᠦᠨ ᠶᠡᠷᠦ ᠨᠢ ᠲᠡᠰᠪᠦᠷᠢ ᠲᠡᠪᠴᠢᠶᠡᠷᠢ ᠲᠠᠢ ᠂ ᠵᠣᠷᠢᠭ ᠰᠥᠰᠦ ᠲᠠᠢ ᠂ ᠠᠭᠤᠤᠴᠢ ᠪᠠᠭᠲᠠᠭᠠᠮᠵᠢᠲᠠᠢ ᠪᠠᠢᠳᠠᠭ ᠢ ᠳᠠᠶᠠᠭᠠᠷ ᠣᠯᠵᠤ ᠬᠠᠷᠠᠨ᠎ᠠ ᠃ ᠡᠷᠲᠡ ᠤᠵᠤᠭᠤᠷ ᠡᠴᠡ ᠭᠠᠷ ᠤᠨ ᠠᠯᠠᠭ᠎ᠠ ᠪᠠᠨ ᠮᠣᠳᠤ ᠪᠠᠷ ᠰᠢᠪᠠᠳᠠᠭᠤᠯᠵᠤ ᠂ ᠭᠡᠵᠢᠭᠡ ᠪᠠᠨ ᠬᠡᠷ ᠤᠨ ᠨᠢᠷᠤᠭᠤᠨ ᠡᠴᠡ ᠲᠡᠬᠦᠵᠢᠯᠡᠵᠤ ᠂ ᠭᠤᠶ᠎ᠠ ᠪᠠᠨ ᠵᠡᠭᠦᠦ ᠪᠠᠷ ᠰᠢᠪᠡᠵᠤ ᠂ ᠰᠠᠷᠠᠨ ᠤ ᠬᠡᠷᠡᠯ ᠢ ᠡᠷᠢᠵᠦ ᠂ ᠲᠤᠰᠤᠨ ᠳ᠋ᠧᠩ ᠳᠤ ᠦᠵᠡᠳᠡᠭ ᠂ ᠭᠠᠩ ᠲᠠᠢ ᠪᠡᠬᠡ ᠶᠢ ᠰᠢᠷᠭᠢᠲᠡᠯ᠎ᠡ ᠪᠢᠴᠢᠨ ᠂ ᠲᠡᠮᠦᠷ ᠰᠢᠳᠠᠮ ᠢ ᠲᠡᠪᠡᠨᠡ ᠪᠣᠯᠲᠠᠯ᠎ᠠ ᠦᠷᠦᠳᠡᠭ ᠬᠠᠲᠠᠭᠤ ᠪᠣᠯᠪᠠᠰᠤᠷᠠᠯ ᠳᠠᠪᠲᠠᠯᠲᠠ ᠪᠠᠢᠭᠰᠠᠨ ᠡᠴᠡ ᠯᠢ ᠪᠠᠢ ᠮᠡᠲᠦ ᠶᠢᠨ ᠬᠡᠴᠢᠨᠡᠨ ᠤᠯᠠᠨ ᠮᠡᠷᠭᠡᠳ ᠴᠤᠯᠭᠤᠷᠡᠯ᠎ᠠ ︖ ᠢᠨᠵᠠᠨᠨᠠᠰᠢ 《 ᠬᠥᠬᠡ ᠰᠤᠳᠤᠷ 》 ᠢ ᠪᠢᠴᠢᠬᠦ ᠳᠤ 《ᠦᠰᠦ ᠴᠠᠶᠢᠵᠤ ᠂ ᠴᠢᠷᠠᠢ ᠠᠲᠤᠷᠢᠨ ᠂ ᠮᠢᠬ᠎ᠠ ᠲᠤᠷᠠᠵᠤ ᠂ ᠰᠢᠷᠪᠦᠰᠤ ᠰᠤᠩᠬᠤᠢ ᠳᠤ ᠬᠦᠷᠪᠡ 》 ᠭᠡᠳᠡᠭ ᠨᠢ ᠬᠠᠲᠠᠭᠤ ᠰᠤᠷᠭᠠᠯ ᠵᠢᠭᠠᠪᠤᠷᠢ ᠡᠴᠡ ᠪᠣᠯᠤᠭᠰᠠᠨ ᠬᠢᠴᠢᠶᠡᠯ ᠴᠢᠷᠮᠠᠶᠢᠯ ᠪᠢᠰᠢᠦ ︖

    ᠵᠦᠴᠢ ᠶᠢᠨ ᠲᠤᠬᠠᠢ ᠭᠠᠳᠠᠭᠤᠷᠴᠢᠯᠠᠯ ᠂ ᠬᠠᠳᠠᠨ ᠤ ᠲᠤᠬᠠᠢ ᠳᠣᠷᠤᠮᠵᠢᠯᠠᠯ ᠳᠤ ᠳᠥᠷᠪᠡᠨ ᠬᠦᠦ ᠪᠠᠨ ᠰᠦᠬᠦᠳᠬᠡᠵᠤ ᠲᠠᠰᠢᠭᠤᠷᠳᠠᠭᠰᠠᠨ ᠴᠢᠩᠭᠢᠰ ᠬᠠᠭᠠᠨ ᠤ ᠬᠠᠲᠠᠭᠤ ᠰᠤᠷᠭᠠᠯ ᠶᠠᠭᠤ ᠶᠢ ᠬᠠᠷᠠᠭᠤᠯᠦᠨ᠎ᠠ ︖ ᠴᠢᠯᠠᠭᠤᠨ ᠡᠪᠦᠭᠡ ᠳᠤ ᠰᠢᠪᠠᠳᠠᠭᠤᠯᠵᠤ ᠂ ᠡᠵᠢ ᠡᠴᠡ ᠪᠠᠨ ᠴᠦ ᠨᠢᠭᠤᠷ ᠣᠯᠤᠭᠰᠠᠨ ᠦᠭᠡᠢ ᠢᠷᠬᠡᠯ (《 ᠢᠷᠬᠡᠯ ᠭᠤᠸᠠᠢ ᠶᠢᠨ ᠳᠤᠷᠠᠰᠤᠮᠵᠢ 》 ᠭᠡᠬᠦ ᠵᠣᠬᠢᠶᠠᠯ ) ᠤᠨ ᠦᠢᠯᠡ ᠬᠡᠷᠡᠭ ᠡᠴᠡ ᠶᠠᠭᠤ ᠨᠢᠭᠡ ᠰᠡᠳᠭᠢᠭᠳᠡᠨ᠎ᠡ ᠪᠢᠯᠡ ︖ ᠲᠦᠷᠰᠦᠬᠦᠢ ᠠᠭᠠᠰᠢᠯᠠᠵᠤ ᠬᠡᠷᠡᠭ ᠲᠠᠲᠠᠴᠢᠬᠠᠭᠠᠳ ᠠᠢᠯ ᠤᠨ ᠡᠪᠦᠭᠡ ᠳᠤ ᠵᠤᠳᠤᠭᠳᠤᠨ ᠤᠬᠢᠯᠠᠵᠤ ᠬᠠᠷᠢᠬᠤ ᠳᠤ ᠦᠮᠦᠬᠡᠷᠡᠬᠦ ᠦᠭᠡᠢ ᠳᠡᠭᠡᠷ᠎ᠡ ᠪᠠᠨ ᠨᠡᠮᠡᠵᠦ 《ᠠᠯᠠᠭᠠᠨ ᠪᠣᠣᠪᠤ 》 ᠂ 《ᠭᠥᠷᠦᠮᠡᠯ ᠲᠠᠩ 》 ᠬᠦᠷᠳᠡᠬᠡᠳᠡᠭ ᠨᠢ ᠮᠣᠩᠭᠤᠯᠴᠤᠳ ᠤᠨ ᠮᠢᠨᠢ ᠬᠡᠷ ᠤᠨ ᠰᠤᠷᠭᠠᠯ ᠤᠨ ᠬᠠᠲᠠᠭᠤ ᠢᠯᠡᠷᠡᠯ ᠪᠢᠰᠢᠦ ︖ ᠬᠥᠭᠵᠢᠭᠰᠡᠨ ᠤᠯᠤᠰ ᠤᠨ 《ᠬᠠᠯᠨ ᠠᠮᠰᠠᠬᠤ 》ᠰᠤᠷᠭᠠᠨ ᠬᠥᠮᠦᠵᠢᠯ ᠨᠢ ᠶᠠᠮᠠᠷ ᠰᠢᠦ ᠪᠠᠢᠲᠠᠬ ᠢ ᠪᠢᠳᠡ ᠬᠠᠷᠠᠶ᠎ᠠ ᠃

    ᠭᠧᠷᠮᠠᠨ ᠤ ᠭᠡᠷ ᠤᠨ ᠠᠬᠠᠮᠠᠳ ᠶᠡᠷᠦ ᠡᠴᠡ ᠬᠡᠦᠬᠡᠳ ᠤᠨ ᠢᠶᠠᠨ ᠶᠠᠪᠤᠳᠠᠯ ᠢ ᠡᠵᠡᠨ ᠮᠡᠳᠡᠨ ᠬᠠᠮᠢᠶᠠᠷᠳᠠᠭ ᠦᠭᠡᠢ ᠃ ᠭᠧᠷᠮᠠᠨ ᠤ ᠬᠠᠤᠯᠢ ᠴᠠᠭᠠᠵᠠ ᠳᠤ ᠪᠠᠰᠠ 《ᠬᠡᠦᠬᠡᠳ 14 ᠨᠠᠰᠤ ᠭᠦᠷᠪᠡᠯ ᠭᠡᠷ ᠲᠡᠭᠡᠨ ᠪᠠᠭ᠎ᠠ ᠰᠠᠭ᠎ᠠ ᠡᠭᠦᠷᠭᠡ ᠬᠠᠷᠢᠭᠤᠴᠠᠯᠭ᠎ᠠ ᠡᠭᠦᠷᠭᠡᠯᠡᠬᠦ ᠵᠡᠷᠭᠡ ᠠᠵᠢᠯ ᠢ ᠬᠢᠵᠦ ᠪᠣᠯᠤᠨ᠎ᠠ 》 ᠭᠡᠵᠦ ᠲᠣᠭᠲᠠᠭᠠᠭᠰᠠᠨ ᠶᠤᠮ ᠃ ᠢᠩᠭᠢᠵᠦ ᠬᠢᠬᠦ ᠨᠢ ᠬᠡᠦᠬᠡᠳ ᠤᠨ ᠭᠦᠳᠡᠯᠮᠤᠷᠢᠯᠠᠭᠦ ᠴᠢᠳᠠᠪᠤᠷᠢ ᠶᠢ ᠭᠦᠮᠤᠵᠢᠭᠦᠯᠭᠦ ᠮᠥᠷᠲᠡᠭᠡᠨ ᠪᠠᠰᠠ ᠬᠡᠦᠬᠡᠳ ᠤᠨ ᠨᠡᠢᠭᠡᠮ ᠤᠨ ᠬᠠᠷᠢᠭᠤᠴᠠᠯᠭᠠᠲᠤ ᠰᠡᠳᠭᠢᠯᠭᠡ ᠶᠢ ᠭᠦᠮᠤᠵᠢᠭᠦᠯᠭᠦ ᠳᠤ ᠠᠰᠢᠭᠳᠡᠢ ᠶᠤᠮ ᠃ ᠨᠡᠢᠭᠡᠮ ᠤᠨ ᠥᠷᠢᠰᠦᠯᠳᠦᠭᠡᠨ ᠨᠢ ᠵᠥᠪᠬᠡᠨ ᠮᠡᠳᠡᠯᠭᠡ ᠪᠡ ᠤᠬᠠᠭᠠᠨ ᠴᠢᠳᠠᠪᠤᠷᠢ ᠶᠢᠨ ᠦᠵᠡᠯᠴᠡᠭᠡ ᠪᠢᠰᠢ ᠂ ᠨᠠᠩ ᠤᠯᠠᠨ ᠨᠢ ᠬᠠᠷᠢᠨ ᠵᠣᠷᠢᠭ ᠰᠠᠨᠠᠭ᠎ᠠ ᠪᠠ ᠬᠠᠲᠠᠭᠤ ᠰᠥᠰᠦ ᠶᠢᠨ ᠦᠵᠡᠯᠴᠡᠭᠡ ᠮᠥᠨ ᠃ ᠬᠠᠯᠠ ᠠᠮᠰᠠᠬᠤ ᠵᠣᠷᠢᠭ ᠰᠠᠨᠠᠭ᠎ᠠ ᠪᠠ ᠴᠢᠳᠠᠪᠤᠷᠢ ᠦᠭᠡᠢ ᠪᠣᠯ ᠰᠢᠷᠦᠭᠦᠨ ᠥᠷᠢᠰᠦᠯᠳᠦᠭᠡᠨ ᠤ ᠳᠤᠮᠳᠠ ᠢᠯᠠᠯᠳᠡ ᠣᠯᠵᠤ ᠴᠢᠳᠠᠬᠤ ᠦᠭᠡᠢ ᠶᠤᠮ ᠃ ᠡᠯ᠎ᠡ ᠤᠯᠤᠰ ᠤᠨ ᠭᠡᠷ ᠤᠨ ᠠᠬᠠᠮᠠᠳ ᠬᠡᠦᠬᠡᠳ ᠤᠨ ᠢᠶᠠᠨ ᠥᠪᠡᠷ ᠢ ᠪᠠᠨ ᠬᠠᠮᠢᠶᠠᠷᠬᠤ ᠴᠢᠳᠠᠪᠤᠷᠢ ᠪᠡ ᠬᠠᠯᠠ ᠵᠣᠪᠠᠯᠠᠩ ᠠᠮᠰᠠᠬᠤ ᠵᠣᠷᠢᠭ ᠰᠠᠨᠠᠭ᠎ᠠ ᠶᠢ ᠪᠠᠭ᠎ᠠ ᠡᠴᠡ ᠨᠢ ᠭᠦᠮᠤᠵᠢᠭᠦᠯᠭᠦ ᠶᠢ ᠲᠤᠩ ᠴᠢᠬᠤᠯᠠᠴᠢᠯᠠᠨ ᠦᠵᠡᠳᠡᠭ ᠪᠠᠢᠨ᠎ᠠ ᠃ ᠠᠮᠧᠷᠢᠺᠠ ᠶᠢᠨ ᠡᠮᠤᠨᠠᠳᠦ ᠪᠡᠶ᠎ᠡ ᠶᠢᠨ ᠨᠢᠭᠡ ᠪᠦᠯᠦᠭ ᠵᠧᠦ ᠡᠴᠡ ᠪᠠᠶᠢᠭᠤᠯᠤᠭᠰᠠᠨ ᠰᠤᠷᠭᠠᠭᠤᠯᠢ ᠨᠢ ᠰᠤᠷᠤᠭᠴᠢ ᠶᠢᠨ ᠪᠡᠶ᠎ᠡ ᠪᠠᠨ ᠳᠠᠭᠠᠭᠠᠵᠤ ᠠᠮᠢᠳᠤᠷᠠᠬᠤ ᠪᠡ ᠨᠡᠢᠭᠡᠮ ᠳᠤ ᠵᠣᠬᠢᠴᠠᠬᠤ ᠴᠢᠳᠠᠪᠤᠷᠢ ᠶᠢ ᠭᠦᠮᠤᠵᠢᠭᠦᠯᠭᠦ ᠶᠢᠨ ᠲᠥᠯᠦᠭᠡ ᠣᠨᠴᠠᠭᠠᠢ ᠲᠣᠭᠲᠠᠭᠠᠯ ᠭᠠᠷᠭᠠᠵᠤ 《 ᠰᠤᠷᠤᠭᠴᠢ ᠡᠷᠬᠡᠪᠰᠢ ᠪᠡᠶ᠎ᠡ ᠳᠡᠭᠡᠨ ᠨᠢᠭᠡ ᠮᠥᠩᠭᠦ ᠴᠤ ᠠᠪᠬᠤ ᠦᠭᠡᠢ ᠪᠠᠷ ᠪᠡᠶ᠎ᠡ ᠪᠠᠨ ᠳᠠᠭᠠᠭᠠᠵᠤ ᠨᠢᠭᠡ ᠭᠠᠷᠠᠭ ᠠᠮᠢᠳᠤᠷᠠᠪᠠᠯ ᠰᠠᠶᠢ ᠰᠤᠷᠭᠠᠭᠤᠯᠢ ᠡᠴᠡ ᠲᠡᠭᠦᠰᠴᠤ ᠪᠣᠯᠤᠨ᠎ᠠ 》ᠭᠡᠵᠡᠢ ᠃ ᠡᠨᠡᠬᠦ ᠨᠥᠬᠦᠴᠡᠯ ᠨᠢ ᠭᠡᠳᠤᠶᠢᠪᠠᠷ ᠵᠢᠭᠠᠬᠠᠨ ᠬᠠᠷᠠᠳᠡᠢ ᠪᠣᠯᠪᠠᠴᠤ ᠰᠤᠷᠤᠭᠴᠢᠳ ᠲᠤ ᠠᠪᠴᠤ ᠬᠡᠯᠡᠪᠡᠯ ᠤᠯᠤᠯᠳᠡ ᠶᠡᠬᠡᠲᠡᠢ ᠶᠤᠮ ᠃ ᠭᠡᠷ ᠤᠨ ᠠᠬᠠᠮᠠᠳ ᠴᠤ ᠡᠨᠡᠬᠦ ᠠᠵᠢᠯᠯᠠᠭ᠎ᠠ ᠶᠢ ᠪᠦᠬᠦ ᠬᠦᠴᠦᠨ ᠢᠶᠠᠷ ᠳᠠᠮᠵᠢᠵᠤ ᠪᠠᠢᠲᠠᠬ ᠃ ᠠᠮᠧᠷᠢᠺᠠ ᠶᠢᠨ ᠳᠤᠮᠳᠠᠳᠤ ᠰᠤᠷᠭᠠᠭᠤᠯᠢ ᠶᠢᠨ ᠰᠤᠷᠤᠭᠴᠢᠳ ᠲᠤ 《 ᠵᠣᠭᠤᠰ ᠵᠠᠷᠤᠶ᠎ᠠ ᠭᠡᠪᠡᠯ ᠥᠪᠡᠷ ᠢᠶᠠᠨ ᠣᠯᠤᠨ᠎ᠠ 》 ᠭᠡᠰᠡᠨ ᠤᠷᠢᠶ᠎ᠠ ᠪᠠᠢᠳᠠᠭ ᠃ ᠠᠮᠧᠷᠢᠺᠠ ᠶᠢᠨ ᠬᠡᠦᠬᠡᠳ ᠭᠡᠷ ᠨᠢ ᠬᠡᠴᠢᠨᠡᠨ ᠪᠠᠶᠠᠨ ᠪᠠᠶᠢᠯ᠎ᠠ ᠴᠤ ᠭᠡᠰᠡᠨ 12 ᠨᠠᠰᠤᠨ ᠡᠴᠡ ᠬᠣᠢᠰᠢ ᠪᠣᠯ ᠴᠥᠮ ᠬᠥᠷᠰᠢ ᠵᠡᠷᠭᠡᠯᠡᠳᠡᠭᠡ ᠠᠢᠯ ᠪᠤᠶᠤ ᠥᠪᠡᠷ ᠤᠨ ᠡᠴᠢᠭᠡ ᠡᠭᠡ ᠪᠠᠨ ᠬᠠᠪᠰᠤᠷᠴᠤ ᠡᠪᠡᠰᠦ ᠮᠣᠳᠤ ᠬᠠᠢᠴᠢᠯᠠᠬᠤ ᠪᠤᠶᠤ ᠰᠣᠨᠢᠨ ᠰᠡᠳᠭᠦᠯ ᠬᠦᠷᠭᠡᠵᠦ ᠪᠠᠢᠭᠠᠳ ᠥᠪᠡᠷ ᠤᠨ ᠰᠤᠯᠠ ᠵᠠᠷᠤᠬᠤ ᠵᠣᠭᠤᠰ ᠢᠶᠠᠨ ᠣᠯᠳᠠᠭ ᠶᠤᠮ ᠃ 14 ᠨᠠᠰᠤ ᠲᠠᠢ ᠵᠤᠨᠢ ᠭᠠᠷᠠᠭ ᠤᠨ ᠵᠢᠷᠭᠤᠭᠠᠨ ᠪᠣᠯᠬᠤ ᠪᠦᠷᠢ ᠬᠣᠭᠤᠯᠠᠨ ᠭᠡᠷ ᠲᠤ ᠣᠴᠢᠵᠤ ᠠᠵᠢᠯᠯᠠᠳᠠᠭ ᠃ ᠡᠭᠡ ᠨᠢ ᠨᠠᠳᠡ ᠬᠠᠪᠰᠤᠷᠴᠤ ᠠᠵᠢᠯ ᠬᠢᠭᠰᠡᠨ ᠴᠤ ᠮᠥᠨ ᠠᠳᠠᠯᠢ ᠪᠠᠷ ᠴᠠᠯᠢᠩ ᠣᠯᠵᠤ ᠪᠣᠯᠤᠨ᠎ᠠ ᠰᠢᠳᠡ ᠭᠡᠵᠦ ᠬᠡᠯᠡᠬᠦ ᠳᠤ ᠂ ᠲᠡᠷᠡ ᠭᠡᠷ ᠲᠡᠭᠡᠨ ᠥᠪᠡᠷ ᠤᠨ ᠡᠵᠢ ᠶᠢᠨ ᠢᠶᠠᠨ ᠵᠣᠭᠤᠰ ᠢ ᠤᠯᠬᠤ ᠨᠢ ᠴᠢᠳᠠᠪᠤᠷᠢ ᠪᠢᠰᠢ ᠂ ᠭᠠᠳᠠᠨ᠎ᠠ ᠭᠠᠷᠴᠤ ᠠᠵᠢᠯᠯᠠᠭᠠᠳ ᠵᠣᠭᠤᠰ ᠣᠯᠪᠠᠯ ᠰᠠᠶᠢ ᠥᠪᠡᠷ ᠤᠨ ᠪᠡᠶ᠎ᠡ ᠪᠠᠨ ᠳᠠᠭᠠᠭᠠᠬᠤ ᠴᠢᠳᠠᠪᠤᠷᠢ ᠪᠠᠨ ᠭᠦᠢᠴᠡᠳ ᠢᠯᠠᠷᠡᠭᠦᠯᠵᠤ ᠴᠢᠳᠠᠨ᠎ᠠ ᠭᠡᠯ᠎ᠠ ᠃

    ᠶᠠᠫᠤᠨ ᠳᠤ ᠬᠡᠦᠬᠡᠳ ᠢ ᠰᠤᠷᠭᠠᠨ ᠭᠦᠮᠤᠵᠢᠭᠦᠯᠭᠦ ᠨᠢᠭᠡ ᠪᠠᠳᠠᠭ ᠰᠡᠴᠡᠨ ᠦᠭᠡ ᠪᠠᠢᠳᠠᠭ ᠄ 《ᠨᠠᠷᠠᠨ ᠤ ᠭᠡᠷᠡᠯ ᠪᠡ ᠠᠭᠠᠷ ᠢ ᠶᠡᠬᠡ ᠪᠠᠢᠭᠠᠯᠢ ᠡᠴᠡ ᠰᠣᠶᠤᠷᠬᠠᠭᠰᠠᠨ ᠡᠴᠡ ᠭᠠᠳᠠᠨ᠎ᠠ ᠂ ᠪᠤᠰᠤᠳ ᠠᠯᠢᠪᠠ ᠪᠦᠬᠦᠨ ᠢ ᠴᠥᠮ ᠬᠥᠳᠡᠯᠮᠦᠷᠢ ᠪᠠᠷ ᠳᠠᠮᠵᠢᠨ ᠣᠯᠳᠠᠭ 》 ᠭᠡᠵᠡᠢ ᠃ ᠮᠠᠰᠢ ᠤᠯᠠᠨ ᠶᠠᠫᠤᠨ ᠤ ᠬᠡᠦᠬᠡᠳ ᠬᠢᠴᠢᠶᠡᠯ ᠤᠨ ᠭᠠᠳᠠᠭᠤᠷᠬᠢ ᠴᠠᠭ ᠲᠠᠭᠠᠨ ᠭᠠᠳᠠᠭᠰᠢ ᠭᠠᠷᠴᠤ ᠠᠵᠢᠯᠯᠠᠭᠠᠳ ᠵᠣᠭᠤᠰ ᠣᠯᠳᠠᠭ ᠂ ᠶᠡᠬᠡ ᠰᠤᠷᠭᠠᠭᠤᠯᠢ ᠶᠢᠨ ᠤᠶᠤᠳᠡᠳ ᠴᠤ ᠠᠵᠢᠯᠴᠢ ᠠᠷᠪᠢᠴᠢ ᠪᠠᠷ ᠰᠤᠷᠤᠯᠴᠠᠬᠤ ᠨᠢ ᠲᠤᠩ ᠤᠯᠠᠨ ᠃ ᠲᠡᠳᠡᠭᠡᠷ ᠤᠶᠤᠳᠡᠳ ᠬᠣᠭᠤᠯᠠᠨ ᠭᠡᠷ ᠲᠤ ᠫᠢᠯᠠ ᠰᠠᠪᠠ ᠵᠥᠭᠡᠭᠡᠵᠦ ᠂ ᠠᠶᠠᠭ᠎ᠠ ᠤᠭᠢᠶᠠᠨ ᠂ ᠮᠠᠶᠢᠮᠠᠢ ᠳᠡᠯᠭᠡᠭᠦᠷ ᠲᠤ ᠪᠠᠷᠠᠭ᠎ᠠ ᠬᠤᠳᠡᠯᠳᠤᠨ ᠂ ᠨᠠᠰᠤᠳᠡᠨ ᠢ ᠠᠰᠠᠷᠠᠬᠤ ᠭᠠᠵᠠᠷ ᠲᠤ ᠠᠰᠠᠷᠠᠭᠴᠢ ᠪᠣᠯᠵᠤ ᠂ ᠥᠪᠡᠷ ᠤᠨ ᠰᠤᠷᠤᠯᠭ᠎ᠠ ᠶᠢᠨ ᠰᠤᠶᠢᠳᠭᠡᠯ ᠢᠶᠠᠨ ᠣᠯᠴᠢᠬᠠᠳᠠᠭ ᠶᠤᠮ ᠃ ᠬᠡᠦᠬᠡᠳ ᠢ ᠲᠤᠩ ᠪᠠᠭ᠎ᠠ ᠪᠠᠢᠬᠤ ᠦᠶ᠎ᠡ ᠡᠴᠡ ᠨᠢ ᠡᠬᠢᠯᠡᠨ ᠡᠴᠢᠭᠡ ᠡᠭᠡ ᠨᠢ ᠲᠡᠳᠡᠨ ᠳᠤ 《 ᠪᠤᠰᠤᠳ ᠲᠤ ᠶᠠᠷᠰᠢᠬ ᠲᠠᠲᠠᠬᠤ ᠦᠭᠡᠢ 》 ᠭᠡᠳᠡᠭ ᠨᠢᠭᠡ ᠵᠦᠢᠯ ᠤᠨ ᠦᠵᠡᠯ ᠰᠠᠨᠠᠭ᠎ᠠ ᠶᠢ ᠤᠬᠠᠭᠤᠯᠵᠤ ᠨᠠᠪᠳᠡᠷᠡᠭᠦᠯᠳᠡᠭ ᠃ ᠪᠦᠬᠦ ᠭᠡᠷ ᠢᠶᠠᠷ ᠢᠶᠠᠨ ᠭᠠᠳᠠᠭᠰᠢ ᠭᠠᠷᠴᠤ ᠵᠤᠭᠠᠴᠠᠬᠤ ᠳᠤ ᠬᠡᠳᠦᠢ ᠪᠠᠭ᠎ᠠ ᠬᠡᠦᠬᠡᠳ ᠴᠤ ᠭᠡᠰᠡᠨ ᠠᠷᠤ ᠳᠠᠭᠠᠨ ᠨᠢᠭᠡ ᠪᠣᠭᠴᠤ ᠡᠭᠦᠷᠦᠭᠰᠡᠨ ᠪᠠᠢᠳᠠᠭ ᠶᠤᠮ ᠃ ᠡᠢᠮᠦ ᠡᠴᠡ ᠶᠠᠫᠤᠨ ᠤ ᠬᠡᠦᠬᠡᠳ ᠪᠠᠭ᠎ᠠ ᠡᠴᠡ ᠪᠠᠨ ᠴᠥᠮ 《 ᠥᠪᠡᠷ ᠤᠨ ᠶᠠᠭᠤᠮ᠎ᠠ ᠪᠠᠨ ᠥᠪᠡᠷ ᠢᠶᠠᠨ ᠬᠠᠮᠢᠶᠠᠷᠴᠤ ᠶᠠᠪᠤᠨ᠎ᠠ 》ᠭᠡᠰᠡᠨ ᠦᠵᠡᠯᠲᠡ ᠲᠠᠢ ᠪᠠᠢᠳᠠᠭ ᠪᠢᠯᠡ ᠃

    ᠺᠠᠨᠠᠳᠠᠴᠤᠳ ᠬᠡᠦᠬᠡᠳ ᠤᠨ ᠢᠶᠠᠨ ᠢᠷᠡᠭᠡᠳᠦᠢ ᠶᠢᠨ ᠨᠡᠢᠭᠡᠮ ᠳᠤ ᠣᠷᠤᠰᠢᠨ ᠠᠮᠢᠳᠤᠷᠠᠬᠤ ᠴᠢᠳᠠᠪᠤᠷᠢ ᠶᠢ ᠭᠦᠮᠤᠵᠢᠭᠦᠯᠭᠦ ᠶᠢᠨ ᠲᠥᠯᠦᠭᠡ ᠂ ᠺᠠᠨᠠᠳᠡ ᠶᠢᠨ ᠭᠡᠷ ᠤᠨ ᠠᠬᠠᠮᠠᠳ ᠰᠠᠨᠠᠭᠠᠴᠢᠯᠠᠭ᠎ᠠ ᠲᠠᠢ ᠪᠠᠷ ᠬᠡᠦᠬᠡᠳ ᠤᠨ ᠢᠶᠠᠨ ᠪᠡᠶ᠎ᠡ ᠪᠠᠨ ᠳᠠᠭᠠᠭᠠᠵᠤ ᠠᠮᠢᠳᠤᠷᠠᠬᠤ ᠴᠢᠳᠠᠪᠤᠷᠢ ᠶᠢ ᠭᠦᠮᠤᠵᠢᠭᠦᠯᠳᠡᠭ ᠃ ᠺᠠᠨᠠᠳᠡ ᠶᠢᠨ ᠨᠢᠭᠡ ᠰᠤᠷᠪᠤᠯᠵᠢᠯᠠᠭᠴᠢ ᠶᠢᠨ ᠭᠡᠷ ᠤᠨ ᠪᠠᠭ᠎ᠠ ᠰᠤᠷᠭᠠᠭᠤᠯᠢ ᠳᠤ ᠰᠤᠷᠤᠯᠴᠠᠵᠤ ᠪᠠᠢᠭ᠎ᠠ ᠬᠣᠶᠠᠷ ᠬᠡᠦᠬᠡᠳ ᠨᠢ ᠡᠳᠦᠷ ᠪᠣᠯᠭᠠᠨ ᠤ ᠥᠷᠯᠦᠭᠡ ᠡᠷᠲᠡ ᠡᠷᠦᠬᠡ ᠳᠠᠷᠠᠭᠠᠯᠠᠨ ᠰᠣᠨᠢᠨ ᠬᠦᠷᠭᠡᠳᠡᠭ ᠃ ᠬᠡᠦᠬᠡᠳ ᠤᠨ ᠢᠶᠠᠨ ᠤᠷᠮ᠎ᠠ ᠪᠠᠬᠠᠳᠡᠢ ᠰᠣᠨᠢᠨ ᠬᠤᠪᠢᠶᠠᠬᠤ ᠶᠢ ᠦᠵᠡᠭᠡᠳ ᠲᠡᠷᠡᠬᠦ ᠰᠤᠷᠪᠤᠯᠵᠢᠯᠠᠭᠴᠢ ᠡᠴᠢᠭᠡ ᠨᠢ ᠲᠤᠶᠢᠯ ᠢᠶᠠᠷ ᠣᠮᠤᠭᠰᠢᠵᠤ ᠄ 《ᠡᠢᠮᠦ ᠠᠷᠪᠢᠨ ᠰᠣᠨᠢᠨ ᠢ ᠬᠤᠪᠢᠶᠠᠬᠤ ᠠᠮᠠᠷ ᠦᠭᠡᠢ ᠰᠢᠤ ᠂ ᠬᠠᠷ᠎ᠠ ᠡᠷᠲᠡ ᠪᠠᠷ ᠪᠣᠰᠤᠨ᠎ᠠ ᠂ ᠰᠠᠯᠬᠢᠨ ᠪᠣᠷᠤᠭᠠᠨ ᠢ ᠬᠠᠶᠢᠬᠤᠷᠤᠯ ᠦᠭᠡᠢ ᠭᠡᠵᠢᠶᠠᠳᠡ ᠭᠦᠷᠭᠡᠨ᠎ᠠ ᠂ ᠭᠡᠪᠡᠴᠦ ᠬᠡᠦᠬᠡᠳ ᠮᠢᠨᠢ ᠨᠢᠭᠡ ᠤᠳᠠᠭ᠎ᠠ ᠴᠤ ᠶᠡᠷᠦ ᠡᠴᠡ ᠰᠣᠨᠢᠨ ᠬᠦᠷᠭᠡᠬᠦ ᠪᠠᠨ ᠰᠠᠭᠠᠲᠠᠭᠠᠭᠰᠠᠨ ᠦᠭᠡᠢ ᠶᠤᠮ 》 ᠭᠡᠵᠡᠢ ᠃ ᠬᠡᠷᠪᠡ ᠲᠡᠢᠮᠦ ᠪᠢᠰᠢ ᠂ 《 ᠠᠮᠠᠨ ᠳᠠᠭᠠᠨ ᠬᠢᠪᠡᠯ ᠬᠠᠶᠢᠯᠤᠮᠠᠷ 》 ᠭᠡᠵᠦ 《 ᠲᠣᠷᠭᠠᠨ ᠳᠡᠭᠡᠷ᠎ᠡ ᠡᠷᠬᠡᠯᠡᠬᠦᠯᠵᠤ ᠂ ᠲᠤᠰᠤᠨ ᠳᠡᠭᠡᠷ᠎ᠡ ᠭᠤᠯᠭᠤᠭᠤᠯᠪᠠᠯ 》 ᠬᠥᠮᠦᠨ ᠶᠠᠭᠠᠬᠢᠵᠤ ᠬᠥᠮᠦᠵᠢᠭᠳᠡᠬᠦ ᠶᠢ ᠮᠠᠨ ᠤ ᠪᠠᠨ ᠬᠡᠦᠬᠡᠳ ᠡᠴᠡ ᠣᠯᠵᠤ ᠬᠠᠷᠠᠬᠤ ᠦᠭᠡᠢ ᠭᠡᠵᠢ ᠤᠤ ︖ ᠬᠣᠶᠠᠷ ᠲᠣᠭᠤᠷᠢᠭ ᠭᠦᠶᠦᠵᠦ ᠲᠠᠮᠢᠷ ᠬᠢᠭᠡᠳ ᠠᠮᠢᠰᠭᠤᠭ᠎ᠠ ᠪᠦᠭᠯᠡᠷᠡᠬᠡᠳ ᠶᠠᠭᠠᠬᠢᠵᠤ ᠪᠠᠢᠨ᠎ᠠ ︖ ᠴᠡᠷᠢᠭ ᠤᠨ ᠰᠤᠷᠭᠠᠭᠤᠯᠡᠯ ᠬᠢᠵᠦ ᠬᠠᠭᠠᠰ ᠴᠠᠭ ᠨᠠᠷᠠᠨ ᠳᠤ ᠰᠢᠷᠠᠭᠳᠠᠬᠤ ᠳᠤᠨᠢ ᠵᠣᠭᠰᠤᠵᠤ ᠳᠡᠢᠯᠬᠦ ᠦᠭᠡᠢ ᠲᠡᠨᠴᠢᠬᠦᠷᠳᠡᠭ ᠬᠡᠳᠦᠢ ᠪᠠᠢᠨ᠎ᠠ ︖ ᠴᠢᠩᠬᠤᠸᠠ ᠶᠡᠬᠡ ᠰᠤᠷᠭᠠᠭᠤᠯᠢ ᠶᠢᠨ ᠭᠤᠷᠪᠠᠨ ᠮᠢᠩᠭᠠᠨ ᠰᠤᠷᠤᠭᠴᠢ ᠴᠡᠷᠢᠭ ᠤᠨ ᠪᠣᠯᠪᠠᠰᠤᠷᠠᠯ ᠳᠤ ᠮᠠᠨᠠᠷᠠᠨ ᠤᠶᠢᠴᠢᠭᠰᠠᠨ ᠭᠡᠳᠡᠭ ᠂ ᠡᠨᠡ ᠶᠠᠭᠤ ᠶᠢ ᠬᠠᠷᠠᠭᠤᠯᠪᠠ ︖ ᠬᠠᠲᠠᠭᠤ ᠪᠣᠯᠪᠠᠰᠤᠷᠠᠯ ᠳᠤ ᠳᠠᠳᠤᠭᠰᠠᠨ ᠦᠭᠡᠢ ᠶᠢᠨ ᠬᠢ ︕

    ᠡᠢᠮᠦ ᠡᠴᠡ ᠬᠠᠲᠠᠭᠤ ᠬᠥᠮᠦᠵᠢᠯ ᠪᠣᠯ ᠣᠳᠣᠬᠠᠨ ᠤ ᠰᠤᠷᠭᠠᠨ ᠬᠥᠮᠦᠵᠢᠯ ᠤᠨ ᠵᠠᠩᠭᠢᠯᠠᠭ᠎ᠠ ᠭᠡᠳᠡᠭ ᠢ ᠮᠡᠳᠡᠷᠡᠬᠦ ᠬᠡᠷᠡᠭᠲᠡᠢ ᠃ ᠬᠠᠲᠠᠭᠤ ᠪᠠᠷ ᠰᠤᠷᠭᠠᠬᠤ ᠶᠢ ᠪᠢᠳᠡ ᠰᠤᠷᠭᠠᠨ ᠬᠥᠮᠦᠵᠢᠯ ᠳᠡᠭᠡᠨ ᠦᠢᠯᠡᠳᠦᠯᠭᠡᠵᠢᠭᠦᠯᠬᠦ ᠮᠠᠰᠢ ᠴᠢᠬᠤᠯᠠᠲᠠᠢ ᠪᠠᠢᠨ᠎ᠠ ᠃

ᠡᠮᠦᠨᠡᠬᠢ ᠵᠣᠬᠢᠶᠠᠯᠵᠣᠬᠢᠶᠠᠯ ᠦᠭᠡᠢ ᠪᠣᠯᠵᠠᠢ

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠥᠪᠦᠷ ᠮᠣᠩᠭᠤᠯ ᠥᠨᠳᠥᠰᠥᠲᠡᠨ ᠦ ᠰᠤᠷᠭᠠᠨ ᠬᠥᠮᠦᠵᠢᠯ ᠦᠨ ᠰᠦᠯᠵᠢᠶ᠎ᠡ ᠬᠡᠪᠯᠡᠯ ᠦᠨ ᠡᠷᠬᠡ ᠲᠡᠢ ᠃ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃