lt
ᠦᠬᠦᠯᠡᠯ ᠰᠤᠳᠤᠯᠤᠯ
《 ᠬᠡᠢᠮᠣᠷᠢ 》  ᠵᠢᠨ ᠢᠷᠡᠯᠲᠡ ᠪᠠ ᠶᠤᠸᠠᠮᠪᠤᠤ ᠶᠢᠨ ᠢᠷᠡᠯᠲᠡ
2016.03.15 ᠲᠣᠰ ᠥᠷᠲᠡᠭᠡᠨ ᠦ ᠨᠠᠢᠷᠠᠭᠤᠯᠤᠭᠴᠢ

ᠨᠢᠭᠡ ᠂ 《 ᠬᠡᠢᠮᠣᠷᠢ 》  ᠵᠢᠨ ᠢᠷᠡᠯᠲᠡ

《 ᠬᠡᠢᠮᠣᠷᠢ 》 ᠪᠣᠯ ᠮᠣᠩᠭᠤᠯ ᠦᠨᠳᠦᠰᠦᠲᠡᠨ ᠤ ᠴᠤᠭ ᠰᠦᠯᠳᠡ ᠪᠣᠯᠬᠤ ᠮᠥᠷᠲᠡᠭᠡᠨ ᠪᠤᠰᠤᠳ ᠦᠨᠳᠦᠰᠦᠲᠡᠨ ᠤᠭᠰᠠᠭᠠᠲᠠᠨ ᠡᠴᠡ ᠢᠯᠭᠠᠭᠳᠠᠬᠤ ᠣᠨᠴᠠᠭᠠᠢ ᠰᠢᠨᠵᠢ ᠲᠡᠮᠳᠡᠭ ᠤᠨ ᠨᠢᠭᠡ ᠪᠣᠯᠤᠨ᠎ᠠ ᠃ 《 ᠬᠡᠢᠮᠣᠷᠢ 》ᠨᠢ 《 ᠭᠡᠢ 》 ᠪᠤᠯᠤᠨ 《 ᠮᠣᠷᠢ 》 ᠭᠡᠬᠦ ᠬᠣᠶᠠᠷ ᠦᠭᠡ ᠪᠠᠷ ᠪᠦᠳᠤᠵᠠᠢ ᠃ 《 ᠭᠡᠢ ᠮᠣᠷᠢ ᠭᠡᠳᠡᠭ ᠨᠢ ᠬᠥᠮᠦᠨ ᠤ ᠬᠠᠮᠲᠤ ᠲᠥᠷᠦᠭᠰᠡᠨ ᠪᠤᠶᠠᠨ ᠵᠠᠶᠠᠭ᠎ᠠ ᠶᠢ ᠭᠡᠢ ᠮᠣᠷᠢ ᠭᠡᠮᠡᠮᠤᠢ ᠂ ᠲᠡᠭᠦᠨ ᠤ ᠵᠠᠰᠠᠯ ᠳᠤ ᠥᠩᠭᠡ ᠲᠠᠭᠠᠷᠠᠭᠤᠯᠤᠭᠰᠠᠨ ᠪᠦᠰ ᠤᠨ ᠳᠡᠭᠡᠷ᠎ᠡ ᠳᠤᠮᠳᠠ ᠠᠨᠤ ᠮᠣᠷᠢ ᠂ ᠂ ᠳᠥᠷᠪᠡᠨ ᠡᠲᠡᠭᠡᠳ ᠲᠦ ᠳᠥᠷᠪᠡᠨ ᠬᠦᠴᠤᠳᠡᠨ ᠵᠢᠷᠤᠵᠤ ᠂ ᠬᠥᠮᠦᠨ ᠤ ᠴᠤᠭ ᠵᠣᠯᠢ ᠶᠢ ᠳᠡᠯᠭᠡᠷᠡᠭᠦᠯᠬᠦ ᠶᠢᠨ ᠲᠤᠯᠠ ᠭᠡᠢᠰᠭᠡᠬᠦᠢ ᠶᠢ ᠭᠡᠢ ᠮᠣᠷᠢ ᠭᠡᠮᠡᠮᠤᠢ 》 ᠃ ᠳᠥᠷᠪᠡᠨ ᠬᠦᠴᠤᠳᠡᠨ ᠨᠢ ᠪᠠᠷᠰ ᠂ ᠠᠷᠰᠯᠠᠨ ᠂ ᠭᠠᠷᠤᠳᠢ ᠂ ᠯᠤᠤ ᠶᠢ ᠬᠡᠯᠡᠳᠡᠭ ᠃ ᠮᠣᠩᠭᠤᠯᠴᠤᠳ ᠵᠢᠯ ᠴᠠᠭᠠᠨ ᠰᠠᠷ᠎ᠠ ᠪᠣᠯᠤᠭᠰᠠᠭᠠᠷ ᠪᠣᠭᠳᠠ ᠴᠢᠩᠭᠢᠰ ᠤᠨ ᠰᠢᠲᠦᠭᠡᠨ ᠤ ᠲᠠᠬᠢᠯᠭ᠎ᠠ ᠶᠢᠨ ᠶᠣᠰᠤ ᠪᠠᠷ ᠭᠡᠷ ᠤᠨ ᠡᠮᠦᠨ᠎ᠡ ᠪᠠᠨ ᠥᠩᠭᠡ ᠪᠦᠷᠢ ᠶᠢᠨ ᠬᠡᠢᠮᠣᠷᠢ ᠪᠠᠨ ᠡᠯᠭᠦᠵᠦ 《 ᠲᠠᠪᠤᠨ ᠥᠩᠭᠡ ᠳᠥᠷᠪᠡᠨ ᠬᠠᠷᠢ ᠶᠢ ᠲᠣᠪᠴᠢᠯᠠᠭᠰᠠᠨ 》 ᠪᠡᠯᠭᠡ ᠲᠡᠮᠳᠡᠭ ᠪᠣᠯᠭᠠᠳᠠᠭ ᠪᠠᠢᠵᠠᠢ ᠃ 《 ᠬᠡᠢᠮᠣᠷᠢ 》 ᠶᠢᠨ ᠢᠷᠡᠯᠲᠡ ᠨᠢ1206 ᠣᠨ ᠳᠤ ᠴᠢᠩᠭᠢᠰ ᠬᠠᠭᠠᠨ ᠮᠣᠩᠭᠤᠯ ᠤᠨ ᠤᠯᠠᠨ ᠠᠢᠮᠠᠭ ᠢᠶᠠᠨ ᠨᠢᠭᠡᠳᠭᠡᠵᠦ ᠮᠣᠩᠭᠤᠯ ᠬᠠᠭᠠᠨᠲᠤ ᠤᠯᠤᠰ ᠪᠠᠢᠭᠤᠯᠬᠤ ᠦᠶ᠎ᠡ ᠳᠤ ᠥᠨᠳᠦᠷ ᠥᠨᠳᠦᠷ ᠰᠢᠷᠤᠢ ᠶᠢᠨ ᠲᠠᠪᠴᠠᠩ ᠪᠣᠰᠭᠠᠨ ᠰᠦᠯᠳᠡ ᠲᠠᠢ ᠲᠤᠭ ᠢᠶᠠᠨ ᠮᠠᠨᠳᠤᠭᠤᠯᠵᠤ ᠂ ᠬᠥᠬᠡ ᠂ ᠨᠣᠭᠤᠭᠠᠨ ᠂ ᠰᠢᠷ᠎ᠠ ᠂ ᠴᠠᠭᠠᠨ ᠂ ᠬᠠᠷ᠎ᠠ ᠥᠩᠭᠡ ᠶᠢᠨ ᠬᠡᠢᠮᠣᠷᠢ ᠪᠠᠨ ᠡᠯᠭᠦᠵᠦ ᠂ ᠲᠡᠭᠷᠢ ᠭᠠᠵᠠᠷ ᠲᠠᠬᠢᠭᠰᠠᠨ ᠲᠡᠷᠡ ᠴᠠᠭ ᠡᠴᠡ ᠦᠶ᠎ᠡ ᠤᠯᠠᠷᠢᠨ ᠵᠠᠯᠭᠠᠮᠵᠢᠯᠠᠭᠳᠠᠵᠦ ᠢᠷᠡᠭᠰᠡᠨ ᠲᠡᠦᠬᠡ ᠲᠠᠢ ᠪᠢᠯᠡ ᠃ ᠡᠢᠮᠦ ᠡᠴᠡ ᠮᠣᠩᠭᠤᠯᠴᠤᠳ ᠵᠢᠭᠦᠷ ᠳᠠᠯᠠᠪᠴᠢ ᠲᠠᠢ ᠬᠤᠪᠢᠯᠭᠠᠨ ᠬᠦᠯᠤᠭ ᠂ ᠳᠠᠪᠬᠢᠭ᠎ᠠ ᠮᠣᠷᠢ ᠪᠠᠷ ᠮᠣᠩᠭᠤᠯ ᠦᠨᠳᠦᠰᠦᠲᠡᠨ ᠤ ᠳᠠᠪᠰᠢᠨ ᠤᠷᠤᠭᠰᠢᠯᠠᠬᠤ ᠰᠠᠨᠠᠭ᠎ᠠ ᠪᠠᠨ ᠪᠡᠯᠭᠡᠳᠡᠭᠰᠡᠭᠡᠷ ᠢᠷᠡᠭᠰᠡᠨ ᠶᠤᠮ ᠃ ᠲᠡᠷᠡ ᠦᠶ᠎ᠡ ᠡᠴᠡ ᠡᠬᠢᠯᠡᠨ ᠮᠣᠩᠭᠤᠯᠴᠤᠳ ᠵᠢᠯ ᠪᠦᠷᠢ ᠶᠢᠨ ᠴᠠᠭᠠᠨ ᠰᠠᠷ᠎ᠠ ᠳᠤ ᠬᠡᠢᠮᠣᠷᠢ ᠮᠠᠨᠳᠤᠭᠤᠯᠬᠤ ᠪᠠᠨ ᠡᠷᠬᠢᠮ ᠳᠤ ᠦᠵᠡᠵᠦ ᠬᠦᠨᠳᠤᠳᠭᠡᠭᠰᠡᠭᠡᠷ ᠢᠷᠡᠵᠡᠢ ᠃

ᠬᠣᠶᠠᠷ ᠂ ᠶᠤᠸᠠᠮᠪᠤᠤ  ᠵᠢᠨ ᠢᠷᠡᠯᠲᠡ

ᠶᠤᠸᠠᠮᠪᠤᠤ ᠵᠣᠭᠤᠰ ᠢ ᠶᠤᠸᠠᠨ ᠤᠯᠤᠰ ᠤᠨ ᠦᠶ᠎ᠡ ᠳᠤ ᠡᠭᠦᠳᠦᠨ ᠵᠣᠬᠢᠶᠠᠭᠰᠠᠨ ᠶᠤᠮ ᠃ ᠶᠤᠸᠠᠨ ᠤᠯᠤᠰ ᠡᠴᠡ ᠡᠮᠦᠨ᠎ᠡ ᠠᠯᠳᠠ ᠮᠥᠩᠭᠦ ᠪᠠᠷ ᠬᠠᠪᠳᠠᠭᠠᠢᠯᠢᠭ ᠪᠤᠶᠤ ᠵᠤᠷᠪᠤᠰᠯᠢᠭ ᠬᠡᠯᠪᠡᠷᠢ ᠲᠠᠢ ᠵᠣᠭᠤᠰ ᠴᠢᠳᠭᠤᠨ ᠤᠢᠯᠡᠳᠴᠦ ᠪᠠᠢᠵᠠᠢ ᠃ ᠶᠤᠸᠠᠨ ᠤᠯᠤᠰ ᠤᠨ ᠱᠢᠽᠦ ᠬᠠᠭᠠᠨ ᠬᠤᠪᠢᠯᠠᠢ ᠶᠡᠬᠡ ᠰᠠᠭᠤᠷᠢᠨ ᠳᠤ ᠰᠠᠭᠤᠭᠰᠠᠨ ᠤ ᠳᠠᠷᠠᠭ᠎ᠠ ᠂ ᠮᠥᠩᠭᠦᠨ ᠭᠦᠢᠯᠭᠡᠭᠡᠨ ᠪᠠ ᠪᠠᠷᠠᠭ᠎ᠠ ᠲᠠᠸᠠᠷ ᠤᠨ ᠰᠣᠯᠢᠯᠴᠠᠭ᠎ᠠ ᠶᠢ ᠠᠬᠢᠭᠤᠯᠬᠤ ᠶᠢᠨ ᠲᠥᠯᠦᠭᠡ ᠱᠠᠩᠱᠦ ᠰᠧ ᠯᠠᠩ ᠲᠦᠰᠢᠮᠡᠯ ᠶᠠᠩ ᠱᠢ ᠶᠢᠨ ᠰᠠᠨᠠᠭᠤᠯᠭ᠎ᠠ ᠶᠢ ᠬᠦᠯᠢᠶᠡᠨ ᠠᠪᠴᠤ ᠬᠥᠮᠦᠷᠭᠡ ᠳᠤ ᠬᠠᠳᠠᠭᠠᠯᠠᠵᠤ ᠪᠠᠢᠭᠰᠠᠨ ᠮᠥᠩᠭᠦ ᠶᠢ ᠲᠠᠪᠢᠨ ᠯᠠᠩ ᠤᠨ ᠬᠡᠮᠵᠢᠶ᠎ᠡ ᠪᠠᠷ ᠮᠣᠷᠢᠨ ᠲᠤᠭᠤᠷᠠᠢ ᠶᠢᠨ ᠬᠡᠯᠪᠡᠷᠢᠲᠡᠢ ᠵᠣᠭᠤᠰ ᠴᠢᠳᠭᠤᠨ ᠤᠢᠯᠡᠳᠴᠦ ᠶᠤᠸᠠᠮᠪᠤᠤ ( ᠶᠤᠸᠠᠨ ᠤ ᠵᠣᠭᠤᠰ ) ᠭᠡᠵᠦ ᠨᠡᠷᠡᠢᠳᠪᠡ ᠃ ᠶᠤᠸᠠᠮᠪᠤᠤ ᠨᠢ ᠠᠯᠳᠠ ᠮᠥᠩᠭᠦ ᠬᠣᠶᠠᠷ ᠶᠠᠩᠵᠤ ᠶᠢᠨ ᠪᠠᠢᠪᠠ ᠃ ᠡᠩ ᠤᠨ ᠪᠠᠢᠳᠠᠯ ᠳᠤ ᠠᠯᠳᠠ ᠪᠠᠷ ᠴᠢᠳᠭᠤᠭᠰᠠᠨ ᠶᠤᠸᠠᠮᠪᠤᠤ ᠶᠢ ᠬᠠᠳᠠᠭᠠᠯᠠᠮᠵᠢ ᠳᠤ ᠬᠡᠷᠡᠭᠯᠡᠵᠦ ᠂ ᠮᠥᠩᠭᠦ ᠪᠠᠷ ᠴᠢᠳᠭᠤᠭᠰᠠᠨ ᠶᠤᠸᠠᠮᠪᠤᠤ ᠶᠢ ᠳᠡᠯᠭᠡᠭᠦᠷ ᠬᠤᠳᠠᠯᠳᠤᠭ᠎ᠠ ᠳᠤ ᠬᠡᠷᠡᠭᠯᠡᠳᠡᠭ ᠪᠠᠢᠵᠠᠢ ᠃ ᠶᠤᠸᠠᠮᠪᠤᠤ ᠶᠢ ᠦᠢᠯᠡᠳᠦᠨ ᠴᠢᠳᠬᠤᠭᠰᠠᠳ ᠡᠷᠬᠡᠪᠰᠢ ᠣᠪᠤᠭ ᠨᠠᠷ᠎ᠡ ᠪᠠᠨ ᠲᠡᠮᠳᠡᠭᠯᠡᠵᠦ ᠂ ᠣᠷᠤᠨ ᠴᠠᠭ ᠂ ᠣᠨ ᠰᠠᠷ᠎ᠠ ᠶᠢ ᠨᠢ ᠲᠣᠳᠤᠷᠬᠠᠢᠯᠠᠬᠤ ᠬᠡᠷᠡᠭᠲᠡᠢ ᠪᠠᠢᠳᠠᠭ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠥᠪᠦᠷ ᠮᠣᠩᠭᠤᠯ ᠥᠨᠳᠥᠰᠥᠲᠡᠨ ᠦ ᠰᠤᠷᠭᠠᠨ ᠬᠥᠮᠦᠵᠢᠯ ᠦᠨ ᠰᠦᠯᠵᠢᠶ᠎ᠡ ᠬᠡᠪᠯᠡᠯ ᠦᠨ ᠡᠷᠬᠡ ᠲᠡᠢ ᠃ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃