lt
ᠺᠣᠣᠷᠰᠸᠠᠢ᠌ᠷ
ᠮᠣᠩᠭᠤᠯᠴᠤᠳ ᠤᠨ ᠬᠡᠦᠬᠡᠳ ᠢᠶᠠᠨ ᠡᠷᠡᠯᠬᠡᠭ ᠪᠠᠭᠠᠲᠤᠷᠯᠢᠭ ᠰᠥᠰᠦ ᠵᠣᠷᠢᠭ ᠲᠠᠢ ᠪᠣᠯᠭᠠᠨ ᠬᠥᠮᠦᠵᠢᠭᠦᠯᠬᠦ ᠬᠡᠷ ᠤᠨ ᠰᠤᠷᠭᠠᠯ
2016.03.12 ᠲᠣᠰ ᠥᠷᠲᠡᠭᠡᠨ ᠦ ᠨᠠᠢᠷᠠᠭᠤᠯᠤᠭᠴᠢ

     ᠮᠣᠩᠭᠤᠯᠴᠤᠳ ᠤᠨ ᠬᠡᠦᠬᠡᠳ ᠢᠶᠠᠨ ᠡᠷᠡᠯᠬᠡᠭ ᠪᠠᠭᠠᠲᠤᠷᠯᠢᠭ ᠰᠥᠰᠦ ᠵᠣᠷᠢᠭ ᠲᠠᠢ ᠪᠣᠯᠭᠠᠨ ᠬᠥᠮᠦᠵᠢᠭᠦᠯᠬᠦ ᠬᠡᠷ ᠤᠨ ᠰᠤᠷᠭᠠᠯ

    ᠮᠣᠩᠭᠤᠯᠴᠤᠳ ᠲᠤ ᠮᠣᠩᠭᠤᠯ ᠮᠣᠷᠢᠨ ᠤ ᠰᠢᠨᠳᠠᠰᠤ ᠰᠢᠷᠪᠤᠰᠤ ᠬᠦᠴᠦ ᠴᠢᠳᠠᠯ ᠪᠠ ᠮᠣᠩᠭᠤᠯ ᠡᠷ᠎ᠡ ᠶᠢᠨ ᠡᠷᠡᠮᠡᠭᠡᠢ ᠵᠣᠷᠢᠭ ᠡᠷᠡᠯᠬᠡᠭ ᠰᠠᠨᠠᠭ᠎ᠠ ᠪᠠᠢᠭᠰᠠᠨ ᠦᠭᠡᠢ ᠪᠣᠯ ᠳᠡᠯᠡᠬᠡᠢ ᠶᠢᠨ ᠲᠡᠦᠬᠡᠨ ᠳᠤ ᠠᠭᠤᠤ ᠶᠡᠬᠡ ᠨᠡᠷ᠎ᠡ ᠠᠯᠳᠠᠷ ᠢ ᠦᠯᠡᠳᠡᠬᠡᠵᠤ ᠳᠡᠯᠡᠬᠡᠢ ᠶᠢ ᠳᠣᠩᠰᠤᠯᠭᠠᠭᠰᠠᠨ ᠲᠡᠦᠬᠡ ᠰᠣᠶᠤᠯ ᠢ ᠡᠭᠦᠳᠦᠨ ᠪᠦᠳᠤᠬᠡᠵᠤ ᠴᠢᠳᠠᠬᠤ ᠦᠭᠡᠢ ᠶᠤᠮ ᠃

    ᠡᠷᠲᠡᠨ ᠤ ᠷᠠᠰᠢᠳ᠋ ᠡᠳ᠋᠂ ᠳ᠋ᠢᠨ  ᠤ ︽ ᠰᠤᠳᠤᠷ ᠤᠨ ᠴᠤᠭᠯᠠᠭᠠᠨ ︾ ᠭᠡᠳᠡᠭ ᠨᠣᠮ ᠳᠤ ᠪᠠᠢᠭ᠎ᠠ ︽ ᠡᠷᠭᠦᠨ᠎ᠡ ᠬᠤᠨ ᠤ ᠳᠣᠮᠤᠭ ︾ ᠪᠣᠯ ᠡᠷᠲᠡᠨ ᠤ ᠲᠦᠷᠺ ᠠᠢᠮᠠᠭ ᠮᠣᠩᠭᠤᠯ ᠠᠢᠮᠠᠭ ᠢ ᠢᠯᠠᠵᠤ ᠶᠡᠬᠡ ᠪᠠᠷ ᠬᠢᠳᠤᠯᠭ᠎ᠠ ᠬᠢᠭᠰᠡᠨ ᠢ ᠲᠡᠮᠳᠡᠭᠯᠡᠭᠰᠡᠨ ᠪᠠᠢᠵᠠᠢ ᠃ ᠡᠭᠦᠨ ᠤ ᠳᠣᠲᠤᠷ᠎ᠠ ᠡᠴᠡ ᠡᠷᠡᠯᠬᠡᠭ ᠪᠠᠭᠠᠲᠤᠷᠯᠢᠭ ᠰᠥᠰᠦ ᠵᠣᠷᠢᠭ ᠲᠠᠢ ᠬᠣᠶᠠᠷ ᠬᠣᠣᠰ ᠵᠢᠭᠤᠳᠠᠨ ᠳᠤᠲᠠᠭᠠᠵᠤ ᠪᠤᠢᠳᠠ ᠪᠦᠭᠯᠡᠬᠦᠤ ᠬᠠᠳᠠᠨ ᠵᠠᠪᠰᠠᠷ ᠲᠤ ᠣᠷᠤᠵᠤ ᠠᠮᠢ ᠭᠠᠷᠤᠭᠰᠠᠨ ᠭᠡᠳᠡᠭ ᠃ ᠡᠨᠡᠬᠦ ᠳᠥᠷᠪᠡᠨ ᠲᠠᠯ᠎ᠠ ᠪᠠᠷ ᠢᠶᠠᠨ ᠠᠰᠭ᠎ᠠ ᠥᠨᠳᠦᠷ ᠬᠠᠨ᠎ᠠ ᠬᠠᠳᠠ ᠪᠢᠲᠡᠭᠦᠤ ᠰᠠᠬᠤᠯᠢᠭ ᠤᠢ ᠰᠢᠭᠤᠢ ᠨᠢ ᠲᠡᠳᠡᠨ ᠤ ᠠᠮᠢᠳᠤᠷᠠᠨ ᠰᠠᠭᠤᠬᠤ ᠣᠷᠴᠢᠨ ᠪᠣᠯᠵᠠᠢ ᠃ ᠲᠡᠷᠡ ᠬᠣᠶᠠᠷ ᠤᠨ ᠨᠢᠭᠡ ᠨᠢ ᠬᠢᠶᠠᠨ ᠣᠪᠤᠭ ᠂ ᠨᠥᠭᠦᠭᠡ ᠨᠢ ᠨᠠᠬᠦᠰ ᠣᠪᠤᠭ ᠤᠨ ᠳᠡᠭᠡᠳᠦᠰ ᠶᠤᠮ ᠃ ᠤᠨ ᠤᠳᠠᠵᠤ ᠡᠨᠡ ᠬᠣᠶᠠᠷ ᠣᠪᠤᠭ ᠤᠨ ᠬᠥᠮᠦᠰ ᠦᠷᠡᠵᠢᠨ ᠦᠰᠦᠭᠰᠡᠬᠡᠷ ᠲᠤᠰ ᠬᠠᠪᠴᠢᠯ ᠳᠤ ᠪᠠᠭᠲᠠᠬᠤ ᠪᠠᠨ ᠪᠣᠯᠢᠭᠰᠠᠨ ᠡᠴᠡ ᠲᠡᠳᠡ ᠠᠷᠭ᠎ᠠ ᠭᠠᠷᠭᠠᠵᠤ ᠲᠤᠰ ᠬᠠᠪᠴᠢᠯ ᠡᠴᠡ ᠭᠠᠷᠬᠤ ᠵᠠᠮ ᠡᠷᠢᠯᠬᠢᠯᠡᠭᠰᠡᠨ ᠪᠠᠢᠨ᠎ᠠ ᠃ ᠲᠡᠳᠡ ᠨᠢᠭᠡ ᠡᠳᠦᠷ ᠲᠠᠯᠠᠨ ᠦᠬᠡᠷ ᠮᠣᠷᠢ ᠶᠢᠨ ᠨᠡᠭᠦᠷᠡᠰᠦ ᠶᠢ ᠣᠪᠤᠭᠠᠯᠠᠨ ᠲᠠᠯᠠᠨ ᠬᠦᠬᠡᠷᠬᠡ ᠶᠢ ᠨᠢᠭᠡ ᠵᠡᠷᠭᠡ ᠪᠠᠷ ᠬᠦᠬᠡᠷᠬᠡᠳᠡᠨ ᠠᠭᠤᠯᠠ ᠶᠢ ᠬᠠᠢᠯᠤᠭᠤᠯᠵᠤ ᠭᠠᠷᠴᠤ ᠢᠷᠡᠭᠰᠡᠨ ᠭᠡᠳᠡᠭ ᠃ ᠡᠨᠡᠬᠦ ᠳᠣᠮᠤᠭ ᠨᠢ ᠡᠷᠡᠯᠬᠡᠭ ᠪᠠᠭᠠᠲᠤᠷᠯᠢᠭ ᠰᠥᠰᠦ ᠵᠣᠷᠢᠭ ᠲᠠᠢ ᠬᠢᠶᠠᠨ ᠣᠪᠤᠭ ᠤᠨ ᠡᠬᠢᠯᠡᠯ ᠪᠣᠯᠤᠨ᠎ᠠ ᠃

    ᠡᠷᠡᠯᠬᠡᠭ ᠪᠠᠭᠠᠲᠤᠷᠯᠢᠭ ᠰᠥᠰᠦ ᠵᠣᠷᠢᠭ ᠤᠷᠠᠨ ᠤᠬᠠᠭᠠᠯᠢᠭ ᠠᠷᠭ᠎ᠠ ᠰᠠᠮᠪᠠᠭ᠎ᠠ ᠰᠠᠶᠢ ᠠᠯᠢᠪᠠ ᠶᠢ ᠢᠯᠠᠵᠤ ᠢᠯᠠᠯᠲᠠ ᠳᠤ ᠬᠦᠷᠴᠦ ᠴᠢᠳᠠᠨ᠎ᠠ ᠭᠡᠳᠡᠭ ᠢ ᠲᠤᠰ ᠳᠣᠮᠤᠭ ᠬᠠᠷᠠᠭᠤᠯᠵᠤ ᠪᠠᠢᠬᠤ ᠶᠤᠮ ᠃ ᠲᠡᠭᠡᠪᠡᠯ ᠴᠢᠩᠭᠢᠰ ᠬᠠᠭᠠᠨ ᠤ ᠰᠤᠷᠭᠠᠯ ᠦᠬᠠᠨ ᠳᠤ ᠴᠤ ︽ ᠬᠦᠨᠳᠦ ᠬᠡᠮᠡᠨ ᠪᠤᠤ ᠰᠢᠳᠠᠷᠠ ᠡᠷᠬᠦᠪᠡᠰᠤ ᠲᠠᠭᠠᠭᠠᠶᠤ ᠂ ᠬᠤᠯᠠ ᠬᠡᠮᠡᠨ ᠪᠤᠤ ᠴᠥᠬᠦᠷᠡ ᠶᠠᠪᠤᠪᠠᠰᠤ ᠬᠦᠷᠤᠶᠤ ︾ ᠭᠡᠬᠦ ᠦᠭᠡ ᠪᠠᠢᠳᠠᠭ ᠃ ᠡᠨᠡ ᠨᠢ ᠴᠢᠩᠭᠢᠰ ᠬᠠᠭᠠᠨ ᠤ ᠡᠷᠡᠯᠬᠡᠭ ᠪᠠᠭᠠᠲᠤᠷᠯᠢᠭ ᠰᠥᠰᠦ ᠵᠣᠷᠢᠭ ᠢ ᠬᠠᠷᠠᠭᠤᠯᠵᠤ ᠪᠠᠢᠬᠤ ᠮᠥᠷᠲᠡᠭᠡᠨ ᠮᠠᠨ ᠤ ᠮᠣᠩᠭᠤᠯᠴᠤᠳ ᠤᠨ ᠪᠠᠷᠳᠠᠭ᠎ᠠ ᠪᠡᠷᠬᠡ ᠶᠢ ᠢᠯᠠᠬᠤ ᠪᠠᠭᠠᠲᠤᠷᠯᠢᠭ ᠰᠥᠰᠦ ᠵᠣᠷᠢᠭ ᠲᠠᠢ ᠯᠠ ᠶᠤᠮ ᠪᠣᠯ ᠵᠣᠷᠢᠭᠰᠠᠨ ᠳᠠᠭᠠᠨ ᠯᠠᠪ ᠬᠦᠷᠴᠦ ᠴᠢᠳᠠᠬᠤ ᠶᠢ ᠦᠵᠡᠭᠦᠯᠦᠭᠰᠡᠨ ᠠᠭᠤᠤ ᠶᠡᠬᠡ ᠰᠤᠷᠭᠠᠨ ᠬᠥᠮᠦᠵᠢᠯ ᠶᠤᠮ ᠃ ᠮᠣᠩᠭᠤᠯ ᠬᠥᠮᠦᠨ ᠡᠷᠲᠡᠨ ᠡᠴᠡ ᠠᠪᠤᠭᠠᠳ ᠥᠪᠡᠷ ᠤᠨ ᠬᠦᠴᠦ ᠪᠠᠷ ᠢᠶᠠᠨ ᠳᠡᠭᠵᠢᠷᠡᠬᠦ ᠵᠣᠷᠢᠭ ᠰᠠᠨᠠᠭ᠎ᠠ ᠪᠤᠯᠤᠨ ᠡᠷᠡᠯᠬᠡᠭ ᠵᠣᠷᠢᠭ ᠮᠡᠷᠭᠡᠨ ᠤᠬᠠᠭᠠᠨ ᠢᠶᠠᠷ ᠢᠶᠠᠨ ᠦᠷ᠎ᠡ ᠬᠡᠦᠬᠡᠳ ᠢᠶᠠᠨ ᠰᠤᠷᠭᠠᠨ ᠬᠦᠮᠤᠵᠢᠬᠦᠯᠳᠡᠭ ᠦᠨᠳᠦᠰᠦᠲᠡᠨ ᠶᠤᠮ ᠃ ᠮᠣᠩᠭᠤᠯ ᠤᠨ ︽ ᠡᠷ᠎ᠡ ᠶᠢᠨ ᠭᠤᠷᠪᠠᠨ ᠨᠠᠭᠠᠳᠤᠮ ︾ ᠴᠤ ᠡᠷ᠎ᠡ ᠬᠥᠮᠦᠨ ᠤ ᠡᠷᠡᠯᠬᠡᠭ ᠵᠣᠷᠢᠭ ᠂ ᠡᠷᠡᠮᠡᠭᠡᠢ ᠰᠠᠨᠠᠭ᠎ᠠ ᠂ ᠤᠷ᠎ᠠ ᠤᠬᠠᠭᠠᠨ ᠢ ᠰᠢᠯᠭᠠᠵᠤ ᠪᠠᠢᠭ᠎ᠠ ᠵᠦᠢᠯ ᠪᠣᠯᠬᠤ ᠶᠤᠮ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠥᠪᠦᠷ ᠮᠣᠩᠭᠤᠯ ᠥᠨᠳᠥᠰᠥᠲᠡᠨ ᠦ ᠰᠤᠷᠭᠠᠨ ᠬᠥᠮᠦᠵᠢᠯ ᠦᠨ ᠰᠦᠯᠵᠢᠶ᠎ᠡ ᠬᠡᠪᠯᠡᠯ ᠦᠨ ᠡᠷᠬᠡ ᠲᠡᠢ ᠃ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃