lt
ᠬᠢᠴᠢᠶᠡᠯᠯᠡᠭᠡ ᠶᠢᠨ ᠰᠢᠩᠭᠡᠭᠡᠯᠲᠡ
ᠰᠤᠷᠤᠭᠴᠢᠳ ᠤᠨ ᠰᠢᠮ᠎ᠡ ᠲᠡᠵᠢᠭᠡᠯ ᠢ ᠠᠩᠬᠠᠷᠤᠭᠠᠷᠠᠢ
2016.07.07 ᠲᠣᠰ ᠥᠷᠲᠡᠭᠡᠨ ᠦ ᠨᠠᠢᠷᠠᠭᠤᠯᠤᠭᠴᠢ

——《 5•20 》  ᠊ᠤ᠌ ᠪᠦᠬᠦ ᠤᠯᠤᠰ ᠤᠨ ᠰᠤᠷᠤᠭᠴᠢᠳ  ᠤᠨ ᠰᠢᠮ᠎ᠡ ᠲᠡᠵᠢᠭᠡᠯ ᠤᠨ ᠡᠳᠦᠷ ᠲᠤ ᠵᠣᠷᠢᠭᠤᠯᠪᠠ

ᠰᠤᠷᠤᠭᠴᠢᠳ ᠤᠨ ᠰᠢᠮ᠎ᠡ ᠲᠡᠵᠢᠭᠡᠯ ᠨᠢ ᠶᠡᠷᠦ ᠡᠴᠡ ᠪᠠᠨ ᠬᠡᠷ ᠤᠨ ᠠᠬᠠᠮᠠᠳ ᠂ ᠰᠤᠷᠭᠠᠭᠤᠯᠢ ᠪᠤᠯᠤᠨ ᠨᠡᠢᠭᠡᠮ ᠤᠨ ᠠᠩᠬᠠᠷᠤᠭᠰᠠᠭᠠᠷ ᠢᠷᠡᠭᠰᠡᠨ ᠶᠠᠪᠤᠳᠠᠯ ᠪᠣᠯᠤᠨ᠎ᠠ ᠃ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠶᠠᠭ ᠰᠠᠶᠢᠬᠠᠨ ᠥᠰᠦᠯᠲᠡ ᠪᠣᠢᠵᠢᠯᠲᠠ ᠪᠤᠯᠤᠨ ᠰᠤᠷᠤᠯᠴᠠᠯᠭ᠎ᠠ ( ᠣᠨᠴᠠᠭᠠᠢᠯᠠᠨ ᠳᠤᠮᠳᠠᠳᠤ ᠰᠤᠷᠭᠠᠭᠤᠯᠢ ᠶᠢᠨ ᠰᠤᠷᠤᠭᠴᠢ ) ᠶᠢᠨ ᠵᠠᠩᠭᠢᠯᠠᠭ᠎ᠠ ᠶᠢᠨ ᠬᠤᠭᠤᠴᠠᠭᠠᠨ ᠳᠠᠭᠠᠨ ᠪᠠᠢᠭ᠎ᠠ ᠪᠣᠯᠬᠣᠷ ᠂ ᠭᠤᠷᠪᠠᠨ ᠡᠷᠡᠨ ᠤ ᠬᠣᠭᠤᠯᠠ ᠶᠢᠨ ᠰᠢᠮ᠎ᠡ ᠲᠡᠵᠢᠭᠡᠯ ᠢ ᠵᠣᠬᠢᠰᠲᠠᠢ ᠲᠡᠩᠨᠡᠭᠦᠯᠬᠦ ᠦᠭᠡᠢ ᠪᠣᠯ ᠥᠰᠦᠯᠲᠡ ᠪᠣᠢᠵᠢᠯᠲᠠ ᠶᠢ ᠨᠢ ᠨᠤᠢᠯᠤᠬᠡᠯᠡᠬᠦ ᠪᠠᠷ ᠪᠠᠷᠠᠬᠤ ᠦᠭᠡᠢ ᠰᠤᠷᠤᠯᠭ᠎ᠠ ᠶᠢᠨ ᠬᠢᠷᠢ ᠪᠦᠲᠦᠮᠵᠢ ᠶᠢ ᠨᠢ ᠴᠤ ᠨᠤᠢᠯᠤᠬᠡᠯᠡᠬᠦ ᠪᠣᠯᠤᠨ᠎ᠠ ᠃

ᠮᠠᠨ ᠤ ᠤᠯᠤᠰ ᠤᠨ ᠰᠤᠷᠤᠭᠴᠢᠳ ᠤᠨ ᠰᠢᠮ᠎ᠡ ᠲᠡᠵᠢᠭᠡᠯ ᠤᠨ ᠪᠠᠢᠳᠠᠯ

ᠣᠳᠣᠬᠠᠨ᠎ᠠ ᠂ ᠮᠠᠨ ᠤ ᠤᠯᠤᠰ ᠤᠨ ᠰᠤᠷᠤᠭᠴᠢᠳ ᠤᠨ ᠰᠢᠮ᠎ᠡ ᠲᠡᠵᠢᠭᠡᠯ ᠤᠨ ᠪᠠᠢᠳᠠᠯ ᠲᠡᠢᠮᠦ ᠪᠠᠶᠠᠷᠯᠠᠭᠤᠰᠢᠲᠠᠢ ᠪᠢᠰᠢ ᠂ ᠬᠡᠳᠤᠢᠪᠡᠷ ᠬᠣᠭᠤᠯᠠ ᠢᠳᠡᠰᠢ ᠶᠢᠨ ᠢᠯᠴᠢ ᠶᠢᠨ ᠬᠡᠮᠵᠢᠶ᠎ᠡ ᠶᠢᠨ ᠬᠠᠩᠭᠠᠯᠲᠠ ᠨᠢ ᠦᠨᠳᠦᠰᠦᠨ ᠳᠡᠭᠡᠨ ᠪᠠᠷᠢᠮᠵᠢᠶ᠎ᠠ ᠳᠤ ᠬᠦᠷᠴᠦ ᠪᠠᠢᠳᠠᠭ ᠪᠣᠯᠪᠠᠴᠤ ᠂ ᠤᠭᠤᠷᠠᠭ ᠤᠨ ᠬᠠᠩᠭᠠᠯᠲᠠ ᠨᠢ ᠳᠣᠣᠷ᠎ᠠ ᠰᠢᠭ ᠪᠠᠢᠵᠤ ᠂ ᠰᠢᠯᠢᠳᠡᠭ ᠤᠭᠤᠷᠠᠭ ᠤᠨ ᠬᠠᠷᠢᠴᠠᠯ ᠨᠢ ᠪᠠᠭ᠎ᠠ ᠂ ᠺᠠᠯᠼ ᠂ ᠴᠠᠢᠷ ᠂ ᠲᠡᠮᠦᠷ ᠂ ᠸᠢᠲ᠋ᠠᠮᠢᠨ A ᠵᠡᠷᠭᠡ ᠰᠢᠮ᠎ᠡ ᠲᠡᠵᠢᠭᠡᠯ ᠤᠨ ᠡᠯᠧᠮᠧᠨ᠋ᠲ ᠢᠯᠡᠳᠲᠡ ᠬᠦᠷᠦᠯᠴᠡᠬᠦ ᠦᠭᠡᠢ ᠃ ᠬᠣᠭᠤᠯᠠ ᠢᠳᠡᠰᠢ ᠳᠣᠲᠤᠷᠠᠬᠢ ᠲᠡᠮᠦᠷ ᠤᠨ ᠰᠢᠩᠬᠡᠬᠡᠯᠳᠠ ᠶᠢᠨ ᠠᠰᠢᠭᠯᠠᠮᠵᠢ ᠨᠢ ᠳᠣᠣᠷ᠎ᠠ ᠪᠠᠢᠳᠠᠭ ᠡᠴᠡ ᠂ ᠮᠠᠨ ᠤ ᠤᠯᠤᠰ ᠤᠨ 20 ᠨᠠᠰᠤᠨ ᠡᠴᠡ ᠳᠣᠷᠤᠭᠰᠢᠬᠢ ᠬᠥᠮᠦᠰ ᠤᠨ ᠲᠡᠮᠦᠷ ᠳᠤᠲᠠᠬᠤ ᠴᠢᠨᠠᠷᠲᠠᠢ ᠴᠢᠰᠤ ᠳᠤᠲᠠᠬᠤ ᠡᠪᠡᠳᠴᠢᠨ ᠳᠤ ᠨᠡᠷᠪᠡᠭᠳᠡᠬᠦ ᠨᠤᠷᠮ᠎ᠠ ᠨᠢ 6% ~ 29% ᠳᠤ ᠲᠤᠯᠵᠤ ᠪᠠᠢᠨ᠎ᠠ ᠃ ᠬᠤᠳᠠ ᠶᠢᠨ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠨᠢᠭᠡ ᠡᠳᠦᠷ ᠤᠨ ᠭᠤᠷᠪᠠᠨ ᠡᠷᠡᠨ ᠤ ᠬᠣᠭᠤᠯᠠ ᠨᠢ ᠨᠠᠢᠳᠡᠮ ᠳᠡᠭᠡᠨ ᠦᠷᠯᠤᠬᠡ ᠶᠢᠨ ᠬᠣᠭᠤᠯᠠ ᠪᠠᠨ ᠬᠠᠰᠢ ᠶᠠᠰᠢ ᠢᠳᠡᠵᠦ ᠂ ᠦᠳᠡ ᠶᠢᠨ ᠬᠣᠭᠤᠯᠠ ᠪᠠᠨ ᠠᠷᠭᠠᠴᠠᠭᠠᠵᠤ ᠂ ᠤᠷᠤᠢ ᠶᠢᠨ ᠬᠣᠭᠤᠯᠠ ᠪᠠᠨ ᠡᠯᠪᠡᠭ ᠲᠣᠬᠢᠷᠠᠭᠤᠯᠵᠤ ᠪᠠᠢᠨ᠎ᠠ ᠃ ᠢᠩᠭᠢᠵᠦ ᠲᠣᠬᠢᠷᠠᠭᠤᠯᠬᠤ ᠨᠢ ᠦᠨᠡᠨᠳᠡᠭᠡᠨ ᠵᠣᠬᠢᠰ ᠦᠭᠡᠢ ᠪᠠᠢᠳᠠᠭ ᠂ ᠬᠠᠷᠢᠨ ᠦᠷᠯᠤᠬᠡ ᠶᠢᠨ ᠬᠣᠭᠤᠯᠠ ᠶᠢ ᠡᠯᠪᠡᠭ ᠲᠣᠬᠢᠷᠠᠭᠤᠯᠵᠤ ᠂ ᠦᠳᠡ ᠶᠢᠨ ᠬᠣᠭᠤᠯᠠ ᠶᠢ ᠡᠪᠲᠡᠢ ᠲᠣᠬᠢᠷᠠᠭᠤᠯᠵᠤ ᠂ ᠤᠷᠤᠢ ᠶᠢᠨ ᠬᠣᠭᠤᠯᠠ ᠶᠢ ᠳᠥᠭᠦᠮ ᠮᠥᠷᠲᠡᠭᠡᠨ ᠰᠢᠮ᠎ᠡ ᠲᠡᠵᠢᠭᠡᠯ ᠲᠠᠢ ᠳᠤᠬᠢᠷᠠᠭᠤᠯᠪᠠᠯ ᠵᠣᠬᠢᠨ᠎ᠠ ᠃ ᠰᠤᠷᠤᠭᠴᠢᠳ ᠤᠨ ᠬᠣᠭᠤᠯᠠ ᠢᠳᠡᠰᠢ ᠳᠣᠲᠤᠷ᠎ᠠ ᠤᠷᠭᠤᠮᠠᠯ ᠤᠨ ᠡᠬᠢᠲᠦ ᠲᠡᠮᠦᠷ ᠤᠨ ᠬᠠᠷᠢᠴᠠᠯ ᠬᠡᠲᠦᠷᠬᠡᠢ ᠥᠨᠳᠦᠷ ᠂ ᠲᠡᠮᠦᠷ ᠤᠨ ᠴᠢᠨᠠᠷ ᠨᠢ ᠠᠨᠠᠢ ᠂ ᠰᠢᠩᠬᠡᠬᠡᠯᠳᠠ ᠨᠢ ᠪᠠᠭ᠎ᠠ ︔ ᠰᠤᠷᠤᠭᠴᠢᠳ ᠤᠨ ᠺᠠᠯᠼ ᠤᠨ ᠣᠷᠤᠭᠤᠯᠤᠯᠲᠠ ᠬᠦᠷᠦᠯᠴᠡᠬᠦ ᠦᠭᠡᠢ ᠂ ᠵᠥᠪᠬᠡᠨ ᠬᠣᠯᠪᠤᠭᠳᠠᠯ ᠪᠦᠬᠦᠢ ᠪᠠᠷᠢᠮᠵᠢᠶ᠎ᠠ ᠶᠢᠨ 40.6% ᠪᠠᠢᠵᠤ ᠂ ᠡᠨᠡ ᠨᠢ ᠰᠤᠷᠤᠭᠴᠢᠳ ᠤᠨ ᠬᠣᠭᠤᠯᠠ ᠢᠳᠡᠰᠢ ᠳᠣᠲᠤᠷᠠᠬᠢ ᠴᠠᠭᠠᠨ ᠢᠳᠡᠭᠡᠨ ᠤ ᠲᠥᠷᠦᠯ ᠂ ᠪᠤᠷᠴᠠᠭ ᠤᠨ ᠲᠥᠷᠦᠯ ᠤᠨ ᠬᠡᠷᠡᠭᠯᠡᠭᠡ ᠳᠣᠣᠷ᠎ᠠ ᠪᠠᠢᠳᠠᠭ ᠲᠠᠢ ᠬᠣᠯᠪᠤᠭᠳᠠᠯ ᠲᠠᠢ ᠃ ᠳᠤᠷᠠᠳᠤᠭᠤᠰᠢᠳᠠᠢ ᠨᠢ ᠂ ᠣᠳᠣᠬᠠᠨ᠎ᠠ ᠳᠤᠮᠳᠠᠳᠤ ᠰᠤᠷᠭᠠᠭᠤᠯᠢ ᠶᠢᠨ ᠰᠤᠷᠤᠭᠴᠢᠳ ᠤᠨ ᠰᠤᠷᠤᠯᠭ᠎ᠠ ᠶᠢᠨ ᠳᠠᠷᠤᠭᠠᠰᠤ ᠬᠦᠨᠳᠦ ᠮᠥᠷᠲᠡᠭᠡᠨ ᠢᠳᠡᠭᠡᠨ ᠤᠮᠳᠠᠭᠠᠨ ᠢᠶᠠᠨ ᠴᠢᠬᠤᠯᠠᠴᠢᠯᠠᠬᠤ ᠦᠭᠡᠢ ᠪᠠᠢᠳᠠᠭ ᠡᠴᠡ ᠰᠢᠮ᠎ᠡ ᠲᠡᠵᠢᠭᠡᠯ ᠤᠨ ᠪᠠᠢᠳᠠᠯ ᠨᠢ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠰᠢᠮ᠎ᠡ ᠲᠡᠵᠢᠭᠡᠯ ᠤᠨ ᠪᠠᠢᠳᠠᠯ ᠢ ᠬᠦᠷᠬᠦ ᠦᠭᠡᠢ ︔ ᠬᠤᠳᠠ ᠶᠢᠨ ᠰᠤᠷᠤᠭᠴᠢᠳ ᠤᠨ ᠠᠮᠢᠳᠤᠷᠠᠯ ᠤᠨ ᠬᠢᠷᠢ ᠲᠦᠪᠰᠢᠨ ᠨᠢ ᠥᠨᠳᠦᠷ ᠂ ᠢᠳᠡᠰᠢ ᠭᠣᠯᠤᠬᠤ ᠪᠠᠢᠳᠠᠯ ᠬᠦᠨᠳᠦ ᠨᠣᠴᠢᠲᠠᠢ ᠣᠷᠤᠰᠢᠵᠤ ᠂ ᠢᠯᠴᠢ ᠶᠢᠨ ᠬᠡᠮᠵᠢᠶ᠎ᠡ ᠥᠨᠳᠦᠷ ᠴᠤᠺᠤᠯᠡᠳ᠋ ᠂ ᠪᠣᠣᠪᠤ ᠦᠷᠭᠦᠯᠵᠢ ᠢᠳᠡᠬᠦ ᠶᠢᠨ ᠬᠠᠮᠲᠤ ᠲᠠᠮᠢᠷ ᠤᠨ ᠬᠥᠳᠡᠯᠭᠡᠭᠡᠨ ᠳᠤ ᠣᠷᠤᠯᠴᠠᠬᠤ ᠨᠢ ᠪᠠᠭ᠎ᠠ ᠂ ᠪᠡᠶ᠎ᠡ ᠮᠠᠬᠠᠪᠤᠳ ᠢᠶᠠᠨ ᠪᠣᠯᠪᠠᠰᠤᠷᠠᠭᠤᠯᠬᠤ ᠦᠭᠡᠢ ᠪᠠᠢᠳᠠᠭ ᠡᠴᠡ ᠬᠥᠳᠡᠭᠡ ᠶᠢᠨ ᠢᠳᠡᠰᠢ ᠭᠣᠯᠤᠬᠤ ᠦᠭᠡᠢ ᠂ ᠦᠷᠭᠦᠯᠵᠢ ᠬᠥᠳᠡᠯᠭᠡᠭᠡᠨ ᠬᠢᠳᠡᠭ ᠬᠡᠦᠬᠡᠳ ᠲᠠᠢ ᠠᠳᠠᠯᠢᠳᠭᠠᠪᠠᠯ ᠰᠢᠮ᠎ᠡ ᠲᠡᠵᠢᠭᠡᠯ ᠤᠨ ᠪᠠᠢᠳᠠᠯ ᠨᠢ ᠨᠠᠢᠳᠡᠮ ᠳᠡᠭᠡᠨ ᠲᠡᠳᠡᠨᠦᠰ ᠢ ᠬᠦᠷᠬᠦ ᠦᠭᠡᠢ ᠪᠠᠢᠳᠠᠭ ᠃
ᠰᠤᠷᠤᠭᠴᠢᠳ ᠤᠨ ᠢᠳᠡᠭᠡᠨ ᠤᠮᠳᠠᠭᠠᠨ ᠤ ᠳᠠᠳᠭᠠᠯ

ᠠᠮᠢᠳᠤᠷᠠᠯ ᠤᠨ ᠬᠢᠷᠢ ᠲᠦᠪᠰᠢᠨ ᠤ ᠲᠡᠬᠡᠭᠰᠢᠯᠡᠬᠦ ᠶᠢ ᠳᠠᠭᠠᠯᠳᠤᠨ ᠂ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠳᠣᠲᠤᠷ᠎ᠠ ᠢᠳᠡᠰᠢ ᠭᠣᠯᠤᠬᠤ ᠬᠥᠮᠦᠰ ᠶᠠᠪᠤᠬᠤ ᠲᠤᠲᠤᠮ ᠤᠯᠠᠰᠢᠷᠡᠵᠤ ᠂ ᠣᠯᠠᠩᠬᠢ ᠰᠤᠷᠤᠭᠴᠢᠳ ᠰᠤᠯᠠ ᠢᠳᠡᠭᠡᠨ ᠢᠳᠡᠬᠦ ᠳᠤᠷᠠᠲᠠᠢ ᠂ ᠭᠣᠣᠯ ᠢᠳᠡᠭᠡᠨ ᠢᠳᠡᠬᠦ ᠳᠤᠷ᠎ᠠ ᠦᠭᠡᠢ ᠳᠠᠳᠭᠠᠯ ᠲᠠᠢ ᠪᠣᠯᠵᠤ ᠂ ᠰᠢᠮ᠎ᠡ ᠲᠡᠵᠢᠭᠡᠯ ᠬᠦᠷᠦᠯᠴᠡᠬᠦ ᠦᠭᠡᠢ ᠬᠥᠮᠦᠰ ᠶᠠᠪᠤᠬᠤ ᠲᠤᠲᠤᠮ ᠣᠯᠠᠰᠢᠷᠠᠵᠤ ᠪᠠᠢᠨ᠎ᠠ ᠃ ᠪᠠᠰᠠ ᠲᠡᠳᠡᠨᠦᠰ ᠤᠨ ᠰᠤᠷᠤᠯᠭ᠎ᠠ ᠪᠤᠯᠤᠨ ᠦᠵᠡᠯ ᠰᠠᠨᠠᠭᠠᠨ ᠤ ᠳᠠᠷᠤᠭᠠᠰᠤ ᠨᠢ ᠶᠡᠬᠡ ᠪᠠᠢᠳᠠᠭ ᠡᠴᠡ ᠠᠮᠠᠷᠬᠠᠨ ᠴᠢᠰᠤ ᠳᠤᠲᠠᠬᠤ ᠵᠡᠷᠭᠡ ᠡᠪᠡᠳᠴᠢᠨ ᠳᠤ ᠨᠡᠷᠪᠡᠭᠳᠡᠳᠡᠭ ᠃ ᠡᠭᠦᠨ ᠡᠴᠡ ᠭᠠᠳᠠᠨ᠎ᠠ ᠂ ᠣᠯᠠᠩᠬᠢ ᠰᠤᠷᠤᠭᠴᠢ ᠪᠤᠯᠤᠨ ᠬᠡᠷ ᠤᠨ ᠠᠬᠠᠮᠠᠳ ᠵᠣᠬᠢᠰᠲᠠᠢ ᠰᠢᠮ᠎ᠡ ᠲᠡᠵᠢᠭᠡᠯ ᠤᠨ ᠮᠡᠳᠡᠯᠭᠡ ᠳᠤᠲᠠᠮᠠᠭ ᠡᠴᠡ ᠦᠷᠤᠬᠡᠰᠤᠬᠡᠯ ᠢᠶᠠᠷ ᠥᠨᠳᠦᠷ ᠦᠬᠡᠬᠦᠳᠤ ᠂ ᠥᠨᠳᠦᠷ ᠤᠭᠤᠷᠠᠭᠲᠤ ᠢᠳᠡᠭᠡᠨ ᠢ ᠲᠣᠬᠢᠷᠠᠭᠤᠯᠵᠤ ᠪᠠᠢᠬᠤ ᠮᠥᠷᠲᠡᠭᠡᠨ ᠬᠥᠳᠡᠯᠭᠡᠭᠡᠨ ᠬᠦᠷᠦᠯᠴᠡᠬᠦ ᠦᠭᠡᠢ ᠡᠴᠡ ᠪᠣᠯᠵᠤ ᠂ ᠮᠠᠨ ᠤ ᠤᠯᠤᠰ ᠤᠨ ᠵᠠᠯᠠᠭᠤ ᠪᠠᠭᠠᠴᠤᠳ ᠤᠨ ᠳᠤᠮᠳᠠ ᠲᠠᠷᠭᠤᠯᠠᠬᠤ ᠬᠡᠮ ᠡᠭᠦᠰᠬᠦ ᠨᠤᠷᠮ᠎ᠠ ᠵᠢᠯ ᠡᠴᠡ ᠵᠢᠯ ᠲᠡᠬᠡᠭᠰᠢᠯᠡᠵᠤ ᠂ ᠵᠠᠷᠢᠮ ᠭᠠᠵᠠᠷ ᠣᠷᠤᠨ ᠳᠤ 15.3% ᠬᠦᠷᠴᠦ ᠪᠠᠢᠨ᠎ᠠ ᠃ ᠵᠠᠯᠠᠭᠤ ᠪᠠᠭᠠᠴᠤᠳ ᠤᠨ ᠡᠷᠡᠭᠦᠯ ᠪᠤᠰᠤ ᠢᠳᠡᠭᠡᠨ ᠤᠮᠳᠠᠭᠠᠨ ᠤ ᠳᠠᠳᠭᠠᠯ ᠪᠤᠯᠤᠨ ᠠᠮᠢᠳᠤᠷᠠᠯ ᠤᠨ ᠠᠷᠭ᠎ᠠ ᠨᠢ ᠲᠡᠳᠡᠨᠦᠰ ᠤᠨ ᠨᠠᠰᠤᠨ ᠳᠤ ᠬᠦᠷᠦᠭᠰᠡᠨ ᠤ ᠳᠠᠷᠠᠭ᠎ᠠ ᠵᠢᠷᠦᠬᠡ ᠲᠠᠷᠢᠬᠢᠨ ᠤ ᠴᠢᠰᠤᠨ ᠰᠤᠳᠠᠯ ᠤᠨ ᠡᠪᠡᠳᠴᠢᠨ ᠂ ᠴᠢᠰᠤᠨ ᠳᠠᠷᠤᠯᠲᠠ ᠥᠨᠳᠦᠷ ᠡᠪᠡᠳᠴᠢᠨ ᠂ ᠰᠢᠬᠢᠷ ᠰᠢᠵᠢᠩ ᠡᠪᠡᠳᠴᠢᠨ ᠂ ᠡᠯᠢᠭᠡ ᠰᠦᠰᠤᠨ ᠤ ᠡᠪᠡᠳᠴᠢᠨ ᠵᠡᠷᠭᠡ ᠤᠳᠠᠭᠠᠨ ᠴᠢᠨᠠᠷᠲᠠᠢ ᠡᠪᠡᠳᠴᠢᠨ ᠳᠤ ᠨᠡᠷᠪᠡᠭᠳᠡᠬᠦ ᠨᠤᠷᠮ᠎ᠠ ᠶᠢ ᠲᠡᠬᠡᠭᠰᠢᠯᠡᠬᠦᠯᠳᠡᠭ ᠃ ᠵᠠᠯᠠᠭᠤ ᠪᠠᠭᠠᠴᠤᠳ ᠤᠨ ᠢᠳᠡᠷᠡᠬᠦᠨ ᠥᠰᠦᠯᠲᠡ ᠪᠣᠢᠵᠢᠯᠲᠠ ᠶᠢᠨ ᠳᠦᠯᠤᠬᠡ ᠂ ᠰᠤᠷᠤᠭᠴᠢᠳ ᠤᠨ ᠰᠢᠮ᠎ᠡ ᠲᠡᠵᠢᠭᠡᠯ ᠤᠨ ᠮᠡᠳᠡᠯᠭᠡ ᠶᠢ ᠶᠡᠬᠡ ᠬᠦᠴᠦᠨ ᠢᠶᠠᠷ ᠳᠦᠬᠡᠮᠡᠯᠵᠢᠬᠦᠯᠵᠤ ᠂ ᠰᠤᠷᠤᠭᠴᠢᠳ ᠲᠤ ᠵᠣᠬᠢᠰᠲᠠᠢ ᠢᠳᠡᠭᠡᠨ ᠤᠮᠳᠠᠭᠠᠨ ᠤ ᠪᠦᠲᠦᠴᠡ ᠶᠢ ᠬᠠᠩᠭᠠᠬᠤ ᠬᠡᠷᠡᠭᠲᠡᠢ ᠃ ᠳᠤᠮᠳᠠᠳᠤ ᠪᠠᠭ᠎ᠠ ᠰᠤᠷᠭᠠᠭᠤᠯᠢ ᠂ ᠬᠡᠦᠬᠡᠳ ᠤᠨ ᠴᠡᠴᠡᠷᠯᠢᠭ ᠤᠨ ᠬᠢᠨ ᠠᠳᠠᠯᠢ ᠪᠤᠰᠤ ᠢᠳᠡᠭᠡᠨ ᠳᠤ ᠠᠭᠤᠯᠤᠭᠳᠠᠵᠤ ᠪᠠᠢᠭ᠎ᠠ ᠠᠳᠠᠯᠢ ᠪᠤᠰᠤ ᠰᠢᠮ᠎ᠡ ᠲᠡᠵᠢᠭᠡᠯ ᠤᠨ ᠡᠯᠧᠮᠧᠨ᠋ᠲ ᠪᠤᠯᠤᠨ ᠠᠳᠠᠯᠢ ᠪᠤᠰᠤ ᠨᠠᠰᠤᠨ ᠤ ᠰᠤᠷᠤᠭᠴᠢᠳ ᠤᠨ ᠰᠢᠮ᠎ᠡ ᠲᠡᠵᠢᠭᠡᠯ ᠤᠨ ᠪᠠᠷᠢᠮᠵᠢᠶ᠎ᠠ ᠳᠤ ᠵᠣᠬᠢᠴᠠᠭᠤᠯᠤᠨ ᠂ ᠬᠣᠭᠤᠯᠠ ᠢᠳᠡᠰᠢ ᠶᠢ ᠨᠢ ᠵᠣᠬᠢᠰᠲᠠᠢ ᠲᠣᠬᠢᠷᠠᠭᠤᠯᠵᠤ ᠂ ᠮᠢᠬ᠎ᠠ ᠲᠣᠰᠤ ᠂ ᠨᠠᠷᠢᠯᠢᠭ ᠪᠦᠳᠤᠬᠦᠯᠢᠭ ᠢ ᠲᠡᠩᠨᠡᠬᠦᠯᠵᠤ ᠂ ᠡᠷᠡᠭᠦᠯ ᠴᠢᠭᠢᠷᠠᠭ ᠢ ᠨᠢ ᠲᠡᠩᠴᠡᠭᠦᠯᠬᠦ ᠬᠡᠷᠡᠭᠲᠡᠢ ᠃

ᠰᠤᠷᠤᠭᠴᠢᠳ ᠤᠨ ᠰᠢᠮ᠎ᠡ ᠲᠡᠵᠢᠭᠡᠯ ᠬᠦᠷᠦᠯᠴᠡᠬᠦ ᠦᠭᠡᠢ ᠪᠠᠢᠬᠤ ᠢᠯᠡᠷᠡᠯ

ᠤᠷᠮ᠎ᠠ ᠵᠣᠷᠢᠭ ᠨᠢ ᠬᠤᠪᠢᠷᠠᠬᠤ ᠶᠡᠬᠡ ᠬᠡᠮᠵᠢᠶᠡᠨ ᠤ ᠮᠠᠲ᠋ᠧᠷᠢᠶᠠᠯ ᠳᠤ ᠢᠯᠡᠷᠬᠡᠢᠯᠡᠭᠰᠡᠨ ᠢᠶᠠᠷ ᠂ ᠤᠷᠮ᠎ᠠ ᠵᠣᠷᠢᠭ ᠮᠠᠭᠤᠳᠠᠬᠤ ᠂ ᠣᠨᠴᠠᠭᠠᠢᠯᠠᠨ ᠬᠡᠪ ᠤᠨ ᠪᠤᠰᠤ ᠬᠤᠪᠢᠷᠠᠯᠲᠠ ᠭᠠᠷᠬᠤ ᠦᠶ᠎ᠡ ᠳᠤ ᠂ ᠪᠡᠶ᠎ᠡ ᠶᠢᠨ ᠳᠣᠲᠤᠭᠠᠳᠤ ᠳᠤᠨᠢ ᠶᠠᠮᠠᠷ ᠨᠢᠭᠡ ᠵᠦᠢᠯ ᠤᠨ ᠲᠡᠵᠢᠬᠡᠯᠳᠤ ᠡᠳ᠋ ᠳᠤᠲᠠᠭᠰᠠᠨ ᠪᠠᠢᠵᠤ ᠮᠡᠳᠡᠨ᠎ᠡ ᠃ ᠤᠷᠮ᠎ᠠ ᠦᠭᠡᠢ ᠤᠨᠵᠢᠵᠤ ᠯᠠᠪᠲᠠᠢᠬᠤ ᠂ ᠬᠡᠯᠡᠵᠦ ᠶᠠᠷᠢᠬᠤ ᠬᠥᠳᠡᠯᠵᠦ ᠪᠠᠷᠢᠬᠤ ᠨᠢ ᠪᠢᠳᠠᠭᠤ ᠪᠣᠯᠬᠤ ᠂ ᠪᠠᠢᠳᠠᠯ ᠨᠢ ᠮᠢᠨᠴᠤᠬᠦᠷᠡᠮᠡᠯ ᠪᠠᠢᠪᠠᠯ ᠤᠭᠤᠷᠠᠭ ᠪᠤᠯᠤᠨ ᠲᠡᠮᠦᠷ ᠳᠤᠲᠠᠭᠰᠠᠨ ᠤ ᠢᠯᠡᠷᠡᠯ ᠮᠥᠨ ᠂ ᠤᠰᠤᠨ ᠭᠠᠷᠤᠯᠲᠠ ᠂ ᠮᠢᠬ᠎ᠠ ᠂ ᠴᠠᠭᠠᠨ ᠢᠳᠡᠭᠡᠨ ᠤ ᠲᠥᠷᠦᠯ ᠂ ᠮᠠᠯ ᠵᠢᠭᠦᠷᠲᠡᠨ ᠤ ᠴᠢᠰᠤ ᠂ ᠥᠨᠳᠡᠭᠡᠨ ᠰᠢᠷ᠎ᠠ ᠵᠡᠷᠭᠡ ᠥᠨᠳᠦᠷ ᠤᠭᠤᠷᠠᠭᠲᠤ ᠂ ᠥᠨᠳᠦᠷ ᠲᠡᠮᠤᠷᠳᠤ ᠢᠳᠡᠭᠡᠨ ᠢ ᠢᠯᠡᠭᠦᠦ ᠳᠤᠬᠢᠷᠠᠭᠤᠯᠪᠠᠯ ᠵᠣᠬᠢᠨ᠎ᠠ ᠃

ᠶᠡᠬᠡᠳᠡ ᠰᠡᠳᠭᠢᠯ ᠵᠣᠪᠠᠬᠤ ᠂ ᠠᠶᠤᠵᠤ ᠡᠮᠢᠶᠡᠬᠦ ᠂ ᠨᠦᠷ ᠬᠤᠯᠵᠢᠬᠤ ᠂ ᠮᠠᠷᠲᠠᠮᠠᠲᠠᠭᠠᠢ ᠪᠣᠯᠪᠠᠯ B ᠲᠥᠷᠦᠯ ᠤᠨ ᠸᠢᠲ᠋ᠠᠮᠢᠨ ᠬᠦᠷᠦᠯᠴᠡᠬᠦ ᠦᠭᠡᠢ ᠪᠠᠢᠬᠤ ᠶᠢᠨ ᠢᠯᠡᠷᠡᠯ ᠮᠥᠨ ᠂ ᠡᠨᠡ ᠦᠶ᠎ᠡ ᠳᠤ ᠪᠤᠷᠴᠠᠭ ᠤᠨ ᠲᠥᠷᠦᠯ ᠂ ᠠᠮᠢᠲᠠᠨ ᠤ ᠡᠯᠢᠭᠡ ᠂ ᠬᠤᠰᠢᠭ᠎ᠠ ᠶᠢᠨ ᠴᠥᠮ᠎ᠡ ᠵᠡᠷᠭᠡ ᠢᠳᠡᠭᠡᠨ ᠢ ᠢᠯᠡᠭᠦᠦ ᠢᠳᠡᠬᠦᠯᠪᠠᠯ ᠵᠣᠬᠢᠨ᠎ᠠ ᠃ ᠵᠦᠷᠢᠬᠦᠤ ᠪᠥᠭᠡᠳ ᠠᠶᠤᠮᠠᠲᠠᠭᠠᠢ ᠪᠠᠢᠪᠠᠯ ᠸᠢᠲ᠋ᠠᠮᠢᠨ A ᠂ B ᠂ C ᠪᠤᠯᠤᠨ ᠺᠠᠯᠼ ᠬᠦᠷᠦᠯᠴᠡᠬᠦ ᠦᠭᠡᠢ ᠡᠴᠡ ᠪᠣᠯᠵᠠᠢ ᠂ ᠠᠮᠢᠲᠠᠨ ᠤ ᠡᠯᠢᠭᠡ ᠂ ᠵᠢᠭᠠᠰᠤ ᠂ ᠰᠠᠮ ᠬᠣᠷᠤᠬᠠᠢ ᠂ ᠰᠦ ᠂ ᠨᠣᠭᠤᠭ᠎ᠠ ᠵᠢᠮᠢᠰ ᠵᠡᠷᠭᠡ ᠢᠳᠡᠭᠡᠨ ᠢ ᠢᠳᠡᠭᠦᠯᠵᠦ ᠨᠥᠬᠦᠪᠦᠷᠢᠯᠡᠬᠦ ᠬᠡᠷᠡᠭᠲᠡᠢ ᠃

ᠬᠥᠳᠡᠯᠦᠯ ᠨᠢ ᠬᠡᠪ ᠤᠨ ᠪᠤᠰᠤ ᠪᠣᠯᠬᠤ ᠬᠥᠮᠦᠨ ᠲᠠᠢ ᠬᠠᠷᠢᠴᠠᠬᠤ ᠳᠤᠷ᠎ᠠ ᠦᠭᠡᠢ ᠂ ᠬᠥᠳᠡᠯᠦᠯ ᠨᠢ ᠡᠲᠡᠭᠡᠳ ᠵᠣᠵᠢᠭ ᠂ ᠬᠥᠳᠡᠯᠭᠡᠭᠡᠨ ᠨᠢ ᠪᠢᠳᠠᠭᠤᠯᠢᠭ ᠪᠠᠢᠪᠠᠯ ᠸᠢᠲ᠋ᠠᠮᠢᠨ C ᠳᠤᠲᠠᠭᠰᠠᠨ ᠶᠠᠪᠤᠳᠠᠯ ᠪᠣᠯᠤᠨ᠎ᠠ ᠂ ᠲᠥᠪᠡᠳ ᠬᠠᠰᠢ ᠂ ᠵᠦᠷᠵᠢ ᠂ ᠠᠯᠮᠤᠷᠠᠳ ᠂ ᠴᠠᠭᠠᠨ ᠨᠣᠭᠤᠭ᠎ᠠ ᠪᠤᠯᠤᠨ ᠰᠢᠯᠦᠬᠡᠢ ᠨᠣᠭᠤᠭ᠎ᠠ ᠵᠡᠷᠭᠡ ᠶᠢ ᠢᠯᠡᠭᠦᠦ ᠢᠳᠡᠬᠦᠯᠪᠡᠯ ᠵᠣᠬᠢᠰᠲᠠᠢ ᠃ ᠬᠥᠳᠡᠯᠦᠯ ᠨᠢ ᠨᠠᠰᠤ ᠵᠢᠯ ᠲᠠᠢ ᠨᠢ ᠵᠣᠬᠢᠴᠠᠬᠤ ᠦᠭᠡᠢ ᠂ ᠠᠳᠠᠯᠢ ᠨᠠᠰᠤᠨ ᠤ ᠬᠡᠦᠬᠡᠳ ᠡᠴᠡ ᠨᠢᠯᠬᠠᠰᠠᠭ ᠢᠨᠢᠶᠡᠳᠤᠮᠳᠠᠢ ᠪᠠᠢᠪᠠᠯ ᠰᠢᠪᠲᠦᠷᠲᠦ ᠬᠦᠴᠢᠯ ᠤᠨ ᠣᠷᠤᠭᠤᠯᠤᠯᠲᠠ ᠬᠦᠷᠦᠯᠴᠡᠬᠦ ᠦᠭᠡᠢ ᠂ ᠥᠨᠳᠦᠷ ᠤᠭᠤᠷᠠᠭᠲᠤ ᠢᠳᠡᠭᠡᠨ ᠬᠠᠷ᠎ᠠ ᠮᠢᠬ᠎ᠠ ᠂ ᠪᠤᠷᠴᠠᠭ ᠤᠨ ᠲᠥᠷᠦᠯ ᠂ ᠰᠦ ᠂ ᠥᠨᠳᠡᠭᠡ ᠢᠯᠡᠭᠦᠦ ᠨᠥᠬᠦᠪᠦᠷᠢᠯᠡᠬᠦ ᠬᠡᠷᠡᠭᠲᠡᠢ ᠃ ᠰᠥᠨᠢ ᠳᠡᠭᠡᠨ ᠰᠢᠳᠦ ᠬᠠᠪᠢᠷᠬᠤ ᠂ ᠭᠠᠷ ᠬᠥᠯ ᠲᠠᠳᠠᠪᠠᠯᠵᠠᠬᠤ ᠂ ᠠᠮᠠᠷᠬᠠᠨ ᠰᠣᠴᠢᠰᠬᠢᠨ ᠰᠡᠷᠢᠵᠦ ᠪᠠᠢᠪᠠᠯ ᠺᠠᠯᠼ ᠳᠤᠲᠠᠭᠰᠠᠨ ᠤ ᠳᠣᠬᠢᠶ᠎ᠠ ᠮᠥᠨ ᠂ ᠳᠠᠷᠤᠢ ᠳᠤᠨᠢ ᠰᠢᠨ᠎ᠡ ᠰᠣᠷᠭᠤᠭ ᠢᠳᠡᠰᠢᠨ ᠨᠣᠭᠤᠭ᠎ᠠ ᠂ ᠴᠠᠭᠠᠨ ᠢᠳᠡᠭᠡᠨ ᠤ ᠲᠥᠷᠦᠯ ᠂ ᠵᠢᠭᠠᠰᠤᠨ ᠰᠡᠮᠰᠡᠬᠡᠷ ᠮᠢᠬ᠎ᠠ ᠂ ᠰᠠᠮ ᠬᠣᠷᠤᠬᠠᠢ ᠵᠡᠷᠭᠡ ᠶᠢ ᠢᠳᠡᠭᠦᠯᠵᠦ ᠨᠥᠬᠦᠪᠦᠷᠢᠯᠡᠬᠦ ᠬᠡᠷᠡᠭᠲᠡᠢ ᠃ ᠴᠠᠭᠠᠰᠤᠨ ᠦᠷᠤᠪᠳᠡᠰᠤ ᠂ ᠰᠢᠷᠤᠢ ᠵᠡᠷᠭᠡ 《 ᠣᠨᠴᠠᠭᠠᠢ ᠵᠦᠢᠯ 》 ᠢ ᠢᠳᠡᠬᠦ ᠳᠤᠷᠠᠲᠠᠢ ᠪᠠᠢᠪᠠᠯ ᠂ ᠣᠯᠠᠩᠬᠢ ᠳᠠᠭᠠᠨ ᠲᠡᠮᠦᠷ ᠂ ᠴᠠᠢᠷ ᠂ ᠮᠠᠭᠨᠢ ᠵᠡᠷᠭᠡ ᠡᠷᠤᠳᠡᠰᠤᠨ ᠡᠯᠧᠮᠧᠨ᠋ᠲ ᠲᠠᠢ ᠬᠣᠯᠪᠤᠭᠳᠠᠳᠠᠭ ᠃ ᠬᠠᠢᠳᠠᠢ ᠂ ᠳᠡᠯᠳᠡᠦ ᠂ ᠮᠥᠭᠦ ᠵᠡᠷᠭᠡ ᠴᠠᠢᠷ ᠠᠭᠤᠯᠤᠭᠳᠠᠬᠤ ᠢᠳᠡᠭᠡᠨ ᠪᠤᠯᠤᠨ ᠵᠢᠭᠦᠷᠲᠡᠨ ᠤ ᠮᠢᠬ᠎ᠠ ᠵᠢᠴᠢ ᠮᠥᠯᠢ ᠵᠡᠷᠭᠡ ᠴᠠᠢᠷ ᠂ ᠮᠠᠭᠨᠢ ᠠᠭᠤᠯᠤᠭᠳᠠᠬᠤ ᠢᠳᠡᠭᠡᠨ ᠢ ᠢᠯᠡᠭᠦᠦ ᠢᠳᠡᠬᠦᠯᠪᠡᠯ ᠵᠣᠬᠢᠨ᠎ᠠ ᠃

ᠬᠠᠴᠠᠷ ᠲᠡᠬᠡᠷ᠎ᠠ ᠨᠢ 《 ᠬᠣᠷᠤᠬᠠᠢ ᠶᠢᠨ ᠲᠣᠯᠪᠤ 》 ᠭᠠᠷᠬᠤ ᠵᠠᠷᠢᠮ ᠬᠡᠦᠬᠡᠳ ᠤᠨ ᠬᠠᠴᠠᠷ ᠲᠡᠬᠡᠷ᠎ᠠ ᠨᠢ ᠥᠩᠭᠡᠨ ᠤ ᠡᠳ᠋ ᠨᠢ ᠪᠠᠭᠤᠷᠠᠬᠤ ᠴᠢᠨᠠᠷᠲᠠᠢ ᠲᠣᠯᠪᠤ ᠂ ᠳᠤᠭᠤᠷᠢᠭ ᠪᠤᠶᠤ ᠵᠤᠤᠪᠠᠡᠭ ᠬᠡᠯᠪᠡᠷᠢ ᠲᠠᠢ ᠲᠣᠯᠪᠤ ᠡᠭᠦᠰᠳᠡᠭ ᠂ ᠡᠭᠦᠨ ᠳᠤ ᠵᠦᠢᠯ ᠵᠢᠰᠦᠮ ᠤᠨ ᠢᠳᠡᠭᠡᠨ ᠪᠤᠯᠤᠨ ᠸᠢᠲ᠋ᠠᠮᠢᠨ ᠤ ᠲᠥᠷᠦᠯ ᠢ ᠭᠦᠢᠴᠡᠳ ᠨᠦᠬᠦᠪᠤᠷᠢᠯᠡᠵᠤ ᠂ ᠴᠢᠬᠤᠯᠠᠲᠠᠢ ᠦᠶ᠎ᠡ ᠳᠤ ᠡᠮᠴᠢ ᠪᠠᠷ ᠡᠮᠨᠡᠭᠦᠯᠬᠦ ᠬᠡᠷᠡᠭᠲᠡᠢ ᠃

ᠰᠤᠷᠤᠭᠴᠢᠳ ᠤᠨ ᠭᠤᠷᠪᠠᠨ ᠡᠷᠡᠨ ᠤ ᠬᠣᠭᠤᠯᠠ ᠶᠢ ᠲᠣᠬᠢᠷᠠᠭᠤᠯᠬᠤ ᠦᠨᠳᠦᠰᠦᠨ ᠱᠠᠭᠠᠷᠳᠠᠯᠭ᠎ᠠ

ᠰᠢᠮ᠎ᠡ ᠲᠡᠵᠢᠬᠡᠯᠳᠤ ᠦᠷᠯᠤᠬᠡ ᠶᠢᠨ ᠬᠣᠭᠤᠯᠠ ᠶᠢᠨ ᠦᠨᠳᠦᠰᠦᠨ ᠱᠠᠭᠠᠷᠳᠠᠯᠭ᠎ᠠ

ᠮᠠᠨ ᠤ ᠤᠯᠤᠰ ᠤᠨ ᠰᠤᠷᠤᠭᠴᠢᠳ ᠤᠨ ᠡᠳᠦᠷ ᠪᠦᠷᠢ ᠶᠢᠨ ᠬᠣᠭᠤᠯᠠ ᠢᠳᠡᠰᠢ ᠶᠢᠨ ᠰᠢᠮ᠎ᠡ ᠲᠡᠵᠢᠭᠡᠯ ᠤᠨ ᠬᠠᠩᠭᠠᠯᠭ᠎ᠠ ᠶᠢᠨ ᠦᠨᠳᠦᠰᠦᠨ ᠱᠠᠭᠠᠷᠳᠠᠯᠭ᠎ᠠ ᠶᠢ ᠦᠨᠳᠤᠰᠤᠯᠠᠪᠠᠯ ᠂ ᠶᠡᠷᠤᠳᠡᠬᠡᠨ ᠦᠷᠯᠤᠬᠡ ᠶᠢᠨ ᠬᠣᠭᠤᠯᠠᠨ ᠳᠠᠬᠢ ᠡᠯ᠎ᠡ ᠵᠦᠢᠯ ᠤᠨ ᠲᠡᠵᠢᠬᠡᠯᠳᠤ ᠡᠳ᠋ ᠤᠨ ᠠᠭᠤᠯᠤᠭᠳᠠᠴᠠ ᠨᠢ ᠪᠦᠬᠦ ᠡᠳᠦᠷ ᠤᠨ ᠬᠠᠩᠭᠠᠯᠭ᠎ᠠ ᠶᠢᠨ 30% ᠣᠷᠴᠢᠮ ᠢ ᠡᠵᠡᠯᠡᠵᠦ ᠪᠠᠢᠳᠠᠭ ᠃《ᠲᠠᠪᠤᠨ ᠲᠠᠷᠢᠶ᠎ᠠ ᠶᠢᠨ ᠦᠷ᠎ᠡ ᠶᠢ ᠲᠡᠩᠨᠡᠭᠦᠯᠬᠦ ᠂ ᠨᠠᠷᠢᠯᠢᠭ ᠪᠦᠳᠤᠬᠦᠯᠢᠭ ᠢ ᠲᠡᠩᠨᠡᠭᠦᠯᠬᠦ ᠂ ᠮᠢᠬ᠎ᠠ ᠲᠣᠰᠤ ᠶᠢ ᠲᠡᠩᠨᠡᠭᠦᠯᠬᠦ ᠂ ᠤᠯᠠᠨ ᠶᠠᠩᠵᠤ ᠶᠢ ᠲᠡᠩᠨᠡᠭᠦᠯᠬᠦ》ᠦᠨᠳᠦᠰᠦᠨ ᠵᠠᠷᠴᠢᠮ ᠢ ᠦᠨᠳᠤᠰᠤᠯᠠᠪᠠᠯ ᠂ ᠰᠢᠮ᠎ᠡ ᠲᠡᠵᠢᠬᠡᠯᠳᠤ ᠦᠷᠯᠤᠬᠡ ᠶᠢᠨ ᠬᠣᠭᠤᠯᠠ ᠨᠢ ᠡᠷᠬᠡᠪᠰᠢ ᠰᠢᠮ᠎ᠡ ᠲᠡᠵᠢᠭᠡᠯ ᠨᠢ ᠵᠣᠬᠢᠰᠲᠠᠢ ᠪᠥᠭᠡᠳ ᠬᠣᠭᠤᠯᠠ ᠢᠳᠡᠰᠢ ᠶᠢ ᠲᠡᠩᠴᠡᠭᠦᠯᠬᠦ ᠱᠠᠭᠠᠷᠳᠠᠯᠭ᠎ᠠ ᠳᠤ ᠬᠦᠷᠬᠦ ᠬᠡᠷᠡᠭᠲᠡᠢ ᠃ ᠰᠢᠮ᠎ᠡ ᠲᠡᠵᠢᠬᠡᠯᠳᠤ ᠦᠷᠯᠤᠬᠡ ᠶᠢᠨ ᠬᠣᠭᠤᠯᠠ ᠨᠢ ᠰᠢᠩᠭᠡᠨ ᠪᠤᠳᠠᠭ᠎ᠠ ᠶᠢᠨ ᠲᠥᠷᠦᠯ ᠂ ᠭᠤᠯᠢᠷ ᠢᠳᠡᠭᠡᠨ ᠂ ᠬᠦᠢᠲᠡᠨ ᠨᠣᠭᠤᠭ᠎ᠠ ᠶᠢᠨ ᠲᠥᠷᠦᠯ ᠵᠡᠷᠭᠡ ᠭᠤᠷᠪᠠᠨ ᠬᠡᠰᠡᠭ ᠢᠶᠠᠷ ᠪᠦᠷᠢᠯᠳᠦᠭᠰᠡᠨ ᠪᠠᠢᠬᠤ ᠬᠡᠷᠡᠭᠲᠡᠢ ᠂ ᠢᠳᠡᠵᠦ ᠪᠠᠷᠠᠭᠰᠠᠨ ᠤ ᠳᠠᠷᠠᠭ᠎ᠠ ᠨᠢᠭᠡ ᠬᠤᠪᠢ ᠭᠤᠸᠠ ᠵᠢᠮᠢᠰ ᠨᠡᠮᠡᠵᠦ ᠸᠢᠲ᠋ᠠᠮᠢᠨ ᠤ ᠲᠥᠷᠦᠯ ᠢ ᠨᠦᠬᠦᠪᠤᠷᠢᠯᠡᠪᠠᠯ ᠵᠣᠬᠢᠨ᠎ᠠ ᠃

ᠰᠢᠮ᠎ᠡ ᠲᠡᠵᠢᠬᠡᠯᠳᠤ ᠦᠳᠡ ᠶᠢᠨ ᠬᠣᠭᠤᠯᠠ ᠶᠢᠨ ᠦᠨᠳᠦᠰᠦᠨ ᠱᠠᠭᠠᠷᠳᠠᠯᠭ᠎ᠠ

ᠰᠤᠷᠤᠭᠴᠢ ᠶᠢᠨ ᠦᠳᠡ ᠶᠢᠨ ᠬᠣᠭᠤᠯᠠ ᠶᠢᠨ ᠲᠡᠵᠢᠬᠡᠯᠳᠤ ᠡᠳ᠋ ᠤᠨ ᠠᠭᠤᠯᠤᠭᠳᠠᠴᠠ ᠨᠢ ᠪᠦᠬᠦ ᠡᠳᠦᠷ ᠤᠨ ᠬᠠᠩᠭᠠᠯᠭ᠎ᠠ ᠶᠢᠨ 35% ~ 40% ᠶᠢ ᠡᠵᠡᠯᠠᠨ᠎ᠠ ᠃ ᠰᠤᠷᠤᠭᠴᠢ ᠶᠢᠨ ᠰᠢᠮ᠎ᠡ ᠲᠡᠵᠢᠬᠡᠯᠳᠤ ᠦᠳᠡ ᠶᠢᠨ ᠬᠣᠭᠤᠯᠠᠨ ᠳᠤ ᠂ ᠭᠤᠸᠠ ᠵᠢᠮᠢᠰ ᠨᠣᠭᠤᠭ᠎ᠠ ᠶᠢᠨ ᠲᠥᠷᠦᠯ ᠂ ᠪᠤᠷᠴᠠᠭ ᠵᠢᠴᠢ ᠪᠤᠷᠴᠠᠭ ᠤᠨ ᠪᠦᠳᠤᠬᠡᠭᠳᠡᠬᠦᠨ ᠂ ᠮᠢᠬ᠎ᠠ ᠥᠨᠳᠡᠭᠡ ᠵᠢᠭᠠᠰᠤ ᠵᠡᠷᠭᠡ ᠭᠤᠷᠪᠠᠨ ᠶᠡᠬᠡ ᠲᠥᠷᠦᠯ ᠤᠨ ᠢᠳᠡᠭᠡᠨ ᠪᠠᠭᠲᠠᠵᠤ ᠂ ᠡᠵᠡᠯᠡᠬᠦ ᠬᠠᠷᠢᠴᠠᠯ ᠨᠢ ᠲᠤᠰ ᠲᠤᠰ 65% ᠂ 10% ᠂ 25% ᠣᠷᠴᠢᠮ ᠪᠠᠢᠪᠠᠯ ᠨᠡᠯᠢᠶᠡᠳ ᠵᠣᠬᠢᠰᠲᠠᠢ ᠃ ᠵᠠᠭᠤᠰᠢ ᠶᠢᠨ ᠥᠩᠭᠡ ᠂ ᠦᠨᠦᠷ ᠂ ᠠᠮᠲᠠ ᠂ ᠬᠡᠯᠪᠡᠷᠢ ᠂ ᠴᠢᠨᠠᠷ ᠢ ᠨᠢ ᠵᠣᠬᠢᠰᠲᠠᠢ ᠲᠡᠩᠨᠡᠭᠦᠯᠬᠦ ᠶᠢ ᠴᠢᠬᠤᠯᠠᠴᠢᠯᠠᠬᠤ ᠬᠡᠷᠡᠭᠲᠡᠢ ᠃ ᠦᠨ᠎ᠡ ᠨᠢ ᠬᠢᠮᠳᠠ ᠡᠳ᠋ ᠨᠢ ᠰᠠᠢᠨ ᠪᠥᠭᠡᠳ ᠰᠢᠮ᠎ᠡ ᠲᠡᠵᠢᠭᠡᠯ ᠲᠠᠢ ᠢᠳᠡᠭᠡᠨ ᠲᠣᠬᠢᠷᠠᠭᠤᠯᠬᠤ ᠶᠢ ᠠᠩᠬᠠᠷᠬᠤ ᠬᠡᠷᠡᠭᠲᠡᠢ ᠂ ᠵᠢᠱᠢᠶᠡᠯᠡᠪᠡᠯ ᠪᠤᠷᠴᠠᠭ ᠤᠨ ᠪᠦᠳᠤᠬᠡᠭᠳᠡᠬᠦᠨ ᠂ ᠭᠠᠬᠠᠢ ᠶᠢᠨ ᠡᠯᠢᠭᠡ ᠂ ᠬᠠᠢᠳᠠᠢ ᠂ ᠲᠠᠷᠭᠤᠨ ᠮᠢᠬ᠎ᠠ ᠂ ᠬᠤ ᠯᠤᠤᠪᠠᠡᠭ ᠵᠡᠷᠭᠡ ᠢᠳᠡᠭᠡᠨ ᠃

ᠰᠢᠮ᠎ᠡ ᠲᠡᠵᠢᠬᠡᠯᠳᠤ ᠤᠷᠤᠢ ᠶᠢᠨ ᠬᠣᠭᠤᠯᠠ ᠶᠢᠨ ᠦᠨᠳᠦᠰᠦᠨ ᠱᠠᠭᠠᠷᠳᠠᠯᠭ᠎ᠠ

ᠰᠤᠷᠤᠭᠴᠢ ᠶᠢᠨ ᠰᠢᠮ᠎ᠡ ᠲᠡᠵᠢᠬᠡᠯᠳᠤ ᠦᠷᠤᠢ ᠶᠢᠨ ᠬᠣᠭᠤᠯᠠ ᠶᠢᠨ ᠲᠡᠵᠢᠬᠡᠯᠳᠤ ᠡᠳ᠋ ᠤᠨ ᠠᠭᠤᠯᠤᠭᠳᠠᠴᠠ ᠨᠢ ᠪᠦᠬᠦ ᠡᠳᠦᠷ ᠤᠨ ᠬᠠᠩᠭᠠᠯᠭ᠎ᠠ ᠶᠢᠨ 35% ~ 40% ᠶᠢ ᠡᠵᠡᠯᠠᠨ᠎ᠠ ᠂ ᠡᠯ᠎ᠡ ᠵᠦᠢᠯ ᠤᠨ ᠥᠰᠦᠯᠲᠡ ᠪᠣᠢᠵᠢᠯᠲᠠ ᠳᠤ ᠠᠰᠢᠭᠲᠠᠢ ᠰᠢᠮ᠎ᠡ ᠲᠡᠵᠢᠬᠡᠯᠳᠤ ᠢᠳᠡᠭᠡᠨ ᠢ ᠢᠯᠡᠭᠦᠦ ᠳᠤᠬᠢᠷᠠᠭᠤᠯᠪᠠᠯ ᠵᠣᠬᠢᠨ᠎ᠠ ᠃ ᠭᠣᠣᠯᠳᠠᠭᠤ ᠭᠤᠸᠠ ᠵᠢᠮᠢᠰ ᠢᠳᠡᠰᠢᠨ ᠨᠣᠭᠤᠭᠠᠨ ᠤ ᠲᠥᠷᠦᠯ ᠂ ᠪᠤᠷᠴᠠᠭ ᠵᠢᠴᠢ ᠪᠤᠷᠴᠠᠭ ᠤᠨ ᠪᠦᠳᠤᠬᠡᠭᠳᠡᠬᠦᠨ ᠂ ᠮᠢᠬ᠎ᠠ ᠥᠨᠳᠡᠭᠡ ᠵᠢᠭᠠᠰᠤ ᠵᠡᠷᠭᠡ ᠭᠤᠷᠪᠠᠨ ᠶᠡᠬᠡ ᠲᠥᠷᠦᠯ ᠤᠨ ᠢᠳᠡᠭᠡᠨ ᠢ ᠲᠣᠬᠢᠷᠠᠭᠤᠯᠵᠤ ᠂ ᠡᠵᠡᠯᠡᠬᠦ ᠬᠠᠷᠢᠴᠠᠯ ᠨᠢ ᠲᠤᠰ ᠲᠤᠰ 60% ᠂ 10% ᠂ 30% ᠣᠷᠴᠢᠮ ᠪᠠᠢᠪᠠᠯ ᠨᠡᠯᠢᠶᠡᠳ ᠵᠣᠬᠢᠰᠲᠠᠢ ᠃ ᠰᠤᠷᠤᠭᠴᠢ ᠶᠢᠨ ᠰᠢᠮ᠎ᠡ ᠲᠡᠵᠢᠬᠡᠯᠳᠤ ᠤᠷᠤᠢ ᠶᠢᠨ ᠬᠣᠭᠤᠯᠠᠨ ᠳᠤ 6 ~ 10 ᠲᠥᠷᠦᠯ ᠤᠨ ᠢᠳᠡᠭᠡᠨ ᠢ ᠲᠣᠬᠢᠷᠠᠭᠤᠯᠵᠤ ᠂ ᠥᠩᠭᠡ ᠂ ᠦᠨᠦᠷ ᠂ ᠠᠮᠲᠠ ᠂ ᠬᠡᠯᠪᠡᠷᠢ ᠂ ᠴᠢᠨᠠᠷ ᠢ ᠨᠢ ᠵᠣᠬᠢᠰᠲᠠᠢ ᠲᠡᠩᠨᠡᠭᠦᠯᠬᠦ ᠬᠡᠷᠡᠭᠲᠡᠢ ᠃

ᠳᠤᠮᠳᠠᠳᠤ ᠰᠤᠷᠭᠠᠭᠤᠯᠢ ᠶᠢᠨ ᠰᠤᠷᠤᠭᠴᠢᠳ ᠤᠨ ᠬᠣᠭᠤᠯᠠ ᠢᠳᠡᠰᠢ ᠶᠢ ᠵᠣᠬᠢᠰᠲᠠᠢ ᠲᠣᠬᠢᠷᠠᠭᠤᠯᠬᠤ ᠯᠠᠪᠯᠠᠬᠤ ᠬᠡᠮᠵᠢᠶ᠎ᠡ

ᠠᠮᠤ ᠪᠤᠳᠠᠭ᠎ᠠ ᠵᠢᠴᠢ ᠳᠦᠮᠤᠰᠤ ᠶᠢᠨ ᠲᠥᠷᠦᠯ ᠄ ᠳᠤᠳᠤᠷᠭ᠎ᠠ ᠪᠤᠳᠠᠭ᠎ᠠ ᠂ ᠮᠠᠨᠲᠠᠤ ᠂ ᠮᠢᠶᠠᠨᠲ᠋ᠢᠶᠣᠣᠷ ᠂ ᠡᠷᠳᠡᠨᠢ ᠰᠢᠰᠢ ᠂ ᠠᠮᠲᠠᠲᠤ ᠳᠦᠮᠤᠰᠤ ᠵᠡᠷᠭᠡ 375 ᠭᠷᠠᠮ ᠃ ᠮᠢᠬ᠎ᠠ ᠂ ᠥᠨᠳᠡᠭᠡ ᠂ ᠰᠦ ᠶᠢᠨ ᠲᠥᠷᠦᠯ ᠄ ᠮᠢᠬ᠎ᠠ 75 ᠭᠷᠠᠮ ᠂ ᠵᠢᠭᠠᠰᠤ ᠰᠠᠮ ᠬᠣᠷᠤᠬᠠᠢ ᠶᠢᠨ ᠲᠥᠷᠦᠯ 25 ᠭᠷᠠᠮ ᠂ ᠥᠨᠳᠡᠭᠡ 50 ᠭᠷᠠᠮ ᠂ ᠴᠠᠭᠠᠨ ᠢᠳᠡᠭᠡᠨ ᠤ ᠲᠥᠷᠦᠯ 100 ᠭᠷᠠᠮ ᠃ ᠪᠤᠷᠴᠠᠭ ᠤᠨ ᠲᠥᠷᠦᠯ ᠵᠢᠴᠢ ᠪᠤᠷᠴᠠᠭ ᠤᠨ ᠪᠦᠳᠤᠬᠡᠭᠳᠡᠬᠦᠨ ᠄ ᠪᠤᠷᠴᠠᠭ ᠤᠨ ᠲᠥᠷᠦᠯ ᠵᠢᠴᠢ ᠪᠤᠰᠤᠳ ᠪᠤᠷᠴᠠᠭ ᠤᠨ ᠪᠦᠳᠤᠬᠡᠭᠳᠡᠬᠦᠨ 75 ᠭᠷᠠᠮ ᠃ ᠨᠣᠭᠤᠭ᠎ᠠ ᠵᠢᠮᠢᠰ ᠄ ᠨᠣᠭᠤᠭ᠎ᠠ 250 ᠭᠷᠠᠮ ᠂ ᠵᠢᠮᠢᠰ 75 ᠭᠷᠠᠮ ᠃

ᠳᠤᠮᠳᠠᠳᠤ ᠰᠤᠷᠭᠠᠭᠤᠯᠢ ᠶᠢᠨ ᠰᠤᠷᠤᠭᠴᠢᠳ ᠤᠨ ᠢᠳᠡᠭᠡᠨ ᠤᠮᠳᠠᠭᠠᠨ ᠤ ᠲᠠᠯ᠎ᠠ ᠪᠠᠷ ᠠᠩᠬᠠᠷᠬᠤ ᠵᠦᠢᠯ

ᠠᠮᠤ ᠪᠤᠳᠠᠭ᠎ᠠ ᠶᠢᠨ ᠵᠦᠢᠯ ᠢ ᠢᠯᠡᠭᠦᠦ ᠢᠳᠡᠵᠦ ᠂ ᠪᠡᠶ᠎ᠡ ᠮᠠᠬᠠᠪᠤᠳ ᠤᠨ ᠡᠨᠧᠷᠭᠢ ᠶᠢᠨ ᠬᠠᠩᠭᠠᠯᠭ᠎ᠠ ᠶᠢ ᠪᠠᠲᠤᠯᠠᠬᠤ ᠬᠡᠷᠡᠭᠲᠡᠢ ᠃ ᠵᠢᠭᠠᠰᠤ ᠂ ᠮᠢᠬ᠎ᠠ ᠂ ᠥᠨᠳᠡᠭᠡ ᠂ ᠰᠦ ᠂ ᠪᠤᠷᠴᠠᠭ ᠤᠨ ᠲᠥᠷᠦᠯ ᠪᠤᠯᠤᠨ ᠨᠣᠭᠤᠭ᠎ᠠ ᠵᠢᠮᠢᠰ ᠤᠨ ᠣᠷᠤᠭᠤᠯᠤᠯᠲᠠ ᠶᠢ ᠪᠠᠲᠤᠯᠠᠬᠤ ᠬᠡᠷᠡᠭᠲᠡᠢ ᠃ ᠬᠡᠳᠤᠷᠡᠳᠡᠯ᠎ᠠ ᠢᠳᠡᠵᠦ ᠤᠤᠭᠤᠬᠤ ᠂ ᠢᠳᠡᠰᠢ ᠭᠣᠯᠤᠬᠤ ᠵᠢᠴᠢ ᠰᠣᠬᠤᠷ ᠪᠠᠯᠠᠢ ᠪᠠᠷ ᠢᠳᠡᠰᠢ ᠪᠠᠨ ᠬᠠᠰᠤᠬᠤ ᠶᠢ ᠴᠡᠬᠡᠷᠯᠡᠵᠤ ᠂ ᠰᠤᠯᠠ ᠢᠳᠡᠭᠡᠨ ᠳᠤᠲᠠᠭᠤ ᠢᠳᠡᠵᠦ ᠂ ᠡᠷᠡᠭᠦᠯ ᠬᠠᠮᠠᠭᠠᠯᠠᠯ ᠢ ᠡᠷᠬᠢᠮᠯᠠᠵᠤ ᠂ ᠰᠠᠢᠨ ᠰᠠᠢᠬᠠᠨ ᠢᠳᠡᠭᠡᠨ ᠤᠮᠳᠠᠭᠠᠨ ᠤ ᠳᠠᠳᠭᠠᠯ ᠲᠠᠢ ᠪᠣᠯᠬᠤ ᠬᠡᠷᠡᠭᠲᠡᠢ ᠃ ᠦᠷᠯᠤᠬᠡ ᠶᠢᠨ ᠬᠣᠭᠤᠯᠠ ᠶᠢ ᠰᠠᠢᠲᠤᠷ ᠢᠳᠡᠬᠦ ᠳᠠᠳᠭᠠᠯ ᠢ ᠪᠠᠷᠢᠮᠲᠠᠯᠠᠬᠤ ᠬᠡᠷᠡᠭᠲᠡᠢ ᠃ ᠡᠯ᠎ᠡ ᠵᠦᠢᠯ ᠤᠨ ᠬᠥᠳᠡᠯᠭᠡᠭᠡᠨ ᠳᠤ ᠢᠳᠡᠪᠬᠢᠲᠡᠢ ᠣᠷᠤᠯᠴᠠᠵᠤ ᠂ ᠪᠡᠶ᠎ᠡ ᠮᠠᠬᠠᠪᠤᠳ ᠢᠶᠠᠨ ᠪᠣᠯᠪᠠᠰᠤᠷᠠᠭᠤᠯᠬᠤ ᠶᠢ ᠪᠠᠷᠢᠮᠲᠠᠯᠠᠬᠤ ᠬᠡᠷᠡᠭᠲᠡᠢ ᠃ ᠳᠤᠮᠳᠠᠳᠤ ᠰᠤᠷᠭᠠᠭᠤᠯᠢ ᠶᠢᠨ ᠬᠤᠭᠤᠴᠠᠭᠠᠨ ᠳᠤ ᠰᠤᠷᠤᠯᠴᠠᠯᠭ᠎ᠠ ᠪᠠᠴᠢᠮ ᠶᠠᠭᠠᠷᠠᠤ ᠪᠠᠢᠳᠠᠭ ᠡᠴᠡ ᠠᠮᠠᠷᠠᠵᠤ ᠰᠤᠷᠤᠯᠴᠠᠬᠤ ᠪᠠᠨ ᠵᠣᠬᠢᠰᠲᠠᠢ ᠲᠣᠬᠢᠷᠠᠭᠤᠯᠵᠤ ᠂ ᠢᠳᠡᠭᠡᠨ ᠤᠮᠳᠠᠭᠠᠨ ᠢᠶᠠᠨ ᠵᠣᠬᠢᠰᠲᠠᠢ ᠲᠡᠩᠨᠡᠭᠦᠯᠬᠦ ᠬᠡᠷᠡᠭᠲᠡᠢ ᠃  

 ᠰᠠᠨᠠᠭᠤᠯᠤᠮᠵᠢ ᠄

ᠡᠳᠦᠷ ᠤᠨ ᠭᠤᠷᠪᠠᠨ ᠡᠷᠡᠨ ᠤ ᠬᠣᠭᠤᠯᠠ ᠪᠠᠨ ᠲᠣᠭᠲᠠᠭᠰᠠᠨ ᠴᠠᠭ ᠲᠤ ᠂ ᠲᠣᠭᠲᠠᠭᠰᠠᠨ ᠬᠡᠮᠵᠢᠶ᠎ᠡ ᠪᠠᠷ ᠢᠳᠡᠵᠦ ᠂ ᠦᠷᠯᠤᠬᠡ ᠶᠢᠨ ᠬᠣᠭᠤᠯᠠ ᠪᠠᠨ ᠰᠠᠢᠲᠤᠷ ᠢᠳᠡᠵᠦ ᠂ ᠰᠤᠯᠠ ᠢᠳᠡᠭᠡᠨ ᠢ ᠵᠣᠬᠢᠰᠲᠠᠢ ᠰᠣᠩᠭᠤᠬᠤ ᠶᠢ ᠡᠷᠬᠢᠮᠯᠠᠬᠡᠷᠡᠢ

● ᠭᠣᠣᠯ ᠬᠣᠭᠤᠯᠠ ᠊᠊᠊᠊᠊᠊᠊᠊᠊᠊ ᠡᠳᠦᠷ ᠪᠦᠷᠢ ᠭᠤᠷᠪᠠᠨ ᠡᠷᠡᠨ ᠤ ᠬᠣᠭᠤᠯᠠ ᠢᠳᠡᠬᠦ ᠶᠢ ᠪᠠᠷᠢᠮᠲᠠᠯᠠᠵᠤ ᠂ ᠬᠣᠶᠠᠷ ᠡᠷᠡᠨ ᠤ ᠬᠣᠭᠤᠯᠠ ᠶᠢᠨ ᠬᠣᠭᠤᠷᠤᠨᠳᠤ ᠨᠢ 4 ~ 5 ᠴᠠᠭ ᠠᠯᠤᠰᠯᠠᠪᠠᠯ ᠬᠠᠮᠤᠭ ᠵᠣᠬᠢᠰᠲᠠᠢ ᠃

● ᠰᠤᠯᠠ ᠢᠳᠡᠭᠡᠨ ᠊᠊᠊᠊᠊᠊᠊᠊᠊᠊ ᠰᠤᠯᠠ ᠢᠳᠡᠭᠡᠨ ᠢᠳᠡᠬᠦ ᠴᠠᠭ ᠢᠶᠠᠨ ᠵᠣᠬᠢᠰᠲᠠᠢ ᠲᠣᠬᠢᠷᠠᠭᠤᠯᠵᠤ ᠂ ᠰᠢᠮ᠎ᠡ ᠲᠡᠵᠢᠬᠡᠯᠳᠤ ᠰᠤᠯᠠ ᠢᠳᠡᠭᠡᠨ ᠢ ᠰᠳᠭᠭᠤᠪᠠᠯ ᠵᠣᠬᠢᠨ᠎ᠠ ᠃ ᠡᠳᠦᠷ ᠪᠦᠷᠢ ᠭᠦᠢᠴᠡᠳ ᠬᠡᠮᠵᠢᠶᠡᠨ ᠤ ᠤᠰᠤ ᠤᠤᠭᠤᠵᠤ ᠂ ᠰᠢᠬᠢᠷᠯᠢᠭ᠌ ᠤᠮᠳᠠᠭᠠᠨ ᠳᠤᠲᠠᠭᠤ ᠤᠤᠭᠤᠭᠠᠷᠠᠢ

● ᠤᠰᠤ ᠊᠊᠊᠊᠊᠊᠊᠊᠊᠊ ᠡᠳᠦᠷ ᠪᠦᠷᠢ 1200 ~ 1500 ᠮᠢᠯᠯᠢᠯᠢᠲ᠋ᠷ ᠤᠰᠤ ᠤᠤᠭᠤᠪᠠᠯ ᠵᠣᠬᠢᠨ᠎ᠠ ᠃

● ᠰᠢᠬᠢᠷᠯᠢᠭ᠌ ᠤᠮᠳᠠᠭᠠᠨ ᠊᠊᠊᠊᠊᠊᠊᠊᠊᠊ ᠬᠠᠮᠢᠶ᠎ᠠ ᠪᠦᠬᠦᠢ ᠰᠤᠳᠤᠯᠤᠯᠲᠠ ᠳᠤ ᠢᠯᠡᠷᠡᠭᠦᠯᠦᠭᠰᠡᠨ ᠢᠶᠠᠷ ᠂ ᠰᠢᠬᠢᠷᠯᠢᠭ᠌ ᠤᠮᠳᠠᠭᠠᠨ ᠦᠷᠭᠦᠯᠵᠢ ᠤᠤᠭᠤᠪᠠᠯ ᠲᠠᠷᠭᠤᠯᠠᠬᠤ ᠬᠡᠮ ᠡᠭᠦᠰᠬᠦ ᠮᠥᠷᠲᠡᠭᠡᠨ ᠰᠢᠳᠦ ᠪᠤᠯᠤᠨ ᠶᠠᠰᠤ ᠰᠦᠪᠡᠷᠬᠡᠭᠵᠢᠬᠦ ᠪᠣᠯᠤᠨ᠎ᠠ ᠃ ᠳᠠᠪᠤᠰᠤ ᠲᠣᠰᠤ ᠪᠠᠭ᠎ᠠ ᠢᠳᠡᠵᠦ ᠂ ᠰᠢᠨ᠎ᠡ ᠰᠣᠷᠭᠤᠭ ᠡᠷᠡᠭᠦᠯ ᠢᠳᠡᠭᠡᠨ ᠢᠳᠡᠬᠦ ᠶᠢ ᠪᠠᠷᠢᠮᠳᠠᠯᠠᠭᠠᠷᠠᠢ

● ᠲᠣᠰᠤ ᠊᠊᠊᠊᠊᠊᠊᠊᠊᠊ ᠬᠥᠮᠦᠨ ᠪᠦᠷᠢ ᠡᠳᠦᠷ ᠲᠤ 25 ᠭᠷᠠᠮ ᠲᠣᠰᠤ ᠡᠴᠡ ᠢᠯᠡᠭᠦᠦ ᠢᠳᠡᠵᠦ ᠪᠣᠯᠬᠤ ᠦᠭᠡᠢ ᠃

● ᠳᠠᠪᠤᠰᠤ ᠊᠊᠊᠊᠊᠊᠊᠊᠊᠊ ᠬᠥᠮᠦᠨ ᠪᠦᠷᠢ ᠡᠳᠦᠷ ᠲᠤ 6 ᠭᠷᠠᠮ ᠡᠴᠡ ᠢᠯᠡᠭᠦᠦ ᠢᠳᠡᠵᠦ ᠪᠣᠯᠬᠤ ᠦᠭᠡᠢ ᠃

● ᠳᠤᠭᠤᠭᠠᠯᠠᠬᠤ ᠠᠷᠭ᠎ᠠ ᠊᠊᠊᠊᠊᠊᠊᠊᠊᠊ ᠴᠢᠨᠠᠬᠤ ᠂ ᠮᠡᠨᠡᠬᠦ ᠂ ᠵᠢᠩᠨᠡᠬᠦ ᠂ ᠲᠣᠭᠰᠢᠨ ᠭᠠᠯ ᠢᠶᠠᠷ ᠬᠤᠷᠳᠤᠨ ᠬᠠᠭᠤᠷᠬᠤ ᠵᠡᠷᠭᠡ ᠃   

ᠶᠡᠬᠡ ᠰᠤᠷᠭᠠᠭᠤᠯᠢ ᠰᠢᠯᠭᠠᠭᠤᠯᠤᠭᠰᠠᠳ ᠲᠤ ᠰᠢᠨᠵᠢᠯᠡᠬᠦ ᠤᠬᠠᠭᠠᠨᠴᠢ ᠪᠠᠷ ᠰᠢᠮ᠎ᠡ ᠲᠡᠵᠢᠭᠡᠯ ᠨᠦᠬᠦᠪᠤᠷᠢᠯᠡᠬᠡᠷᠡᠢ

2016 ᠤᠨ ᠤ ᠨᠢᠬᠡᠳᠤᠯᠳᠠᠢ ᠰᠢᠯᠭᠠᠯᠲᠠ ᠣᠢᠷᠠᠳᠴᠤ ᠂ ᠰᠢᠯᠭᠠᠭᠤᠯᠤᠭᠰᠠᠳ ᠪᠤᠯᠤᠨ ᠬᠡᠷ ᠤᠨ ᠠᠬᠠᠮᠠᠳ ᠪᠠᠴᠢᠮ ᠶᠠᠭᠠᠷᠠᠯᠲᠠᠢ 《 ᠰᠢᠯᠭᠠᠯᠲᠠ ᠳᠤ ᠪᠡᠯᠡᠳᠭᠡᠵᠦ 》 ᠪᠤᠢ ᠃ ᠰᠢᠯᠭᠠᠯᠲᠠ ᠡᠴᠡ ᠡᠮᠦᠨ᠎ᠡ ᠣᠶᠤᠨ ᠰᠠᠨᠠᠭᠠᠨ ᠤ ᠳᠠᠷᠤᠭᠠᠰᠤ ᠬᠦᠨᠳᠦ ᠡᠴᠡ ᠪᠣᠯᠵᠤ ᠂ ᠣᠯᠠᠩᠬᠢ ᠰᠢᠯᠭᠠᠭᠤᠯᠤᠭᠰᠠᠳ ᠲᠤ ᠶᠡᠬᠡ ᠲᠠᠷᠢᠬᠢ ᠶᠠᠳᠠᠷᠠᠬᠤ ᠪᠠᠢᠳᠠᠯ ᠭᠠᠷᠳᠠᠭ ᠃ ᠬᠡᠦᠬᠡᠳ ᠤᠨ ᠢᠶᠠᠨ ᠴᠡᠭᠡᠵᠢᠯᠡᠬᠦ ᠴᠢᠳᠠᠪᠤᠷᠢ ᠶᠢ ᠨᠢ ᠲᠡᠬᠡᠭᠰᠢᠯᠡᠬᠦᠯᠤᠨ ᠂ ᠰᠢᠯᠭᠠᠯᠲᠠ ᠳᠤ ᠥᠨᠳᠦᠷ ᠬᠤᠪᠢ ᠣᠯᠤᠭᠤᠯᠬᠤ ᠶᠢᠨ ᠳᠦᠯᠤᠬᠡ ᠬᠡᠷ ᠤᠨ ᠠᠬᠠᠮᠠᠳ ᠤᠳ ᠮᠥᠩᠭᠦ ᠪᠠᠨ ᠬᠠᠢᠷᠠᠯᠠᠯ ᠦᠭᠡᠢ ᠪᠠᠷ ᠡᠯ᠎ᠡ ᠵᠦᠢᠯ ᠤᠨ ᠰᠢᠮ᠎ᠡ ᠲᠡᠵᠢᠭᠡᠯ ᠨᠥᠬᠦᠪᠦᠷᠢᠯᠡᠳᠡᠭ ᠂ ᠲᠡᠭᠡᠪᠡᠯ ᠰᠢᠯᠭᠠᠯᠲᠠ ᠡᠴᠡ ᠡᠮᠦᠨ᠎ᠡ ᠬᠡᠷᠬᠢᠨ ᠰᠢᠨᠵᠢᠯᠡᠬᠦ ᠤᠬᠠᠭᠠᠨᠴᠢ ᠪᠠᠷ ᠰᠢᠮ᠎ᠡ ᠲᠡᠵᠢᠭᠡᠯ ᠨᠥᠬᠦᠪᠦᠷᠢᠯᠡᠬᠦ ᠪᠤᠢ ︖ ᠰᠣᠬᠤᠷ ᠪᠠᠯᠠᠢ ᠪᠠᠷ ᠰᠢᠮ᠎ᠡ ᠲᠡᠵᠢᠭᠡᠯ ᠨᠥᠬᠦᠪᠦᠷᠢᠯᠡᠬᠦ ᠨᠢ ᠶᠠᠮᠠᠷ ᠬᠣᠣᠷ ᠬᠥᠨᠦᠭᠡᠯ ᠠᠪᠴᠢᠷᠠᠳᠠᠭ ᠪᠤᠢ ︖

ᠰᠢᠯᠭᠠᠭᠤᠯᠤᠭᠰᠠᠳ ᠤᠨ ᠳᠠᠷᠤᠭᠠᠰᠤ ᠶᠢ ᠬᠦᠩᠬᠡᠷᠡᠬᠦᠯᠬᠦ ᠴᠢᠬᠤᠯᠠᠲᠠᠢ

ᠡᠩ ᠲᠡᠷᠢᠭᠦᠨ ᠳᠤ ᠂ ᠰᠢᠯᠭᠠᠭᠤᠯᠤᠭᠰᠠᠳ ᠤᠨ ᠳᠠᠷᠤᠭᠠᠰᠤ ᠶᠢ ᠬᠦᠩᠬᠡᠷᠡᠬᠦᠯᠬᠦ ᠴᠢᠬᠤᠯᠠᠲᠠᠢ ᠃ ᠪᠡᠬᠡᠵᠢᠡᠭ ᠶᠡᠬᠡ ᠰᠤᠷᠭᠠᠭᠤᠯᠢ ᠶᠢᠨ ᠵᠠᠯᠠᠭᠤ ᠪᠠᠭᠠᠴᠤᠳ ᠤᠨ ᠡᠷᠡᠭᠦᠯ ᠬᠠᠮᠠᠭᠠᠯᠠᠯ ᠤᠨ ᠰᠤᠳᠤᠯᠭᠠᠨ ᠤ ᠭᠠᠵᠠᠷ ᠤᠨ ᠳᠠᠷᠤᠭ᠎ᠠ ᠵᠢᠢ ᠴᠧᠩ ᠶᠧ ᠫᠷᠣᠹᠧᠰᠰᠣᠷ ᠤᠨ ᠦᠵᠡᠬᠦ ᠪᠠᠷ ᠂ 《 ᠳᠠᠷᠤᠭᠠᠰᠤ ᠪᠤᠯᠤᠨ ᠴᠡᠭᠡᠵᠢᠯᠡᠬᠦ ᠴᠢᠳᠠᠪᠤᠷᠢ ᠮᠠᠰᠢ ᠨᠢᠭᠲᠠ ᠬᠠᠷᠢᠴᠠᠭ᠎ᠠ ᠲᠠᠢ ᠂ ᠬᠡᠷ ᠤᠨ ᠠᠬᠠᠮᠠᠳ ᠬᠡᠦᠬᠡᠳ ᠤᠨ ᠢᠶᠠᠨ ᠡᠮᠦᠨ᠎ᠡ ᠰᠢᠯᠭᠠᠯᠲᠠ ᠶᠢᠨ ᠬᠤᠪᠢ ᠂ ᠨᠡᠷᠡᠰ ᠤᠨ ᠳ᠋ᠤᠭᠠᠷ ᠂ ᠠᠯᠤᠰ ᠢᠷᠡᠭᠡᠳᠦᠢ ᠭᠡᠬᠦ ᠮᠡᠲᠦ ᠶᠢᠨ ᠰᠡᠳᠦᠪ ᠢ ᠪᠢᠲᠡᠭᠡᠢ ᠶᠠᠷᠢᠭᠠᠷᠠᠢ ᠂ ᠬᠡᠷ ᠲᠡᠭᠡᠨ ᠠᠮᠢᠳᠤᠷᠠᠯ ᠤᠨ ᠳᠤᠮᠳᠠᠬᠢ ᠰᠣᠨᠢᠷᠬᠠᠯᠲᠤ ᠶᠠᠪᠤᠳᠠᠯ ᠢ ᠦᠷᠭᠦᠯᠵᠢ ᠶᠠᠷᠢᠯᠴᠠᠵᠤ ᠂ ᠰᠢᠯᠭᠠᠭᠤᠯᠤᠭᠰᠠᠳ ᠤᠨ ᠳᠠᠷᠤᠭᠠᠰᠤ ᠶᠢ ᠬᠦᠩᠬᠡᠷᠡᠬᠦᠯᠬᠦ ᠬᠡᠷᠡᠭᠲᠡᠢ 》 ᠃ ᠳᠠᠷᠠᠭ᠎ᠠ ᠨᠢ ᠂ ᠨᠦᠷ ᠤᠨ ᠶᠠᠰᠤ ᠴᠢᠨᠠᠷ ᠵᠢᠴᠢ ᠬᠡᠮᠵᠢᠶ᠎ᠡ ᠶᠢ ᠪᠠᠲᠤᠯᠠᠬᠤ ᠬᠡᠷᠡᠭᠲᠡᠢ ᠃ 《 ᠬᠠᠩᠭᠠᠮᠵᠢᠲᠠᠢ ᠠᠮᠠᠷᠠᠭᠰᠠᠨ ᠤ ᠳᠠᠷᠠᠭ᠎ᠠ ᠂ ᠶᠡᠬᠡ ᠲᠠᠷᠢᠬᠢ ᠰᠠᠶᠢ ᠨᠠᠩ ᠪᠦᠲᠦᠮᠵᠢᠲᠡᠢ ᠠᠵᠢᠯᠯᠠᠵᠤ ᠴᠢᠳᠠᠨ᠎ᠠ ᠃ ᠤᠨᠲᠠᠬᠤ ᠡᠴᠡ ᠪᠠᠨ ᠡᠮᠦᠨ᠎ᠡ ᠂ ᠨᠠᠮᠵᠢᠭᠤᠨ ᠲᠠᠭᠠᠯᠠᠮᠵᠢᠲᠠᠢ ᠳᠠᠭᠤᠤ ᠬᠥᠭᠵᠢᠮ ᠰᠣᠨᠤᠰᠴᠤ ᠂ ᠤᠨᠲᠠᠯᠭ᠎ᠠ ᠶᠢᠨ ᠥᠷᠦᠭᠡ ᠶᠢᠨ ᠳ᠋ᠧᠩ ᠤᠨ ᠬᠡᠷᠡᠯ ᠢᠶᠠᠨ ᠰᠤᠯᠠᠪᠲᠤᠷ ᠰᠢᠭ ᠂ ᠣᠷᠤ ᠪᠠᠨ ᠲᠠᠭᠠᠯᠠᠮᠵᠢᠲᠠᠢ ᠰᠢᠭ ᠪᠠᠢᠯᠭᠠᠨ ᠂ ᠤᠨᠲᠠᠬᠤ ᠡᠴᠡ ᠪᠠᠨ ᠡᠮᠦᠨ᠎ᠡ ᠭᠤᠱᠤᠭᠤᠨ ᠰᠡᠳᠠᠯᠳᠠ ᠲᠠᠢ ᠢᠳᠡᠭᠡᠨ ᠴᠥᠭᠡᠨ ᠢᠳᠡᠵᠦ ᠂ ᠬᠡᠳᠤᠷᠡᠳᠡᠯ᠎ᠠ ᠢᠳᠡᠬᠦ ᠦᠭᠡᠢ ᠵᠡᠷᠭᠡ ᠶᠢ ᠠᠩᠬᠠᠷᠬᠤ ᠨᠢ ᠤᠨᠲᠠᠯᠭ᠎ᠠ ᠳᠤ ᠲᠤᠰᠠᠲᠠᠢ 》 ᠃ ᠲᠡᠬᠢᠪᠠᠯ ᠂ ᠲᠠᠷᠢᠬᠢ ᠪᠠᠨ ᠬᠡᠲᠦ ᠶᠠᠳᠠᠷᠠᠭᠠᠵᠤ ᠪᠣᠯᠬᠤ ᠦᠭᠡᠢ ᠃ 《 ᠶᠡᠬᠡ ᠲᠠᠷᠢᠬᠢ ᠶᠠᠳᠠᠷᠠᠬᠤ ᠳᠤᠰᠤᠮ ᠰᠡᠷᠭᠡᠭ ᠤᠨ ᠬᠡᠮᠵᠢᠶ᠎ᠡ ᠨᠢ ᠳᠤᠷᠤᠭᠰᠢᠯᠠᠵᠤ ᠂ ᠠᠵᠢᠯ ᠤᠨ ᠪᠦᠲᠦᠮᠵᠢ ᠴᠤ ᠳᠣᠷᠤᠭᠰᠢᠯᠠᠬᠤ ᠪᠣᠯᠤᠨ᠎ᠠ ᠃ ᠬᠡᠷ ᠤᠨ ᠠᠬᠠᠮᠠᠳ ᠬᠡᠦᠬᠡᠳ ᠲᠡᠭᠡᠨ ᠰᠤᠯᠠ ᠠᠯᠬᠤᠯᠠᠬᠤ ᠂ ᠲᠠᠮᠢᠷ ᠬᠢᠬᠦ ᠂ ᠬᠥᠭᠵᠢᠮ ᠰᠣᠨᠤᠰᠬᠤ ᠵᠡᠷᠭᠡ ᠶᠢ ᠰᠠᠨᠠᠭᠤᠯᠵᠤ ᠂ ᠠᠮᠠᠷᠠᠵᠤ ᠰᠤᠷᠤᠯᠴᠠᠬᠤ ᠪᠠᠨ ᠲᠡᠩᠨᠡᠬᠦᠯᠤᠨ ᠂ ᠶᠡᠬᠡ ᠲᠠᠷᠢᠬᠢ ᠪᠠᠨ ᠠᠮᠠᠷᠠᠭᠤᠯᠬᠤ ᠶᠢ ᠰᠠᠨᠠᠭᠤᠯᠵᠤ ᠪᠣᠯᠤᠨ᠎ᠠ ︾ ᠃

ᠰᠢᠯᠭᠠᠯᠲᠠ ᠡᠴᠡ ᠡᠮᠦᠨ᠎ᠡ ᠶᠡᠬᠡ ᠲᠠᠷᠢᠬᠢ ᠨᠢ ᠶᠠᠮᠠᠷ ᠵᠦᠢᠯ ᠤᠨ ᠰᠢᠮ᠎ᠡ ᠲᠡᠵᠢᠭᠡᠯ ᠢ ᠬᠠᠮᠤᠭ ᠡᠴᠡ ᠱᠠᠭᠠᠷᠳᠠᠳᠠᠭ ᠪᠤᠢ

ᠰᠢᠯᠭᠠᠯᠲᠠ ᠡᠴᠡ ᠡᠮᠦᠨ᠎ᠡ ᠂ ᠶᠡᠬᠡ ᠲᠠᠷᠢᠬᠢ ᠨᠢ ᠴᠢᠳᠠᠯ ᠡᠴᠡ ᠪᠠᠨ ᠬᠡᠳᠤᠷᠡᠳᠡᠯ᠎ᠠ ᠠᠵᠢᠯᠯᠠᠳᠠᠭ ᠂ ᠲᠡᠭᠡᠪᠡᠯ ᠡᠨᠡ ᠦᠶᠡᠰ ᠶᠠᠮᠠᠷ ᠰᠢᠮ᠎ᠡ ᠲᠡᠵᠢᠭᠡᠯ ᠢ ᠬᠠᠮᠤᠭ ᠨᠥᠬᠦᠪᠦᠷᠢᠯᠡᠬᠦ ᠴᠢᠬᠤᠯᠠᠲᠠᠢ ᠪᠤᠢ ︖ ᠵᠢᠢ ᠫᠷᠣᠹᠧᠰᠰᠣᠷ ᠤᠨ ᠰᠠᠨᠠᠭᠤᠯᠬᠤ ᠪᠠᠷ 《 ᠢᠳᠡᠰᠢ ᠪᠠᠨ ᠵᠦᠢ ᠵᠣᠬᠢᠰᠲᠠᠢ ᠲᠣᠬᠢᠷᠠᠭᠤᠯᠵᠤ ᠂ ᠰᠢᠮ᠎ᠡ ᠲᠡᠵᠢᠭᠡᠯ ᠤᠨ ᠲᠡᠩᠴᠡᠭᠦᠷᠢ ᠶᠢ ᠪᠠᠲᠤᠯᠠᠬᠤ 》 ᠪᠠᠷ ᠵᠠᠷᠴᠢᠮ ᠪᠣᠯᠭᠠᠬᠤ ᠬᠡᠷᠡᠭᠲᠡᠢ ᠄ ᠨᠢᠭᠡᠳᠦᠭᠡᠷ ᠲᠤ ᠂ ᠴᠢᠰᠤᠨ ᠰᠢᠬᠢᠷ ᠪᠣᠯ ᠶᠡᠬᠡ ᠲᠠᠷᠢᠬᠢᠨ ᠤ ᠰᠢᠭᠤᠳ ᠡᠨᠧᠷᠭᠢ ᠶᠢᠨ ᠢᠷᠡᠯᠲᠡ ᠪᠣᠯᠤᠨ᠎ᠠ ᠂ ᠶᠡᠬᠡ ᠲᠠᠷᠢᠬᠢᠨ ᠤ ᠴᠢᠰᠤᠨ ᠰᠢᠬᠢᠷ ᠤᠨ ᠬᠠᠩᠭᠠᠯᠭ᠎ᠠ ᠬᠡᠷᠡᠭᠴᠡᠭᠡ ᠶᠢ ᠪᠠᠲᠤᠯᠠᠪᠠᠯ ᠰᠠᠶᠢ ᠶᠡᠬᠡ ᠲᠠᠷᠢᠬᠢᠨ ᠤ ᠬᠦᠬᠡᠷᠤᠯᠳᠠ ᠶᠢᠨ ᠬᠡᠮᠵᠢᠶ᠎ᠡ ᠶᠢ ᠪᠠᠲᠤᠯᠠᠵᠤ ᠴᠢᠳᠠᠨ᠎ᠠ ᠃ ᠡᠢᠮᠦ ᠡᠴᠡ ᠂ ᠬᠡᠦᠬᠡᠳ ᠲᠡᠭᠡᠨ ᠭᠣᠣᠯ ᠢᠳᠡᠭᠡᠨ ᠢ ᠴᠠᠳᠲᠠᠯ᠎ᠠ ᠢᠳᠡᠭᠦᠯᠬᠦ ᠬᠡᠷᠡᠭᠲᠡᠢ ᠃ ᠭᠡᠬᠦ ᠳᠡᠭᠡᠨ ᠭᠣᠣᠯ ᠢᠳᠡᠭᠡᠨ ᠤ ᠳᠣᠲᠤᠷ᠎ᠠ 1/3 ᠶᠢᠨ ᠪᠦᠳᠤᠬᠦᠯᠢᠭ ᠠᠮᠤ ᠶᠢ ᠪᠠᠲᠤᠯᠠᠵᠤ ᠂ ᠴᠢᠰᠤᠨ ᠰᠢᠬᠢᠷ ᠤᠨ ᠠᠯᠭᠤᠷ ᠢᠶᠠᠷ ᠦᠷᠭᠦᠯᠵᠢᠯᠡᠨ ᠳᠡᠭᠡᠭᠰᠢᠯᠡᠭᠦᠯᠬᠦ ᠶᠢ ᠪᠠᠲᠤᠯᠠᠬᠤ ᠬᠡᠷᠡᠭᠲᠡᠢ ᠃ ᠬᠣᠶᠠᠳᠤᠭᠠᠷ ᠲᠤ ᠂ ᠭᠦᠢᠴᠡᠳ ᠤᠭᠤᠷᠠᠭ ᠰᠢᠩᠭᠡᠭᠡᠬᠦ ᠬᠡᠷᠡᠭᠲᠡᠢ ᠂ ᠤᠭᠤᠷᠠᠭ ᠪᠣᠯ ᠪᠦᠬᠦᠢᠯᠡ ᠡᠰ ᠤᠨ ᠰᠠᠭᠤᠷᠢ ᠮᠥᠨ ᠂ ᠲᠡᠭᠦᠨ ᠤ ᠳᠣᠲᠤᠷᠠᠬᠢ ᠠᠮᠤᠨ ᠰᠢᠪᠲᠦᠷᠲᠦ ᠬᠦᠴᠢᠯ ᠨᠢ ᠲᠠᠷᠢᠬᠢᠨ ᠤ ᠡᠰ ᠢ ᠢᠳᠡᠪᠬᠢᠵᠢᠭᠦᠯᠬᠦ ᠦᠢᠯᠡᠳᠦᠯ ᠲᠠᠢ ᠃ ᠤᠭᠤᠷᠠᠭ ᠡᠯᠪᠡᠭ ᠠᠭᠤᠯᠤᠭᠰᠠᠨ ᠢᠳᠡᠭᠡᠨ ᠳᠤ ᠮᠢᠬ᠎ᠠ ᠂ ᠥᠨᠳᠡᠭᠡ ᠂ ᠰᠦ ᠂ ᠪᠤᠷᠴᠠᠭ ᠵᠢᠴᠢ ᠪᠤᠷᠴᠠᠭ ᠤᠨ ᠲᠥᠷᠦᠯ ᠤᠨ ᠢᠳᠡᠭᠡᠨ ᠪᠠᠭᠲᠠᠨ᠎ᠠ ᠃ ᠭᠤᠷᠪᠠᠳᠤᠭᠠᠷ ᠲᠤ ᠂ ᠵᠣᠬᠢᠬᠤ ᠬᠡᠮᠵᠢᠶᠡᠨ ᠤ ᠥᠭᠡᠬᠦ ᠨᠢ ᠶᠡᠬᠡ ᠲᠠᠷᠢᠬᠢ ᠶᠢ ᠬᠠᠪᠰᠤᠷᠴᠤ ᠴᠡᠭᠡᠵᠢᠯᠡᠬᠦ ᠴᠢᠳᠠᠪᠤᠷᠢ ᠶᠢ ᠲᠡᠬᠡᠭᠰᠢᠯᠡᠬᠦᠯᠳᠡᠭ ᠃ ᠤᠯᠠᠨ ᠦᠬᠡᠬᠦᠳᠤ ᠵᠢᠭᠠᠰᠤᠨ ᠤ ᠲᠥᠷᠦᠯ ᠪᠤᠯᠤᠨ ᠲᠣᠰᠤ ᠠᠭᠤᠯᠳᠠᠭ ᠬᠠᠲᠠᠭᠤ ᠵᠢᠮᠢᠰ ( ᠬᠤᠰᠢᠭ᠎ᠠ ᠵᠡᠷᠭᠡ ) ᠢ ᠢᠳᠡᠪᠡᠯ ᠰᠠᠢᠨ ᠃ ᠳᠦᠷᠪᠡᠳᠤᠬᠡᠷ ᠲᠤ ᠂ ᠰᠢᠨ᠎ᠡ ᠰᠣᠷᠭᠤᠭ ᠵᠢᠮᠢᠰ ᠨᠣᠭᠤᠭ᠎ᠠ ᠢᠳᠡᠵᠦ ᠸᠢᠲ᠋ᠠᠮᠢᠨ ᠪᠤᠯᠤᠨ ᠡᠷᠦᠳᠡᠰᠦ ᠨᠦᠬᠦᠪᠤᠷᠢᠯᠡᠵᠤ ᠪᠣᠯᠤᠨ᠎ᠠ ᠃ 《 ᠠᠮᠲᠠᠲᠤ ᠬᠣᠪᠤᠷ ᠢᠳᠡᠭᠡᠨ 》 ᠢᠶᠠᠷ ᠨᠥᠬᠦᠪᠦᠷᠢᠯᠡᠬᠦ ᠨᠢ ᠶᠡᠬᠡ ᠲᠠᠷᠢᠬᠢ ᠶᠢ ᠪᠢᠳᠠᠭᠤᠷᠠᠭᠤᠯᠳᠠᠭ ᠵᠢᠢ ᠴᠧᠩ ᠶᠧ ᠫᠷᠣᠹᠧᠰᠰᠣᠷ ᠪᠠᠰᠠ 《 ᠠᠮᠲᠠᠲᠤ ᠬᠣᠪᠤᠷ ᠢᠳᠡᠭᠡᠨ 》 ᠢᠶᠠᠷ ᠰᠣᠬᠤᠷ ᠪᠠᠯᠠᠢ ᠪᠠᠷ ᠰᠢᠮ᠎ᠡ ᠲᠡᠵᠢᠭᠡᠯ ᠨᠦᠬᠦᠪᠤᠷᠢᠯᠡᠵᠤ ᠪᠣᠯᠬᠤ ᠦᠭᠡᠢ ᠭᠡᠵᠦ ᠥᠷᠭᠡᠨ ᠤᠯᠠᠨ ᠰᠢᠯᠭᠠᠭᠤᠯᠤᠭᠰᠠᠳ ᠤᠨ ᠬᠡᠷ ᠤᠨ ᠠᠬᠠᠮᠠᠳ ᠲᠤ ᠰᠠᠨᠠᠭᠤᠯᠵᠤ ᠪᠤᠢ ᠃ ᠨᠢᠭᠡ ᠲᠠᠯ᠎ᠠ ᠪᠠᠷ ᠂ ᠰᠢᠯᠭᠠᠯᠲᠠ ᠡᠴᠡ ᠡᠮᠦᠨ᠎ᠡ ᠢᠳᠡᠭᠡᠨ ᠤᠮᠳᠠᠭᠠᠨ ᠤ ᠬᠤᠪᠢᠷᠠᠯᠲᠠ ᠶᠡᠬᠡ ᠪᠣᠯᠪᠠᠯ ᠰᠢᠯᠭᠠᠭᠤᠯᠤᠭᠰᠠᠳ ᠤᠨ ᠬᠣᠳᠤᠭᠤᠳᠤ ᠭᠡᠳᠡᠰᠦ ᠡᠳᠡᠭᠡᠷ ᠢᠳᠡᠭᠡᠨ ᠢ ᠰᠠᠢᠲᠤᠷ ᠰᠢᠩᠬᠡᠬᠡᠵᠤ ᠳᠡᠢᠯᠬᠦ ᠦᠭᠡᠢ ᠪᠣᠯᠵᠤ ᠂ ᠪᠠᠭᠠᠰᠤ ᠠᠯᠳᠠᠬᠤ ᠂ ᠢᠳᠡᠭᠡᠨ ᠤ ᠳᠤᠷᠠᠰᠢᠯ ᠮᠠᠭᠤᠳᠠᠬᠤ ᠵᠡᠷᠭᠡ ᠦᠵᠡᠭᠳᠡᠯ ᠭᠠᠷᠤᠨ᠎ᠠ ︔ ᠨᠥᠭᠦᠭᠡ ᠲᠠᠯ ᠎ᠠ ᠪᠠᠷ ᠂ ᠬᠡᠲᠦ ᠪᠤᠳᠤᠯᠢᠶᠠᠨᠲᠠᠢ ᠂ ᠬᠡᠲᠦ ᠴᠠᠳᠲᠠᠯ᠎ᠠ ᠂ ᠬᠡᠲᠦ ᠲᠣᠰᠤᠯᠢᠭ ᠢᠳᠡᠬᠦ ᠨᠢ ᠪᠦᠷ ᠬᠣᠳᠤᠭᠤᠳᠤ ᠭᠡᠳᠡᠰᠦᠨ ᠤ ᠳᠠᠷᠤᠭᠠᠰᠤ ᠶᠢ ᠨᠡᠮᠡᠭᠳᠡᠭᠦᠯᠳᠡᠭ ᠃ ᠡᠨᠡ ᠨᠢ ᠬᠣᠳᠤᠭᠤᠳᠤ ᠭᠡᠳᠡᠰᠦᠨ ᠤ ᠴᠢᠰᠤᠨ ᠤ ᠬᠠᠩᠭᠠᠯᠭ᠎ᠠ ᠶᠢ ᠨᠡᠮᠡᠭᠳᠡᠭᠦᠯᠵᠦ ᠂ ᠶᠡᠬᠡ ᠲᠠᠷᠢᠬᠢ ᠥᠭᠡᠳᠡ ᠤᠷᠤᠰᠬᠤ ᠴᠢᠰᠤᠨ ᠤ ᠬᠡᠮᠵᠢᠶ᠎ᠡ ᠶᠢ ᠪᠠᠭᠠᠰᠭᠠᠨ ᠂ ᠶᠡᠬᠡ ᠲᠠᠷᠢᠬᠢᠨ ᠳᠤ ᠬᠠᠩᠭᠠᠬᠤ ᠡᠨᠧᠷᠭᠢ ᠭᠦᠢᠴᠡᠳ ᠪᠤᠰᠤ ᠪᠣᠯᠵᠤ ᠂ ᠶᠡᠬᠡ ᠲᠠᠷᠢᠬᠢ ᠪᠢᠳᠠᠭᠤᠷᠠᠬᠤ ᠂ ᠰᠡᠳᠭᠢᠬᠦᠢ ᠤᠳᠠᠭᠠᠰᠢᠷᠠᠬᠤ ᠵᠡᠷᠭᠡ ᠪᠠᠢᠳᠠᠯ ᠭᠠᠷᠤᠨ᠎ᠠ ᠃ 《ᠬᠡᠷᠪᠠ ᠬᠡᠷ ᠤᠨ ᠠᠬᠠᠮᠠᠳ ᠪᠣᠯᠤᠭᠰᠠᠳ ᠬᠡᠦᠬᠡᠳ ᠲᠡᠭᠡᠨ ᠰᠢᠮ᠎ᠡ ᠲᠡᠵᠢᠭᠡᠯ ᠨᠦᠬᠦᠪᠤᠷᠢᠯᠡᠶ᠎ᠠ ᠭᠡᠪᠡᠯ ᠂ DHA ᠂ B ᠲᠥᠷᠦᠯ ᠤᠨ ᠸᠢᠲ᠋ᠠᠮᠢᠨ ᠵᠡᠷᠭᠡ ᠰᠢᠮ᠎ᠡ ᠲᠡᠵᠢᠭᠡᠯ ᠤᠨ ᠡᠯᠧᠮᠧᠨ᠋ᠲ ᠢ ᠲᠣᠬᠢᠷᠠᠮᠵᠢᠲᠠᠢ ᠨᠦᠬᠦᠪᠤᠷᠢᠯᠡᠵᠤ ᠪᠣᠯᠤᠨ᠎ᠠ ᠃ ᠡᠳᠡᠭᠡᠷ ᠰᠢᠮ᠎ᠡ ᠲᠡᠵᠢᠭᠡᠯ ᠤᠨ ᠡᠯᠧᠮᠧᠨ᠋ᠲ ᠨᠢ ᠴᠡᠭᠡᠵᠢᠯᠡᠬᠦ ᠴᠢᠳᠠᠪᠤᠷᠢ ᠶᠢ ᠳᠡᠭᠡᠭᠰᠢᠯᠡᠭᠦᠯᠬᠦ ᠂ ᠲᠠᠷᠢᠬᠢ ᠶᠢ ᠴᠢᠭᠢᠷᠠᠭᠵᠢᠭᠤᠯᠬᠤ ᠳᠤ ᠬᠠᠪᠰᠤᠷᠤᠯᠭ᠎ᠠ ᠪᠣᠯᠳᠠᠭ 》 ᠭᠡᠵᠦ ᠪᠡᠬᠡᠵᠢᠡᠭ ᠤᠨ ᠰᠢᠮ᠎ᠡ ᠲᠡᠵᠢᠭᠡᠯ ᠤᠨ ᠨᠠᠢᠬᠡᠮᠯᠢᠭ ᠤᠨ ᠯᠢᠦ ᠯᠠᠨ ᠡᠴᠡ ᠰᠠᠨᠠᠭᠤᠯᠵᠤ ᠪᠤᠢ ᠃ ᠳᠠᠷᠠᠭ᠎ᠠ ᠨᠢ ᠂ ᠨᠦᠷ ᠤᠨ ᠶᠠᠰᠤ ᠴᠢᠨᠠᠷ ᠵᠢᠴᠢ ᠬᠡᠮᠵᠢᠶ᠎ᠡ ᠶᠢ ᠪᠠᠲᠤᠯᠠᠬᠤ ᠬᠡᠷᠡᠭᠲᠡᠢ ᠃ 《 ᠬᠠᠩᠭᠠᠮᠵᠢᠲᠠᠢ ᠠᠮᠠᠷᠠᠭᠰᠠᠨ ᠤ ᠳᠠᠷᠠᠭ᠎ᠠ ᠂ ᠶᠡᠬᠡ ᠲᠠᠷᠢᠬᠢ ᠰᠠᠶᠢ ᠨᠠᠩ ᠪᠦᠲᠦᠮᠵᠢᠲᠡᠢ ᠠᠵᠢᠯᠯᠠᠵᠤ ᠴᠢᠳᠠᠨ᠎ᠠ ᠃ ᠤᠨᠲᠠᠬᠤ ᠡᠴᠡ ᠪᠠᠨ ᠡᠮᠦᠨ᠎ᠡ ᠂ ᠨᠠᠮᠵᠢᠭᠤᠨ ᠲᠠᠭᠠᠯᠠᠮᠵᠢᠲᠠᠢ ᠳᠠᠭᠤᠤ ᠬᠥᠭᠵᠢᠮ ᠰᠣᠨᠤᠰᠴᠤ ᠂ ᠤᠨᠲᠠᠯᠭ᠎ᠠ ᠶᠢᠨ ᠥᠷᠦᠭᠡ ᠶᠢᠨ ᠳ᠋ᠧᠩ ᠤᠨ ᠬᠡᠷᠡᠯ ᠢᠶᠠᠨ ᠰᠤᠯᠠᠪᠲᠤᠷ ᠰᠢᠭ ᠂ ᠣᠷᠤ ᠪᠠᠨ ᠲᠠᠭᠠᠯᠠᠮᠵᠢᠲᠠᠢ ᠰᠢᠭ ᠪᠠᠢᠯᠭᠠᠨ ᠂ ᠤᠨᠲᠠᠬᠤ ᠡᠴᠡ ᠪᠠᠨ ᠡᠮᠦᠨ᠎ᠡ ᠭᠤᠱᠤᠭᠤᠨ ᠰᠡᠳᠠᠯᠳᠠ ᠲᠠᠢ ᠢᠳᠡᠭᠡᠨ ᠴᠥᠭᠡᠨ ᠢᠳᠡᠵᠦ ᠂ ᠬᠡᠳᠤᠷᠡᠳᠡᠯ᠎ᠠ ᠢᠳᠡᠬᠦ ᠦᠭᠡᠢ ᠵᠡᠷᠭᠡ ᠶᠢ ᠠᠩᠬᠠᠷᠬᠤ ᠨᠢ ᠤᠨᠲᠠᠯᠭ᠎ᠠ ᠳᠤ ᠲᠤᠰᠠᠲᠠᠢ 》 ᠃ ᠲᠡᠬᠢᠪᠠᠯ ᠂ ᠲᠠᠷᠢᠬᠢ ᠪᠠᠨ ᠬᠡᠲᠦ ᠶᠠᠳᠠᠷᠠᠭᠠᠵᠤ ᠪᠣᠯᠬᠤ ᠦᠭᠡᠢ ᠃ 《 ᠶᠡᠬᠡ ᠲᠠᠷᠢᠬᠢ ᠶᠠᠳᠠᠷᠠᠬᠤ ᠳᠤᠰᠤᠮ ᠰᠡᠷᠭᠡᠭ ᠤᠨ ᠬᠡᠮᠵᠢᠶ᠎ᠡ ᠨᠢ ᠳᠤᠷᠤᠭᠰᠢᠯᠠᠵᠤ ᠂ ᠠᠵᠢᠯ ᠤᠨ ᠪᠦᠲᠦᠮᠵᠢ ᠴᠤ ᠳᠣᠷᠤᠭᠰᠢᠯᠠᠬᠤ ᠪᠣᠯᠤᠨ᠎ᠠ ᠃ ᠬᠡᠷ ᠤᠨ ᠠᠬᠠᠮᠠᠳ ᠬᠡᠦᠬᠡᠳ ᠲᠡᠭᠡᠨ ᠰᠤᠯᠠ ᠠᠯᠬᠤᠯᠠᠬᠤ ᠂ ᠲᠠᠮᠢᠷ ᠬᠢᠬᠦ ᠂ ᠬᠥᠭᠵᠢᠮ ᠰᠣᠨᠤᠰᠬᠤ ᠵᠡᠷᠭᠡ ᠶᠢ ᠰᠠᠨᠠᠭᠤᠯᠵᠤ ᠂ ᠠᠮᠠᠷᠠᠵᠤ ᠰᠤᠷᠤᠯᠴᠠᠬᠤ ᠪᠠᠨ ᠲᠡᠩᠨᠡᠬᠦᠯᠤᠨ ᠂ ᠶᠡᠬᠡ ᠲᠠᠷᠢᠬᠢ ᠪᠠᠨ ᠠᠮᠠᠷᠠᠭᠤᠯᠬᠤ ᠶᠢ ᠰᠠᠨᠠᠭᠤᠯᠵᠤ ᠪᠣᠯᠤᠨ᠎ᠠ 》 ᠃ ᠰᠢᠯᠭᠠᠯᠲᠠ ᠡᠴᠡ ᠡᠮᠦᠨ᠎ᠡ ᠶᠡᠬᠡ ᠲᠠᠷᠢᠬᠢ ᠨᠢ ᠶᠠᠮᠠᠷ ᠵᠦᠢᠯ ᠤᠨ ᠰᠢᠮ᠎ᠡ ᠲᠡᠵᠢᠭᠡᠯ ᠢ ᠬᠠᠮᠤᠭ ᠡᠴᠡ ᠱᠠᠭᠠᠷᠳᠠᠳᠠᠭ ᠪᠤᠢ ᠰᠢᠯᠭᠠᠯᠲᠠ ᠡᠴᠡ ᠡᠮᠦᠨ᠎ᠡ ᠂ ᠶᠡᠬᠡ ᠲᠠᠷᠢᠬᠢ ᠨᠢ ᠴᠢᠳᠠᠯ ᠡᠴᠡ ᠪᠠᠨ ᠬᠡᠳᠤᠷᠡᠳᠡᠯ᠎ᠠ ᠠᠵᠢᠯᠯᠠᠳᠠᠭ ᠂ ᠲᠡᠭᠡᠪᠡᠯ ᠡᠨᠡ ᠦᠶᠡᠰ ᠶᠠᠮᠠᠷ ᠰᠢᠮ᠎ᠡ ᠲᠡᠵᠢᠭᠡᠯ ᠢ ᠬᠠᠮᠤᠭ ᠨᠥᠬᠦᠪᠦᠷᠢᠯᠡᠬᠦ ᠴᠢᠬᠤᠯᠠᠲᠠᠢ ᠪᠤᠢ ︖ ᠵᠢᠢ ᠫᠷᠣᠹᠧᠰᠰᠣᠷ ᠤᠨ ᠰᠠᠨᠠᠭᠤᠯᠬᠤ ᠪᠠᠷ 《 ᠢᠳᠡᠰᠢ ᠪᠠᠨ ᠵᠦᠢ ᠵᠣᠬᠢᠰᠲᠠᠢ ᠲᠣᠬᠢᠷᠠᠭᠤᠯᠵᠤ ᠂ ᠰᠢᠮ᠎ᠡ ᠲᠡᠵᠢᠭᠡᠯ ᠤᠨ ᠲᠡᠩᠴᠡᠭᠦᠷᠢ ᠶᠢ ᠪᠠᠲᠤᠯᠠᠬᠤ 》 ᠪᠠᠷ ᠵᠠᠷᠴᠢᠮ ᠪᠣᠯᠭᠠᠬᠤ ᠬᠡᠷᠡᠭᠲᠡᠢ ᠄ ᠨᠢᠭᠡᠳᠦᠭᠡᠷ ᠲᠤ ᠂ ᠴᠢᠰᠤᠨ ᠰᠢᠬᠢᠷ ᠪᠣᠯ ᠶᠡᠬᠡ ᠲᠠᠷᠢᠬᠢᠨ ᠤ ᠰᠢᠭᠤᠳ ᠡᠨᠧᠷᠭᠢ ᠶᠢᠨ ᠢᠷᠡᠯᠲᠡ ᠪᠣᠯᠤᠨ᠎ᠠ ᠂ ᠶᠡᠬᠡ ᠲᠠᠷᠢᠬᠢᠨ ᠤ ᠴᠢᠰᠤᠨ ᠰᠢᠬᠢᠷ ᠤᠨ ᠬᠠᠩᠭᠠᠯᠭ᠎ᠠ ᠬᠡᠷᠡᠭᠴᠡᠭᠡ ᠶᠢ ᠪᠠᠲᠤᠯᠠᠪᠠᠯ ᠰᠠᠶᠢ ᠶᠡᠬᠡ ᠲᠠᠷᠢᠬᠢᠨ ᠤ ᠬᠦᠬᠡᠷᠤᠯᠳᠠ ᠶᠢᠨ ᠬᠡᠮᠵᠢᠶ᠎ᠡ ᠶᠢ ᠪᠠᠲᠤᠯᠠᠵᠤ ᠴᠢᠳᠠᠨ᠎ᠠ ᠃ ᠡᠢᠮᠦ ᠡᠴᠡ ᠂ ᠬᠡᠦᠬᠡᠳ ᠲᠡᠭᠡᠨ ᠭᠣᠣᠯ ᠢᠳᠡᠭᠡᠨ ᠢ ᠴᠠᠳᠲᠠᠯ᠎ᠠ ᠢᠳᠡᠭᠦᠯᠬᠦ ᠬᠡᠷᠡᠭᠲᠡᠢ ᠃ ᠭᠡᠬᠦ ᠳᠡᠭᠡᠨ ᠭᠣᠣᠯ ᠢᠳᠡᠭᠡᠨ ᠤ ᠳᠣᠲᠤᠷ᠎ᠠ 1/3 ᠶᠢᠨ ᠪᠦᠳᠤᠬᠦᠯᠢᠭ ᠠᠮᠤ ᠶᠢ ᠪᠠᠲᠤᠯᠠᠵᠤ ᠂ ᠴᠢᠰᠤᠨ ᠰᠢᠬᠢᠷ ᠤᠨ ᠠᠯᠭᠤᠷ ᠢᠶᠠᠷ ᠦᠷᠭᠦᠯᠵᠢᠯᠡᠨ ᠳᠡᠭᠡᠭᠰᠢᠯᠡᠭᠦᠯᠬᠦ ᠶᠢ ᠪᠠᠲᠤᠯᠠᠬᠤ ᠬᠡᠷᠡᠭᠲᠡᠢ ᠃ ᠬᠣᠶᠠᠳᠤᠭᠠᠷ ᠲᠤ ᠂ ᠭᠦᠢᠴᠡᠳ ᠤᠭᠤᠷᠠᠭ ᠰᠢᠩᠭᠡᠭᠡᠬᠦ ᠬᠡᠷᠡᠭᠲᠡᠢ ᠂ ᠤᠭᠤᠷᠠᠭ ᠪᠣᠯ ᠪᠦᠬᠦᠢᠯᠡ ᠡᠰ ᠤᠨ ᠰᠠᠭᠤᠷᠢ ᠮᠥᠨ ᠂ ᠲᠡᠭᠦᠨ ᠤ ᠳᠣᠲᠤᠷᠠᠬᠢ ᠠᠮᠤᠨ ᠰᠢᠪᠲᠦᠷᠲᠦ ᠬᠦᠴᠢᠯ ᠨᠢ ᠲᠠᠷᠢᠬᠢᠨ ᠤ ᠡᠰ ᠢ ᠢᠳᠡᠪᠬᠢᠵᠢᠭᠦᠯᠬᠦ ᠦᠢᠯᠡᠳᠦᠯ ᠲᠠᠢ ᠃ ᠤᠭᠤᠷᠠᠭ ᠡᠯᠪᠡᠭ ᠠᠭᠤᠯᠤᠭᠰᠠᠨ ᠢᠳᠡᠭᠡᠨ ᠳᠤ ᠮᠢᠬ᠎ᠠ ᠂ ᠥᠨᠳᠡᠭᠡ ᠂ ᠰᠦ ᠂ ᠪᠤᠷᠴᠠᠭ ᠵᠢᠴᠢ ᠪᠤᠷᠴᠠᠭ ᠤᠨ ᠲᠥᠷᠦᠯ ᠤᠨ ᠢᠳᠡᠭᠡᠨ ᠪᠠᠭᠲᠠᠨ᠎ᠠ ᠃ ᠭᠤᠷᠪᠠᠳᠤᠭᠠᠷ ᠲᠤ ᠂ ᠵᠣᠬᠢᠬᠤ ᠬᠡᠮᠵᠢᠶᠡᠨ ᠤ ᠥᠭᠡᠬᠦ ᠨᠢ ᠶᠡᠬᠡ ᠲᠠᠷᠢᠬᠢ ᠶᠢ ᠬᠠᠪᠰᠤᠷᠴᠤ ᠴᠡᠭᠡᠵᠢᠯᠡᠬᠦ ᠴᠢᠳᠠᠪᠤᠷᠢ ᠶᠢ ᠲᠡᠬᠡᠭᠰᠢᠯᠡᠬᠦᠯᠳᠡᠭ ᠃ ᠤᠯᠠᠨ ᠦᠬᠡᠬᠦᠳᠤ ᠵᠢᠭᠠᠰᠤᠨ ᠤ ᠲᠥᠷᠦᠯ ᠪᠤᠯᠤᠨ ᠲᠣᠰᠤ ᠠᠭᠤᠯᠳᠠᠭ ᠬᠠᠲᠠᠭᠤ ᠵᠢᠮᠢᠰ ( ᠬᠤᠰᠢᠭ᠎ᠠ ᠵᠡᠷᠭᠡ ) ᠢ ᠢᠳᠡᠪᠡᠯ ᠰᠠᠢᠨ ᠃ ᠳᠦᠷᠪᠡᠳᠤᠬᠡᠷ ᠲᠤ ᠂ ᠰᠢᠨ᠎ᠡ ᠰᠣᠷᠭᠤᠭ ᠵᠢᠮᠢᠰ ᠨᠣᠭᠤᠭ᠎ᠠ ᠢᠳᠡᠵᠦ ᠸᠢᠲ᠋ᠠᠮᠢᠨ ᠪᠤᠯᠤᠨ ᠡᠷᠦᠳᠡᠰᠦ ᠨᠦᠬᠦᠪᠤᠷᠢᠯᠡᠵᠤ ᠪᠣᠯᠤᠨ᠎ᠠ ᠃

《 ᠠᠮᠲᠠᠲᠤ ᠬᠣᠪᠤᠷ ᠢᠳᠡᠭᠡᠨ 》 ᠢᠶᠠᠷ ᠨᠥᠬᠦᠪᠦᠷᠢᠯᠡᠬᠦ ᠨᠢ ᠶᠡᠬᠡ ᠲᠠᠷᠢᠬᠢ ᠶᠢ ᠪᠢᠳᠠᠭᠤᠷᠠᠭᠤᠯᠳᠠᠭ

ᠵᠢᠢ ᠴᠧᠩ ᠶᠧ ᠫᠷᠣᠹᠧᠰᠰᠣᠷ ᠪᠠᠰᠠ 《 ᠠᠮᠲᠠᠲᠤ ᠬᠣᠪᠤᠷ ᠢᠳᠡᠭᠡᠨ ︾ ᠢᠶᠠᠷ ᠰᠣᠬᠤᠷ ᠪᠠᠯᠠᠢ ᠪᠠᠷ ᠰᠢᠮ᠎ᠡ ᠲᠡᠵᠢᠭᠡᠯ ᠨᠦᠬᠦᠪᠤᠷᠢᠯᠡᠵᠤ ᠪᠣᠯᠬᠤ ᠦᠭᠡᠢ ᠭᠡᠵᠦ ᠥᠷᠭᠡᠨ ᠤᠯᠠᠨ ᠰᠢᠯᠭᠠᠭᠤᠯᠤᠭᠰᠠᠳ ᠤᠨ ᠬᠡᠷ ᠤᠨ ᠠᠬᠠᠮᠠᠳ ᠲᠤ ᠰᠠᠨᠠᠭᠤᠯᠵᠤ ᠪᠤᠢ ᠃ ᠨᠢᠭᠡ ᠲᠠᠯ᠎ᠠ ᠪᠠᠷ ᠂ ᠰᠢᠯᠭᠠᠯᠲᠠ ᠡᠴᠡ ᠡᠮᠦᠨ᠎ᠡ ᠢᠳᠡᠭᠡᠨ ᠤᠮᠳᠠᠭᠠᠨ ᠤ ᠬᠤᠪᠢᠷᠠᠯᠲᠠ ᠶᠡᠬᠡ ᠪᠣᠯᠪᠠᠯ ᠰᠢᠯᠭᠠᠭᠤᠯᠤᠭᠰᠠᠳ ᠤᠨ ᠬᠣᠳᠤᠭᠤᠳᠤ ᠭᠡᠳᠡᠰᠦ ᠡᠳᠡᠭᠡᠷ ᠢᠳᠡᠭᠡᠨ ᠢ ᠰᠠᠢᠲᠤᠷ ᠰᠢᠩᠬᠡᠬᠡᠵᠤ ᠳᠡᠢᠯᠬᠦ ᠦᠭᠡᠢ ᠪᠣᠯᠵᠤ ᠂ ᠪᠠᠭᠠᠰᠤ ᠠᠯᠳᠠᠬᠤ ᠂ ᠢᠳᠡᠭᠡᠨ ᠤ ᠳᠤᠷᠠᠰᠢᠯ ᠮᠠᠭᠤᠳᠠᠬᠤ ᠵᠡᠷᠭᠡ ᠦᠵᠡᠭᠳᠡᠯ ᠭᠠᠷᠤᠨ᠎ᠠ ︔ ᠨᠥᠭᠦᠭᠡ ᠲᠠᠯ ᠎ᠠ ᠪᠠᠷ ᠂ ᠬᠡᠲᠦ ᠪᠤᠳᠤᠯᠢᠶᠠᠨᠲᠠᠢ ᠂ ᠬᠡᠲᠦ ᠴᠠᠳᠲᠠᠯ᠎ᠠ ᠂ ᠬᠡᠲᠦ ᠲᠣᠰᠤᠯᠢᠭ ᠢᠳᠡᠬᠦ ᠨᠢ ᠪᠦᠷ ᠬᠣᠳᠤᠭᠤᠳᠤ ᠭᠡᠳᠡᠰᠦᠨ ᠤ ᠳᠠᠷᠤᠭᠠᠰᠤ ᠶᠢ ᠨᠡᠮᠡᠭᠳᠡᠭᠦᠯᠳᠡᠭ ᠃ ᠡᠨᠡ ᠨᠢ ᠬᠣᠳᠤᠭᠤᠳᠤ ᠭᠡᠳᠡᠰᠦᠨ ᠤ ᠴᠢᠰᠤᠨ ᠤ ᠬᠠᠩᠭᠠᠯᠭ᠎ᠠ ᠶᠢ ᠨᠡᠮᠡᠭᠳᠡᠭᠦᠯᠵᠦ ᠂ ᠶᠡᠬᠡ ᠲᠠᠷᠢᠬᠢ ᠥᠭᠡᠳᠡ ᠤᠷᠤᠰᠬᠤ ᠴᠢᠰᠤᠨ ᠤ ᠬᠡᠮᠵᠢᠶ᠎ᠡ ᠶᠢ ᠪᠠᠭᠠᠰᠭᠠᠨ ᠂ ᠶᠡᠬᠡ ᠲᠠᠷᠢᠬᠢᠨ ᠳᠤ ᠬᠠᠩᠭᠠᠬᠤ ᠡᠨᠧᠷᠭᠢ ᠭᠦᠢᠴᠡᠳ ᠪᠤᠰᠤ ᠪᠣᠯᠵᠤ ᠂ ᠶᠡᠬᠡ ᠲᠠᠷᠢᠬᠢ ᠪᠢᠳᠠᠭᠤᠷᠠᠬᠤ ᠂ ᠰᠡᠳᠭᠢᠬᠦᠢ ᠤᠳᠠᠭᠠᠰᠢᠷᠠᠬᠤ ᠵᠡᠷᠭᠡ ᠪᠠᠢᠳᠠᠯ ᠭᠠᠷᠤᠨ᠎ᠠ ᠃ 《 ᠬᠡᠷᠪᠠ ᠬᠡᠷ ᠤᠨ ᠠᠬᠠᠮᠠᠳ ᠪᠣᠯᠤᠭᠰᠠᠳ ᠬᠡᠦᠬᠡᠳ ᠲᠡᠭᠡᠨ ᠰᠢᠮ᠎ᠡ ᠲᠡᠵᠢᠭᠡᠯ ᠨᠦᠬᠦᠪᠤᠷᠢᠯᠡᠶ᠎ᠠ ᠭᠡᠪᠡᠯ ᠂ DHA ᠂ B ᠲᠥᠷᠦᠯ ᠤᠨ ᠸᠢᠲ᠋ᠠᠮᠢᠨ ᠵᠡᠷᠭᠡ ᠰᠢᠮ᠎ᠡ ᠲᠡᠵᠢᠭᠡᠯ ᠤᠨ ᠡᠯᠧᠮᠧᠨ᠋ᠲ ᠢ ᠲᠣᠬᠢᠷᠠᠮᠵᠢᠲᠠᠢ ᠨᠦᠬᠦᠪᠤᠷᠢᠯᠡᠵᠤ ᠪᠣᠯᠤᠨ᠎ᠠ ᠃ ᠡᠳᠡᠭᠡᠷ ᠰᠢᠮ᠎ᠡ ᠲᠡᠵᠢᠭᠡᠯ ᠤᠨ ᠡᠯᠧᠮᠧᠨ᠋ᠲ ᠨᠢ ᠴᠡᠭᠡᠵᠢᠯᠡᠬᠦ ᠴᠢᠳᠠᠪᠤᠷᠢ ᠶᠢ ᠳᠡᠭᠡᠭᠰᠢᠯᠡᠭᠦᠯᠬᠦ ᠂ ᠲᠠᠷᠢᠬᠢ ᠶᠢ ᠴᠢᠭᠢᠷᠠᠭᠵᠢᠭᠤᠯᠬᠤ ᠳᠤ ᠬᠠᠪᠰᠤᠷᠤᠯᠭ᠎ᠠ ᠪᠣᠯᠳᠠᠭ 》 ᠭᠡᠵᠦ ᠪᠡᠬᠡᠵᠢᠡᠭ ᠤᠨ ᠰᠢᠮ᠎ᠡ ᠲᠡᠵᠢᠭᠡᠯ ᠤᠨ ᠨᠠᠢᠬᠡᠮᠯᠢᠭ ᠤᠨ ᠯᠢᠦ ᠯᠠᠨ ᠡᠴᠡ ᠰᠠᠨᠠᠭᠤᠯᠵᠤ ᠪᠤᠢ ᠃

ᠡᠮᠦᠨᠡᠬᠢ ᠵᠣᠬᠢᠶᠠᠯᠵᠣᠬᠢᠶᠠᠯ ᠦᠭᠡᠢ ᠪᠣᠯᠵᠠᠢ

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠥᠪᠦᠷ ᠮᠣᠩᠭᠤᠯ ᠥᠨᠳᠥᠰᠥᠲᠡᠨ ᠦ ᠰᠤᠷᠭᠠᠨ ᠬᠥᠮᠦᠵᠢᠯ ᠦᠨ ᠰᠦᠯᠵᠢᠶ᠎ᠡ ᠬᠡᠪᠯᠡᠯ ᠦᠨ ᠡᠷᠬᠡ ᠲᠡᠢ ᠃ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃