lt
ᠦᠬᠦᠯᠡᠯ ᠰᠤᠳᠤᠯᠤᠯ
ᠮᠣᠩᠭᠤᠯ ᠦᠰᠦᠭ ᠪᠢᠴᠢᠭ᠌ ᠤᠨ ᠤᠯᠠᠷᠢᠨ ᠬᠤᠪᠢᠷᠠᠯᠲᠠ
2016.04.13 ᠲᠣᠰ ᠥᠷᠲᠡᠭᠡᠨ ᠦ ᠨᠠᠢᠷᠠᠭᠤᠯᠤᠭᠴᠢ

ᠤᠢᠭᠤᠷᠵᠢᠨ ᠮᠣᠩᠭᠤᠯ ᠦᠰᠦᠭ

ᠮᠣᠩᠭᠤᠯᠴᠤᠳ ᠤᠢᠭᠤᠷᠵᠢᠨ ᠮᠣᠩᠭᠤᠯ ᠦᠰᠦᠭ ᠢ ᠬᠠᠮᠤᠭ ᠠᠩᠬᠠᠨ ᠤ 13 ᠳ᠋ᠤᠭᠠᠷ ᠵᠠᠭᠤᠨ ᠤ ᠡᠬᠢᠮ ᠤ ᠦᠶ᠎ᠡ ᠳᠤ ᠴᠢᠩᠭᠢᠰ ᠬᠠᠭᠠᠨ ᠨᠠᠢ᠍ᠮᠠᠨ ᠠᠢᠮᠠᠭ ᠢ ᠪᠠᠢᠯᠳᠤᠨ ᠳᠠᠭᠠᠭᠤᠯᠤᠭᠰᠠᠨ ᠦᠶ᠎ᠡ ᠳᠤ ᠤᠢᠭᠤᠷ ᠬᠥᠮᠦᠨ ᠲᠠᠠᠳᠠᠳᠤᠩᠭ᠎ᠠ ᠵᠢ ᠣᠯᠵᠠᠯᠠᠨ ᠠᠪᠴᠤ ᠢᠷᠡᠵᠦ ᠶᠤᠸᠠᠨ ᠤᠯᠤᠰ ᠤᠨ ᠲᠠᠮᠠᠭ᠎ᠠ ᠬᠠᠮᠢᠶᠠᠷᠬᠤ ᠲᠤᠰᠢᠶᠠᠯᠲᠠᠨ ᠤ ᠠᠵᠢᠯ ᠬᠠᠷᠢᠭᠤᠴᠠᠭᠤᠯᠬᠤ ᠵᠢᠨ ᠬᠠᠮᠲᠤ ᠬᠠᠭᠠᠳ ᠨᠣᠶᠠᠳ ᠤᠨ ᠦᠷ᠎ᠡ ᠬᠡᠦᠬᠡᠳ ᠲᠦ ᠤᠢᠭᠤᠷ ᠦᠰᠦᠭ ᠢᠶᠠᠷ ᠡᠷᠲᠡᠨ ᠤ ᠮᠣᠩᠭᠤᠯ ᠬᠡᠯᠡ ᠵᠢ ᠲᠡᠮᠳᠡᠭᠯᠠᠨ ᠵᠢᠭᠠᠯᠭᠠᠵᠤ ᠪᠠᠢᠵᠠᠢ ᠃ ᠡᠢᠮᠦ ᠡᠴᠡ ᠤᠢᠭᠤᠷ ᠦᠰᠦᠭ ᠪᠣᠯ ᠳᠠᠷᠤᠢ ᠮᠣᠩᠭᠤᠯ ᠬᠠᠭᠠᠨᠲᠦ ᠤᠯᠤᠰ ᠤᠨ ᠲᠥᠷᠦ ᠵᠢᠨ ᠦᠰᠦᠭ ᠪᠢᠴᠢᠭ᠌ ᠪᠣᠯᠤᠭᠰᠠᠨ ᠪᠢᠯᠡ ᠃

ᠮᠣᠩᠭᠤᠯ ᠦᠰᠦᠭ ᠪᠢᠴᠢᠭ᠌ ᠤᠨ ᠵᠢᠷᠦᠬᠡᠨ ᠤ ᠳᠤᠯᠲᠦ

ᠮᠠᠨ ᠤ ᠮᠣᠩᠭᠤᠯ ᠦᠰᠦᠭ ᠪᠢᠴᠢᠭ᠌ ᠢ ᠬᠡᠷᠡᠭᠯᠡᠭᠰᠠᠨ ᠬᠤᠭᠤᠴᠠᠭ᠎ᠠ ᠤᠷᠲᠤ ᠤᠳᠠᠭᠠᠨ ᠪᠣᠯᠪᠠᠴᠤ ᠲᠡᠭᠦᠨ ᠢ ᠰᠢᠰᠲ᠋ᠧᠮ ᠲᠠᠢ ᠡᠮᠬᠢᠳᠭᠡᠨ ᠰᠤᠳᠤᠯᠤᠭᠰᠠᠨ ᠬᠥᠮᠦᠨ ᠬᠣᠪᠤᠷ ᠪᠠᠢᠳᠠᠭ ᠂ ᠡᠨᠡ ᠲᠤᠬᠠᠢ ᠵᠠᠷᠢᠮ ᠲᠡᠦᠬᠡ ᠵᠢᠨ ᠲᠡᠮᠳᠡᠭᠯᠡᠯ ᠡᠴᠡ ᠦᠵᠡᠪᠡᠯ ᠲᠥᠪᠡᠳ ᠤᠨ ᠰᠠᠴᠠ ᠪᠠᠨᠳᠢᠳᠠ ᠬᠦᠩᠭᠠᠵᠠᠯᠽᠠᠨ 13 ᠳ᠋ᠤᠭᠠᠷ ᠵᠠᠭᠤᠨ ᠤ ᠳᠤᠮᠳᠠᠴᠢ ᠦᠶ᠎ᠡ ᠪᠡᠷ ᠮᠣᠩᠭᠤᠯ ᠣᠷᠤᠨ ᠳᠤ ᠢᠷᠡᠵᠦ ᠂ ᠮᠣᠩᠭᠤᠯ ᠦᠰᠦᠭ ᠢ ᠴᠢᠩᠭ᠎ᠠ ᠂ ᠬᠥᠨᠳᠡᠢ ᠂ ᠰᠠᠭᠠᠷᠮᠠᠭ ᠭᠡᠬᠦ ᠬᠡᠯᠡᠨ ᠵᠦᠢ ᠵᠢᠨ ᠵᠣᠬᠢᠶᠠᠯ ᠪᠢᠴᠢᠵᠡᠢ ᠭᠡᠳᠡᠭ ᠃ ᠲᠡᠢᠮᠦ ᠡᠴᠡ ᠬᠦᠩᠭᠠᠵᠠᠯᠽᠠᠨ ᠤ ᠬᠡᠯᠡᠨ ᠵᠦᠢ ᠵᠢ ᠮᠣᠩᠭᠤᠯ ᠦᠰᠦᠭ ᠪᠢᠴᠢᠭ᠌ ᠤᠨ ᠨᠢᠭᠡᠳᠦᠭᠡᠷ 《 ᠵᠢᠷᠦᠬᠡᠨ ᠤ ᠳᠤᠯᠳᠦ 》 ᠭᠡᠳᠡᠭ ᠶᠤᠮ ᠃

1305 ᠣᠨ ᠳᠤ ᠴᠤᠢᠵᠢᠠᠤᠤᠰᠠᠷ ᠪᠠᠨᠳᠢᠳᠠ ᠮᠣᠩᠭᠤᠯ ᠬᠡᠯᠡᠨ ᠵᠦᠢ ᠪᠠ ᠪᠢᠴᠢᠯᠭᠡ ᠵᠢᠨ ᠲᠦᠷᠢᠮ ᠤᠨ ᠲᠠᠯ᠎ᠠ ᠪᠡᠷ ᠶᠡᠬᠡ ᠬᠡᠮᠵᠢᠶᠡᠨ ᠤ ᠥᠭᠡᠷᠡᠴᠢᠯᠡᠯᠲᠡ ᠬᠢᠵᠡᠢ ᠃ ᠲᠡᠭᠦᠨ ᠤ ᠭᠣᠣᠯ ᠪᠦᠲᠦᠭᠡᠯ ᠨᠢ ᠄

1. ᠵᠦᠪ ᠪᠢᠴᠢᠯᠭᠡ ᠵᠢᠨ ᠳᠦᠷᠢᠮ ᠪᠤᠯᠤᠨ ᠬᠡᠯᠡᠨ ᠵᠦᠢ ᠵᠢᠨ ᠰᠠᠭᠤᠷᠢ ᠵᠢ ᠳᠤᠭᠲᠠᠭᠠᠵᠠᠢ ᠃

2. ᠭᠡᠢᠭᠦᠯᠦᠭᠴᠢ ᠪᠤᠯᠤᠨ ᠡᠭᠡᠰᠢᠭ ᠬᠣᠶᠠᠷ ᠤᠨ ᠤᠶᠠᠯᠳᠤᠬᠤ ᠵᠦᠢ ᠵᠢ ᠳᠤᠷᠠᠳᠤᠨ ᠲᠠᠢᠯᠪᠤᠷᠢᠯᠠᠵᠠᠢ ᠃

3. ᠴᠠᠭᠠᠨ ᠲᠣᠯᠤᠭᠠᠢ ᠵᠢ 115 ᠦᠶᠡᠲᠦ ᠦᠰᠦᠭ ᠪᠣᠯᠭᠠᠨ ᠬᠤᠪᠢᠯᠭᠠᠵᠠᠢ ᠃

4. ᠨᠡᠷ᠎ᠡ ᠦᠭᠡ ᠵᠢᠨ ᠲᠠᠢᠨ ᠢᠠᠯᠭᠠᠯ ᠪᠤᠯᠤᠨ ᠬᠡᠯᠡᠨ ᠤ ᠵᠦᠢ ᠵᠢᠨ ᠤᠳᠭ᠎ᠠ ᠵᠢ ᠠᠩᠬ᠎ᠠ ᠤᠳᠠᠭ᠎ᠠ ᠳᠤᠷᠠᠳᠤᠨ ᠭᠠᠷᠭᠠᠵᠠᠢ ᠃

5. ᠲᠠᠢᠨ ᠢᠯᠭᠠᠯ ᠤᠨ ᠲᠠᠭᠠᠪᠤᠷᠢ ᠵᠢ ᠬᠡᠷᠡᠭᠯᠡᠬᠦ ᠲᠦᠷᠢᠮ ᠢ ᠨᠠᠷᠢᠨ ᠲᠠᠢᠯᠪᠤᠷᠢᠯᠠᠭᠰᠠᠨ ᠪᠠᠢᠨ᠎ᠠ ᠃

6. ᠡᠭᠡᠰᠢᠭ ᠠᠪᠢᠶ᠎ᠠ ᠪᠤᠯᠤᠨ ᠭᠡᠢᠭᠦᠯᠦᠭᠴᠢ ᠠᠪᠢᠶ᠎ᠠ ᠵᠢᠨ ᠠᠪᠢᠶᠠᠯᠠᠬᠤ ᠪᠠᠢᠷᠢ ᠪᠠ ᠠᠪᠢᠶᠠᠯᠠᠬᠤ ᠠᠷᠭ᠎ᠠ ᠵᠢᠨ ᠤᠬᠠᠭᠠᠨ ᠢ ᠦᠨᠳᠦᠰᠦᠯᠡᠵᠦ ᠂ ᠠᠯᠳᠠ ᠂ ᠮᠣᠳᠤ ᠂ ᠤᠰᠤ ᠂ ᠭᠠᠯ ᠂ ᠰᠢᠷᠤᠢ ᠵᠡᠷᠭᠡ ᠪᠡᠷ ᠮᠣᠩᠭᠤᠯ ᠬᠡᠯᠡᠨ ᠤ ᠠᠪᠢᠶ᠎ᠠ ᠵᠢ ᠠᠪᠢᠶᠠᠯᠠᠬᠤ ᠪᠠᠢᠷᠢ ᠪᠠ ᠠᠪᠢᠶᠠᠯᠠᠬᠤ ᠠᠷᠭ᠎ᠠ ᠵᠢᠨ ᠲᠠᠯ᠎ᠠ ᠪᠡᠷ ᠲᠠᠪᠤᠨ ᠠᠩᠭᠢ ᠪᠡᠷ ᠠᠩᠬᠢᠯᠠᠵᠦ ᠂ ᠲᠠᠪᠤᠨ ᠮᠠᠬᠠᠪᠤᠳ ᠤᠨ ᠠᠢᠮᠠᠭ ᠪᠣᠯᠭᠠᠨ ᠬᠤᠪᠢᠶᠠᠷᠢᠯᠠᠵᠠᠢ ᠃ ᠡᠢᠮᠦ ᠡᠴᠡ ᠴᠦᠢᠵᠢᠠᠤᠤᠰᠠᠷ ᠤᠨ ᠮᠣᠩᠭᠤᠯ ᠬᠡᠯᠡᠨ ᠤ ᠵᠦᠢ ᠵᠢ ᠪᠠᠰᠠ ᠮᠣᠩᠭᠤᠯ ᠦᠰᠦᠭ ᠪᠢᠴᠢᠭ᠌ ᠤᠨ ᠬᠣᠶᠠᠳᠤᠭᠠᠷ 《 ᠵᠢᠷᠦᠬᠡᠨ ᠤ ᠳᠤᠯᠳᠦ 》 ᠭᠡᠳᠡᠭ ᠶᠤᠮ ᠃

1628 ᠤᠨ ᠡᠴᠡ ᠡᠮᠦᠨ᠎ᠡ ᠬᠦᠩᠭᠠᠠᠤᠤᠰᠡᠷ ᠪᠠᠨᠳᠢᠳᠠ ᠯᠢᠭᠳᠡᠨ ᠬᠠᠭᠠᠨ ᠤ ᠵᠠᠷᠯᠢᠭ ᠢᠶᠠᠷ 《 ᠭᠠᠨᠵᠤᠤᠷ ᠰᠣᠨᠳᠤᠷ 》 ᠢ ᠣᠷᠴᠢᠭᠤᠯᠬᠤ ᠦᠶ᠎ᠡ ᠳᠤ ᠦᠰᠦᠭ ᠤᠨ ᠲᠢᠭ ᠬᠡᠯᠪᠡᠷᠢ ᠂ ᠵᠦᠪ ᠪᠢᠴᠢᠯᠭᠡ ᠵᠢ ᠨᠢᠭᠡᠳᠭᠡᠬᠦ ᠵᠢᠨ ᠲᠥᠯᠦᠭᠡ ᠰᠢᠨ᠎ᠡ 《 ᠵᠢᠷᠦᠬᠡᠨ ᠤ ᠳᠤᠯᠳᠦ 》 ᠵᠢ ᠵᠣᠬᠢᠶᠠᠪᠠ ᠃ ᠡᠭᠦᠨ ᠢ ᠪᠠᠰᠠ ᠮᠣᠩᠭᠤᠯ ᠦᠰᠦᠭ ᠪᠢᠴᠢᠭ᠌ ᠤᠨ ᠭᠤᠷᠪᠠᠳᠤᠭᠠᠷ 《 ᠵᠢᠷᠦᠬᠡᠨ ᠤ ᠳᠤᠯᠲᠦ 》 ᠭᠡᠳᠡᠭ ᠃

ᠮᠣᠩᠭᠤᠯ ᠳᠥᠷᠪᠡᠯᠵᠢᠨ ᠦᠰᠦᠭ

1260 ᠣᠨ ᠳᠤ ᠬᠤᠪᠢᠯᠠᠢ ᠰᠡᠴᠡᠨ ᠬᠠᠭᠠᠨ ᠮᠣᠩᠭᠤᠯ ᠦᠰᠦᠭ ᠢ ᠥᠭᠡᠷᠡᠴᠢᠯᠡᠨ ᠵᠣᠬᠢᠶᠠᠬᠤ ᠡᠭᠦᠷᠭᠡ ᠵᠢ ᠲᠥᠪᠡᠳ ᠤᠨ ᠫᠠᠭᠪᠠ ᠯᠠᠮᠠ ᠳᠤ ᠳᠠᠭᠠᠭᠠᠯᠭᠠᠭᠰᠠᠨ ᠪᠠᠢᠨ᠎ᠠ ᠃ ᠫᠠᠭᠪᠠ ᠯᠠᠮᠠ 1260 ~1269 ᠣᠨ ᠤ ᠬᠤᠭᠤᠷᠤᠨᠲᠦ ᠡᠨᠡᠳᠬᠡᠭ ᠤᠨ ᠰᠠᠨᠰᠺᠷᠢᠲ ᠴᠠᠭᠠᠨ ᠲᠣᠯᠤᠭᠠᠢ ᠪᠡ ᠲᠥᠪᠡᠳ ᠦᠰᠦᠭ ᠤᠨ ᠴᠠᠭᠠᠨ ᠲᠣᠯᠤᠭᠠᠢ ᠵᠢ ᠦᠨᠳᠦᠰᠦᠯᠡᠵᠦ ᠂ 42 ᠦᠰᠦᠭ ᠢᠶᠠᠷ ᠪᠦᠷᠢᠯᠳᠦᠭᠰᠡᠨ ᠳᠥᠷᠪᠡᠯᠵᠢᠨ ᠦᠰᠦᠭ ᠤᠨ ᠴᠠᠭᠠᠨ ᠲᠣᠯᠤᠭᠠᠢ ᠵᠢ ᠵᠣᠬᠢᠶᠠᠭᠰᠠᠨ ᠪᠠᠢᠨ᠎ᠠ ᠃ ᠵᠣᠬᠢᠶᠠᠵᠤ ᠪᠠᠷᠠᠭᠰᠠᠨ ᠵᠢᠯ ᠳᠤ ᠬᠤᠪᠢᠯᠠᠢ ᠬᠠᠭᠠᠨ ᠪᠦᠬᠦ ᠶᠤᠸᠠᠨ ᠤᠯᠤᠰ ᠲᠦ ᠵᠠᠷᠯᠢᠭ ᠪᠠᠭᠤᠯᠭᠠᠵᠤ ᠨᠡᠢᠳᠡᠮ ᠬᠡᠷᠡᠭᠯᠡᠵᠡᠢ ᠃ ᠲᠡᠷᠡ ᠦᠶ᠎ᠡ ᠳᠤ ᠮᠣᠩᠭᠤᠯ ᠳᠥᠷᠪᠡᠯᠵᠢᠨ ᠦᠰᠦᠭ ᠢ ᠵᠠᠷᠤᠬᠤ ᠵᠢᠨ ᠬᠠᠮᠲᠤ ᠤᠢᠭᠤᠷᠵᠢᠨ ᠮᠣᠩᠭᠤᠯ ᠦᠰᠦᠭ ᠪᠠ ᠬᠢᠲᠠᠳ ᠂ ᠲᠥᠪᠡᠳ ᠦᠰᠦᠭ ᠢ ᠬᠠᠮᠲᠤ ᠳᠤᠨᠢ ᠳᠠᠭᠠᠭᠤᠯᠵᠤ ᠬᠡᠷᠡᠭᠯᠡᠵᠦ ᠪᠠᠢᠯ᠎ᠠ ᠃

ᠠᠶᠤᠰᠢ ᠬᠦᠤᠰᠢ ᠵᠢᠨ ᠠᠯᠢ ᠭᠠᠯᠢ ᠦᠰᠦᠭ

1577 ᠣᠨ ᠡᠴᠡ ᠬᠣᠢᠰᠢ ᠰᠢᠷ᠎ᠠ ᠵᠢᠨ ᠱᠠᠰᠢᠨ ᠮᠣᠩᠭᠤᠯ ᠣᠷᠤᠨ ᠳᠤ ᠳᠡᠯᠭᠡᠷᠡᠵᠡᠢ ᠂ ᠲᠤᠬᠠᠢ ᠵᠢᠨ ᠦᠶ᠎ᠡ ᠳᠤ ᠰᠦᠮ᠎ᠡ ᠬᠡᠢᠳ ᠨᠢ ᠮᠣᠩᠭᠤᠯ ᠦᠨᠳᠦᠰᠤᠳᠠᠨ ᠤ ᠰᠣᠶᠤᠯ ᠤᠨ ᠲᠥᠪ ᠪᠣᠯᠵᠤ ᠂ ᠪᠤᠷᠬᠠᠨ ᠤ ᠨᠣᠮ ᠰᠤᠳᠤᠷ ᠢ ᠮᠣᠩᠭᠤᠯ ᠬᠡᠯᠡ ᠪᠡᠷ ᠣᠷᠴᠢᠭᠤᠯᠬᠤ ᠠᠰᠠᠭᠤᠳᠠᠯ ᠳᠤᠯᠭᠠᠮ᠎ᠠ ᠱᠠᠭᠠᠷᠳᠠᠭᠳᠠᠵᠦ ᠪᠠᠢᠵᠠᠢ ᠃ ᠲᠡᠷᠡ ᠦᠶ᠎ᠡ ᠳᠤ ᠠᠯᠳᠠᠨ ᠬᠠᠭᠠᠨ ᠮᠣᠩᠭᠤᠯ ᠂ ᠲᠥᠪᠡᠳ ᠂ ᠰᠠᠨᠰᠺᠷᠢᠲ ᠭᠤᠷᠪᠠᠨ ᠬᠡᠯᠡ ᠳᠤ ᠨᠡᠪᠳᠡᠷᠡᠭᠰᠠᠨ ᠬᠠᠷᠠᠴᠢᠨ ᠤ ᠬᠦᠤᠰᠢ ᠠᠶᠤᠰᠢ ᠵᠡᠷᠭᠡ ᠡᠷᠳᠡᠮᠲᠡᠨ ᠳᠤ ᠵᠠᠷᠯᠢᠭ ᠪᠠᠭᠤᠯᠭᠠᠵᠤ ᠂ ᠲᠥᠪᠡᠳ ᠬᠡᠯᠡᠨ ᠡᠴᠡ 《 ᠭᠠᠨᠵᠤᠤᠷ 》 ᠢ ᠤᠷᠴᠢᠭᠤᠯᠤᠭᠤᠯᠪᠠ ᠃ ᠣᠷᠴᠢᠭᠤᠯᠬᠤ ᠶᠠᠪᠤᠴᠠ ᠳᠤ ᠬᠠᠷᠢ ᠬᠡᠯᠡᠨ ᠤ ᠵᠢᠭᠡᠯᠡᠬᠡ ᠦᠭᠡ ᠵᠢ ᠮᠣᠩᠭᠤᠯ ᠢᠶᠠᠷ ᠲᠡᠮᠳᠡᠭᠯᠡᠬᠦ ᠳᠤ ᠬᠦᠴᠢᠷ ᠪᠣᠯᠬᠣᠷ 1587 ᠤᠨ ᠳᠤ ᠬᠠᠷᠠᠴᠢᠨ ᠤ ᠠᠶᠤᠰᠢ ᠬᠦᠤᠰᠢ ᠮᠣᠩᠭᠤᠯ ᠦᠰᠦᠭ ᠤᠨ ᠰᠠᠭᠤᠷᠢᠨ ᠳᠡᠭᠡᠷ᠎ᠡ ᠰᠠᠨᠰᠺᠷᠢᠲ ᠪᠤᠯᠤᠨ ᠲᠥᠪᠡᠳ ᠦᠰᠦᠭ ᠤᠨ ᠴᠠᠭᠠᠨ ᠲᠣᠯᠤᠭᠠᠢ ᠵᠢ ᠬᠢᠨᠠᠵᠦ 《 ᠠᠯᠢ ᠭᠠᠯᠢ ᠦᠰᠦᠭ 》 ᠭᠡᠳᠡᠭ ᠭᠠᠯᠢᠭ ᠦᠰᠦᠭ ᠢ ᠵᠣᠬᠢᠶᠠᠪᠠ ᠃ ᠠᠯᠢ ᠭᠠᠯᠢ ᠦᠰᠦᠭ ᠪᠣᠯ ᠡᠷᠲᠡᠨ ᠤ ᠮᠣᠩᠭᠤᠯ ᠤᠨ ᠳᠠᠭᠤᠳᠠᠯᠭ᠎ᠠ ᠪᠤᠯᠤᠨ ᠪᠢᠴᠢᠯᠭᠡ ᠲᠠᠢ ᠦᠨᠳᠦᠰᠦᠨ ᠳᠡᠭᠡᠨ ᠠᠳᠠᠯᠢ ᠪᠠᠢᠳᠠᠭ ᠃

ᠲᠣᠳᠤ ᠦᠰᠦᠭ

1648 ᠣᠨ ᠳᠤ ᠣᠢᠷᠠᠳ ᠮᠣᠩᠭᠤᠯ ᠤᠨ ᠡᠷᠳᠡᠮᠲᠡᠨ ᠽᠠᠶ᠎ᠠ ᠪᠠᠨᠳᠢᠳᠠ ᠨᠠᠮᠬᠠᠢᠵᠠᠮᠰᠤ ᠨᠡᠢᠲᠡ ᠮᠣᠩᠭᠤᠯ ᠤᠨ ᠬᠡᠷᠡᠭᠯᠡᠵᠦ ᠪᠠᠢᠭᠰᠠᠨ ᠤᠢᠭᠤᠷᠵᠢᠨ ᠮᠣᠩᠭᠤᠯ ᠦᠰᠦᠭ ᠢ ᠣᠢᠷᠠᠳ ᠠᠶᠠᠯᠭᠤᠨ ᠤ ᠣᠨᠴᠠᠯᠢᠭ ᠢᠶᠠᠷ ᠦᠨᠳᠤᠰᠤᠯᠡᠵᠦ ᠂ ᠶᠠᠷᠢᠶᠠᠨ ᠳᠠᠭᠠᠨ ᠣᠢᠷᠠᠲᠤᠭᠤᠯᠤᠭᠰᠠᠨ ︽ ᠲᠣᠳᠤ ᠦᠰᠦᠭ ᠪᠣᠯᠭᠠᠨ 》 ᠥᠭᠡᠷᠡᠴᠢᠯᠡᠵᠡᠢ ᠃

ᠰᠣᠶᠤᠩᠪᠤ ᠤᠰᠦᠭ

ᠬᠠᠯᠬ᠎ᠠ ᠵᠢᠨ ᠲᠦᠰᠢᠶᠡᠲᠦ ᠬᠠᠭᠠᠨ ᠭᠤᠮᠪᠤ ᠵᠢᠨ ᠬᠥᠪᠡᠭᠦᠨ ᠵᠠᠨᠠᠪᠠᠽᠠᠷ 1686 ᠤᠨ ᠲᠦᠪᠠᠬᠠᠨ ᠭᠡᠳᠡᠭ ᠭᠠᠵᠠᠷ ᠲᠦ ᠱᠠᠰᠢᠨ ᠰᠤᠷᠲᠠᠬᠤᠨ ᠤ ᠨᠣᠮ ᠰᠤᠳᠤᠷ ᠢ ᠣᠷᠴᠢᠭᠤᠯᠬᠤ ᠵᠢᠨ ᠳᠥᠬᠦᠮ ᠢ ᠪᠣᠳᠤᠵᠤ ᠂ ᠡᠷᠲᠡᠨ ᠤ ᠡᠨᠡᠳᠬᠡᠭ ᠦᠰᠦᠭ ᠤᠨ ᠴᠠᠭᠠᠨ ᠲᠣᠯᠤᠭᠠᠢ ᠪᠤᠯᠤᠨ ᠲᠥᠪᠡᠳ ᠦᠰᠦᠭ ᠢ ᠦᠨᠳᠦᠰᠦᠯᠡᠵᠦ ᠂ ᠮᠣᠩᠭᠤᠯ ᠬᠡᠯᠡ ᠵᠢ ᠲᠡᠮᠳᠡᠭᠯᠡᠬᠦ 《 ᠰᠣᠶᠤᠩᠪᠤ ᠦᠰᠦᠭ ︾ ᠢ ᠵᠣᠬᠢᠶᠠᠪᠠ ᠃ ᠡᠨᠡ ᠦᠰᠦᠭ ᠨᠢ ᠬᠠᠯᠬ᠎ᠠ ᠵᠢᠨ ᠰᠦᠮ᠎ᠡ ᠬᠡᠢᠳ ᠤᠨ ᠯᠠᠮᠠ ᠨᠠᠷ ᠤᠨ ᠳᠤᠮᠳᠠ ᠬᠣᠶᠠᠷ ᠵᠠᠭᠤ ᠭᠠᠷᠤᠢ ᠵᠢᠯ ᠤᠯᠠᠮᠵᠢᠯᠠᠭᠳᠠᠭᠰᠠᠨ ᠪᠥᠭᠡᠳ ᠤᠯᠠᠭᠠᠨᠪᠠᠭᠠᠲᠤᠷ ᠲᠦ ᠰᠣᠶᠤᠩᠪᠤ ᠦᠰᠦᠭ ᠰᠤᠷᠤᠯᠴᠠᠬᠤ ᠰᠤᠷᠭᠠᠭᠤᠯᠢ ᠪᠠᠢᠭᠤᠯᠪᠠ ᠃

ᠡᠨᠡ ᠦᠰᠦᠭ ᠪᠣᠯ ᠳᠥᠷᠪᠡᠯᠵᠢᠨ ᠬᠡᠯᠪᠡᠷᠢ ᠲᠠᠢ ᠪᠥᠭᠡᠳ ᠵᠡᠭᠦᠨ ᠡᠴᠡ ᠪᠠᠷᠠᠭᠤᠨᠰᠢ ᠬᠥᠨᠳᠡᠯᠡᠨ ᠪᠢᠴᠢᠳᠡᠭ 90 ᠦᠰᠦᠭ ᠲᠠᠢ ᠂ ᠪᠢᠴᠢᠬᠦ ᠲᠢᠭ ᠨᠢ ᠬᠡᠪᠯᠡᠯ ᠦᠰᠦᠭ ᠂ ᠬᠢᠴᠢᠶᠡᠩᠭᠦᠢ ᠦᠰᠦᠭ ᠂ ᠲᠠᠲᠠᠯᠭᠠᠨ ᠦᠰᠦᠭ ᠭᠡᠵᠦ ᠭᠤᠷᠪᠠᠨ ᠵᠦᠢᠯ ᠤᠨ ᠲᠢᠭ ᠲᠠᠢ ᠃

ᠰᠢᠨ᠎ᠡ ᠮᠣᠩᠭᠤᠯ ᠦᠰᠦᠭ

20 ᠳ᠋ᠤᠭᠠᠷ ᠵᠠᠭᠤᠨ ᠤ ᠭᠤᠴᠢ ᠡᠴᠡ ᠳᠥᠴᠢᠭᠡᠳ ᠣᠨ ᠤ ᠦᠶ᠎ᠡ ᠳᠤ ᠪᠦᠭᠦᠳᠡ ᠨᠠᠢᠷᠠᠮᠳᠠᠬᠤ ᠮᠣᠩᠭᠤᠯ ᠤᠯᠤᠰ ᠪᠠ ᠪᠤᠷᠢᠶᠠᠳ ᠨᠠᠷ ᠰᠯᠠᠸ ᠴᠠᠭᠠᠨ ᠲᠣᠯᠤᠭᠠᠢ ᠵᠢ ᠵᠢᠭᠡᠯᠡᠵᠦ ᠂ ᠬᠠᠯᠬ᠎ᠠ ᠵᠢᠨ ᠬᠡᠯᠡᠨ ᠤ ᠡᠷᠳᠡᠮᠲᠡᠨ ᠴ᠊ ᠂ ᠲᠠᠮᠳᠢᠨᠰᠦᠷᠦᠩ ᠂ ᠮᠢᠰᠢᠭ ᠂ ᠪᠠᠭᠪᠠ ᠨᠠᠷ ᠬᠠᠮᠲᠤᠷᠠᠨ 《 ᠰᠢᠨ᠎ᠡ ᠮᠣᠩᠭᠤᠯ ᠦᠰᠦᠭ 》 ᠢ ᠵᠣᠬᠢᠶᠠᠪᠠ ᠃ 1949 ᠤᠨ ᠳᠤ ᠰᠢᠨ᠎ᠡ ᠮᠣᠩᠭᠤᠯ ᠦᠰᠦᠭ ᠤᠨ ᠳᠦᠷᠢᠮ ᠢᠶᠠᠨ ᠲᠠᠬᠢᠨ ᠬᠢᠨᠠᠵᠦ ᠵᠠᠰᠠᠭᠠᠳ ᠪᠦᠭᠦᠳᠡ ᠨᠠᠢᠷᠠᠮᠳᠠᠬᠤ ᠮᠣᠩᠭᠤᠯ ᠠᠷᠠᠳ ᠤᠯᠤᠰ ᠤᠨ ᠬᠠᠤᠯᠢ ᠶᠣᠰᠤ ᠪᠡᠷ ᠪᠠᠲᠤᠯᠠᠵᠦ ᠬᠡᠷᠡᠭᠵᠢᠭᠦᠯᠪᠡ ᠃

ᠬᠠᠯᠬ᠎ᠠ ᠮᠣᠩᠭᠤᠯᠴᠤᠳ 1941 ᠤᠨ ᠡᠴᠡ ᠡᠬᠢᠯᠡᠵᠦ 《 ᠬᠠᠭᠤᠴᠢᠨ ᠮᠣᠩᠭᠤᠯ ᠦᠰᠦᠭ ︾ ᠢ ᠬᠡᠷᠡᠭᠯᠡᠬᠦ ᠪᠠᠨ ᠵᠣᠭᠰᠤᠵᠤ ᠂ 《 ᠰᠢᠨ᠎ᠡ ᠮᠣᠩᠭᠤᠯ ᠦᠰᠦᠭ 》 ᠢ ᠵᠠᠷᠤᠬᠤ ᠪᠣᠯᠵᠠᠢ ᠃

1992 ᠤᠨ ᠡᠴᠡ ᠮᠣᠩᠭᠤᠯ ᠠᠷᠠᠳ ᠤᠯᠤᠰ ᠬᠠᠭᠤᠴᠢᠨ ᠮᠣᠩᠭᠤᠯ ᠦᠰᠦᠭ ᠢᠶᠠᠨ ᠬᠡᠷᠡᠭᠯᠡᠪᠡ ᠃

1956 ~1959 ᠤᠨ ᠬᠦᠷᠳᠡᠯ᠎ᠡ ᠥᠪᠦᠷ ᠮᠣᠩᠭᠤᠯ ᠣᠷᠤᠨ ᠳᠤ ᠰᠢᠨ᠎ᠡ ᠮᠣᠩᠭᠤᠯ ᠦᠰᠦᠭ ᠢ ᠪᠠᠰᠠ ᠬᠡᠷᠡᠭᠯᠡᠵᠦ ᠥᠩᠭᠡᠷᠡᠪᠡ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠥᠪᠦᠷ ᠮᠣᠩᠭᠤᠯ ᠥᠨᠳᠥᠰᠥᠲᠡᠨ ᠦ ᠰᠤᠷᠭᠠᠨ ᠬᠥᠮᠦᠵᠢᠯ ᠦᠨ ᠰᠦᠯᠵᠢᠶ᠎ᠡ ᠬᠡᠪᠯᠡᠯ ᠦᠨ ᠡᠷᠬᠡ ᠲᠡᠢ ᠃ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃