lt
ᠺᠣᠣᠷᠰᠸᠠᠢ᠌ᠷ
ᠣᠩᠨᠢᠭᠤᠳ ᠮᠣᠩᠭᠤᠯᠴᠤᠳ ᠤᠨ ᠴᠡᠭᠡᠷ ᠶᠣᠰᠤ
2016.12.15 ᠲᠣᠰ ᠥᠷᠲᠡᠭᠡᠨ ᠦ ᠨᠠᠢᠷᠠᠭᠤᠯᠤᠭᠴᠢ

ᠣᠩᠨᠢᠭᠤᠳ ᠮᠣᠩᠭᠤᠯᠴᠤᠳ ᠤᠨ ᠴᠡᠭᠡᠷ ᠶᠣᠰᠤ

ᠣᠩᠨᠢᠭᠤᠳ ᠮᠣᠩᠭᠤᠯᠴᠤᠳ ᠤᠷᠳᠤ ᠤᠳᠠᠭᠠᠨ ᠬᠤᠭᠤᠴᠠᠭᠠᠨ ᠤ ᠲᠡᠦᠬᠡ ᠶᠢᠨ ᠶᠠᠪᠤᠴᠠ ᠶᠢᠨ ᠳᠤᠮᠳᠠ ᠪᠡᠨ ᠮᠠᠰᠢ ᠪᠠᠶᠠᠯᠢᠭ ᠰᠣᠶᠤᠯ ᠢ ᠡᠭᠦᠳᠴᠦ ᠵᠠᠷᠢᠮ ᠵᠦᠢᠯᠡᠰ ᠢᠶᠡᠨ ᠭᠡᠷ ᠪᠦᠯᠢ ᠶᠢᠨ ᠴᠡᠭᠡᠷ ᠶᠣᠰᠤ ᠪᠣᠯᠭᠠᠨ ᠳᠤᠭᠳᠠᠪᠤᠷᠢᠵᠢᠭᠤᠯᠵᠦ ᠦᠶ᠎ᠡ ᠤᠯᠠᠮᠵᠢᠯᠠᠨ ᠬᠡᠷᠡᠭᠯᠠᠵᠦ ᠢᠷᠡᠭᠰᠡᠨ ᠲᠡᠦᠬᠡ ᠲᠠᠢ ᠪᠢᠯᠡ ︕ ᠡᠨᠡᠬᠦ ᠴᠡᠭᠡᠷ ᠶᠣᠰᠤ ᠶᠢᠨ ᠴᠠᠭᠠᠨ᠎ᠠ ᠨᠡᠯᠢᠶᠡᠳ ᠤᠯᠠᠨ ᠨᠢᠭᠤᠭᠳᠠᠮᠠᠯ ᠰᠣᠶᠤᠯ ᠪᠠᠢᠵᠤ ᠪᠣᠯᠤᠨ᠎ᠠ ᠃ ᠡᠨᠡ ᠲᠤᠬᠠᠢ ᠮᠠᠰᠢ ᠤᠯᠠᠨ ᠲᠥᠷᠦᠯ ᠵᠦᠢᠯ ᠳᠤ ᠬᠤᠪᠢᠶᠠᠨ ᠦᠵᠡᠵᠦ ᠪᠣᠯᠤᠨ᠎ᠠ ᠃ ᠳᠥᠭᠦᠮ ᠬᠡᠲᠦ ᠶᠢ ᠴᠤᠭᠯᠠᠭᠤᠯᠪᠠᠯ ᠡᠢᠮᠦ ᠪᠠᠢᠨ᠎ᠠ ᠃

 ᠨᠢᠭᠡ ᠂ ᠪᠡᠯᠭᠡ ᠳᠡᠮᠪᠡᠷᠢᠯ ᠤᠨ ᠲᠤᠬᠠᠢ ᠢᠳᠡᠵᠦ ᠪᠠᠢᠭᠠᠳ ᠬᠤᠪᠴᠠᠰᠤ ᠪᠡᠨ ᠲᠠᠢᠯᠪᠠᠯ ᠭᠡᠷ ᠶᠠᠳᠠᠭᠤᠷᠠᠨ᠎ᠠ ᠭᠡᠳᠡᠭ ᠃ ᠴᠠᠭᠠᠨ ᠢᠳᠡᠭᠡᠨ ᠢ ᠤᠨᠠᠭᠠᠵᠦ ᠳᠤᠰᠬᠠᠬᠤ ᠭᠡᠭᠡᠵᠦ ᠣᠷᠬᠢᠬᠤ ᠶᠢ ᠴᠡᠭᠡᠷᠯᠡᠨ᠎ᠡ ᠃ ᠰᠠᠪᠬ᠎ᠠ ᠵᠢ ᠬᠠᠷᠴᠢᠬᠢᠨᠠᠭᠤᠯᠵᠦ ᠤᠭᠢᠶᠠᠪᠠᠯ ᠭᠡᠷ ᠵᠠᠭᠤᠷ᠎ᠠ ᠪᠠᠨ ᠬᠡᠷᠡᠭᠦᠯ ᠲᠠᠢ ᠪᠣᠯᠤᠨ᠎ᠠ ᠭᠡᠳᠡᠭ ᠃ ᠬᠡᠦᠬᠡᠳ ᠡᠯᠢᠭᠡ ᠲᠦᠷᠦᠬᠦᠯᠵᠦ ᠬᠡᠪᠳᠡᠪᠡᠯ ᠡᠴᠢᠭᠡ ᠡᠬᠡ ᠳᠦ ᠨᠢ ᠮᠠᠭᠤ ᠪᠣᠯᠤᠨ᠎ᠠ ᠭᠡᠳᠡᠭ ᠂ ᠬᠥᠮᠦᠨ ᠢ ᠲᠦᠰᠢᠵᠦ ᠰᠠᠭᠤᠪᠠᠯ ᠵᠣᠪᠠᠯᠠᠩ ᠢ ᠨᠢ ᠠᠪᠤᠨ᠎ᠠ ᠭᠡᠵᠦ ᠴᠡᠭᠡᠷᠯᠡᠬᠦᠯᠳᠡᠭ ᠃ ᠪᠤᠰᠤᠳ ᠤᠨ ᠡᠰᠡᠷᠭᠦ ᠨᠤᠯᠮᠤᠪᠠᠯ ᠠᠮᠠᠨ ᠬᠡᠰᠢᠭ ᠨᠢ ᠵᠠᠢᠯᠠᠨ᠎ᠠ ᠭᠡᠳᠡᠭ ᠂ ᠢᠷ ᠠᠮᠠ ᠲᠠᠢ ᠬᠡᠷᠡᠭᠰᠡᠯ ᠢ ᠪᠤᠰᠤᠳ ᠤᠨ ᠡᠰᠡᠷᠭᠦ ᠠᠩᠭᠠᠢᠯᠭᠠᠵᠦ ᠲᠠᠯᠪᠢᠳᠠᠭ ᠦᠭᠡᠢ ᠮᠠᠭᠤ ᠢᠷᠸ᠎ᠠ ᠪᠣᠯᠤᠨ᠎ᠠ ᠭᠡᠳᠡᠭ ᠂ ᠂ ᠭᠡᠷ ᠡᠴᠡ ᠪᠡᠨ ᠶᠠᠭᠤᠮ᠎ᠠ ᠡᠭᠦᠷᠴᠦ ᠭᠠᠷᠪᠠᠯ ᠬᠦᠨᠡᠰᠦ ᠪᠤᠶᠠᠨ ᠨᠢ ᠭᠠᠳᠠᠭᠰᠢ ᠵᠠᠢᠯᠠᠨ᠎ᠠ ᠭᠡᠳᠡᠭ ᠂ ᠰᠥᠨᠢ ᠲᠣᠯᠢᠨ ᠳᠦ ᠵᠢᠰᠦ ᠪᠡᠨ ᠦᠵᠡᠬᠦ ᠦᠭᠡᠢ ᠂ ᠵᠢᠰᠦ ᠡᠪᠳᠡᠷᠡᠨ᠎ᠡ ᠭᠡᠳᠡᠭ ᠂ ᠪᠤᠳᠠᠭ᠎ᠠ ᠢᠳᠡᠬᠦ ᠦᠶᠡᠰ ᠲᠤ ᠪᠡᠨ ᠠᠶᠠᠭ᠎ᠠ ᠪᠡᠨ ᠳᠤᠭᠰᠢᠪᠠᠯ ᠭᠤᠢᠷᠠᠨᠴᠢ ᠪᠣᠯᠤᠨ᠎ᠠ ᠭᠡᠳᠡᠭ ᠂ ᠬᠣᠭᠤᠰᠤᠨ ᠡᠮᠡᠭᠡᠯ ᠢ ᠤᠨᠤᠳᠠᠭ ᠦᠭᠡᠢ ᠂ ᠤᠨᠤᠭ᠎ᠠ ᠬᠦᠯᠦᠭ ᠲᠠᠰᠤᠷᠠᠨ᠎ᠠ ᠭᠡᠳᠡᠭ ᠂ ᠬᠡᠦᠬᠡᠳ ᠲᠤ ᠮᠠᠯ ᠤᠨ ᠳᠡᠯᠢᠭᠦᠦ ᠵᠢ ᠢᠳᠡᠭᠦᠯᠬᠦ ᠦᠭᠡᠢ ᠂ ᠢᠳᠡᠪᠡᠯ ᠳᠡᠯᠢᠭᠦᠨ ᠬᠥᠬᠡ ᠴᠢᠷᠠᠢ ᠲᠠᠢ ᠪᠣᠯᠤᠨ᠎ᠠ ᠭᠡᠳᠡᠭ ᠂ ᠦᠨᠡᠭᠡ ᠠᠯᠠᠭᠠᠳ ᠂ ᠨᠢᠴᠦᠭᠦᠨ ᠬᠡᠭᠦᠷ ᠢ ᠨᠢ ᠳᠤᠶᠠᠴᠢᠯ ᠦᠭᠡᠢ ᠬᠠᠶᠠᠬᠤ ᠵᠢ ᠴᠡᠭᠡᠷᠯᠡᠨ᠎ᠡ ᠂ ᠨᠠᠰᠤ ᠪᠠᠷᠠᠭᠰᠠᠨ ᠬᠥᠮᠦᠨ ᠤ ᠵᠠᠬ᠎ᠠ ᠳᠦ ᠮᠤᠤᠷ ᠨᠣᠬᠠᠢ ᠣᠷᠤᠭᠤᠯᠬᠤ ᠵᠢ ᠴᠡᠭᠡᠷᠯᠡᠨ᠎ᠡ ᠂ ᠪᠤᠰᠤᠳ ᠲᠤ ᠵᠡᠭᠦᠦ ᠰᠦᠪᠡᠯᠡᠵᠦ ᠥᠭᠬᠦ ᠳᠦ ᠪᠡᠨ ᠤᠲᠠᠰᠤᠨ ᠦᠵᠦᠭᠦᠷ ᠢ ᠵᠠᠩᠬᠢᠯᠠᠵᠦ ᠥᠭᠬᠦ ᠵᠢ ᠴᠡᠭᠡᠷᠯᠡᠨ᠎ᠡ ᠂ ᠠᠪᠰᠠ ᠳᠦ ᠲᠡᠮᠦᠷ ᠬᠠᠳᠠᠭᠠᠰᠤ ᠬᠡᠷᠡᠭᠯᠡᠬᠦ ᠵᠢ ᠴᠡᠭᠡᠷᠯᠡᠨ᠎ᠡ ᠂ ᠬᠤᠨ ᠭᠠᠯᠠᠭᠤ ᠠᠯᠠᠬᠤ ᠵᠢ ᠴᠡᠭᠡᠷᠯᠡᠨ᠎ᠡ ᠂ ᠡᠮ ᠲᠠᠩ ᠢ ᠪᠠᠭ᠎ᠠ ᠭᠡᠵᠦ ᠴᠢᠮᠠᠯᠠᠬᠤ ᠵᠢ ᠴᠡᠭᠡᠷᠯᠡᠨ᠎ᠡ ᠂ ᠳᠤᠪᠴᠢ ᠰᠢᠯᠪᠢ ᠦᠭᠡᠢ ᠬᠤᠪᠴᠠᠰᠤ ᠬᠤᠨᠠᠷ ᠡᠮᠦᠰᠬᠦ ᠵᠢ ᠴᠡᠭᠡᠷᠯᠡᠨ᠎ᠡ ᠂ ᠮᠠᠯ ᠬᠤᠳᠠᠯᠳᠤᠬᠤ ᠦᠶ᠎ᠡ ᠳᠦ ᠮᠠᠯ ᠤᠨ ᠬᠠᠰᠢᠶ᠎ᠠ ᠬᠣᠷᠤᠭ᠎ᠠ ᠪᠡᠨ ᠱᠦᠭᠦᠷᠳᠡᠨ ᠴᠡᠪᠡᠷᠯᠡᠬᠦ ᠵᠢ ᠴᠡᠭᠡᠷᠯᠡᠨ᠎ᠡ ᠂ ᠤᠩᠭᠤᠯᠠᠵᠦ ᠰᠡᠲᠡᠷᠯᠡᠭᠰᠡᠨ ᠮᠠᠯ ᠢ ᠠᠯᠠᠬᠤ ᠂ ᠬᠤᠳᠠᠯᠳᠤᠬᠤ ᠪᠤᠶᠤ ᠪᠤᠰᠤᠳ ᠲᠤ ᠥᠭᠬᠦ ᠵᠢ ᠴᠡᠭᠡᠷᠯᠡᠨ᠎ᠡ ᠃ ᠰᠤᠬᠠᠢ ᠮᠣᠳᠤ ᠪᠡᠷ ᠬᠡᠭᠡᠯ ᠲᠠᠢ ᠮᠠᠯ ᠢ ᠴᠣᠬᠢᠬᠤ ᠵᠢ ᠴᠡᠭᠡᠷᠯᠡᠨ᠎ᠡ ᠂ ᠭᠠᠯ ᠲᠠᠬᠢᠬᠤ ᠦᠶ᠎ᠡ ᠳᠦ ᠵᠢᠭᠡ ᠪᠡᠨ ᠳᠡᠷᠭᠡᠳᠡ ᠪᠡᠨ ᠪᠠᠢᠯᠭᠠᠬᠤ ᠵᠢ ᠴᠡᠭᠡᠷᠯᠡᠨ᠎ᠡ ᠂ ᠴᠣᠩᠬᠤ ᠪᠡᠷ ᠣᠷᠤᠵᠤ ᠭᠠᠷᠬᠤ ᠵᠢ ᠴᠡᠭᠡᠷᠯᠡᠨ᠎ᠡ ᠂ ᠮᠠᠯ ᠤᠨ ᠨᠢᠳᠦ ᠪᠠ ᠴᠢᠬᠢ ᠵᠢ ᠥᠷᠦᠭᠡᠰᠦᠨ ᠢᠶᠡᠷ ᠢᠳᠡᠬᠦ ᠵᠢ ᠴᠡᠭᠡᠷᠯᠡᠨ᠎ᠡ ᠂ ᠬᠡᠭᠡᠷ᠎ᠡ ᠭᠠᠳᠠᠭ᠎ᠠ ᠡᠴᠡ ᠵᠢᠪᠡ ᠲᠠᠢ ᠲᠡᠮᠦᠷᠯᠢᠭ ᠪᠤᠶᠤ ᠢᠷ ᠠᠮᠠ ᠲᠠᠢ ᠶᠠᠭᠤᠮ᠎ᠠ ᠣᠯᠵᠤ ᠠᠪᠴᠢᠷᠠᠬᠤ ᠵᠢ ᠴᠡᠭᠡᠷᠯᠡᠳᠡᠭ ᠂ ᠡᠪᠡᠳᠴᠢᠨ ᠬᠠᠭᠤᠴᠢᠨ ᠲᠠᠢ ᠨᠠᠰᠤᠲᠠᠢᠴᠤᠤᠯ ᠢ ᠡᠷᠭᠢᠵᠦ ᠳᠤᠬᠤᠨᠢᠭᠤᠯᠬᠤ ᠳᠦ ᠪᠡᠨ ᠦᠳᠡ ᠥᠩᠭᠡᠷᠡᠭᠰᠡᠨ ᠬᠣᠢᠨ᠎ᠠ ᠣᠴᠢᠬᠤ ᠵᠢ ᠴᠡᠭᠡᠷᠯᠡᠳᠡᠭ ᠂ ᠣᠩᠭᠤᠨ ᠪᠤᠶᠤ ᠤᠪᠤᠭ᠎ᠠ ᠵᠡᠷᠭᠡ ᠶᠢᠨ ᠮᠣᠳᠤ ᠴᠢᠯᠠᠭᠤ ᠵᠢ ᠳᠤᠷ᠎ᠠ ᠪᠡᠷ ᠭᠦᠳᠡᠯᠭᠡᠬᠦ ᠵᠢ ᠴᠡᠭᠡᠷᠯᠡᠨ᠎ᠡ ᠃ ᠡᠭᠦᠳᠡᠨ ᠬᠠᠪᠲᠠᠰᠤᠨ ᠳᠡᠭᠡᠷ᠎ᠡ ᠵᠣᠭᠰᠤᠬᠤ ᠶᠢ ᠴᠡᠭᠡᠷᠯᠡᠨ᠎ᠡ ᠃ ᠨᠠᠷᠠᠨ ᠰᠠᠷᠠᠨ ᠵᠦᠭ ᠬᠠᠨᠳᠤᠵᠦ ᠪᠡᠶ᠎ᠡ ᠵᠠᠰᠠᠬᠤ ᠶᠢ ᠴᠡᠭᠡᠷᠯᠡᠨ᠎ᠡ ᠃ ᠁

 ᠬᠣᠶᠠᠷ  ᠂ ᠡᠷᠡᠭᠦᠯ ᠡᠩᠬᠡ ᠶᠢᠨ ᠲᠤᠬᠠᠢ ᠡᠭᠦᠯᠡ ᠬᠤᠷ᠎ᠠ ᠲᠠᠢ ᠡᠳᠦᠷ ᠬᠡᠯᠡᠭᠡᠢ ᠶᠠᠪᠠ ᠬᠥᠮᠦᠨ ᠢ ᠳᠠᠭᠤᠷᠢᠶᠠᠬᠤ ᠵᠢ ᠴᠡᠭᠡᠷᠯᠡᠳᠡᠭ ᠂ ᠬᠡᠦᠬᠡᠳ ᠢ ᠡᠭᠦᠳᠡ ᠬᠠᠭᠠᠯᠭ᠎ᠠ ᠪᠡᠷ ᠨᠠᠭᠠᠳᠪᠠᠯ ᠴᠢᠬᠢ ᠨᠢ ᠬᠠᠩᠵᠠᠷᠠᠨ᠎ᠠ ᠭᠡᠵᠦ ᠴᠡᠭᠡᠷᠯᠡᠭᠦᠯᠳᠡᠭ ᠂ ᠲᠣᠯᠤᠭᠠᠢ ᠶᠢᠨ ᠦᠵᠦᠭᠦᠷ ᠢᠶᠡᠨ ᠱᠦᠭᠦᠷ ᠲᠠᠯᠪᠢᠵᠤ ᠤᠨᠲᠠᠪᠠᠯ ᠬᠠᠷ᠎ᠠ ᠳᠠᠷᠤᠨ᠎ᠠ ᠭᠡᠳᠡᠭ ᠂ ᠬᠥᠮᠦᠨ ᠤ ᠨᠡᠷ᠎ᠡ ᠵᠢ ᠤᠯᠠᠭᠠᠨ ᠢᠶᠡᠷ ᠪᠢᠴᠢᠬᠦ ᠵᠢ ᠴᠡᠭᠡᠷᠯᠡᠨ᠎ᠡ ᠂ ᠰᠥᠨᠢ ᠤᠷᠤᠢ ᠬᠢᠮᠤᠰᠤ ᠠᠪᠬᠤ ᠵᠢ ᠴᠡᠭᠡᠷᠯᠡᠨ᠎ᠡ ᠂ ᠢᠳᠡᠵᠦ ᠪᠠᠢᠭᠠᠳ ᠨᠣᠮ ᠦᠵᠡᠬᠦ ᠵᠢ ᠴᠡᠭᠡᠷᠯᠡᠨ᠎ᠡ ᠳᠣᠣᠷ᠎ᠠ ᠤᠨᠠᠭᠰᠠᠨ ᠡᠮ ᠢ ᠲᠡᠭᠦᠵᠦ ᠠᠪᠬᠤ ᠵᠢ ᠴᠡᠭᠡᠷᠯᠡᠨ᠎ᠡ ᠂ ᠪᠤᠰᠤᠳ ᠤᠨ ᠡᠰᠡᠷᠭᠦ ᠬᠠᠨᠢᠶᠠᠬᠤ ᠂ ᠨᠠᠢᠲᠠᠭᠠᠬᠤ ᠵᠢ ᠴᠡᠭᠡᠷᠯᠡᠨ᠎ᠡ ᠂ ᠲᠡᠭᠷᠢ ᠳᠤᠤᠭᠠᠷᠴᠤ ᠪᠣᠷᠤᠭᠠᠨ ᠣᠷᠤᠵᠤ ᠪᠠᠢᠭ᠎ᠠ ᠦᠶᠡᠰ ᠡᠭᠦᠳᠡ ᠴᠣᠩᠬᠤ ᠨᠡᠭᠡᠭᠡᠵᠦ ᠠᠰᠯᠠᠬᠤ ᠰᠠᠭᠤᠬᠤ ᠪᠤᠶᠤ ᠵᠣᠭᠰᠤᠬᠤ ᠶᠢ ᠴᠡᠭᠡᠷᠯᠡᠨ᠎ᠡ ᠃ ᠡᠭᠦᠯᠡ ᠪᠣᠷᠤᠭᠠᠨ ᠲᠠᠢ ᠦᠶᠡᠰ ᠮᠣᠳᠤᠨ ᠳᠣᠣᠷ᠎ᠠ ᠰᠠᠭᠤᠵᠤ ᠳᠠᠯᠳᠠᠯᠠᠬᠤ ᠶᠢ ᠴᠡᠭᠡᠷᠯᠡᠨ᠎ᠡ ᠃ ᠡᠷᠬᠢᠨ ᠳᠡᠭᠡᠷ᠎ᠡ ᠨᠠᠭᠠᠳᠬᠤ ᠶᠢ ᠴᠡᠭᠡᠷᠯᠡᠨ᠎ᠡ ᠃ ᠵᠢᠭᠦᠷᠲᠡᠨ ᠰᠢᠪᠠᠭᠤᠨ ᠤ ᠥᠳᠦ ᠪᠠᠷ ᠨᠠᠭᠠᠳᠬᠤ ᠶᠢ ᠴᠡᠭᠡᠷᠯᠡᠨ᠎ᠡ ᠃ ᠁

 ᠭᠤᠷᠪᠠ  ᠂ ᠬᠦᠨᠳᠦᠳᠭᠡᠬᠦ ᠶᠣᠰᠤᠨ ᠤ ᠲᠤᠬᠠᠢ ᠪᠤᠰᠤᠳ ᠡᠴᠡ ᠶᠠᠭᠤᠮ᠎ᠠ ᠠᠪᠬᠤ ᠳᠦ ᠪᠡᠨ ᠬᠤᠷᠤᠭᠤᠨ ᠰᠠᠯᠠᠭ᠎ᠠ ᠪᠡᠷ ᠢᠶᠡᠨ ᠬᠠᠪᠴᠢᠨ ᠠᠪᠬᠤ ᠵᠢ ᠴᠡᠭᠡᠷᠯᠡᠨ᠎ᠡ ᠂ ᠴᠠᠭᠠᠨ ᠰᠠᠷ᠎ᠠ ᠭᠡᠵᠢᠭᠡ ᠵᠠᠰᠠᠳᠠᠭ ᠦᠭᠡᠢ ᠂ ᠨᠠᠭᠠᠴᠤ ᠶᠠᠳᠠᠭᠤᠷᠠᠨ᠎ᠠ ᠭᠡᠳᠡᠭ ᠂ ᠨᠠᠭᠠᠴᠤ ᠪᠡᠨ ᠴᠣᠬᠢᠪᠠᠯ ᠭᠠᠷ ᠨᠢ ᠴᠡᠴᠡᠷᠡᠭᠡ ᠲᠠᠢ ᠪᠣᠯᠤᠨ᠎ᠠ ᠭᠡᠵᠦ ᠬᠡᠦᠬᠡᠳ ᠲᠤ ᠴᠡᠭᠡᠷᠯᠡᠭᠦᠯᠳᠡᠭ ᠂ ᠪᠤᠰᠤᠳ ᠲᠤ ᠪᠡᠯᠡᠭ ᠪᠠᠭᠯᠠᠵᠤ ᠶᠠᠪᠤᠭᠤᠯᠬᠤ ᠳᠦ ᠪᠡᠨ ᠤᠯᠠᠭᠠᠨ ᠥᠩᠭᠡ ᠶᠢᠨ ᠲᠡᠮᠳᠡᠭ ᠲᠠᠯᠪᠢᠳᠠᠭ ᠃ ᠪᠤᠰᠤᠳ ᠲᠦ ᠢᠷ ᠮᠥᠷ ᠲᠠᠢ ᠶᠠᠭᠤᠮ᠎ᠠ ᠪᠡᠯᠡᠭᠯᠡᠳᠡᠭ ᠦᠭᠡᠢ ᠃ ᠁

 ᠳᠥᠷᠪᠡ  ᠂ ᠠᠮᠢ ᠠᠬᠤᠢ ᠵᠢ ᠬᠠᠢᠷᠠᠯᠠᠬᠤ ᠲᠤᠬᠠᠢ ᠬᠡᠦᠬᠡᠳ ᠢ ᠳᠤᠷ᠎ᠠ ᠪᠡᠷ ᠨᠢ ᠨᠦᠬᠡ ᠮᠠᠯᠳᠠᠭᠤᠯᠳᠠᠭ ᠦᠭᠡᠢ ᠡᠴᠢᠭᠡ ᠡᠬᠡ ᠳᠦ ᠨᠢ ᠮᠠᠭᠤ ᠭᠡᠵᠦ ᠴᠡᠭᠡᠷᠯᠡᠭᠦᠯᠳᠡᠭ ᠂ ᠠᠩ ᠤᠨ ᠠᠮᠢᠲᠠᠨ ᠢ ᠬᠡᠪᠲᠡᠷᠢ ᠳᠦ ᠨᠢ ᠠᠩᠨᠠᠳᠠᠭ ᠦᠭᠡᠢ ᠂ ᠬᠡᠭᠡᠯ ᠲᠠᠢ ᠬᠤᠭᠤᠴᠠᠭᠠᠨ ᠳᠦ ᠨᠢ ᠠᠩᠨᠠᠳᠠᠭ ᠦᠭᠡᠢ ᠃ ᠬᠤᠸᠠᠷ ᠴᠡᠴᠡᠭ ᠢ ᠳᠤᠷ᠎ᠠ ᠪᠡᠷ ᠲᠠᠰᠤᠯᠬᠤ ᠵᠢ ᠴᠡᠭᠡᠷᠯᠡᠭᠦᠯᠳᠡᠭ ᠂ ᠰᠢᠪᠠᠭᠤᠨ ᠤ ᠥᠨᠳᠡᠭᠡ ᠵᠢ ᠠᠪᠴᠤ ᠪᠣᠯᠬᠤ ᠦᠭᠡᠢ ᠵᠢᠰᠦ ᠡᠪᠳᠡᠷᠡᠨ᠎ᠡ ᠭᠡᠳᠡᠭ ᠂ ᠨᠢᠯᠬ᠎ᠠ ᠠᠮᠢᠲᠠᠨ ᠢ ᠠᠩᠨᠠᠬᠤ ᠵᠢ ᠴᠡᠭᠡᠷᠯᠡᠳᠡᠭ ᠂ ᠨᠣᠬᠠᠢ ᠭᠠᠬᠠᠢ ᠵᠢ ᠢᠰᠭᠦᠯᠬᠦ ᠵᠢ ᠴᠡᠭᠡᠷᠯᠡᠬᠦᠯᠳᠡᠭ ᠂ ᠮᠡᠯᠡᠬᠡᠢ ᠠᠯᠠᠪᠠᠯ ᠦᠨᠢᠶ᠎ᠡ ᠰᠤᠪᠠᠢᠷᠠᠨ᠎ᠠ ᠭᠡᠳᠡᠭ ᠃ ᠭᠠᠯᠠᠭᠤᠨ ᠤ ᠥᠨᠳᠡᠭᠡ ᠳᠡᠭᠡᠷ᠎ᠡ ᠰᠡᠭᠦᠳᠡᠷ ᠳᠤᠰᠬᠠᠵᠦ ᠪᠣᠯᠬᠤ ᠦᠭᠡᠢ ᠃ ᠬᠠᠷᠢᠶᠠᠴᠠᠢ ᠶᠢᠨ ᠡᠭᠦᠷ ᠢ ᠡᠪᠳᠡᠪᠡᠯ ᠨᠢᠳᠦᠨ ᠳᠤ ᠨᠢ ᠴᠠᠭ᠎ᠠ ᠤᠨᠠᠨ᠎ᠠ ᠭᠡᠳᠡᠭ ᠃ ᠁

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠥᠪᠦᠷ ᠮᠣᠩᠭᠤᠯ ᠥᠨᠳᠥᠰᠥᠲᠡᠨ ᠦ ᠰᠤᠷᠭᠠᠨ ᠬᠥᠮᠦᠵᠢᠯ ᠦᠨ ᠰᠦᠯᠵᠢᠶ᠎ᠡ ᠬᠡᠪᠯᠡᠯ ᠦᠨ ᠡᠷᠬᠡ ᠲᠡᠢ ᠃ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃