lt
ᠺᠣᠣᠷᠰᠸᠠᠢ᠌ᠷ
ᠮᠤᠩᠭ᠋ᠤᠯ ᠬᠡᠯᠡᠨ ᠊ᠤ᠌ ᠲᠤᠭᠤᠢᠯᠠᠩ ᠵᠠᠯᠠᠭᠤ ᠪᠠᠭᠰᠢᠨᠠᠷ  ᠤᠨ ᠬᠢᠴᠢᠶᠡᠯ ᠢ ᠰᠤᠨᠤᠰᠴᠦ ᠦᠨᠡᠯᠡᠪᠡ
2016.12.30 ᠲᠣᠰ ᠥᠷᠲᠡᠭᠡᠨ ᠦ ᠨᠠᠢᠷᠠᠭᠤᠯᠤᠭᠴᠢ

ᠮᠤᠨᠭᠭᠤᠯ ᠬᠡᠯᠡᠨ ᠦ ᠲᠤᠭᠤᠢᠯᠠᠩ ᠵᠢᠭᠠᠨ ᠰᠤᠷᠭᠠᠯᠳ᠋ᠠ ᠵᠢᠨ ᠰᠤᠳ᠋ᠤᠯᠭᠠᠨ ᠤ ᠠᠵᠢ᠍ᠯ ᠦᠷᠨᠢᠬᠦᠯᠪᠡ

ᠮᠤᠨᠭᠭᠤᠯ ᠬᠡᠯᠡᠨ ᠦ ᠲᠤᠭᠤᠢᠯᠠᠩ ᠨᠢ ᠵᠠᠯᠠᠭᠤ ᠪᠠᠭᠰᠢ᠍ᠨᠠᠷ ᠵᠢᠡᠷ ᠵᠢᠡᠨ 《 ᠵᠢᠭᠠᠨ ᠰᠤᠷᠭᠠᠯᠳ᠋ᠠ ᠵᠢᠨ ᠦᠬᠦᠯᠡᠯ 》 ᠪᠢᠴᠢ᠍ᠬᠦ ᠂ 《 ᠬᠢᠴᠢ᠍ᠶᠡᠯ ᠪᠡᠯᠡᠳᠬᠡᠬᠦ 》 ᠂ 《ᠬᠢᠴᠢ᠍ᠶᠡᠯ ᠰᠤᠨᠤᠰᠬᠤ 》᠂ 《ᠬᠢᠴᠢ᠍ᠶᠡᠯ ᠶᠠᠷᠢ᠍ᠬᠤ 》 ᠂ 《 ᠬᠢᠴᠢ᠍ᠶᠡᠯ ᠦᠨᠡᠯᠡᠬᠦ 》 ᠰᠢ᠍ᠷᠢ᠍ᠰ ᠠᠵᠢ᠍ᠯᠯᠠᠭᠠᠨ ᠢ ᠦᠷᠨᠢᠬᠦᠯᠵᠡᠢ ᠃

4.18 ᠳ᠋ᠥ ᠮᠦ᠋ᠩᠬᠡᠳ᠋ᠠᠯᠠᠢ ᠂ ᠮᠦ᠋ᠩᠬᠡᠪᠠᠳ᠋ᠤ ᠂ ᠰᠤᠳ᠋ᠤᠠᠦ᠋ᠨᠳ᠋ᠤᠰᠤ ᠂ ᠤᠯᠠᠭᠠᠨ ᠂ ᠬᠦᠤᠪᠤᠯᠠᠭ ᠂ ᠲᠤᠯᠠᠢᠨ᠎ᠠ ᠂ ᠠᠯᠢ᠍ᠮ᠎ᠠ ᠂ ᠤᠷᠢ᠍ᠬᠠᠨ ᠂ ᠤᠶᠤᠨᠪᠢᠯᠢ᠍ᠭ᠌ ᠂ ᠵᠤᠯᠠ ᠵᠡᠷᠬᠡ 10 ᠵᠠᠯᠠᠭᠤ ᠪᠠᠭᠰᠢ᠍ᠨᠠᠷ ᠪᠠᠷ ᠲᠤᠭᠳ᠋ᠠᠭᠰᠠᠨ ᠴᠠᠭ ᠲᠣ ᠲᠤᠭᠳ᠋ᠠᠭᠰᠠᠨ ᠰᠡᠳ᠋ᠦᠪ ᠵᠢᠡᠷ ᠵᠢᠭᠠᠨ ᠰᠤᠷᠭᠠᠯᠳ᠋ᠠ ᠵᠢᠨ ᠦᠬᠦᠯᠡᠯ ᠪᠢᠴᠢ᠍ᠬᠦᠯᠪᠡ ᠃ ᠦᠬᠦᠯᠡᠯ ᠦᠨ ᠰᠡᠳ᠋ᠦᠪᠯᠡᠬᠦᠨ ᠨᠢ 《ᠬᠡᠯᠡ ᠪᠢᠴᠢ᠍ᠭ᠌ ᠦᠨ ᠪᠠᠭᠰᠢ ᠵᠢᠨ ᠬᠡᠪ ᠪᠤᠯᠪᠠᠰᠤᠷᠠᠯ ᠤᠨ ᠲᠤᠬᠠᠢ 》

4.19-20 ᠡᠳ᠋ᠦᠷ ᠵᠠᠯᠠᠭᠤ ᠪᠠᠭᠰᠢ᠍ᠨᠠᠷ ᠬᠢᠴᠢ᠍ᠶᠡᠯ ᠪᠡᠯᠡᠳᠬᠡᠨ ᠰᠤᠨᠤᠰᠬᠠᠪᠠ ᠃ ᠤᠯᠠᠭᠠᠨᠬᠠᠳ᠋ᠠ ᠮᠤᠨᠭᠭᠤᠯ ᠲᠤᠮᠳ᠋ᠠᠳ᠋ᠤ ᠰᠤᠷᠭᠠᠭᠤᠯᠢ ᠵᠢᠨ ᠮᠤᠨᠭᠭᠤᠯ ᠬᠡᠯᠡᠨ ᠦ ᠪᠠᠭᠰᠢ ᠦᠨᠳ᠋ᠦᠰᠦ ᠂ ᠳ᠋ᠠᠪᠠᠨ ᠨᠢ᠍ᠬᠡᠳ᠋ᠦᠬᠡᠷ ᠲᠤᠮᠳ᠋ᠠᠳ᠋ᠤ ᠰᠤᠷᠭᠠᠭᠤᠯᠢ ᠵᠢᠨ ᠮᠤᠨᠭᠭᠤᠯ ᠬᠡᠯᠡᠨ ᠦ ᠪᠠᠭᠰᠢ ᠦᠯᠵᠡᠢᠨᠡᠷᠡᠨ ᠂ ᠬᠤᠰᠢ᠍ᠭᠤᠨ ᠤ ᠲᠠᠪᠳ᠋ᠠᠨ ᠪᠤᠯᠪᠠᠰᠤᠷᠠᠭᠤᠯᠬᠤ ᠰᠤᠷᠭᠠᠭᠤᠯᠢ ᠵᠢᠨ ᠬᠤᠪᠢᠰᠬᠠᠯᠳ᠋ᠤ ᠵᠡᠷᠬᠡ ᠪᠠᠭᠰᠢ᠍ᠨᠠᠷ ᠢ ᠤᠷᠢ᠍ᠵᠤ ᠬᠢᠴᠢ᠍ᠶᠡᠯ ᠰᠤᠨᠤᠰᠬᠠᠨ ᠬᠢᠴᠢ᠍ᠶᠡᠯ ᠦᠨᠡᠯᠡᠬᠦᠯᠦᠭᠰᠡᠨ ᠪᠠᠢᠨ᠎ᠠ ᠃

4.19  ᠊ᠤ᠌ ᠦᠳ᠋ᠡ ᠵᠢᠨ ᠡᠮᠤᠨ᠎ᠡ ᠲᠡᠬᠡᠳ᠋ᠦ ᠭᠤᠷᠪᠠ ᠵᠢᠨ ᠲᠡᠬᠦᠰᠬᠦ ᠰᠤᠷᠤᠭᠴᠢ᠍ᠳ ᠲᠣ ᠦᠨᠳ᠋ᠦᠰᠦ ᠂ ᠦᠯᠵᠡᠢᠨᠠᠷᠠᠨ ᠵᠡᠷᠬᠡ ᠪᠠᠭᠰᠢ ᠠ᠋ᠴᠠ ᠤᠯᠤᠰ ᠤᠨ ᠰᠢ᠍ᠯᠭᠠᠯᠳ᠋ᠠ ᠵᠢᠨ ᠲᠤᠬᠠᠢ ᠵᠢᠯᠤᠭᠤᠳ᠋ᠤᠮᠵᠢ ᠬᠢᠪᠡ ᠃

4.19  ᠊ᠤ᠌ ᠦᠳ᠋ᠡ ᠵᠢᠨ ᠬᠤᠢᠨ᠎ᠠ ᠪᠦᠬᠦ ᠮᠤᠨᠭᠭᠤᠯ ᠬᠡᠯᠡᠨ ᠦ ᠪᠠᠭᠰᠢ᠍ᠨᠠᠷ ᠤᠷᠤᠯᠴᠠᠭᠰᠠᠨ ᠵᠢᠭᠠᠨ ᠰᠤᠷᠭᠠᠯᠳ᠋ᠠ ᠵᠢᠨ ᠰᠤᠳ᠋ᠤᠯᠭᠠᠨ ᠤ ᠬᠤᠷᠠᠯ ᠬᠢᠪᠡ ᠃ ᠬᠢᠴᠢ᠍ᠶᠡᠯ ᠤᠷᠤᠭᠰᠠᠨ ᠪᠠᠭᠰᠢ᠍ᠨᠠᠷ ᠠ᠋ᠴᠠ ᠦᠪᠡᠷ ᠦᠨ ᠵᠢᠭᠠᠭᠰᠠᠨ ᠬᠢᠴᠢ᠍ᠶᠡᠯ ᠦᠨ ᠲᠤᠬᠠᠢ 《 ᠬᠢᠴᠢ᠍ᠶᠡᠯ ᠦᠨ ᠲᠤᠳ᠋ᠤᠷᠬᠠᠢᠯᠠᠯᠳ᠋ᠠ 》ᠬᠢᠵᠠᠢ ᠃

ᠲᠤᠰᠠᠬᠠᠢ ᠮᠡᠷᠬᠡᠵᠢ᠍ᠯᠳ᠋ᠠᠨ ᠦᠨᠳ᠋ᠦᠰᠦ ᠂ ᠦᠯᠵᠡᠢᠨᠠᠷᠠᠨ ᠂ ᠬᠤᠪᠢᠰᠬᠠᠯᠳ᠋ᠤ ᠵᠡᠷᠬᠡ ᠪᠠᠭᠰᠢ᠍ᠨᠠᠷ ᠠ᠋ᠴᠠ ᠦᠬᠦᠯᠡᠯ ᠪᠠ ᠬᠢᠴᠢ᠍ᠶᠡᠯᠯᠡᠬᠡ ᠵᠢᠨ ᠲᠤᠬᠠᠢ ᠦᠨᠡᠯᠡᠯᠳ᠋ᠡ ᠬᠢᠪᠡ ᠃

ᠴᠢ᠍ᠯᠦᠬᠡᠳ᠋ᠤ ᠶᠠᠷᠢ᠍ᠯᠴᠠᠭᠠᠨ ᠦᠷᠨᠢᠬᠦᠯᠪᠡ ᠃

8 007

ᠣᠶᠤᠨᠪᠢᠯᠢᠭ᠌ ᠪᠠᠭᠰᠢ 

8 055

ᠮᠦᠨᠭᠬᠡᠳᠠᠯᠠᠢ ᠪᠠᠭᠰᠢ

8 019

ᠠᠯᠢᠮ᠎ᠠ ᠪᠠᠭᠰᠢ

8 026

ᠡᠮᠦᠨᠡᠬᠢ ᠵᠣᠬᠢᠶᠠᠯᠵᠣᠬᠢᠶᠠᠯ ᠦᠭᠡᠢ ᠪᠣᠯᠵᠠᠢ

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠥᠪᠦᠷ ᠮᠣᠩᠭᠤᠯ ᠥᠨᠳᠥᠰᠥᠲᠡᠨ ᠦ ᠰᠤᠷᠭᠠᠨ ᠬᠥᠮᠦᠵᠢᠯ ᠦᠨ ᠰᠦᠯᠵᠢᠶ᠎ᠡ ᠬᠡᠪᠯᠡᠯ ᠦᠨ ᠡᠷᠬᠡ ᠲᠡᠢ ᠃ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃