lt
ᠺᠣᠣᠷᠰᠸᠠᠢ᠌ᠷ
ᠭᠠᠳᠠᠭᠠᠳᠤ ᠵᠢᠨ ᠬᠢᠨ ᠤ ᠬᠡᠦᠬᠡᠳ ᠤᠨ ᠬᠥᠮᠦᠵᠢᠯ
2016.03.12 ᠲᠣᠰ ᠥᠷᠲᠡᠭᠡᠨ ᠦ ᠨᠠᠢᠷᠠᠭᠤᠯᠤᠭᠴᠢ

     ᠭᠠᠳᠠᠭᠠᠳᠤ ᠵᠢᠨ ᠬᠢᠨ ᠤ ᠬᠡᠦᠬᠡᠳ ᠤᠨ ᠬᠥᠮᠦᠵᠢᠯ

    ᠭᠡᠷ ᠤᠨ ᠠᠬᠠᠮᠠᠳ ᠪᠤᠯᠤᠨ ᠪᠠᠭᠰᠢ ᠪᠣᠯᠤᠭᠰᠠᠳ ᠦᠷ᠎ᠡ ᠬᠡᠦᠬᠡᠳ ᠰᠤᠷᠤᠭᠴᠢ ᠪᠠᠨ ᠡᠷᠳᠡᠮ ᠰᠣᠶᠤᠯ ᠲᠠᠢ ᠂ ᠨᠡᠢᠭᠡᠮ ᠨᠡᠢᠲᠡ ᠳᠤ ᠲᠤᠰᠠᠲᠠᠢ ᠬᠥᠮᠦᠨ ᠪᠣᠯᠭᠠᠨ ᠬᠥᠮᠦᠵᠢᠭᠦᠯᠬᠦ ᠵᠢᠨ ᠲᠥᠯᠦᠭᠡ ᠤᠬᠠᠭᠠᠨ ᠲᠠᠷᠢᠬᠢ ᠪᠠᠨ ᠰᠢᠪᠬᠠᠨ ᠤᠯᠠᠨ ᠠᠷᠭ᠎ᠠ ᠤᠬᠠᠭᠠᠨ ᠰᠣᠪᠢᠵᠤ ᠲᠡᠳᠡᠨᠡᠷ ᠢ ᠬᠥᠮᠦᠵᠢᠭᠦᠯᠵᠦ ᠪᠠᠢᠨ᠎ᠠ ᠃ ᠨᠡᠢᠭᠡᠮ ᠴᠠᠭ ᠦᠶ᠎ᠡ ᠵᠢᠨ ᠬᠥᠭᠵᠢᠯᠲᠡ ᠵᠢ ᠳᠠᠭᠠᠯᠳᠤᠨ ᠬᠡᠦᠬᠡᠳ ᠤᠨ ᠦᠵᠡᠵᠦ ᠰᠤᠷᠬᠤ ᠶᠠᠭᠤᠮ᠎ᠠ ᠴᠤ ᠤᠯᠠᠨ ᠪᠣᠯᠤᠭᠰᠠᠨ ᠢᠶᠡᠷ ᠬᠡᠦᠬᠡᠳ ᠰᠤᠷᠭᠠᠵᠤ ᠬᠥᠮᠦᠵᠢᠭᠦᠯᠬᠦ ᠭᠡᠭᠴᠢ ᠨᠢᠭᠡ ᠶᠣᠰᠤᠨ ᠤ ᠤᠷ᠎ᠠ ᠤᠬᠠᠭᠠᠨ ᠪᠣᠯᠬᠤ ᠨᠢ ᠦᠨᠡᠨᠳᠠᠢ ᠃ ᠡᠨᠳᠡ ᠪᠢᠳᠡ ᠬᠣᠶᠠᠷ ᠵᠢᠵᠢᠭ᠌ ᠦᠯᠢᠭᠡᠷ ᠢ ᠳᠡᠯᠭᠡᠨ ᠭᠠᠳᠠᠭᠠᠳᠤ ᠵᠢᠨ ᠬᠢᠨ ᠬᠡᠦᠬᠡᠳ ᠢᠶᠡᠨ ᠶᠠᠭᠠᠬᠢᠵᠤ ᠬᠥᠮᠦᠵᠢᠭᠦᠯᠵᠦ ᠪᠠᠢᠬᠤ ᠵᠢ ᠦᠵᠡᠶ᠎ᠡ ᠂ᠡᠨᠡ ᠮᠠᠨᠢ ᠭᠡᠷ ᠤᠨ ᠠᠬᠠᠮᠠᠳ ᠵᠢᠴᠢ ᠪᠠᠭᠰᠢ ᠨᠠᠷ ᠲᠤ ᠵᠣᠬᠢᠬᠤ ᠬᠡᠮᠵᠢᠶᠡᠨ ᠤ ᠰᠡᠩᠬᠡᠷᠡᠭᠦᠯᠦᠯ ᠪᠣᠯᠬᠤ ᠪᠣᠯᠪᠠᠤ ︕

    ︽ ᠭᠤᠷᠪᠠᠨ ᠬᠡᠰᠡᠭ ᠴᠤᠺᠤᠯᠡᠳ᠋ ︾

    ᠲᠤᠰ ᠦᠯᠢᠭᠡᠷ ᠹᠷᠠᠨᠼᠢ ᠶᠢᠨ ᠨᠢᠭᠡᠨ ᠬᠡᠷ ᠪᠦᠯᠢ ᠳᠤ ᠡᠬᠦᠰᠴᠡᠢ ᠃ ᠨᠢᠭᠡᠨ ᠡᠳᠦᠷ ᠂ ᠵᠢᠷᠭᠤᠭᠠᠨ ᠨᠠᠰᠤᠲᠠᠢ ᠬᠦᠦ ᠨᠢ ᠵᠣᠴᠢᠨ ᠤ ᠥᠷᠦᠭᠡᠨ ᠳᠡᠭᠡᠨ ᠬᠠᠢᠷᠡᠲᠡᠢ ᠪᠥᠮᠪᠦᠭᠡ ᠪᠠᠨ ᠨᠠᠭᠠᠳᠴᠤ ᠪᠠᠢᠭᠠᠳ ᠨᠣᠮ ᠤᠨ ᠲᠡᠯᠪᠢᠭᠠᠰᠤᠲᠠᠢ ᠴᠡᠴᠡᠭ ᠤᠨ ᠯᠣᠩᠬᠤ ᠶᠢ ᠭᠠᠵᠠᠷ ᠤᠨᠠᠭᠠᠭᠠᠳ ᠬᠠᠭᠠᠯᠴᠢᠬᠠᠵᠠᠢ ᠃ ᠡᠨᠡᠬᠦ ᠯᠣᠩᠬᠤ ᠨᠢ ᠡᠩ ᠤᠨ ᠵᠠᠰᠠᠯ ᠴᠢᠮᠡᠭᠯᠡᠯ ᠤᠨ ᠡᠳ᠋ ᠪᠢᠰᠢ ᠂ ᠬᠠᠷᠢᠨ ᠲᠡᠭᠡᠲᠦᠰ ᠡᠴᠡ ᠨᠢ ᠤᠯᠡᠮᠵᠢᠯᠡᠵᠤ ᠢᠷᠡᠭᠰᠡᠨ ᠬᠠᠭᠤᠴᠢᠨ ᠤ ᠡᠳ᠋ ᠪᠠᠢᠵᠠᠢ ᠃ ᠨᠢᠬᠡᠨᠲᠡ ᠬᠠᠭᠠᠷᠡᠴᠢᠬᠠᠭᠰᠠᠨ ᠲᠤᠯᠠ ᠬᠦᠦ ᠲᠣᠯᠤᠭᠠᠢ ᠪᠠᠨ ᠲᠡᠪᠡᠷᠢᠨ ᠭᠠᠰᠠᠯᠤᠭᠰᠡᠨ ᠴᠤ ᠤᠷᠦᠢᠲᠡᠪᠡ ᠃ ᠲᠡᠷᠡ ᠰᠢᠩᠭᠡᠨ ᠴᠠᠪᠠᠤ ᠪᠠᠷ ᠬᠠᠭᠠᠷᠡᠭᠰᠠᠨ ᠯᠣᠩᠬᠤ ᠶᠢ ᠰᠠᠢᠬᠠᠨ ᠨᠠᠭᠠᠵᠤ ᠂ ᠡᠵᠢ ᠳᠡᠭᠡᠨ ᠮᠡᠳᠡᠭᠳᠡᠬᠦ ᠦᠭᠡᠢ ᠶᠢᠨ ᠲᠥᠯᠦᠭᠡ ᠲᠤᠩ ᠬᠢᠴᠢᠶᠡᠮᠵᠢ ᠲᠠᠢ ᠪᠠᠷ ᠤᠭ ᠣᠷᠤᠨ ᠳᠤᠨᠢ ᠠᠪᠠᠴᠢᠵᠤ ᠲᠡᠯᠪᠢᠵᠡᠢ ᠃ ᠡᠵᠢ ᠨᠢ ᠬᠡᠷ ᠲᠡᠭᠡᠨ ᠬᠠᠷᠢᠵᠤ ᠢᠷᠡᠭᠡᠳ ᠴᠡᠴᠡᠭ ᠤᠨ ᠯᠣᠩᠬᠤ ᠪᠠᠨ ᠦᠵᠡᠮᠡᠭᠴᠡ ᠶᠠᠭᠤ ᠪᠣᠯᠤᠭᠰᠠᠨ ᠢ ᠮᠡᠲᠡᠪᠡ ᠃ ᠤᠷᠤᠢ ᠶᠢᠨ ᠬᠣᠭᠤᠯᠠᠨ ᠳᠤ ᠄ ︽ ᠴᠢ ᠯᠣᠩᠬᠤ ᠬᠠᠭᠠᠯᠪᠠᠤ ︖ ︾ ᠭᠡᠵᠦ ᠠᠰᠠᠭᠤᠬᠤ ᠳᠤ ᠂ ᠬᠦᠦ ᠨᠢ ᠄ ᠪᠢᠰᠢ ᠂ ᠨᠢᠭᠡᠨ ᠵᠡᠷᠯᠢᠭ ᠮᠤᠤᠷ ᠴᠣᠩᠬᠤ ᠪᠠᠷ ᠣᠷᠤᠵᠤ ᠢᠷᠡᠭᠡᠳ ᠨᠠᠰᠢ ᠴᠡᠰᠢ ᠭᠦᠶᠦᠵᠦ ᠪᠠᠢᠭᠠᠳ ᠤᠨᠠᠭᠠᠴᠢᠬᠠᠵᠡᠢ ᠂ ᠪᠢ ᠬᠥᠭᠡᠭᠡᠵᠦ ᠭᠠᠷᠭᠠᠬᠤ ᠭᠡᠵᠦ ᠬᠡᠳᠦᠢ ᠤᠷᠤᠯᠲᠤᠭᠰᠠᠨ ᠴᠤ ᠲᠠᠢᠯᠦᠭᠰᠡᠨ ᠦᠭᠡᠢ ︾ ᠭᠡᠵᠦ ᠳᠣᠷᠤᠢ ᠲᠠᠭᠤᠨ ᠢᠶᠠᠷ ᠬᠡᠯᠡᠪᠡ ᠃ ᠠᠵᠢᠯ ᠳᠤ ᠶᠠᠪᠤᠬᠤ ᠪᠠᠷ ᠴᠣᠩᠬᠤ ᠪᠠᠨ ᠪᠦᠬᠦᠨ ᠢ ᠬᠠᠭᠠᠵᠤ ᠂ ᠬᠡᠷ ᠲᠡᠭᠡᠨ ᠬᠠᠷᠢᠵᠤ ᠢᠷᠡᠪᠡᠯ ᠰᠠᠶᠢ ᠴᠣᠩᠬᠤ ᠨᠡᠬᠡᠬᠡᠲᠡᠭ ᠵᠠᠩᠰᠢᠯ ᠲᠠᠢ ᠡᠵᠢ ᠨᠢ ᠶᠠᠭᠤ ᠪᠣᠯᠤᠭᠰᠠᠨ ᠢ ᠭᠡᠢᠲᠡᠯ᠎ᠡ ᠮᠡᠲᠡᠵᠤ ᠪᠠᠢᠭᠰᠠᠨ ᠴᠤ ᠄ ︽ ᠮᠢᠨᠦ ᠴᠣᠩᠬᠤ ᠪᠠᠨ ᠰᠠᠢᠨ ᠬᠠᠭᠠᠭᠰᠠᠨ ᠦᠭᠡᠢ ᠴᠠᠯᠠᠭᠠᠢᠲᠡᠯ ᠡᠴᠡ ᠪᠣᠯᠵᠠᠢ ︾ ᠭᠡᠵᠦ ᠠᠮᠠᠨ ᠳᠠᠭᠠᠨ ᠰᠢᠪᠡᠨᠡᠪᠡ ᠃ ᠤᠷᠤᠢ ᠤᠨᠲᠠᠬᠤ ᠶᠢᠨ ᠦᠶ᠎ᠡ ᠳᠤ ᠂ ᠵᠢᠭᠠᠯ ᠬᠦᠦ ᠶᠢᠨ ᠣᠷᠤ ᠳᠡᠭᠡᠷ᠎ᠡ ᠨᠢᠭᠡᠨ ᠵᠤᠷᠪᠤᠰ ᠴᠠᠭᠠᠰᠤ ᠪᠠᠢᠪᠠ ᠂ ᠡᠵᠢ ᠨᠢ ᠲᠡᠭᠦᠨ ᠢ ᠨᠣᠮ ᠤᠨ ᠦᠷᠤᠬᠡᠨ ᠳᠡᠭᠡᠨ ᠲᠠᠭᠤᠲᠠᠭᠰᠠᠨ ᠪᠠᠢᠵᠠᠢ ᠃ ᠬᠦᠦ ᠠᠶᠤᠵᠤ ᠡᠮᠢᠶᠡᠨ ᠡᠭᠦᠳᠡ ᠳᠣᠭᠰᠢᠨ ᠣᠷᠤᠬᠤ ᠳᠤ ᠡᠵᠢ ᠨᠢ ᠬᠣᠷᠭᠤᠨ ᠲᠤᠲᠤᠷ᠎ᠡ ᠡᠴᠡ ᠪᠠᠨ ᠭᠣᠶᠤ ᠬᠠᠢᠷᠴᠠᠭ ᠭᠠᠷᠭᠠᠨ ᠠᠮᠠᠰᠠᠷ ᠢ ᠨᠢ ᠨᠡᠭᠡᠭᠡᠭᠰᠡᠨ ᠢᠶᠠᠨ ᠬᠦᠦ ᠳᠡᠭᠡᠨ ᠨᠢᠭᠡ ᠬᠡᠰᠡᠭ ᠴᠤᠺᠤᠯᠡᠳ᠋ ᠭᠠᠷᠲᠠᠭᠤᠯᠵᠤ ᠄ ︽ ᠡᠨᠡ ᠴᠤᠺᠤᠯᠡᠳ᠋ ᠢᠶᠠᠷ ᠴᠢᠮᠠᠢ ᠱᠠᠩᠨᠡᠶ᠎ᠡ ᠂ ᠬᠠᠴᠢᠨ ᠰᠣᠨᠢᠨ ᠲᠦᠷᠰᠤᠯᠡᠨ ᠪᠤᠲᠤᠯᠲᠡ ᠴᠢᠨᠢ ᠴᠣᠩᠬᠤ ᠨᠡᠬᠡᠬᠡᠵᠤ ᠴᠢᠳᠠᠬᠤ ᠮᠤᠤᠷ ᠢ ᠪᠦᠲᠦᠭᠡᠵᠡᠢ ᠂ ᠬᠣᠵᠢᠮ ᠮᠢᠨᠦ ᠬᠦᠦ ᠮᠥᠷᠳᠡᠨ ᠪᠠᠢᠴᠠᠭᠠᠯᠲᠠ ᠶᠢᠨ ᠦᠯᠢᠭᠡᠷ ᠢ ᠰᠠᠢᠬᠠᠨ ᠪᠢᠴᠢᠵᠦ ᠴᠢᠲᠡᠨ᠎ᠠ ︾ ᠭᠡᠵᠡᠢ ᠃ ᠵᠠᠯᠭᠠᠭᠠᠳ ᠪᠠᠰᠠ ᠨᠢᠭᠡ ᠬᠡᠰᠡᠭ ᠴᠤᠺᠤᠯᠡᠳ᠋ ᠭᠠᠷᠭᠠᠵᠤ ᠄ ︽ ᠮᠢᠨᠦ ᠬᠦᠦ ᠰᠡᠯᠪᠢᠵᠦ ᠵᠠᠰᠠᠬᠤ ᠶᠢᠨ ᠤᠬᠠᠭᠠᠨ ᠢ ᠥᠪᠡᠷ ᠢᠶᠠᠨ ᠰᠣᠪᠢᠵᠤ ᠣᠯᠤᠭᠰᠠᠨ ᠂ ᠬᠡᠳᠦᠢᠪᠡᠷ ᠰᠢᠩᠭᠡᠨ ᠴᠡᠪᠡᠤ ᠪᠠᠷ ᠨᠠᠭᠠᠭᠰᠠᠨ ᠪᠣᠯᠪᠠᠴᠤ ᠵᠠᠢ ᠵᠠᠪᠰᠠᠷ ᠦᠭᠡᠢ ᠰᠠᠢᠬᠠᠨ ᠨᠠᠭᠠᠵᠡᠢ ᠃ ᠭᠡᠪᠡᠴᠦ ᠬᠠᠭᠠᠷᠡᠭᠰᠡᠨ ᠴᠡᠴᠡᠭ ᠤᠨ ᠯᠣᠩᠬᠤ ᠶᠢ ᠤᠤᠯ ᠬᠡᠪ ᠢᠶᠠᠷ ᠰᠡᠷᠭᠦᠭᠡᠬᠦ ᠳᠤ ᠰᠠᠢᠨ ᠴᠡᠪᠡᠤ ᠬᠡᠷᠡᠭᠰᠡᠬᠦ ᠪᠠᠷ ᠪᠠᠷᠠᠬᠤ ᠦᠭᠡᠢ ᠪᠠᠰᠠ ᠲᠤᠰᠭᠠᠢ ᠮᠡᠷᠭᠡᠵᠢᠯ ᠱᠠᠭᠠᠷᠲᠡᠭᠲᠡᠨ᠎ᠡ ᠂ ᠮᠠᠷᠭᠠᠰᠢ ᠬᠤᠶᠡᠭᠤᠯᠡ ᠭᠠᠷ ᠤᠷᠡᠯᠢᠭᠴᠢᠨ ᠤ ᠴᠠᠭᠠᠨ᠎ᠠ ᠣᠴᠢᠵᠤ ᠂ ᠲᠡᠭᠦᠨ ᠤ ᠴᠡᠴᠡᠭ ᠤᠨ ᠯᠣᠩᠬᠤ ᠶᠢ ᠶᠠᠭᠠᠬᠢᠵᠤ ᠤᠤᠯ ᠬᠡᠪ ᠢᠶᠠᠷ ᠨᠢ ᠰᠡᠷᠭᠦᠭᠡᠬᠦ ᠶᠢ ᠦᠵᠡᠶ᠎ᠡ ︾ ᠭᠡᠵᠡᠢ ᠃ ᠡᠵᠢ ᠨᠢ ᠪᠠᠰᠠ ᠨᠢᠭᠡ ᠬᠡᠰᠡᠭ ᠴᠤᠺᠤᠯᠡᠳ᠋ ᠭᠠᠷᠭᠠᠭᠠᠳ ᠄ ︽ ᠡᠨᠡᠬᠦ ᠴᠤᠺᠤᠯᠡᠳ᠋ ᠢᠶᠠᠷ ᠨᠢ ᠡᠵᠢ ᠨᠢ ᠪᠤᠷᠤᠭᠤ ᠬᠦᠯᠢᠶᠡᠵᠦ ᠪᠠᠢᠬᠤ ᠪᠠᠨ ᠢᠯᠡᠳᠬᠡᠶ᠎ᠠ ᠂ ᠡᠵᠢ ᠪᠣᠯᠤᠭᠰᠠᠨ ᠤ ᠬᠤᠪᠢ ᠳᠤ ᠴᠡᠴᠡᠭ ᠤᠨ ᠯᠣᠩᠬᠤ ᠶᠢ ᠠᠮᠠᠷᠬᠠᠨ ᠤᠨᠠᠬᠤ ᠭᠠᠵᠠᠷ ᠲᠠᠯᠪᠢᠬᠤ ᠦᠭᠡᠢ ᠪᠣᠯ ᠵᠣᠬᠢᠨ᠎ᠠ ᠂ ᠲᠣᠯᠤᠭᠠᠢ ᠳᠡᠭᠡᠷ᠎ᠡ ᠴᠢᠨᠢ ᠤᠨᠠᠵᠤ ᠴᠢᠮᠠᠢ ᠰᠢᠷᠡᠭᠲᠤᠭᠤᠯᠤᠭᠰᠡᠨ ᠦᠭᠡᠢ ᠴᠢᠨᠢ ᠨᠢᠭᠡ ᠶᠣᠰᠤᠨ ᠤ ᠠᠵᠠ ︾ ᠭᠡᠪᠡ ᠃ ᠬᠦᠦ ᠡᠵᠢ ᠶᠢᠨ ᠢᠶᠠᠨ ᠥᠭᠡᠳᠡ ᠠᠰᠭᠠᠨ ᠬᠠᠷᠡᠵᠤ ᠴᠢᠲᠠᠭᠰᠠᠨ ᠦᠭᠡᠢ ᠤᠬᠤᠷᠢᠨ ᠭᠠᠷᠴᠤ ᠢᠷᠡᠵᠡᠢ ᠃ ᠲᠡᠭᠦᠨ ᠡᠴᠡ ᠬᠣᠢᠰᠢ ᠬᠦᠦ ᠳᠠᠬᠢᠵᠤ ᠬᠤᠲᠡᠯ ᠬᠡᠯᠡᠭᠰᠡᠨ ᠦᠭᠡᠢ ᠂ ᠬᠤᠲᠡᠯ ᠬᠡᠯᠡᠶ᠎ᠡ ᠭᠡᠵᠦ ᠪᠣᠳᠤᠬᠤ ᠪᠣᠯᠭᠠᠨ ᠲᠠᠷᠡᠬᠦ ᠭᠤᠷᠪᠠᠨ ᠬᠡᠰᠡᠭ ᠴᠤᠺᠤᠯᠡᠳ᠋ ᠤᠭᠤᠷᠠᠭ ᠲᠠᠷᠢᠬᠢᠨ ᠳᠤᠨᠢ ᠢᠯᠡᠷᠡᠲᠡᠭ ᠶᠤᠮ ᠃ ᠰᠡᠴᠡᠨ ᠰᠡᠷᠭᠦᠯᠡᠩ ᠹᠷᠠᠨᠼᠢ ᠡᠵᠢ ᠠᠪᠤᠨ ᠦᠵᠡᠬᠦ ᠳᠤ ᠬᠦᠦ ᠪᠠᠨ ᠬᠦᠬᠢᠬᠦᠯᠵᠤ ᠪᠠᠢᠭ᠎ᠠ ᠰᠢᠭ ᠪᠣᠯᠪᠠᠴᠤ ᠦᠨᠡᠨᠲᠡᠭᠡᠨ ᠬᠦᠦ ᠶᠢᠨ ᠢᠶᠠᠨ ᠪᠤᠷᠤᠭᠤ ᠶᠢ ᠲᠥᠪ ᠴᠢᠩᠭ᠎ᠠ ᠪᠠᠷ ᠢᠳᠭᠠᠨ ᠰᠤᠷᠭᠠᠵᠤ ᠂ ᠬᠤᠲᠡᠯ ᠬᠡᠯᠡᠭᠡᠳ ᠬᠥᠮᠦᠨ ᠢ ᠮᠡᠬᠡᠯᠡᠵᠦ ᠴᠢᠳᠠᠬᠤ ᠦᠭᠡᠢ ᠬᠡᠲᠡᠭ ᠢ ᠪᠤᠲᠠᠲᠦ ᠵᠢᠱᠢᠶ᠎ᠡ ᠪᠠᠷ ᠮᠡᠲᠡᠬᠦᠯᠵᠡᠢ ᠃ ᠭᠠᠢᠬᠠᠯᠲᠡᠢ ᠨᠢ ᠡᠨᠡᠬᠦ ᠤᠬᠠᠭᠠᠯᠢᠭ ᠡᠵᠢ ᠬᠦᠦ ᠶᠢᠨ ᠢᠶᠠᠨ ᠥᠪᠡᠷ ᠢ ᠪᠠᠨ ᠬᠦᠨᠲᠦᠳᠬᠡᠬᠦ ᠰᠡᠳᠭᠢᠯᠭᠡ ᠶᠢ ᠬᠦᠨᠲᠡᠭᠰᠡᠨ ᠦᠭᠡᠢ ᠂ ᠮᠥᠨ ᠴᠤ ᠥᠪᠡᠷ ᠤᠨ ᠣᠰᠤᠯ ᠴᠠᠯᠠᠭᠠᠢ ᠪᠠᠨ ᠮᠡᠳᠡᠷᠡᠬᠦ ᠨᠡᠷ᠎ᠡ ᠪᠠᠷ ᠬᠦᠦ ᠳᠡᠭᠡᠨ ᠬᠠᠢᠷᠠᠲᠡᠢ ᠪᠠᠢᠬᠤ ᠪᠠᠨ ᠢᠯᠡᠳᠭᠡᠪᠡ ᠃ ᠭᠤᠷᠪᠡᠬᠠᠨ ᠬᠡᠰᠡᠭ ᠴᠤᠺᠤᠯᠡᠳ᠋ ᠬᠦᠦ ᠶᠢᠨ ᠦᠨᠡᠨᠴᠢ ᠰᠢᠲᠦᠷᠭᠤ ᠬᠥᠮᠦᠨ ᠪᠣᠯᠬᠤ ᠳᠤ ᠨᠠᠰᠤᠨ ᠲᠤᠷᠰᠢᠲᠡ ᠶᠢᠨ ᠰᠢᠮ᠎ᠡ ᠲᠡᠵᠢᠭᠡᠯ ᠪᠣᠯᠵᠠᠢ ᠃ B ᠬᠤᠪᠢ ᠶᠢᠨ ᠰᠠᠢᠨᠲᠠᠢ ᠲᠠᠯ᠎ᠠ ᠠᠮᠧᠷᠢᠺᠡ ᠶᠢᠨ ᠤᠯᠡᠩᠬᠢ ᠲᠤᠮᠲᠠᠲᠦ ᠪᠠᠭ᠎ᠠ ᠰᠤᠷᠭᠠᠭᠤᠯᠢ ᠵᠢᠯ ᠳᠤ ᠨᠢᠭᠡ ᠤᠳᠠᠭ᠎ᠠ ᠪᠠᠭᠰᠢ ᠪᠤᠯᠤᠨ ᠬᠡᠷ ᠤᠨ ᠠᠬᠠᠮᠠᠳ ᠢ ᠲᠤᠰᠭᠠᠢ ᠨᠢᠭᠤᠷᠲᠡᠨ ᠶᠡᠷᠢᠯᠴᠠᠭᠤᠯᠲᠡᠬ ᠃ ᠲᠡᠪᠤᠲᠤᠭᠠᠷ ᠤᠨ ᠳᠤ ᠰᠤᠷᠤᠯᠴᠠᠵᠤ ᠪᠠᠢᠭ᠎ᠠ ᠥᠬᠢᠨ ᠤ ᠠᠩᠭᠢ ᠶᠢᠨ ᠡᠷᠬᠢᠯᠡᠭᠴᠢ ᠳ᠋ᠢᠧᠢ ᠬᠠᠲᠦᠭᠲᠠᠢ ᠶᠢᠨ ᠨᠢᠭᠡᠨ ᠤᠳᠠᠭ᠎ᠠ ᠶᠢᠨ ᠶᠡᠷᠢᠯᠴᠠᠭ᠎ᠠ ᠨᠡᠲᠡ ᠳᠤ ᠭᠦᠨ ᠰᠠᠭᠤᠭᠲᠡᠯ ᠥᠭᠭᠦᠭᠰᠡᠨ ᠶᠤᠮ ᠃ ᠳ᠋ᠢᠧᠢ ᠬᠠᠲᠦᠭᠲᠠᠢ ᠮᠢᠨᠦ ᠥᠬᠢᠨ ᠢ ᠨᠢᠭᠡᠨ ᠵᠡᠷᠭᠡ ᠮᠡᠭᠲᠡᠵᠤ ᠭᠠᠷᠤᠭᠰᠠᠨ ᠢᠶᠠᠨ ︽ ᠺᠧᠯᠢᠰᠲᠢ ︵ ᠥᠬᠢᠨ ᠤ ᠠᠩᠭ᠍ᠯᠢ ᠨᠠᠷ᠎ᠡ ︶ ᠮᠡᠲᠦ ᠶᠢᠨ ᠰᠢᠯᠢᠳᠡᠭ ᠰᠤᠷᠤᠯᠭ᠎ᠠ ᠲᠠᠢ ᠬᠡᠦᠬᠡᠳ ᠤᠨ ᠬᠢᠷᠢ ᠪᠦᠲᠦᠮᠵᠢ ᠶᠢᠨ ᠬᠦᠰᠦᠨᠦᠭ ᠲᠤ ᠠᠯᠢ ᠨᠢᠭᠡ ᠡᠳᠦᠷ ᠬᠡᠳᠦᠨ B ᠢᠯᠡᠷᠡᠪᠡᠯ ᠶᠠᠭᠠᠬᠢᠲᠡᠬ ᠪᠣᠯ ︖ ︾ ᠭᠡᠵᠦ ᠠᠰᠠᠭᠤᠪᠡ ᠃ ᠮᠢᠨᠦ ᠥᠬᠢᠨ ᠤ ᠰᠤᠷᠤᠯᠭ᠎ᠠ ᠤᠨᠴᠡ ᠰᠠᠢᠨ ᠲᠤᠯᠠ ᠪᠢ ᠨᠥᠬᠦᠷ ᠲᠠᠢ ᠪᠠᠨ ᠡᠨᠡ ᠲᠤᠬᠠᠢ ᠶᠡᠷᠦ ᠪᠣᠳᠤᠵᠤ ᠥᠩᠭᠡᠷᠡᠭᠰᠡᠨ ᠦᠭᠡᠢ ᠂ ᠠᠪᠤᠨ ᠳᠣᠣᠷ᠎ᠠ ᠪᠠᠨ ᠶᠠᠭᠤ ᠬᠠᠷᠢᠭᠤᠯᠬᠤ ᠪᠠᠨ ᠣᠯᠵᠤ ᠶᠠᠲᠠᠪᠡ ᠃ ᠳ᠋ᠢᠧᠢ ᠬᠠᠲᠦᠭᠲᠠᠢ ᠪᠢᠲᠡᠨ ᠳᠤ ᠥᠪᠡᠷ ᠤᠨ ᠦᠯᠢᠭᠡᠷ ᠢᠶᠠᠨ ᠶᠠᠷᠢᠵᠤ ᠥᠭᠴᠡᠢ ᠃ ᠬᠠᠲᠤᠭᠲᠠᠢ ᠶᠢᠨ ᠥᠬᠢᠨ ᠤᠤᠯ ᠨᠢ ᠮᠠᠰᠢ ᠰᠠᠢᠨ ᠰᠤᠷᠲᠡᠬ ᠲᠤᠯᠠ ᠬᠢᠴᠢᠶᠡᠯ ᠪᠣᠯᠭᠠᠨ ᠳᠠᠭᠠᠨ A ᠤᠯᠲᠠᠬ ᠪᠠᠢᠪᠠ ᠃ ᠬᠡᠲᠡᠯ᠎ᠡ ᠥᠨᠳᠦᠷ ᠲᠤᠮᠲᠠᠲᠦ ᠳᠤ ᠳᠡᠪᠰᠢᠭᠰᠡᠨ ᠤ ᠲᠠᠷᠡᠭ᠎ᠠ ᠬᠢᠴᠢᠶᠡᠯ ᠤᠨ ᠠᠭᠤᠯᠭ᠎ᠠ ᠨᠢ ᠬᠦᠴᠢᠷᠲᠡᠢ ᠪᠣᠯᠤᠭᠰᠠᠨ ᠪᠡ ᠪᠤᠰᠤᠳ ᠰᠢᠯᠲᠠᠭᠠᠨ ᠡᠴᠡ ᠪᠣᠯᠵᠤ ᠬᠢᠷᠢ ᠪᠦᠲᠦᠮᠵᠢ ᠶᠢᠨ ᠬᠦᠰᠦᠨᠦᠭ ᠲᠤᠨᠢ ᠬᠡᠳᠦᠨ B ᠢᠯᠡᠷᠡᠪᠡ ᠃ ᠥᠬᠢᠨ B ᠬᠤᠪᠢ ᠶᠢ ᠬᠦᠯᠢᠶᠡᠨ ᠠᠪᠴᠤ ᠳᠡᠢᠯᠬᠦ ᠦᠭᠡᠢ ᠂ ᠰᠡᠳᠭᠢᠯ ᠰᠠᠨᠠᠭᠠᠨ ᠳᠠᠭᠠᠨ ᠲᠤᠩ ᠶᠡᠬᠡ ᠳᠠᠷᠤᠭᠠᠰᠤ ᠲᠠᠢ ᠪᠣᠯᠵᠤ ᠂ ᠶᠠᠭᠠᠬᠢᠭᠰᠠᠨ ᠴᠤ ᠳᠠᠬᠢᠵᠤ B ᠤᠯᠬᠤ ᠦᠭᠡᠢ ᠭᠡᠵᠦ ᠰᠥᠨᠢᠵᠢᠨ ᠪᠠᠷᠦᠬ ᠤᠨᠲᠠᠬᠤ ᠦᠭᠡᠢ ᠪᠠᠷ ᠰᠤᠷᠤᠯᠴᠠᠲᠠᠬ ᠪᠣᠯᠪᠠ ᠃ ᠳ᠋ᠢᠧᠢ ᠬᠠᠲᠦᠭᠲᠠᠢ ᠄ ︽ ᠥᠬᠢᠨ ᠮᠢᠨᠢ ᠡᠰᠠᠯ᠎ᠠ ᠠᠮᠢ ᠪᠠᠨ ᠠᠯᠳᠠᠬᠤ ᠰᠢᠬᠠᠭᠰᠠᠨ ᠰᠢᠦ ᠂ ᠪᠢᠳᠡ ᠡᠷᠲᠡ ᠣᠯᠵᠤ ᠮᠡᠳᠡᠭᠰᠡᠨ ᠡᠴᠡ ᠡᠮ ᠪᠡ ᠰᠡᠳᠭᠢᠴᠡ ᠶᠢᠨ ᠲᠡᠯ᠎ᠡ ᠪᠠᠷ ᠵᠡᠰᠡᠵᠤ ᠠᠪᠤᠭᠰᠠᠨ ᠡᠴᠡ ᠬᠡᠷᠡᠭ ᠶᠠᠪᠤᠲᠡᠯ ᠠᠷᠠᠢ ᠴᠠᠰᠢ ᠬᠠᠨᠲᠦᠭᠰᠡᠨ ᠦᠭᠡᠢ ᠂ ᠭᠡᠪᠡᠴᠦ ᠥᠬᠢᠨ ᠤ ᠪᠡᠶ᠎ᠡ ᠰᠡᠳᠭᠢᠯ ᠳᠤ ᠰᠢᠷᠡᠭᠭᠯᠡᠯ ᠪᠣᠯᠤᠭᠰᠠᠨ ︾ ᠭᠡᠪᠡ ᠃ ︽ ᠡᠨᠡᠬᠦ ᠤᠴᠢᠷ ᠢ ᠲᠡᠨᠡᠷ ᠲᠤ ᠬᠡᠯᠡᠵᠦ ᠪᠠᠢᠭ᠎ᠠ ᠨᠢ ᠡᠢᠮᠦᠷᠬᠦ ᠶᠠᠪᠤᠲᠡᠯ ᠡᠭᠦᠰᠬᠦ ᠡᠴᠡ ᠬᠢᠴᠢᠶᠡᠬᠦ ᠬᠡᠷᠡᠭᠲᠡᠢ ᠂ ᠬᠡᠦᠬᠡᠳ ᠰᠠᠢᠨ ᠰᠤᠷᠬᠤ ᠳᠤ ᠪᠠᠭᠰᠢ ᠪᠣᠯᠤᠭᠰᠠᠳ ᠶᠡᠷᠢᠶᠡᠨ ᠦᠭᠡᠢ ᠪᠠᠶᠠᠷᠯᠡᠲᠡᠬ ᠂ ᠭᠡᠪᠡᠴᠦ ᠬᠡᠦᠬᠡᠳ ᠤᠨ ᠪᠡᠶ᠎ᠡ ᠰᠡᠳᠭᠢᠴᠡ ᠶᠢ ᠡᠷᠡᠭᠦᠯ ᠴᠢᠭᠢᠷᠠᠭ ᠢᠶᠠᠷ ᠦᠰᠦᠨ ᠪᠣᠢᠵᠢᠭᠤᠯᠬᠤ ᠪᠣᠯ ᠰᠤᠷᠭᠠᠨ ᠬᠥᠮᠦᠵᠢᠭᠦᠯᠦᠭᠴᠢ ᠪᠣᠯᠤᠭᠰᠠᠳ ᠤᠨ ᠬᠠᠮᠤᠭ ᠤᠨ ᠳᠡᠭᠡᠳᠦ ᠬᠦᠰᠡᠯ ᠶᠤᠮ ︾ ᠭᠡᠵᠦ ᠳ᠋ᠢᠧᠢ ᠬᠠᠲᠦᠭᠲᠠᠢ ᠬᠡᠯᠡᠨ᠎ᠡ ᠃ ᠲᠡᠷᠡ ᠥᠬᠢᠨ ᠤ ᠬᠢᠷᠢ ᠪᠦᠲᠦᠮᠵᠢ ᠶᠢᠨ ᠬᠦᠰᠦᠨᠦᠭ ᠲᠤ ᠬᠡᠳᠦᠨ B ᠥᠭᠪᠡᠯ ᠶᠠᠮᠠᠷ ᠲᠤᠰᠭᠠᠯ ᠲᠠᠢ ᠪᠠᠢᠬᠤ ᠶᠢ ᠠᠵᠢᠭᠯᠠᠬᠤ ᠲᠤᠬᠠᠢ ᠪᠣᠳᠤᠯ ᠢᠶᠠᠨ ᠶᠠᠷᠢᠵᠤ ᠂ ᠮᠠᠨ ᠤ ᠵᠥᠪᠰᠢᠶᠡᠷᠡᠯ ᠢ ᠤᠯᠬᠤ ᠶᠢ ᠬᠦᠰᠡᠪᠡ ᠃ ᠬᠡᠦᠬᠡᠳ ᠤᠨ ᠨᠤᠭᠤᠷᠠᠯ ᠪᠦᠲᠦᠷᠢᠯ ᠢ ᠳᠠᠭᠠᠭᠠᠬᠤ ᠴᠢᠳᠠᠪᠤᠷᠢ ᠶᠢ ᠬᠥᠮᠦᠵᠢᠭᠦᠯᠬᠦ ᠨᠢ ᠬᠡᠦᠬᠡᠳ ᠢ ᠢᠲᠡᠭᠡᠯ ᠵᠣᠷᠢᠭ ᠲᠠᠢ ᠪᠣᠯᠭᠠᠬᠤ ᠲᠠᠢ ᠠᠳᠠᠯᠢᠬᠠᠨ ᠴᠢᠬᠤᠯᠠ ᠃ ᠪᠠᠭᠰᠢ ᠶᠢᠨ ᠬᠠᠷᠢᠭᠤᠴᠠᠯᠭᠠᠲᠤ ᠰᠡᠳᠭᠢᠯᠭᠡ ᠳᠤ ᠪᠢᠳᠡ ᠲᠤᠢᠯ ᠢᠶᠠᠷ ᠰᠡᠳᠭᠢᠯ ᠲᠤᠭᠲᠤᠯᠪᠡ ᠃ ᠦᠨᠡᠨ ᠢ ᠬᠡᠯᠡᠬᠦ ᠳᠤ ᠂ ᠳ᠋ᠢᠧᠢ ᠬᠠᠲᠦᠭᠲᠠᠢ ᠶᠢᠨ ᠬᠡᠯᠡᠭᠰᠡᠨ ᠡᠢᠮᠦᠷᠬᠦ ᠠᠰᠠᠭᠤᠲᠡᠯ ᠤᠨ ᠲᠤᠬᠠᠢ ᠪᠢᠳᠡ ᠶᠡᠷᠦ ᠡᠴᠡ ᠪᠣᠳᠤᠵᠤ ᠦᠩᠬᠡᠷᠡᠭᠡ ᠦᠭᠡᠢ ᠂ ᠨᠡᠩ ᠴᠤ ᠲᠡᠭᠦᠨ ᠤ ᠬᠦᠨᠳᠦ ᠨᠣᠴᠢᠲᠠᠢ ᠲᠡᠯ᠎ᠡ ᠶᠢ ᠰᠡᠷᠡᠵᠦ ᠮᠡᠳᠡᠭᠰᠡᠨ ᠦᠭᠡᠢ ᠂ ᠵᠥᠪᠬᠡᠨ ᠥᠬᠢᠨ ᠤ ᠪᠠᠨ ᠥᠨᠳᠦᠷ ᠬᠢᠷᠢ ᠪᠦᠲᠦᠮᠵᠢ ᠶᠢ ᠬᠠᠷᠡᠭᠠᠳ ᠪᠡᠶᠡᠰᠴᠤ ᠯᠡ ᠶᠠᠪᠤᠭᠰᠠᠨ ᠶᠤᠮ ᠃ ︽ ᠪᠢᠳᠡ ᠬᠡᠦᠬᠡᠳ ᠢᠶᠠᠨ ᠬᠠᠢᠷᠡᠯᠡᠨ᠎ᠠ ᠂ ᠲᠡᠳᠡ ᠮᠣᠷᠠᠯ ᠰᠤᠷᠲᠡᠯ ᠰᠠᠢᠲᠠᠢ ᠪᠣᠯᠬᠣᠷ ᠠᠪᠤ ᠡᠵᠢ ᠂ ᠪᠠᠭᠰᠢ ᠮᠡᠲᠦ ᠶᠢᠨ ᠣᠯᠠᠨ ᠬᠥᠮᠦᠰ ᠲᠡᠲᠡᠨᠡᠷ ᠢ ᠬᠠᠢᠷᠡᠯᠡᠲᠡᠬ ᠂ ᠬᠠᠷᠢᠨ ᠲᠡᠳᠡᠨ ᠤ ᠰᠤᠷᠤᠯᠭ᠎ᠠ ᠶᠢᠨ ᠬᠢᠷᠢ ᠪᠦᠲᠦᠮᠵᠢ ᠲᠠᠢ ᠶᠠᠮᠠᠷ ᠴᠤ ᠬᠣᠯᠪᠤᠭ᠎ᠠ ᠦᠭᠡᠢ ᠂ ᠰᠠᠢᠨ ᠰᠤᠷᠴᠤ ᠲᠠᠢᠯᠪᠡᠯ ᠶᠡᠷᠢᠶᠡᠨ ᠦᠭᠡᠢ ᠰᠠᠢᠨ ᠂ ᠭᠡᠪᠡᠴᠦ ᠪᠡᠶ᠎ᠡ ᠰᠡᠳᠭᠢᠯ ᠡᠷᠡᠭᠦᠯ ᠰᠠᠷᠠᠭᠤᠯ ᠪᠠᠢᠬᠤ ᠪᠣᠯ ᠶᠠᠭᠤᠨ ᠡᠴᠡ ᠴᠤ ᠴᠢᠬᠤᠯᠠ ᠬᠡᠲᠡᠭ ᠢ ᠲᠡᠳᠡᠨ ᠳᠤ ᠮᠡᠲᠡᠬᠦᠯᠬᠦ ᠬᠡᠷᠡᠭᠲᠡᠢ ︾ ᠭᠡᠬᠦ ᠳ᠋ᠢᠧᠢ ᠬᠠᠲᠦᠭᠲᠠᠢ ᠶᠢᠨ ᠦᠭᠡ ᠨᠡᠲᠡ ᠲᠤᠩ ᠶᠡᠬᠡ ᠰᠠᠩᠬᠡᠷᠡᠬᠦᠯᠤᠯ ᠪᠣᠯᠪᠠ ᠃ ᠲᠡᠢᠮᠦ ᠡ ᠂ ᠦᠨᠡᠨᠴᠢ ᠰᠢᠲᠦᠷᠭᠤ ᠂ ᠲᠡᠰᠪᠦᠷᠢ ᠲᠡᠪᠴᠢᠶᠡᠷᠢ ᠨᠢᠭᠡ ᠬᠥᠮᠦᠨ ᠳᠤ ᠲᠤᠩ ᠴᠤ ᠡᠷᠬᠢᠮ ᠪᠠᠢᠲᠠᠬ ᠃ ᠠᠪᠬᠤ ᠶᠢ ᠯᠡ ᠮᠡᠲᠡᠭᠡᠳ ᠬᠠᠷᠢᠭᠤᠯᠬᠤ ᠶᠢ ᠮᠡᠳᠡᠬᠦ ᠦᠭᠡᠢ ᠂ ᠠᠮᠵᠢᠯᠲᠠ ᠪᠦᠲᠦᠮᠵᠢ ᠳᠡᠭᠡᠨ ᠣᠮᠤᠭᠰᠢᠨ ᠵᠣᠷᠢᠭᠵᠢᠬᠤ ᠡᠴᠡ ᠪᠢᠰᠢ ᠨᠤᠭᠤᠷᠠᠯ ᠪᠦᠲᠦᠷᠢᠯ ᠶᠠᠭᠤ ᠭᠡᠳᠡᠭ ᠢ ᠮᠡᠳᠡᠬᠦ ᠦᠭᠡᠢ ᠂ ᠬᠢᠷᠢ ᠪᠦᠲᠦᠮᠵᠢ ᠨᠢ ᠰᠠᠢᠨ ᠪᠣᠯᠤᠭᠰᠠᠨ ᠴᠤ ᠳᠣᠲᠤᠭᠠᠳᠤ ᠰᠡᠳᠭᠢᠯᠭᠡ ᠨᠢ ᠬᠡᠪᠡᠷᠡᠭ ᠬᠡᠦᠬᠡᠳ ᠬᠣᠵᠢᠮ ᠶᠡᠬᠡ ᠦᠢᠯᠡᠰ ᠢ ᠪᠦᠲᠦᠭᠡᠵᠦ ᠳᠡᠢᠯᠬᠦ ᠦᠭᠡᠢ ᠬᠡᠲᠡᠭ ᠢ ᠠᠪᠤ ᠡᠵᠢ ᠪᠣᠯᠤᠭᠰᠠᠳ ᠮᠡᠲᠡᠭᠦᠰᠢᠲᠡᠢ ᠃ ︵ ᠰᠦᠯᠵᠢᠶᠡᠨ ᠡᠴᠡ ᠣᠷᠴᠢᠭᠤᠯᠪᠠ ︶

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠥᠪᠦᠷ ᠮᠣᠩᠭᠤᠯ ᠥᠨᠳᠥᠰᠥᠲᠡᠨ ᠦ ᠰᠤᠷᠭᠠᠨ ᠬᠥᠮᠦᠵᠢᠯ ᠦᠨ ᠰᠦᠯᠵᠢᠶ᠎ᠡ ᠬᠡᠪᠯᠡᠯ ᠦᠨ ᠡᠷᠬᠡ ᠲᠡᠢ ᠃ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃