lt
ᠦᠬᠦᠯᠡᠯ ᠰᠤᠳᠤᠯᠤᠯ
ᠮᠣᠩᠭᠤᠯ ᠤᠨ ᠡᠷᠲᠡᠨ ᠤ ᠬᠠᠤᠯᠢ ᠴᠠᠭᠠᠵᠠ
2016.12.12 ᠲᠣᠰ ᠥᠷᠲᠡᠭᠡᠨ ᠦ ᠨᠠᠢᠷᠠᠭᠤᠯᠤᠭᠴᠢ

ᠨᠢᠭᠡ ᠂ ᠬᠤᠷᠠᠯᠳᠠᠢ ᠶᠢᠨ ᠲᠦᠷᠢᠮ 

ᠬᠤᠷᠠᠯᠳᠠᠢ ᠶᠢᠨ ᠲᠦᠷᠢᠮ ᠳᠤ ᠄ ᠣᠪᠤᠭ ᠲᠥᠷᠦᠯ ᠤᠨ ᠠᠬᠠᠯᠠᠭᠴᠢ ᠪᠠᠨ ᠰᠣᠩᠭᠤᠬᠤ ᠲᠦᠷᠢᠮ ᠪᠤᠯᠤᠨ ᠬᠦᠨᠳᠦ ᠴᠢᠬᠤᠯᠠ ᠬᠡᠷᠡᠭ ᠤᠴᠢᠷ ᠢ ᠲᠣᠭᠲᠠᠭᠠᠬᠤ ᠬᠤᠷᠠᠯᠳᠠᠢ ᠶᠢᠨ ᠲᠦᠷᠢᠮ ᠭᠡᠵᠦ ᠬᠣᠶᠠᠷ ᠵᠦᠢᠯ ᠢ ᠪᠠᠭᠲᠠᠭᠠᠨ᠎ᠠ ᠃ ᠣᠪᠤᠭ ᠲᠥᠷᠦᠯ ᠤᠨ ᠲᠦᠷᠦᠭᠦᠦ ᠪᠠᠨ ᠡᠷᠲᠡᠨ ᠤ ᠮᠣᠩᠭᠤᠯᠴᠤᠳ  《ᠬᠠᠨ》 ᠬᠡᠮᠡᠨ ᠳᠠᠭᠤᠳᠠᠳᠠᠭ ᠃ ᠭᠡᠬᠦ ᠳᠡᠭᠡᠨ 《 ᠬᠠᠨ 》  ᠢᠶᠠᠨ ᠪᠦᠬᠦ ᠣᠪᠤᠭ ᠲᠥᠷᠦᠯ ᠤᠨ ᠭᠡᠰᠢᠭᠦᠳ ᠤᠨ ᠬᠤᠷᠠᠯ ︱ ᠬᠤᠷᠡᠯᠳᠠᠢ ᠪᠠᠷ ᠳᠠᠮᠵᠢᠨ ᠰᠣᠩᠭᠤᠨ ᠲᠣᠭᠲᠠᠭᠠᠳᠠᠭ ᠃ ᠬᠣᠵᠢᠮ ᠨᠢ ᠳᠣᠲᠤᠭᠠᠳᠤ ᠶᠢᠨ ᠠᠩᠭᠢ ᠶᠢᠨ ᠬᠤᠪᠢᠶᠠᠷᠢᠯᠠᠯ ᠪᠠ ᠬᠤᠪᠢ ᠶᠢᠨ ᠥᠮᠴᠢᠯᠡᠯ ᠤᠨ ᠬᠥᠭᠵᠢᠬᠦ ᠂ ᠪᠠᠶᠠᠨ ᠡᠷᠦᠬᠡ ᠶᠢᠨ ᠰᠦᠷ ᠬᠦᠴᠦᠨ ᠶᠡᠬᠡᠳᠬᠦ ᠶᠢ ᠳᠠᠭᠠᠯᠳᠤᠨ ᠂ ᠣᠪᠤᠭ ᠲᠥᠷᠦᠯ ᠤᠨ ᠲᠦᠷᠦᠭᠦᠦ ᠶᠢ ᠤᠯᠠᠨ ᠨᠡᠢᠲᠡ ᠪᠠᠷ ᠢᠶᠠᠨ ᠰᠣᠩᠭᠤᠬᠤ ᠲᠦᠷᠢᠮ ᠢ ᠬᠤᠪᠢᠷᠠᠭᠤᠯᠤᠭᠠᠳ ᠂ ᠡᠷᠬᠡ ᠰᠦᠷᠲᠡᠢ ᠨᠢᠭᠡᠨ ᠣᠪᠤᠭ ᠶᠠᠰᠤᠲᠠᠨ ᠦᠶ᠎ᠡ ᠤᠯᠠᠷᠢᠨ ᠵᠠᠯᠭᠠᠮᠵᠢᠯᠠᠬᠤ ᠲᠦᠷᠢᠮ ᠪᠣᠯᠭᠠᠭᠰᠠᠨ ᠪᠠᠢᠨ᠎ᠠ ᠃ ᠠᠯᠢᠪᠠ ᠣᠪᠤᠭ ᠲᠥᠷᠦᠯ ᠤᠨ ᠳᠣᠲᠤᠭᠠᠳᠤ ᠶᠢᠨ ᠬᠦᠨᠳᠦ ᠴᠢᠬᠤᠯᠠ ᠬᠡᠷᠡᠭ ᠤᠴᠢᠷ ᠢ ᠪᠦᠷ ᠣᠪᠤᠭ ᠲᠥᠷᠦᠯ ᠤᠨ ᠭᠡᠰᠢᠭᠦᠳ ᠣᠷᠤᠯᠴᠠᠭᠰᠠᠨ ᠬᠤᠷᠠᠯᠳᠠᠢ ᠬᠤᠷᠠᠯᠳᠤᠭᠤᠯᠵᠤ ᠬᠠᠮᠲᠤ ᠳᠠᠭᠠᠨ ᠵᠥᠪᠯᠡᠨ ᠲᠣᠭᠲᠠᠭᠠᠳᠠᠭ ᠃ ᠬᠣᠵᠢᠮ ᠨᠢ ᠮᠣᠩᠭᠤᠯ ᠤᠨ ᠨᠡᠢᠭᠡᠮ ᠠᠩᠬᠢᠳᠤ ᠨᠡᠢᠭᠡᠮ ᠳᠤ ᠣᠷᠤᠭᠰᠠᠨ ᠤ ᠳᠠᠷᠠᠭ᠎ᠠ ᠂ ᠣᠪᠤᠭ ᠲᠥᠷᠦᠯ ᠤᠨ ᠭᠡᠰᠢᠭᠦᠳ ᠪᠦᠭᠦᠳᠡᠭᠡᠷ ᠢᠶᠠᠨ ᠣᠷᠤᠯᠴᠠᠭᠰᠠᠨ ᠬᠤᠷᠠᠯᠳᠠᠢ ᠶᠢᠨ ᠲᠦᠷᠢᠮ ᠨᠢ ᠬᠤᠪᠢᠷᠠᠭᠠᠳ ᠂ ᠣᠪᠤᠭ ᠠᠢᠮᠠᠭ ᠤᠨ ᠲᠦᠷᠦᠭᠦᠴᠤᠳ ᠣᠷᠤᠯᠴᠠᠭᠰᠠᠨ ᠢᠵᠠᠭᠤᠷᠲᠠᠨ ᠤ ᠬᠤᠷᠠᠯᠳᠤᠭᠠᠨ ᠪᠣᠯᠵᠤ ᠂ ᠬᠠᠨ ᠡᠵᠡᠨ ᠢᠶᠠᠨ ᠰᠣᠩᠭᠤᠬᠤ ᠂ ᠴᠡᠷᠢᠭ ᠲᠠᠶᠢᠨ ᠳᠤ ᠮᠣᠷᠳᠠᠬᠤ ᠮᠡᠲᠦ ᠶᠢᠨ ᠶᠡᠬᠡ ᠬᠡᠷᠡᠭ ᠢᠶᠠᠨ ᠵᠥᠪᠳᠡᠨ ᠲᠣᠭᠲᠠᠭᠠᠵᠤ ᠪᠠᠢᠭᠰᠠᠨ ᠪᠠᠢᠨ᠎ᠠ ᠃ ᠲᠡᠦᠬᠡᠨ ᠲᠡᠮᠳᠡᠭᠯᠡᠯ ᠳᠤ ᠂ ᠠᠮᠪᠠᠭᠠᠢ ᠬᠠᠨ ᠪᠠᠷᠢᠭᠳᠠᠭᠠᠳ ᠬᠣᠲᠠᠯᠠ ᠶᠢ ᠬᠠᠨ ᠪᠣᠯᠭᠠᠬᠤ ᠦᠶ᠎ᠡ ᠳᠤ 《 ᠬᠠᠮᠤᠭ ᠮᠣᠩᠭᠤᠯ ᠬᠢᠭᠡᠳ ᠲᠠᠶᠢᠴᠢᠭᠤᠳ ᠨᠠᠷ ᠤᠨᠤᠨ ᠭᠣᠣᠯ ᠤᠨ ᠬᠣᠷᠬᠤᠨᠠᠭ ᠤᠨ ᠰᠢᠭᠤᠢ ᠳᠤ ᠬᠤᠷᠠᠯᠳᠤᠭᠠᠨ ᠬᠢᠵᠦ ᠂ ᠬᠣᠲᠠᠯᠠ ᠶᠢ ᠬᠠᠨ ᠪᠣᠯᠭᠠᠪᠠ ᠃ ᠬᠣᠲᠠᠯᠠ ᠶᠢ ᠬᠠᠨ ᠡᠷᠭᠦᠮᠵᠢᠯᠡᠭᠡᠳ ᠬᠣᠷᠬᠤᠨᠠᠭ ᠤᠨ ᠰᠠᠭᠯᠠᠭᠠᠷ ᠮᠣᠳᠤᠨ ᠤ ᠳᠣᠣᠷ᠎ᠠ ᠬᠤᠪᠢᠷᠭ᠎ᠠ ᠭᠠᠵᠠᠷ ᠢ ᠬᠠᠯᠴᠠᠷᠠᠳᠠᠯ᠎ᠠ ᠂ ᠡᠪᠦᠳᠦᠭ ᠳᠦᠭᠦᠷᠡᠩ ᠲᠣᠭᠤᠰᠤ ᠪᠣᠯᠲᠠᠯ᠎ᠠ ᠪᠥᠵᠢᠭᠯᠡᠨ ᠨᠠᠭᠠᠳᠴᠤ ᠬᠤᠷᠢᠮᠯᠠᠪᠠ 》 ᠭᠡᠵᠡᠢ ᠃

ᠬᠣᠶᠠᠷ ᠂ ᠵᠠᠷᠭᠤᠴᠢ ᠨᠣᠶᠠᠨ ᠤ ᠲᠦᠷᠢᠮ

ᠲᠡᠷᠡ ᠨᠢ ᠵᠠᠷᠭᠤᠴᠢ ᠨᠣᠶᠠᠨ ᠪᠤᠯᠤᠨ ᠵᠠᠷᠭᠤᠴᠢ ᠬᠡᠪᠲᠡᠭᠦᠯ ᠢᠶᠠᠷ ᠪᠦᠷᠢᠯᠳᠦᠵᠠᠢ (《 ᠮᠣᠩᠭᠤᠯ ᠤᠨ ᠨᠢᠭᠤᠴᠠ ᠲᠣᠪᠴᠢᠶᠠᠨ 》 ᠤ 234 ᠳ᠋ᠤᠭᠡᠷ ᠪᠦᠯᠦᠭ ᠲᠤ ) ᠃ ᠴᠢᠩᠭᠢᠰ ᠬᠠᠭᠠᠨ ᠵᠠᠷᠯᠢᠭ ᠪᠠᠭᠤᠯᠭᠠᠵᠤ ᠬᠡᠯᠡᠭᠰᠡᠨ ᠨᠢ 《 ᠰᠢᠬᠢᠬᠤᠳᠤᠬᠤ ᠶᠢᠨ ᠵᠠᠷᠭᠤ ᠰᠢᠭᠦᠬᠦ ᠳᠤ ᠬᠡᠪᠲᠡᠭᠦᠯ ᠡᠴᠡ ᠬᠥᠮᠦᠨ ᠲᠣᠮᠢᠯᠠᠨ ᠰᠠᠭᠤᠯᠭᠠᠵᠤ ᠂ ᠵᠠᠷᠭᠤ ᠶᠢ ᠰᠤᠨᠤᠰᠤᠯᠴᠠᠵᠤ ᠪᠠᠶᠢᠭᠳᠤᠨ 》 ᠭᠡᠵᠡᠢ ᠃ ᠡᠨᠡᠬᠦ ᠲᠡᠮᠳᠡᠭᠯᠡᠯ ᠡᠴᠡ ᠦᠵᠡᠬᠦ ᠳᠤ ᠰᠢᠬᠢᠬᠤᠳᠤᠬ ᠵᠠᠷᠭᠤ ᠰᠢᠭᠦᠬᠦ ᠦᠶ᠎ᠡ ᠰᠢᠳᠠᠷ ᠴᠡᠷᠢᠭ ᠤᠨ ᠳᠣᠲᠤᠷ᠎ᠠ ᠡᠴᠡ ᠬᠡᠪᠲᠡᠭᠦᠯ ᠢ ᠲᠣᠮᠢᠯᠠᠨ ᠣᠷᠤᠯᠴᠠᠭᠤᠯᠵᠤ ᠂ ᠵᠠᠷᠭᠤᠴᠢ ᠬᠡᠪᠲᠡᠭᠦᠯ ᠪᠣᠯᠭᠠᠳᠠᠭ ᠃ ᠵᠠᠷᠭᠤᠴᠢ ᠨᠣᠶᠠᠨ ᠤ ᠰᠢᠭᠦᠨ ᠲᠠᠰᠤᠯᠬᠤ ᠲᠦᠷᠢᠮ ᠨᠢ ᠴᠢᠩᠭᠢᠰ ᠬᠠᠭᠠᠨ ᠤᠯᠤᠰ ᠪᠠᠢᠭᠤᠯᠬᠤ ᠦᠶ᠎ᠡ ᠡᠴᠡ ᠡᠬᠢᠯᠡᠨ ᠬᠡᠷᠡᠭᠵᠢᠭᠦᠯᠦᠭᠰᠡᠨ ᠶᠤᠮ ᠃ ᠡᠭᠦᠨ ᠡᠴᠡ ᠡᠮᠦᠨ᠎ᠡ ᠂ ᠵᠠᠷᠭᠤ ᠰᠢᠭᠦᠬᠦ ᠡᠭᠦᠷᠭᠡ ᠶᠢ ᠪᠡᠯᠭᠦᠳᠡᠢ ᠬᠠᠷᠢᠭᠤᠴᠠᠵᠤ ᠂ 《 ᠵᠠᠷᠭᠤ 》 ᠬᠡᠮᠡᠬᠦ ᠨᠡᠷᠡᠶᠢᠳᠤᠯ ᠦᠭᠡᠢ ᠪᠠᠢᠵᠠᠢ ᠃ 1202 ᠤᠨ ᠳᠤ ᠂ ᠴᠢᠩᠭᠢᠰ ᠬᠠᠭᠠᠨ ᠡᠴᠡ ᠲᠠᠲ᠋ᠠᠷ ᠢ ᠲᠠᠶᠢᠯᠠᠬᠤ ᠦᠶ᠎ᠡ ᠂ ᠳᠡᠭᠦᠦ ᠪᠡᠯᠭᠦᠳᠡᠢ ᠨᠢ ᠬᠤᠷᠠᠯ ᠤᠨ 《 ᠡᠶ᠎ᠡ 》 ᠶᠢ ᠵᠠᠳᠠᠷᠠᠭᠤᠯᠤᠭᠰᠠᠨ ᠡᠴᠡ ᠴᠡᠷᠢᠭ ᠶᠡᠬᠡ ᠬᠣᠬᠢᠷᠠᠯ ᠠᠮᠰᠠᠵᠤ ᠬᠡᠮᠡᠨ ᠪᠡᠯᠭᠦᠳᠡᠢ ᠶᠢ ᠶᠠᠯᠠᠯᠠᠵᠤ ᠂ 《 ᠪᠢᠳᠡᠨ ᠤ ᠤᠷᠤᠭ ᠤᠨ ᠶᠡᠬᠡ ᠬᠤᠷᠠᠯ ᠬᠤᠷᠠᠯᠳᠤᠵᠤ ᠲᠤᠭᠲᠠᠭᠰᠠᠨ ᠤᠴᠢᠷ ᠢ ᠪᠡᠯᠭᠦᠳᠡᠢ ᠳᠤᠷ᠎ᠠ ᠪᠠᠷ ᠶᠡᠬᠡᠴᠡᠷᠡᠨ ᠳᠤ ᠬᠡᠯᠡᠭᠰᠡᠨ ᠲᠤᠯᠠ ᠂ ᠪᠢᠳᠡᠨ ᠤ ᠴᠡᠷᠢᠭ ᠮᠠᠰᠢ ᠶᠡᠬᠡ ᠬᠣᠬᠢᠷᠠᠯ ᠢ ᠬᠦᠯᠢᠶᠡᠪᠡ ᠃ ᠡᠭᠦᠨ ᠤ ᠬᠣᠢᠨ᠎ᠠ ᠂ ᠤᠷᠤᠭ ᠤᠨ ᠶᠡᠬᠡ ᠬᠤᠷᠠᠯ ᠳᠤ ᠪᠡᠯᠭᠦᠳᠡᠢ ᠪᠤᠤ ᠣᠷᠤᠲᠤᠭᠠᠢ ᠃ ᠬᠤᠷᠠᠯ ᠳᠠᠭᠤᠰᠲᠠᠯ᠎ᠠ ᠭᠠᠳᠠᠨᠠᠬᠢ ᠶᠢ ᠵᠠᠰᠠᠳᠤᠭᠠᠢ ᠃ ᠬᠡᠷᠡᠭᠦᠯ ᠴᠤᠤᠭᠢᠶᠠᠨ ᠤ ᠤᠴᠢᠷ ᠪᠤᠶᠤ ᠬᠤᠯᠠᠭᠠᠢ ᠬᠤᠳᠠᠯ ᠤᠨ ᠬᠡᠷᠡᠭ ᠵᠠᠷᠭᠤ ᠶᠢ ᠰᠢᠭᠦᠵᠦ ᠪᠠᠶᠢᠭᠳᠤᠨ ᠂ ᠬᠤᠷᠠᠯ ᠢ ᠲᠡᠭᠦᠰᠭᠡᠵᠦ ᠂ ᠴᠡᠭᠡ ᠤᠤᠭᠤᠭᠰᠠᠨ ᠤ ᠬᠣᠢᠨ᠎ᠠ ᠃ ᠪᠡᠯᠭᠦᠳᠡᠢ ᠂ ᠲᠠᠷᠢᠳᠠᠢ ᠣᠷᠤᠲᠤᠭᠠᠢ 》 ᠭᠡᠪᠡ ᠃ ᠤᠯᠤᠰ ᠪᠠᠶᠢᠭᠤᠯᠤᠭᠰᠠᠨ ᠤ ᠳᠠᠷᠠᠭ᠎ᠠ ᠂ ᠴᠢᠩᠭᠢᠰ ᠬᠠᠭᠠᠨ ᠡᠴᠡ 《 ᠬᠦᠷ ᠤᠯᠤᠰ ᠤᠨ ᠬᠤᠯᠠᠭᠠᠢ ᠶᠢ ᠭᠡᠰᠭᠡᠵᠤ ᠂ ᠬᠤᠳᠠᠯ ᠢ ᠮᠣᠬᠤᠭᠠᠵᠤ ᠂ ᠦᠬᠦᠬᠦᠯᠳᠡᠭᠦᠨ ᠶᠤᠰᠤᠳᠠᠨ ᠢ ᠦᠬᠦᠬᠦᠯ ᠂ ᠠᠯᠳᠠᠭᠤᠯᠳᠠᠭᠤᠨ ᠶᠤᠰᠤᠳᠠᠨ ᠢ ᠠᠯᠳᠠᠭᠤᠯ 》 ᠬᠡᠮᠡᠨ ᠰᠢᠬᠢᠬᠤᠳᠤᠬ ᠶᠢ ᠵᠠᠷᠭᠤᠴᠢ ᠨᠣᠶᠠᠨ ᠲᠠᠯᠪᠢᠵᠠᠢ ᠃ ᠬᠣᠵᠢᠮ ᠨᠢ ᠶᠡᠬᠡ ᠮᠣᠩᠭᠤᠯ ᠤᠯᠤᠰ ᠤᠨ ᠭᠠᠵᠠᠷ ᠨᠤᠲᠤᠭ ᠤᠨ ᠦᠷᠭᠡᠳᠬᠦ ᠶᠢ ᠳᠠᠭᠠᠯᠳᠤᠨ ᠂ ᠭᠠᠳᠠᠷ ᠣᠷᠤᠨ ᠳᠤ ᠰᠠᠭᠤᠭ᠎ᠠ ᠸᠠᠩ ᠨᠣᠶᠠᠳ ᠪᠠᠰᠠ ᠥᠪᠡᠷᠰᠡᠳ ᠤᠨ ᠵᠠᠷᠭᠤᠴᠢ ᠨᠣᠶᠠᠨ ᠲᠣᠮᠢᠯᠠᠵᠤ ᠂ ᠲᠡᠳᠡᠨ ᠤ ᠬᠠᠷᠢᠶᠠᠲᠤ ᠣᠷᠤᠨ ᠤ ᠪᠠᠨ ᠳᠣᠲᠤᠷᠠᠬᠢ ᠡᠷᠡᠭᠦᠦ ᠵᠠᠷᠭᠤ ᠶᠢᠨ ᠶᠡᠬᠡ ᠤᠴᠢᠷ ᠢ ᠬᠠᠮᠢᠶᠠᠷᠤᠭᠤᠯᠵᠤ ᠪᠠᠢᠪᠠ ᠃

ᠭᠤᠷᠪᠠ ᠂ ᠶᠤᠸᠠᠨ ᠤᠯᠤᠰ ᠤᠨ ᠦᠶ᠎ᠡ ᠶᠢᠨ ᠠᠷᠠᠳ ᠤᠨ ᠳᠤᠮᠳᠡᠬᠢ ᠡᠶᠡᠳᠡᠭᠦᠯᠬᠦ ᠲᠦᠷᠢᠮ 

ᠶᠤᠸᠠᠨ ᠤᠯᠤᠰ ᠤᠨ ᠬᠠᠤᠯᠢ ᠲᠦᠷᠢᠮ ᠤᠨ ᠠᠷᠠᠳ ᠤᠨ ᠳᠤᠮᠳᠠ ᠡᠶᠡᠳᠡᠭᠦᠯᠬᠦ ᠠᠵᠢᠯᠯᠠᠭ᠎ᠠ ᠦᠷᠨᠢᠬᠦᠯᠦᠭᠰᠡᠨ ᠲᠠᠯ᠎ᠠ ᠪᠠᠷ ᠲᠤᠬᠠᠢ ᠶᠢᠨ ᠦᠶ᠎ᠡ ᠳᠤ ᠳᠤᠩ ᠠᠮᠵᠢᠯᠲᠠ ᠣᠯᠤᠭᠰᠠᠨ ᠪᠠᠢᠳᠠᠭ ᠃ ᠲᠡᠭᠦᠨ ᠤ ᠠᠮᠵᠢᠯᠲᠠ ᠲᠠᠢ ᠲᠤᠷᠰᠢᠯᠭ᠎ᠠ ᠨᠢ ᠬᠣᠵᠢᠮ ᠤᠨ ᠬᠠᠤᠯᠢ ᠴᠠᠭᠠᠵᠠ ᠶᠢᠨ ᠬᠥᠭᠵᠢᠯᠲᠡ ᠳᠤ ᠢᠳᠡᠪᠬᠢᠲᠡᠢ ᠨᠥᠯᠦᠭᠡ ᠦᠵᠡᠭᠦᠯᠦᠭᠰᠡᠨ ᠶᠤᠮ ᠃  ( ᠨᠢᠭᠡ ) ᠬᠣᠷᠰᠢᠶᠠᠨ ᠳᠠᠷᠤᠭ᠎ᠠ ᠶᠣᠰᠤ ᠪᠠᠷ ᠰᠠᠨᠠᠭᠤᠯᠬᠤ ᠃ ᠶᠤᠸᠠᠨ ᠤᠯᠤᠰ ᠡᠴᠡ 50 ᠡᠷᠦᠬᠡ ᠶᠢ ᠨᠢᠭᠡ ᠬᠣᠷᠰᠢᠶ᠎ᠠ ᠪᠣᠯᠭᠠᠨ ᠵᠣᠬᠢᠶᠠᠨ ᠪᠠᠢᠭᠤᠯᠵᠤ ᠂ ᠬᠣᠷᠰᠢᠶ᠎ᠠ ᠪᠦᠷᠢ ᠳᠤ ᠨᠢᠭᠡ ᠬᠣᠷᠰᠢᠶᠠᠨ ᠳᠠᠷᠤᠭ᠎ᠠ ᠲᠣᠬᠢᠷᠠᠭᠤᠯᠤᠭᠰᠠᠨ ᠪᠠᠢᠨ᠎ᠠ ᠃ ᠬᠣᠷᠰᠢᠶᠠᠨ ᠳᠠᠷᠤᠭ᠎ᠠ ᠶᠢᠨ ᠡᠭᠦᠷᠭᠡ ᠬᠠᠷᠢᠭᠤᠴᠠᠯᠭ᠎ᠠ ᠨᠢ ᠮᠠᠯᠵᠢᠬᠤ ᠲᠠᠷᠢᠶᠠᠯᠠᠬᠤ ᠶᠢ ᠰᠠᠨᠠᠭᠤᠯᠬᠤ ᠂ ᠤᠯᠠᠨ ᠲᠦᠮᠡᠨ ᠳᠤ ᠠᠴᠢᠯᠠᠯ ᠶᠣᠰᠤ ᠰᠤᠷᠲᠠᠬᠤᠨ ᠰᠤᠷᠭᠠᠨ ᠬᠥᠮᠦᠵᠢᠭᠦᠯᠬᠦ ᠡᠴᠡ ᠭᠠᠳᠠᠨ᠎ᠠ ᠪᠠᠰᠠ ᠨᠢᠭᠡᠨ ᠴᠢᠬᠤᠯᠠ ᠡᠭᠦᠷᠭᠡ ᠪᠣᠯ ᠠᠷᠠᠳ ᠤᠨ ᠳᠤᠮᠳᠡᠬᠢ ᠵᠢᠭᠤᠷᠠᠭᠠᠨ ᠢ ᠡᠶᠡᠳᠡᠭᠦᠯᠬᠦ ᠶᠠᠪᠤᠳᠠᠯ ᠪᠣᠯᠤᠨ᠎ᠠ ᠃  ( ᠬᠣᠶᠠᠷ ) ᠵᠠᠷᠭᠤ ᠶᠢ ᠲᠦᠪᠰᠢᠳᠭᠡᠬᠦ ᠶᠢᠨ ᠲᠥᠯᠦᠭᠡ ᠬᠠᠤᠯᠢ ᠶᠢ ᠮᠡᠳᠡᠬᠦ ᠬᠥᠮᠦᠰ ᠢ ᠬᠥᠮᠦᠵᠢᠭᠦᠯᠬᠦ ᠃ 《 ᠶᠤᠸᠠᠨ ᠤ ᠰᠤᠳᠤᠷ 》 ᠲᠤ ᠳᠤᠷᠠᠳᠤᠭᠰᠠᠨ ᠢᠶᠠᠷ ᠂ ᠲᠤᠬᠠᠢ ᠶᠢᠨ ᠦᠶ᠎ᠡ ᠳᠤ ᠭᠣᠣᠯᠳᠠᠭᠤ ᠡᠢᠮᠦ ᠬᠥᠮᠦᠰ ᠢ ᠬᠦᠮᠦᠵᠢᠬᠦᠯᠪᠡ ᠄ 1. ᠠᠷᠠᠳ ᠤᠨ ᠳᠤᠮᠳᠡᠬᠢ ᠤᠷᠤᠭ ᠤᠨ ᠶᠠᠪᠤᠳᠠᠯ ᠂ ᠮᠠᠯ ᠪᠡᠯᠴᠢᠭᠡᠷ ᠂ ᠭᠠᠵᠠᠷ ᠲᠠᠷᠢᠶᠠᠨ ᠤ ᠵᠢᠭᠤᠷᠠᠯᠳᠤᠭᠠᠨ ᠢ ᠡᠶᠡᠳᠡᠭᠦᠯᠬᠦ ᠵᠠᠭᠤᠴᠢ ᠬᠥᠮᠦᠰ ᠢ ᠬᠥᠮᠦᠵᠢᠭᠦᠯᠬᠦ ᠃ ᠡᠯ᠎ᠡ ᠵᠢᠭᠤᠷᠠᠯᠳᠤᠭᠠᠨ ᠤ ᠳᠤᠮᠳᠠ ᠤᠷᠤᠭ ᠤᠨ ᠶᠠᠪᠤᠳᠠᠯ ᠂ ᠮᠠᠯ ᠪᠡᠯᠴᠢᠭᠡᠷ ᠂ ᠭᠠᠵᠠᠷ ᠲᠠᠷᠢᠶᠠᠨ ᠤ ᠵᠢᠭᠤᠷᠠᠯᠳᠤᠭᠠ ᠬᠠᠮᠤᠭ ᠤᠨ ᠤᠯᠠᠨ ᠤᠴᠢᠷ ᠡᠴᠡ ᠡᠨᠡ ᠠᠰᠠᠭᠤᠳᠠᠯ ᠢ ᠰᠢᠢᠳᠪᠦᠷᠢᠯᠡᠬᠦ ᠶᠢᠨ ᠲᠥᠯᠦᠭᠡ ᠶᠤᠸᠠᠨ ᠤᠯᠤᠰ ᠤᠨ ᠵᠠᠰᠠᠭ ᠤᠨ ᠭᠠᠵᠠᠷ ᠡᠴᠡ ᠡᠯ᠎ᠡ ᠭᠠᠵᠠᠷ ᠤᠨ ᠠᠯᠪᠠᠨ ᠶᠠᠮᠤᠨ ᠤ ᠵᠠᠭᠤᠴᠢ ᠬᠥᠮᠦᠨ ᠵᠠᠪᠠᠯ ᠬᠤᠷᠢᠮᠯᠠᠵᠤ ᠦᠯᠦ ᠪᠣᠯᠬᠤ ᠬᠡᠷᠡᠭ ᠶᠠᠪᠤᠳᠠᠯ ᠤᠨ ᠲᠤᠬᠠᠢ ᠮᠡᠳᠡᠬᠦ ᠬᠡᠷᠡᠭᠲᠡᠢ ᠭᠡᠰᠡᠨ ᠪᠠᠢᠨ᠎ᠠ ︔ 2. ᠬᠤᠳᠠᠯᠳᠤᠭᠠᠨ ᠤ ᠬᠠᠷᠢᠴᠠᠭᠠᠨ ᠤ ᠳᠤᠮᠳᠠ ᠡᠭᠦᠰᠦᠭᠰᠡᠨ ᠬᠠᠤᠯᠢ ᠡᠴᠡ ᠵᠥᠷᠢᠴᠡᠭᠰᠡᠨ ᠠᠵᠢᠯᠯᠠᠭ᠎ᠠ ᠶᠢ ᠰᠢᠢᠳᠪᠦᠷᠢᠯᠡᠬᠦ ᠦᠨ᠎ᠡ ᠵᠠᠰᠠᠭᠴᠢ ᠶᠢ ᠬᠥᠮᠦᠵᠢᠭᠦᠯᠬᠦ ᠃ ᠡᠨᠡᠬᠦ 《 ᠦᠨ᠎ᠡ ᠵᠠᠰᠠᠭᠴᠢ 》  ᠨᠢ ᠵᠠᠪᠠᠯ ᠮᠠᠯ ᠪᠡᠯᠴᠢᠭᠡᠷ ᠂ ᠭᠠᠵᠠᠷ ᠲᠠᠷᠢᠶ᠎ᠠ ᠬᠤᠳᠠᠯᠳᠤᠬᠤ ᠬᠠᠤᠯᠢ ᠡᠴᠡ ᠵᠤᠷᠢᠴᠡᠬᠦ ᠠᠵᠢᠯᠯᠠᠭ᠎ᠠ ᠶᠢᠨ ᠲᠤᠬᠠᠢ ᠵᠢᠱᠢᠶ᠎ᠡ ᠶᠢ ᠮᠡᠳᠡᠬᠦ ᠬᠡᠷᠡᠭᠲᠡᠢ ᠭᠡᠵᠦ ᠱᠠᠭᠠᠷᠳᠠᠳᠠᠭ ᠃ 

ᠳᠥᠷᠪᠡ ᠂ ᠣᠷᠤ ᠨᠣᠶᠠᠨ ᠤ ᠴᠡᠷᠢᠭ ᠪᠦᠯᠢ ᠶᠢᠨ ᠬᠡᠷᠡᠭ ᠤᠴᠢᠷ ᠢ ᠲᠠᠰᠤᠯᠤᠨ ᠰᠢᠳᠬᠡᠬᠦ ᠲᠦᠷᠢᠮ 

ᠣᠷᠤ ᠪᠣᠯ ᠮᠣᠩᠭᠤᠯ ᠬᠠᠭᠠᠨᠲᠤ ᠤᠯᠤᠰ ᠂ ᠶᠤᠸᠠᠨ ᠤᠯᠤᠰ ᠤᠨ ᠦᠶ᠎ᠡ ᠶᠢᠨ ᠴᠡᠷᠢᠭ ᠠᠩᠭᠢ ᠶᠢᠨ ᠳᠣᠲᠤᠭᠠᠳᠤ ᠳᠠᠬᠢ ᠨᠢᠭᠡ ᠵᠦᠢᠯ ᠤᠨ ᠣᠨᠴᠠᠭᠠᠢ ᠲᠦᠷᠢᠮ ᠃ ᠡᠬᠢᠨ ᠳᠡᠭᠡᠨ ᠴᠡᠷᠢᠭ ᠠᠩᠭᠢ ᠶᠢ ᠲᠠᠭᠠᠬᠤ ᠭᠡᠷ ᠪᠦᠯᠢ ᠶᠢ ᠵᠢᠭᠠᠵᠤ ᠂ ᠰᠡᠭᠦᠯᠴᠢ ᠶᠢᠨ ᠦᠶ᠎ᠡ ᠳᠡᠭᠡᠨ ᠭᠡᠷ ᠪᠦᠯᠢ ᠂ ᠴᠡᠷᠢᠭ ᠤᠨ ᠬᠡᠷᠡᠭᠰᠡᠯ ᠪᠤᠯᠤᠨ ᠲᠠᠶᠢᠨ ᠤ ᠡᠳ᠋ ᠪᠣᠳᠠᠰ ᠢ ᠴᠤᠭᠯᠠᠭᠤᠯᠵᠤ ᠬᠠᠩᠭᠠᠬᠤ ᠶᠢ ᠬᠠᠮᠢᠶᠠᠷᠬᠤ ᠪᠠᠢᠭᠤᠯᠤᠯᠭ᠎ᠠ ᠶᠢ ᠵᠢᠭᠠᠬᠤ ᠪᠣᠯᠵᠠᠢ ᠃ ᠣᠷᠤ ᠪᠣᠯ ᠮᠣᠩᠭᠤᠯ ᠴᠡᠷᠢᠭ ᠠᠩᠭᠢ ᠶᠢᠨ ᠠᠷᠤ ᠲᠠᠯ᠎ᠠ ᠂ ᠰᠠᠭᠤᠷᠢᠨ ᠭᠠᠵᠠᠷ ᠂ ᠴᠡᠷᠢᠭ ᠤᠨ ᠬᠡᠷᠡᠭᠰᠡᠯ ᠬᠠᠩᠭᠠᠬᠤ ᠭᠠᠵᠠᠷ ᠪᠣᠯᠤᠨ᠎ᠠ ᠃ ᠡᠢᠮᠦ ᠡᠴᠡ ᠴᠡᠷᠢᠭ ᠠᠩᠭᠢ ᠶᠢ ᠲᠠᠭᠠᠨ ᠂ ᠴᠡᠷᠢᠭ ᠤᠨ ᠭᠡᠷ ᠪᠦᠯᠢ ᠂ ᠠᠮᠤ ᠬᠦᠨᠡᠰᠦ ᠬᠡᠷᠡᠭᠰᠡᠯ ᠢ ᠪᠠᠲᠤᠯᠠᠬᠤ ᠡᠮᠦᠨ᠎ᠡ ᠹᠷᠣᠨᠲ ᠡᠴᠡ ᠬᠤᠯᠠ ᠪᠢᠰᠢ ᠭᠠᠵᠠᠷ ᠪᠠᠭᠤᠷᠢᠯᠠᠵᠦ ᠂ ᠲᠤᠰᠭᠠᠢ ᠣᠷᠤ ᠨᠣᠶᠠᠨ ᠳᠤᠮᠢᠯᠠᠨ ᠬᠠᠮᠢᠶᠠᠷᠤᠭᠤᠯᠤᠭᠰᠠᠨ ᠪᠠᠢᠨ᠎ᠠ ᠃ ᠣᠷᠤ ᠨᠣᠶᠠᠨ ᠢ ᠮᠣᠩᠭᠤᠯ ᠴᠡᠷᠢᠭ ᠂ ᠲᠡᠮᠡᠴᠢ ᠴᠡᠷᠢᠭ ᠂ ᠬᠢᠲᠠᠳ ᠴᠡᠷᠢᠭ ᠵᠡᠷᠭᠡ ᠴᠡᠷᠢᠭ ᠤᠨ ᠵᠣᠬᠢᠶᠠᠨ ᠪᠠᠢᠭᠤᠯᠤᠯᠲᠠ ᠳᠤ ᠲᠦᠭᠡᠮᠡᠯ ᠳᠤᠬᠢᠷᠠᠭᠤᠯᠵᠦ ᠪᠠᠢᠳᠠᠭ ᠃ ᠡᠳᠡᠭᠡᠷ ᠴᠡᠷᠢᠭ ᠤᠨ ᠵᠣᠬᠢᠶᠠᠨ ᠪᠠᠢᠭᠤᠯᠤᠯᠲᠠ ᠶᠢᠨ ᠲᠠᠶᠢᠨ ᠳᠤ ᠮᠣᠷᠳᠠᠬᠤ ᠂ ᠲᠠᠶᠢᠨ ᠬᠢᠬᠦ ᠂ ᠪᠠᠭᠤᠷᠢᠰᠢᠬᠤ ᠂ ᠪᠡᠬᠢᠯᠡᠬᠦ ᠵᠡᠷᠭᠡ ᠨᠢ ᠳᠤᠩ ᠪᠤᠳᠤᠯᠢᠶᠠᠨᠲᠠᠢ ᠪᠠᠢᠵᠤ ᠂ ᠣᠷᠤ ᠨᠣᠶᠠᠨ ᠤ ᠡᠷᠬᠡ ᠶᠢᠨ ᠬᠠᠷᠢᠶ᠎ᠠ ᠨᠢ ᠬᠠᠷᠢᠴᠠᠩᠭᠤᠢ ᠪᠠᠷ ᠥᠷᠭᠡᠨ ᠪᠠᠢᠳᠠᠭ ᠃ 

ᠣᠷᠤ ᠨᠣᠶᠠᠨ ᠤ ᠭᠣᠣᠯ ᠡᠷᠬᠡ ᠡᠭᠦᠷᠭᠡ ᠪᠣᠯ ᠄ ( ᠨᠢᠭᠡ ) ᠴᠡᠷᠢᠭ ᠡᠯᠰᠡᠵᠦ ᠳᠤᠮᠢᠯᠠᠨ ᠂ ᠲᠠᠶᠢᠨ ᠳᠤ ᠦᠷᠡᠭᠳᠡᠭᠰᠡᠳ ᠤᠨ ᠣᠷᠤ ᠶᠢ ᠨᠦᠬᠦᠨ᠎ᠠ ︔ ( ᠬᠣᠶᠠᠷ ) ᠴᠡᠷᠢᠭ ᠤᠨ ᠤᠨᠤᠭ᠎ᠠ ᠬᠥᠯᠭᠡ ᠂ ᠬᠡᠷᠡᠭᠰᠡᠯ ᠂ ᠵᠡᠪᠰᠡᠭ ᠵᠡᠷᠭᠡ ᠶᠢ ᠴᠤᠭᠯᠠᠭᠤᠯᠤᠨ᠎ᠠ ; ( ᠭᠤᠷᠪᠠ) ᠴᠡᠷᠢᠭ ᠤᠨ ᠬᠠᠮᠢᠶᠠᠷᠤᠯᠲᠠ ᠶᠢ ᠬᠠᠷᠢᠭᠤᠴᠠᠵᠤ ᠂ ᠴᠡᠷᠢᠭ ᠤᠨ ᠡᠩᠨᠡᠭᠡᠨ ᠡᠴᠡ ᠳᠤᠳᠠᠭᠠᠭᠰᠠᠳ ᠢ ᠪᠠᠷᠢᠪᠴᠢᠯᠠᠨ᠎ᠠ ᠃ ᠡᠷᠬᠡ ᠪᠠᠨ ᠭᠤᠳᠤᠭᠠᠵᠦ ᠦᠯᠦ ᠪᠠᠷᠢᠪᠴᠢᠯᠠᠭᠰᠠᠳ ᠡᠴᠡ ᠬᠠᠤᠯᠢ ᠶᠢᠨ ᠬᠠᠷᠢᠭᠤᠴᠠᠯᠭ᠎ᠠ ᠨᠡᠬᠡᠮᠵᠢᠯᠡᠨ᠎ᠠ ᠃ ᠶᠡᠷᠦᠩᠬᠡᠢ ᠳᠤᠨᠢ ᠠᠪᠴᠤ ᠬᠡᠯᠡᠪᠡᠯ ᠂ ᠡᠳᠡᠭᠡᠷ ᠴᠡᠷᠢᠭ ᠤᠨ ᠵᠣᠬᠢᠶᠠᠨ ᠪᠠᠢᠭᠤᠯᠤᠯᠲᠠ ᠶᠢᠨ ᠴᠡᠷᠢᠭ ᠪᠦᠯᠢ ᠵᠡᠷᠭᠡ ᠶᠢ ᠪᠦᠷ ᠣᠷᠤ ᠨᠣᠶᠠᠨ ᠡᠴᠡ ᠬᠠᠮᠢᠶᠠᠷᠤᠨ᠎ᠠ ᠃ ᠣᠷᠤ ᠨᠣᠶᠠᠨ ᠂ ᠡᠮᠦᠨ᠎ᠡ ᠬᠡᠯᠡᠭᠰᠡᠨ ᠲᠡᠳᠡᠭᠡᠷ ᠦᠢᠯᠡ ᠶᠢ ᠬᠠᠮᠢᠶᠠᠷᠬᠤ ᠡᠴᠡ ᠭᠠᠳᠠᠨ᠎ᠠ ᠴᠡᠷᠢᠭ ᠪᠦᠯᠢ ᠶᠢᠨ ᠵᠠᠷᠭᠤ ᠵᠠᠭᠠᠯᠳᠤᠯᠭ᠎ᠠ ᠶᠢ ᠲᠠᠰᠤᠯᠬᠤ ᠦᠢᠯᠡ ᠶᠢ ᠬᠦᠢᠴᠡᠳᠬᠡᠨ᠎ᠠ ᠃ ᠡᠭᠦᠨ ᠡᠴᠡ ᠭᠠᠳᠠᠨ᠎ᠠ ᠣᠷᠤ ᠨᠣᠶᠠᠨ ᠢᠷᠭᠡᠨ ᠤ ᠬᠥᠩᠭᠡᠨ ᠡᠷᠡᠭᠦᠦ ᠶᠢᠨ ᠬᠡᠷᠡᠭ ᠢ ᠰᠢᠳᠭᠡᠨ ᠲᠠᠰᠤᠯᠬᠤ ᠂ ᠮᠣᠩᠭᠤᠯ ᠴᠡᠷᠢᠭ ᠂ ᠴᠡᠷᠢᠭ ᠠᠩᠭᠢ ᠪᠤᠯᠤᠨ ᠬᠤᠳᠠ ᠪᠣᠭᠤᠮᠲᠠ ᠳᠤ ᠬᠣᠯᠪᠤᠭᠳᠠᠭᠰᠠᠨ ᠂ ᠬᠤᠳᠠᠯᠳᠤᠭ᠎ᠠ ᠮᠠᠶᠢᠮᠠᠢ ᠵᠡᠷᠭᠡ ᠠᠵᠤ ᠠᠬᠤᠢ ᠳᠤ ᠬᠣᠯᠪᠤᠭᠳᠠᠬᠤ ᠵᠠᠷᠭᠤ ᠵᠠᠭᠠᠯᠳᠤᠯᠭ᠎ᠠ ᠶᠢ ᠲᠠᠰᠤᠯᠤᠨ ᠰᠢᠳᠬᠡᠨ᠎ᠠ ᠃

 

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠥᠪᠦᠷ ᠮᠣᠩᠭᠤᠯ ᠥᠨᠳᠥᠰᠥᠲᠡᠨ ᠦ ᠰᠤᠷᠭᠠᠨ ᠬᠥᠮᠦᠵᠢᠯ ᠦᠨ ᠰᠦᠯᠵᠢᠶ᠎ᠡ ᠬᠡᠪᠯᠡᠯ ᠦᠨ ᠡᠷᠬᠡ ᠲᠡᠢ ᠃ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃