lt
ᠬᠢᠴᠢᠶᠡᠯᠯᠡᠭᠡ ᠶᠢᠨ ᠰᠢᠩᠭᠡᠭᠡᠯᠲᠡ
ᠼᠦᠢ ᠴᠧᠩ ᠯᠢᠨ ᠫᠷᠦᠹᠸᠰᠰᠤᠷ ᠤᠨ ᠶᠠᠷᠢᠶᠠᠨ ᠤ ᠰᠢᠯᠢᠮᠡᠯ
2016.06.22 ᠲᠣᠰ ᠥᠷᠲᠡᠭᠡᠨ ᠦ ᠨᠠᠢᠷᠠᠭᠤᠯᠤᠭᠴᠢ

︱ ᠳ · ᠳᠠᠪᠰᠢᠯᠲᠤ ᠡᠮᠬᠢᠯᠡᠡ ᠲᠡᠮᠳᠡᠭᠯᠡᠪᠡ

2016 ᠤᠨ ᠤ 5 ᠰᠠᠷ᠎ᠠ ᠶᠢᠨ 24 ︱ 25 ᠳᠤ ᠂ ᠱᠠᠨᠳᠦᠩ ᠮᠤᠵᠢ ᠶᠢᠨ ᠲᠠᠢ ᠠᠨ ᠬᠤᠳᠠ ᠶᠢᠨ ᠼᠦᠢ ᠴᠧᠩ ᠯᠢᠨ ᠫᠷᠦᠹᠸᠰᠰᠤᠷ ᠡᠷᠢᠶᠡᠨ ᠬᠤᠳᠠ ᠳᠤ ᠢᠷᠡᠵᠦ ᠂ ᠬᠤᠳᠠ ᠶᠢᠨ ᠨᠢᠭᠡᠳᠦᠭᠡᠷ ᠳᠤᠮᠳᠠᠳᠤ ᠰᠤᠷᠭᠠᠭᠤᠯᠢ ᠳᠤ ᠲᠣᠭᠠᠨ ᠤ ᠤᠬᠠᠭᠠᠨ ᠂ ᠲᠡᠦᠬᠡ ᠂ ᠤᠯᠤᠰ ᠲᠥᠷᠦ ᠶᠢᠨ ᠬᠢᠴᠢᠶᠡᠯ ᠳᠤ ᠰᠢᠭᠤᠳ ᠵᠢᠯᠤᠭᠤᠳᠤᠯᠭ᠎ᠠ ᠬᠢᠭᠰᠡᠨ ᠤ ᠬᠠᠮᠲᠤ ᠂ ᠪᠠᠭ (ᠳᠤᠭᠤᠢᠯᠠᠩ ) ᠢᠶᠡᠷ ᠠᠵᠢᠯᠯᠠᠬᠤ ᠶᠢ ᠵᠣᠬᠢᠶᠠᠨ ᠪᠠᠢᠭᠤᠯᠬᠤ ᠪᠠ ᠦᠨᠡᠯᠡᠯᠲᠡ ᠬᠢᠬᠦ ᠲᠤᠬᠠᠢ ᠲᠤᠰᠭᠠᠢ ᠵᠢᠯᠤᠭᠤᠳᠤᠭᠰᠠᠨ ᠪᠠᠢᠨ᠎ᠠ ᠃ ᠡᠷᠢᠶᠡᠨ ᠬᠤᠳᠠ ᠳᠤ ᠤᠯᠤᠰ ᠤᠨ ᠠᠯᠪᠠᠨ ᠵᠢᠷᠤᠮ ᠤᠨ ᠰᠤᠷᠭᠠᠨ ᠬᠥᠮᠦᠵᠢᠯ ᠤᠨ ᠴᠢᠨᠠᠷ ᠤᠨ ᠪᠠᠢᠴᠠᠭᠠᠯᠲᠠ ᠶᠢᠨ ᠰᠢᠯᠭᠠᠯᠲᠠ ᠶᠢᠨ ᠠᠵᠢᠯ ᠡᠨᠡ ᠲᠡᠷᠡ ᠳᠠᠪᠬᠤᠴᠠᠵᠤ ᠪᠠᠢᠭᠰᠠᠨ ᠴᠦ ᠪᠢᠳᠡ ᠬᠣᠪᠤᠷ ᠲᠣᠬᠢᠶᠠᠯ ᠬᠡᠮᠡᠨ ᠲᠡᠨᠳᠡ ᠣᠴᠢᠵᠤ ᠰᠤᠷᠤᠯᠴᠠᠭᠰᠠᠨ ᠢᠶᠡᠨ ᠦᠨᠳᠦᠰᠦᠯᠡᠵᠦ ᠲᠠᠰᠤᠭ ᠪᠣᠰᠤᠭ ᠲᠡᠮᠳᠡᠭᠯᠡᠯ ᠬᠢᠭᠰᠡᠨ ᠪᠢᠯᠡ ᠃

1. ᠲᠠᠨ ᠤ ᠰᠠᠢᠨ ᠨᠠᠢᠵᠠ ᠪᠣᠯᠬᠤ ᠬᠣᠶᠠᠷ ᠪᠠᠭᠰᠢ ᠵᠡᠷᠭᠡ ᠪᠡᠷ ᠬᠢᠴᠢᠶᠡᠯ ᠣᠷᠤᠭᠰᠠᠨ ᠪᠠᠢᠳᠠᠯ ᠳᠣᠣᠷ᠎ᠠ ᠂ ᠲᠠ ᠨᠡᠷ ᠢᠶᠡᠷ ᠠᠯᠢ ᠨᠢ ᠢᠯᠡᠭᠦᠦ ᠰᠠᠢᠨ ᠣᠷᠤᠭᠰᠠᠨ ᠪᠤᠢ ᠭᠡᠬᠦ ᠳᠤ ᠪᠢᠳᠡ ᠶᠡᠷᠦ ᠳᠡᠭᠡᠨ ᠡᠷᠡᠭᠡᠯᠵᠡᠵᠤ ᠲᠡᠭᠡᠨᠡᠭᠡᠯᠵᠡᠭᠡᠳ ᠠᠯᠢ ᠨᠢ ᠳᠡᠭᠡᠷ᠎ᠡ ᠭᠡᠵᠦ ᠬᠡᠯᠡᠵᠦ ᠴᠢᠳᠠᠬᠤ ᠦᠭᠡᠢ ᠪᠠᠢᠳᠠᠭ ᠤᠨ ᠰᠢᠯᠲᠠᠭᠠᠨ ᠨᠢ ᠂ ᠬᠡᠨ ᠪᠦᠬᠦᠨ ᠳᠤ ᠮᠠᠨ ᠤ ᠬᠦᠰᠡᠭᠰᠡᠨ ᠦᠷ᠎ᠡ ᠳ᠋ᠦᠩ ᠴᠣᠬᠤᠮ ᠶᠠᠭᠤ ᠪᠤᠢ ᠭᠡᠳᠡᠭ ᠲᠣᠳᠤᠷᠬᠠᠢ ᠬᠠᠷᠠᠯᠲᠠ ᠦᠭᠡᠢ ᠡᠴᠡ ᠪᠣᠯᠤᠭᠰᠠᠨ ᠶᠤᠮ ᠃ ᠬᠢᠴᠢᠶᠡᠯ ᠣᠷᠤᠬᠤ ᠶᠢᠨ ᠭᠣᠣᠯ ᠵᠣᠷᠢᠯᠭ᠎ᠠ ᠴᠦ ᠡᠭᠦᠨ ᠡᠴᠡ ᠢᠷᠡᠯ ᠲᠠᠢ ᠳ᠋ᠡ ᠃

2. ᠪᠢᠳᠡ ᠦᠭᠡᠷᠡᠴᠢᠯᠡᠵᠤ ᠰᠢᠨᠡᠴᠢᠯᠡᠵᠦ ᠪᠠᠢᠨ᠎ᠠ ᠭᠡᠳ ᠬᠦᠶᠦᠯᠳᠤᠵᠡᠭᠡᠵᠤ ᠯᠠ ᠪᠠᠢᠨ᠎ᠠ ᠃ ᠭᠡᠬᠦ ᠳᠤ ᠵᠠᠷᠢᠮ ᠨᠢ ᠨᠠᠭᠠᠳᠤ ᠵᠠᠬ᠎ᠠ ᠨᠢ ᠬᠠᠭᠤᠴᠢᠨ ᠠᠷᠭ᠎ᠠ ᠪᠠᠷᠢᠯ ᠳᠠᠭᠠᠨ ᠴᠦ ᠮᠡᠷᠭᠡᠰᠢᠬᠡ ᠦᠭᠡᠢ ᠶᠢᠨ ᠤᠴᠢᠷ ᠰᠢᠨ᠎ᠡ ᠤᠷᠤᠭᠤ ᠠᠪᠤᠨ ᠪᠠᠷᠢᠨ ᠣᠷᠤᠵᠤ ᠴᠢᠳᠠᠨ᠎ᠠ ᠭᠡᠭᠴᠢ ᠨᠡᠯᠢᠶᠡᠳ ᠬᠦᠴᠢᠷ ᠶᠠᠪᠤᠳᠠᠯ ᠶᠤᠮ ᠃ ᠲᠡᠢᠮᠦ ᠡᠴᠡ ᠣᠳᠣᠬᠠᠨ ᠬᠠᠷᠠᠪᠠᠯ ᠲᠡᠳᠡᠨ ᠤ ᠣᠯᠠᠩᠬᠢ ᠨᠢ ᠬᠠᠭᠤᠴᠢᠨ ᠳᠠᠭᠠᠨ ᠴᠦ ᠦᠭᠡᠢ ᠂ ᠰᠢᠨ᠎ᠡ ᠳᠡᠭᠡᠨ ᠴᠦ ᠦᠭᠡᠢ ᠂ ᠬᠣᠶᠠᠷ ᠤᠨ ᠬᠣᠭᠤᠷᠤᠨᠳᠤ ᠪᠠᠢᠵᠤ ᠪᠠᠢᠨ᠎ᠠ ᠃ ᠦᠨᠡᠨ ᠳᠡᠭᠡᠨ ᠬᠠᠭᠤᠴᠢᠨ ᠡᠴᠡ ᠪᠠᠨ ᠪᠦᠷᠢᠮᠦᠰᠦᠨ ᠮᠤᠯᠲᠤᠷᠠᠭᠰᠠᠨ ᠰᠢᠨ᠎ᠡ ᠠᠷᠭ᠎ᠠ ᠪᠠᠷᠢᠯ ᠭᠡᠵᠦ ᠬᠡᠵᠢᠶᠡᠳᠡ ᠪᠠᠢᠬᠤ ᠦᠭᠡᠢ ᠶᠤᠮ ᠃ ᠬᠡᠷᠪᠡ ᠬᠠᠷ᠎ᠠ ᠮᠤᠭᠤᠢᠳ ᠢᠶᠡᠷ ᠪᠠᠢᠨ᠎ᠠ ᠭᠡᠵᠦ ᠢᠲᠡᠭᠡᠪᠡᠯ ᠪᠢᠳᠡ ᠯᠠᠪᠲᠠᠢ ᠰᠢᠨ᠎ᠡ ᠶᠢ ᠡᠭᠦᠳᠴᠦ ᠴᠢᠳᠠᠬᠤ ᠦᠭᠡᠢ ᠶᠤᠮ ᠃

3. ᠨᠢᠭᠡ ᠰᠤᠷᠭᠠᠭᠤᠯᠢ ᠨᠢ ᠬᠢᠴᠢᠶᠡᠯᠯᠡᠭᠡ ᠶᠢᠨ ᠰᠤᠳᠤᠯᠭᠠᠨ ᠤ ᠦᠢᠯᠡ ᠠᠵᠢᠯᠯᠠᠭ᠎ᠠ ᠶᠢ ᠵᠠᠪᠠᠯ ᠥᠷᠨᠢᠭᠦᠯᠬᠦ ᠬᠡᠷᠡᠭᠲᠡᠢ ᠃ ᠡᠭᠦᠪᠡᠷ ᠳᠠᠮᠵᠢᠨ ᠬᠢᠴᠢᠶᠡᠯᠯᠡᠭᠡ ᠶᠢ ᠪᠠᠢᠴᠠᠭᠠᠬᠤ ᠂ ᠰᠢᠯᠭᠠᠬᠤ ᠂ ᠰᠦᠪᠡᠭᠴᠢᠯᠡᠬᠦ ᠪᠠ ᠰᠡᠵᠢᠭᠯᠡᠬᠦ ᠤᠯᠠᠨ ᠲᠠᠪᠬᠤᠴᠠᠭᠠᠳᠤ ᠦᠢᠯᠡ ᠠᠵᠢᠯᠯᠠᠭ᠎ᠠ ᠶᠢ ᠭᠦᠢᠴᠡᠳᠭᠡᠵᠦ ᠂ ᠪᠣᠳᠠᠲᠤ ᠦᠷ᠎ᠡ ᠳ᠋ᠦᠩ ᠢ ᠨᠢ ᠬᠠᠷᠠᠵᠤ ᠪᠣᠯᠳᠠᠭ ᠃ ᠡᠨᠡ ᠨᠢ ᠬᠢᠴᠢᠶᠡᠯ ᠤᠨ ᠲᠠᠩᠬᠢᠮ ᠤᠨ ᠵᠢᠭᠠᠨ ᠰᠤᠷᠭᠠᠯᠲᠠ ᠶᠢ ᠰᠢᠯᠢᠳᠡᠭᠵᠢᠭᠦᠯᠬᠦ ᠳᠤ ᠨᠡᠩ ᠶᠡᠬᠡ ᠠᠰᠢᠭᠲᠠᠢ ᠪᠢᠯᠡ ᠃

4. ᠰᠤᠷᠤᠭᠴᠢ ᠶᠢ ᠬᠥᠳᠡᠯᠭᠡᠵᠦ ᠂ ᠤᠷᠮ᠎ᠠ ᠰᠡᠳᠭᠢᠯᠭᠡ ᠶᠢ ᠨᠢ ᠳᠠᠢᠴᠢᠯᠠᠬᠤ ᠳᠤ ᠂ ᠲᠡᠳᠡᠨ ᠤ ᠥᠪᠡᠷ ᠪᠢ ᠶᠢᠨ ᠠᠭᠤᠳᠠᠯᠠᠯᠳᠠ ᠂ ᠰᠡᠳᠭᠢᠴᠡ ᠶᠢᠨ ᠬᠥᠭᠵᠢᠯᠲᠡ ᠳᠤ ᠨᠢ ᠢᠳᠡᠪᠬᠢᠲᠡᠢ ᠪᠡᠷ ᠨᠥᠯᠦᠭᠡᠯᠡᠵᠦ ᠠᠬᠢᠭᠤᠯᠵᠤ ᠴᠢᠳᠠᠮᠠᠨᠵᠢᠨ ᠰᠠᠶᠢ ᠲᠡᠳᠡᠨ ᠢ ᠤᠯᠠᠮ ᠢᠶᠡᠷ ᠬᠥᠭᠵᠢᠬᠦ ᠳᠤ ᠨᠢ ᠳᠠᠢᠴᠢᠯᠠᠵᠤ ᠴᠢᠳᠠᠬᠤ ᠶᠤᠮ ᠃

5. ᠬᠢᠴᠢᠶᠡᠯᠯᠡᠭᠡ ᠶᠢᠨ ᠥᠭᠡᠷᠡᠴᠢᠯᠡᠯᠲᠡ ᠪᠣᠯ ᠬᠢᠴᠢᠶᠡᠯᠯᠡᠭᠡ ᠶᠢᠨ ᠡᠬᠢ ᠪᠠᠶᠠᠯᠢᠭ ᠤᠨ ᠨᠡᠭᠡᠭᠡᠨ ᠠᠰᠢᠭᠯᠠᠯᠲᠠ ᠪᠡᠷ ᠭᠣᠣᠯᠯᠠᠭᠰᠠᠨ ᠦᠢᠯᠡ ᠠᠵᠢᠯᠯᠠᠭ᠎ᠠ ᠭᠡᠵᠦ ᠦᠵᠡᠭᠰᠡᠳ ᠪᠣᠯ ᠬᠢᠴᠢᠶᠡᠯᠯᠡᠭᠡ ᠶᠢᠨ ᠥᠭᠡᠷᠡᠴᠢᠯᠡᠯᠲᠡ ᠶᠢ ᠥᠩᠭᠡᠨ ᠲᠠᠯ᠎ᠠ ᠡᠴᠡ ᠨᠢ ᠯᠠ ᠣᠯᠵᠤ ᠬᠠᠷᠠᠭᠠᠳ ᠂ ᠥᠭᠡᠷᠡᠴᠢᠯᠡᠯᠲᠡ ᠶᠢᠨ ᠵᠠᠩᠭᠢᠯᠠᠭ᠎ᠠ ᠶᠢᠨ ᠠᠰᠠᠭᠤᠳᠠᠯ ᠢ ᠨᠢ ᠣᠯᠵᠤ ᠲᠠᠨᠢᠭ᠎ᠠ ᠦᠭᠡᠢ ᠂ ᠬᠡᠢ ᠬᠣᠭᠤᠰᠤᠨ ᠨᠢᠳᠦᠨ ᠦᠵᠡᠭᠳᠡᠬᠦ ᠵᠦᠢᠯ ᠳᠤ ᠬᠠᠭᠤᠷᠳᠠᠭᠰᠠᠨ ᠬᠥᠮᠦᠰ ᠮᠥᠨ ᠃ ᠬᠢᠴᠢᠶᠡᠯ ᠥᠭᠡᠷᠡᠴᠢᠯᠡᠯᠲᠡ ᠶᠢᠨ ᠵᠠᠩᠭᠢᠯᠠᠭ᠎ᠠ ᠨᠢ ᠬᠢᠴᠢᠶᠡᠯ ᠤᠨ ᠤᠯᠠᠷᠢᠨ ᠰᠢᠯᠵᠢᠯᠲᠡ ᠶᠢ ᠪᠡᠶᠡᠯᠡᠭᠦᠯᠬᠦ ᠶᠠᠪᠤᠳᠠᠯ ᠪᠣᠯᠤᠨ᠎ᠠ ᠃

6. ᠬᠢᠴᠢᠶᠡᠯᠯᠡᠭᠡ ᠶᠢᠨ ᠵᠢᠭᠠᠨ ᠰᠤᠷᠭᠠᠯᠲᠠ ᠳᠤ ᠰᠤᠷᠤᠭᠴᠢ ᠶᠢᠨ ᠭᠣᠣᠯ ᠴᠣᠭᠴᠠ ᠶᠢ ᠪᠤᠢ ᠪᠣᠯᠭᠠᠵᠤ ᠪᠠᠢᠨ᠎ᠠ ᠭᠡᠵᠦ ᠪᠠᠢᠲᠠᠯ᠎ᠠ ᠪᠠᠨ ᠲᠡᠳᠡᠨ ᠢ ᠡᠵᠡᠮᠳᠡᠨ ᠵᠠᠬᠢᠷᠬᠤ ᠪᠠᠨ ᠪᠠᠢᠬᠤ ᠦᠭᠡᠢ ᠂ ᠳᠠᠩᠳᠠ ᠬᠦᠳᠦᠯᠤᠨ ᠵᠢᠯᠤᠭᠤᠳᠤᠭᠠᠳ ᠪᠠᠢᠪᠠᠯ ᠮᠥᠨ ᠴᠢᠨᠠᠷ ᠳᠡᠭᠡᠷ᠎ᠡ ᠪᠠᠨ ᠥᠭᠡᠷᠡᠴᠢᠯᠡᠭᠰᠡᠨ ᠶᠠᠪᠤᠳᠠᠯ ᠪᠢᠰᠢ ᠃ ᠬᠠᠷᠢᠨ ᠪᠠᠭᠰᠢ ᠥᠪᠡᠷ ᠤᠨ ᠣᠷᠤᠨ ᠵᠠᠢ ᠪᠠᠨ ᠴᠢᠨᠡᠭᠡ ᠪᠠᠷ ᠢᠶᠡᠨ ᠪᠠᠭᠠᠰᠭᠠᠵᠤ ᠂ ᠰᠤᠷᠤᠭᠴᠢ ᠳᠤ ᠴᠢᠨᠡᠭᠡ ᠪᠠᠷ ᠢᠶᠡᠨ ᠲᠠᠯᠪᠢᠵᠤ ᠥᠭᠬᠦ ᠶᠠᠪᠤᠳᠠᠯ ᠪᠣᠯᠤᠨ᠎ᠠ ᠃

7. ᠳᠤᠮᠳᠠᠳᠤ ᠤᠯᠤᠰ ᠤᠨ ᠪᠠᠭᠰᠢ ᠨᠡᠷ ᠢ ᠳᠠᠪᠴᠢᠭᠤ ᠵᠠᠩ ᠂ ᠬᠤᠩᠰᠢᠶᠡᠷ ᠤᠷᠲᠤ ᠂ ᠴᠢᠬᠢ ᠵᠥᠭᠡᠯᠡᠨ ᠵᠡᠷᠭᠡ ᠭᠤᠷᠪᠠᠨ ᠡᠮᠵᠡᠭ ᠲᠡᠯ᠎ᠡ ᠮᠠᠰᠢ ᠤᠷᠳᠤ ᠬᠤᠭᠤᠴᠠᠭᠠᠨ᠎ᠠ ᠨᠥᠯᠦᠭᠡᠯᠡᠭᠰᠡᠭᠡᠷ ᠢᠷᠡᠵᠡᠢ ᠃ ᠡᠨᠡ ᠭᠤᠷᠪᠠᠨ ᠲᠠᠯ᠎ᠠ ᠪᠡᠨ ᠥᠭᠡᠷᠡᠴᠢᠯᠡᠬᠦ ᠡᠴᠡ ᠨᠠᠭᠠᠰᠢ ᠪᠠᠭᠰᠢ ᠨᠨᠷ ᠬᠢᠴᠢᠶᠡᠯ ᠥᠭᠡᠷᠡᠴᠢᠯᠡᠯᠲᠡ ᠶᠢ ᠪᠡᠶᠡᠯᠡᠭᠦᠯᠬᠦ ᠳᠤ ᠶᠡᠬᠡ ᠬᠦᠴᠦ ᠣᠷᠤᠨ᠎ᠠ ᠃

8. ᠤᠯᠠᠮᠵᠢᠯᠠᠯᠲᠤ ᠪᠠ ᠰᠢᠨ᠎ᠡ ᠬᠢᠴᠢᠶᠡᠯᠯᠡᠭᠡ ᠶᠢᠨ ᠵᠠᠭᠪᠤᠷ ᠤᠨ ᠦᠨᠳᠦᠰᠦᠨ ᠢᠯᠭᠠᠭ᠎ᠠ ᠨᠢ ᠬᠠᠮᠢᠭ᠎ᠠ ᠪᠠᠢᠬᠤ ᠪᠤᠢ ︖ ᠣᠯᠠᠩᠬᠢ ᠬᠥᠮᠦᠰ ᠡᠭᠦᠨ ᠳᠡᠭᠡᠷ᠎ᠡ ᠡᠭᠡᠳᠡᠷᠡᠭᠰᠡᠭᠡᠷ ᠁ ᠮᠢᠨᠦ ᠦᠵᠡᠬᠦ ᠪᠡᠷ ᠡᠮᠵᠡᠭ ᠪᠤᠷᠤᠭᠤ ᠶᠢ ᠵᠠᠪᠠᠯ ᠢᠯᠡ ᠪᠣᠯᠭᠠᠬᠤ ᠳᠤ ᠪᠤᠢ ᠃ ᠰᠤᠷᠤᠭᠴᠢ ᠴᠦ ᠲᠡᠷᠡ ᠂ ᠪᠠᠭᠰᠢ ᠴᠦ ᠲᠡᠷᠡ ᠂ ᠡᠵᠮᠡᠭ ᠳᠤᠲᠠᠭᠳᠠᠯ ᠢᠶᠡᠨ ᠳᠡᠯᠭᠡᠬᠦ ᠬᠡᠷᠡᠭᠲᠡᠢ ᠃

9. ᠵᠦᠪ ᠪᠤᠶᠤ ᠪᠤᠷᠤᠭᠤ ᠶᠢ ᠨᠤᠲᠠᠯᠠᠬᠤ ᠪᠠᠷ ᠬᠢᠴᠢᠶᠡᠯᠯᠡᠭᠡ ᠶᠢᠨ ᠢᠶᠡᠨ ᠭᠣᠣᠯ ᠪᠠᠷᠢᠮᠲᠠᠯᠠᠯ ᠢᠶᠡᠨ ᠪᠣᠯᠭᠠᠭᠰᠠᠨ ᠬᠢᠴᠢᠶᠡᠯ ᠳᠤ ᠰᠢᠨ᠎ᠡ ᠶᠠᠭᠤᠮ᠎ᠠ ᠴᠥᠭᠡᠨ ᠪᠠᠢᠳᠠᠭ ᠪᠥᠭᠡᠳ ᠡᠭᠦᠨ ᠢᠶᠡᠷ ᠰᠤᠷᠤᠭᠴᠢᠳ ᠤᠨ ᠬᠥᠭᠵᠢᠯᠲᠡ ᠨᠡᠩ ᠳᠡᠭᠡᠳᠦ ᠲᠦᠪᠰᠢᠨ ᠳᠤ ᠬᠦᠷᠴᠦ ᠴᠢᠳᠠᠬᠤ ᠦᠭᠡᠢ ᠨᠢ ᠮᠡᠳᠡᠬᠡᠵᠢ ᠃ ᠲᠡᠢᠮᠦ ᠡᠴᠡ ᠰᠤᠷᠤᠭᠴᠢ ᠪᠠᠷ ᠢᠶᠡᠨ 《 ᠲᠡᠢᠮᠦ ᠂ ᠮᠡᠳᠡᠭᠰᠡᠨ 》ᠭᠡᠵᠦ ᠳᠤᠲᠠᠭᠤ ᠬᠡᠯᠡᠬᠦᠯᠤᠭᠡᠴᠢ ᠡ ᠃ ᠡᠭᠦᠨ ᠢᠶᠡᠷ ᠭᠣᠣᠯ ᠪᠣᠯᠭᠠᠭᠰᠠᠨ ᠬᠢᠴᠢᠶᠡᠯ ᠢ ᠰᠠᠢᠨ ᠬᠢᠴᠢᠶᠡᠯ ᠳᠤ ᠦᠵᠡᠵᠦ ᠣᠭᠲᠤ ᠪᠣᠯᠬᠤ ᠦᠭᠡᠢ ᠃

10. ᠰᠤᠷᠤᠭᠴᠢ ᠪᠠᠨ ᠬᠥᠲᠦᠯᠦᠭᠡᠳ ᠠᠯᠬᠤᠮ ᠪᠦᠷᠢ ᠶᠢ ᠨᠢ ᠰᠢᠯᠤᠭᠤᠨ ᠰᠠᠭᠠᠳ ᠦᠭᠡᠢ ᠶᠠᠪᠤᠭᠤᠯᠬᠤ ᠭᠡᠵᠦ ᠪᠢᠲᠡᠭᠡᠢ ᠬᠦᠭᠡᠭᠡᠴᠡᠯᠳᠦᠭᠡᠷᠡᠢ ᠃ ᠲᠡᠳᠡᠨ ᠳᠤ ᠨᠤᠭᠤᠷᠠᠯ ᠪᠦᠳᠦᠷᠢᠯ ᠬᠡᠷᠡᠭᠲᠡᠢ ᠪᠥᠭᠡᠳ ᠲᠡᠭᠦᠨ ᠢ ᠲᠤᠭᠤᠯᠵᠤ ᠭᠠᠷᠬᠤ ᠠᠷᠭ᠎ᠠ ᠤᠬᠠᠭᠠᠨ ᠰᠦᠪᠡᠭᠴᠢᠯᠡᠬᠦ ᠴᠠᠭ ᠵᠠᠢ ᠬᠡᠷᠡᠭᠲᠡᠢ ᠃

11 ᠂ ᠪᠠᠭ (ᠳᠤᠭᠤᠢᠯᠠᠩ ) ᠢᠶᠡᠷ ᠬᠤᠷᠰᠢᠯᠴᠠᠭᠤᠯᠵᠤ ᠠᠵᠢᠯᠯᠠᠭᠤᠯᠬᠤ ᠳᠤ ᠣᠯᠠᠩᠬᠢ ᠰᠤᠷᠤᠭᠴᠢ ᠪᠡᠶ᠎ᠡ ᠪᠠᠨ ᠳᠠᠭᠠᠭᠠᠭᠠᠳ ᠬᠢᠭᠡᠳ ᠴᠢᠳᠠᠴᠢᠬᠠᠬᠤ ᠶᠢ ᠲᠣᠭᠯᠠᠭᠤᠯᠬᠤ ᠨᠢ ᠦᠨᠡᠨ ᠳᠡᠭᠡᠨ ᠢᠯᠡᠭᠦᠴᠡ ᠵᠦᠢᠯ ᠶᠤᠮ ᠃

12. ᠶᠠᠷᠢᠵᠤ ᠲᠠᠢᠯᠪᠤᠷᠢᠯᠠᠬᠤ ᠪᠣᠯ ᠪᠠᠭᠰᠢ ᠶᠢᠨ ᠪᠠᠷᠢᠮᠳᠠᠯᠠᠭᠤᠰᠢᠳᠠᠢ ᠬᠠᠮᠤᠭ ᠤᠨ ᠦᠨᠳᠦᠰᠦᠨ ᠵᠢᠭᠠᠬᠤ ᠠᠷᠭ᠎ᠠ ᠃ ᠦᠭᠡᠷᠡᠴᠢᠯᠡᠵᠤ ᠰᠢᠨᠡᠴᠢᠯᠡᠨ᠎ᠠ ᠭᠡᠳ ᠶᠠᠭᠠᠬᠢᠭᠰᠠᠨ ᠴᠦ ᠣᠷᠬᠢᠵᠤ ᠪᠣᠯᠬᠤ ᠦᠭᠡᠢ ᠂ ᠬᠠᠷᠢᠨ ᠲᠡᠭᠦᠨ ᠢᠶᠡᠨ ᠬᠢᠷᠢ ᠵᠡᠷᠭᠡ ᠬᠡᠮᠵᠢᠶ᠎ᠡ ᠬᠢᠵᠠᠭᠠᠷ ᠲᠡᠢ ᠂ ᠵᠦᠢ ᠵᠣᠬᠢᠰᠲᠠᠢ ᠬᠡᠷᠡᠭᠯᠡᠬᠦ ᠳᠤ ᠪᠠᠢᠭ᠎ᠠ ᠶᠤᠮ ᠃

13. ᠰᠤᠷᠤᠭᠴᠢ ᠪᠣᠯᠭᠠᠨ ᠤ ᠪᠠᠨ ᠬᠠᠷᠠᠴᠠᠨ ᠤ ᠪᠠᠢᠳᠠᠯ ᠂ ᠬᠥᠳᠡᠯᠦᠯ ᠪᠠᠷᠢᠯ ᠂ ᠣᠷᠤᠯᠴᠠᠵᠤ ᠴᠢᠳᠠᠬᠤ ᠪᠠᠢᠬᠤ ᠡᠰᠡᠬᠦ ᠪᠡᠷ ᠲᠡᠳᠡᠨ ᠤ ᠪᠠᠨ ᠬᠢᠷᠢ ᠵᠡᠷᠭᠡ ᠣᠢᠯᠠᠭᠠᠵᠤ ᠮᠡᠳᠡᠭᠰᠡᠨ ᠂ ᠬᠢᠵᠦ ᠴᠢᠳᠠᠭᠰᠠᠡ ᠂ ᠡᠰᠡᠬᠦᠯ᠎ᠡ ᠡᠭᠡᠳᠡᠷᠡᠭᠡ ᠮᠠᠳᠠᠭ ᠲᠠᠢ ᠪᠠᠢᠬᠤ ᠵᠡᠷᠭᠡ ᠶᠢ ᠲᠥᠰᠦᠭᠡᠯᠡᠨ ᠮᠡᠳᠡᠵᠦ ᠂ ᠪᠠᠭᠰᠢ ᠶᠢᠨ ᠠᠯᠬᠤᠮ ᠪᠦᠷᠢ ᠶᠢᠨ ᠦᠢᠯᠡ ᠠᠵᠢᠯᠯᠠᠭ᠎ᠠ ᠪᠠᠨ ᠵᠣᠬᠢᠴᠠᠭᠤᠯᠵᠤ ᠴᠢᠳᠠᠬᠤ ᠪᠣᠯ ᠣᠳᠣᠬᠢ ᠰᠤᠷᠭᠠᠨ ᠬᠥᠮᠦᠵᠢᠯ ᠵᠢᠭᠠᠨ ᠰᠤᠷᠭᠠᠯᠲᠠ ᠶᠢᠨ ᠭᠣᠣᠯᠯᠠᠬᠤ ᠦᠨ᠎ᠡ ᠥᠷᠲᠡᠭ ᠪᠤᠶᠤ ᠠᠷᠭ᠎ᠠ ᠠᠪᠠᠯ ᠤᠨ ᠴᠢᠭᠯᠡᠯ ᠮᠥᠨ ᠃

14. ᠴᠣᠬᠤᠮ ᠳᠠᠭᠠᠨ ᠨᠢᠭᠡ ᠪᠠᠭᠰᠢ ᠶᠢᠨ ᠬᠢᠴᠢᠶᠡᠯ ᠢ ᠰᠣᠨᠤᠰᠬᠤ ᠳᠤ ᠂ ᠲᠤᠰᠭᠠᠢ 5 ︱ 6 ᠪᠠᠭᠰᠢ ᠣᠷᠤᠯᠴᠠᠵᠤ ᠂ ᠬᠢᠴᠢᠶᠡᠯ ᠳᠡᠭᠡᠷᠡᠬᠢ ᠪᠠᠭᠰᠢ ᠶᠢᠨ ᠦᠢᠯᠡ ᠠᠵᠢᠯᠯᠠᠭ᠎ᠠ ᠂ ᠰᠤᠷᠤᠭᠴᠢ ᠶᠢᠨ ᠣᠷᠤᠯᠴᠠᠭ᠎ᠠ ᠶᠢ ᠲᠤᠰ ᠲᠤᠰ ᠲᠤ ᠨᠢ ᠴᠠᠭ ᠢᠮᠠᠭᠲᠠ ᠮᠥᠷᠳᠡᠨ ᠲᠠᠭᠠᠵᠤ ᠠᠵᠢᠭᠯᠠᠵᠤ ᠴᠢᠳᠠᠳᠠᠭ ᠲᠤ ᠬᠦᠷᠤᠮᠡᠨᠵᠢᠨ ᠰᠠᠶᠢ ᠡᠨᠡᠬᠦ ᠬᠢᠴᠢᠶᠡᠯ ᠤᠨ ᠲᠤᠬᠠᠢ ᠬᠠᠮᠤᠭ ᠤᠨ ᠲᠡᠭᠦᠯᠳᠡᠷ ᠰᠠᠢᠬᠠᠨ ᠬᠠᠷᠢᠭᠤᠯᠲᠠ ᠶᠢ ᠣᠯᠵᠤ ᠴᠢᠳᠠᠨ᠎ᠠ ᠃ ᠳᠠᠷᠤᠢ ᠲᠤᠰ ᠬᠢᠴᠢᠶᠡᠯ ᠤᠨ ᠵᠢᠭᠠᠨ ᠰᠤᠷᠭᠠᠯᠲᠠ ᠶᠢ ᠨᠡᠩ ᠰᠠᠢᠬᠠᠨ ᠵᠠᠳᠠᠯᠵᠤ ᠨᠡᠩ ᠰᠢᠯᠢᠳᠡᠭ ᠬᠡᠮᠵᠢᠶᠡᠨ ᠳᠤ ᠬᠦᠷᠭᠡᠵᠦ ᠴᠢᠳᠠᠬᠤ ᠨᠢ ᠯᠠᠪᠲᠠᠢ ᠶᠤᠮ ᠃

15. ᠥᠪᠡᠷ ᠤᠨ ᠲᠥᠷᠦᠭᠳᠡᠯ ᠢᠶᠡᠷ ᠢᠶᠡᠨ ᠯᠡ ᠶᠠᠭᠤ ᠪᠦᠬᠦᠨ ᠳᠤ ᠰᠠᠢᠨ ᠮᠠᠭᠤ ᠭᠡᠰᠡᠨ ᠦᠨᠡᠯᠡᠯᠲᠡ ᠥᠭᠬᠦ ᠪᠣᠯ ᠪᠢᠳᠡᠨ ᠤ ᠪᠡᠶ᠎ᠡ ᠳᠤ ᠲᠤᠭᠲᠠᠭᠰᠠᠨ ᠬᠠᠮᠤᠭ ᠤᠨ ᠭᠦᠨᠵᠡᠭᠡᠢ ᠠᠷᠬᠠᠭᠰᠢᠭᠰᠠᠨ ᠭᠡᠮ ᠂ ᠮᠠᠭᠤ ᠮᠠᠭᠤᠬᠠᠢ ᠢᠮ ᠲᠠᠮᠠᠭ᠎ᠠ ᠮᠥᠨ ᠃

16. ᠬᠢᠴᠢᠶᠡᠯ ᠤᠨ ᠲᠠᠩᠬᠢᠮ ᠤᠨ ᠥᠭᠡᠷᠡᠴᠢᠯᠡᠯᠲᠡ ᠨᠢ ᠪᠠᠭᠰᠢ ᠶᠢ ᠴᠢᠯᠤᠬᠡᠯᠡᠬᠦ ᠭᠡᠰᠡᠨ ᠤᠴᠢᠷ ᠪᠢᠰᠢ ᠂ ᠬᠠᠷᠢᠨ ᠪᠠᠭᠰᠢ ᠡᠴᠡ ᠰᠤᠷᠤᠭᠴᠢ ᠶᠢ ᠶᠠᠭᠠᠬᠢᠵᠤ ᠬᠥᠳᠡᠯᠭᠡᠬᠦ ᠂ ᠶᠠᠭᠠᠬᠢᠵᠤ ᠵᠣᠬᠢᠶᠠᠨ ᠪᠠᠢᠭᠤᠯᠵᠤ ᠣᠷᠤᠯᠴᠠᠭᠤᠯᠬᠤ ᠳᠤ ᠪᠤᠢ ᠪᠥᠭᠡᠳ ᠪᠠᠭᠰᠢ ᠡᠴᠡ ᠲᠡᠳᠡᠨ ᠤ ᠪᠦᠬᠦᠢ ᠦᠢᠯᠡ ᠠᠵᠢᠯᠯᠠᠭ᠎ᠠ ᠶᠢ ᠠᠩᠬᠠᠷᠴᠤ ᠂ ᠤᠯᠠᠮ ᠰᠠᠢᠨ ᠰᠠᠢᠬᠠᠨ ᠵᠦᠭ ᠲᠤ ᠬᠥᠲᠦᠯᠬᠦ ᠳᠤ ᠨᠡᠩ ᠶᠡᠬᠡ ᠬᠦᠴᠦᠨ ᠪᠠ ᠣᠶᠤᠨ ᠤᠬᠠᠭᠠᠨ ᠢᠶᠡᠨ ᠵᠠᠷᠤᠴᠠᠭᠤᠯᠵᠤ ᠴᠢᠳᠠᠬᠤ ᠳᠤ ᠪᠤᠢ ᠃

17. ᠬᠢᠴᠢᠶᠡᠯ ᠳᠡᠭᠡᠷ᠎ᠡ ᠰᠤᠷᠤᠭᠴᠢ ᠪᠠᠨ ᠶᠠᠭᠠᠬᠢᠵᠤ ᠢᠳᠡᠪᠬᠢᠵᠢᠭᠦᠯᠬᠦ ᠪᠤᠢ ︖ ᠡᠨᠡ ᠬᠦ ᠠᠵᠢᠯ ᠬᠢᠴᠢᠶᠡᠯ ᠪᠡᠯᠡᠳᠭᠡᠬᠦ ᠡᠴᠡ ᠡᠬᠢᠯᠡᠨ᠎ᠡ ᠃ ᠰᠤᠷᠤᠭᠴᠢ ᠶᠢᠨ ᠡᠮᠦᠨ᠎ᠡ ᠡᠴᠡ ᠪᠠᠢᠳᠠᠭ ᠢ ᠪᠣᠳᠤᠯᠬᠢᠯᠠᠨ᠎ᠠ ᠂ ᠬᠢᠴᠢᠶᠡᠯ ᠤᠨ ᠶᠠᠪᠤᠴᠡ ᠳᠤ ᠰᠤᠷᠤᠭᠴᠢ ᠶᠠᠭᠠᠬᠢᠵᠤ ᠣᠷᠤᠯᠴᠠᠬᠤ ᠵᠡᠷᠭᠡ ᠨᠠᠷᠢᠨ ᠵᠦᠢᠯᠡᠰ ᠂ ᠬᠦᠳᠦᠯᠤᠮᠵᠢ ᠂ ᠠᠷᠭ᠎ᠠ ᠪᠠᠷᠢᠯ ᠢ ᠰᠤᠳᠤᠯᠵᠤ ᠪᠣᠳᠤᠯᠬᠢᠯᠠᠬᠤ ᠪᠡᠷ ᠪᠠᠷᠠᠬᠤ ᠦᠭᠡᠢ ᠂ ᠪᠠᠭᠰᠢ ᠥᠪᠡᠷ ᠤᠨ ᠦᠭᠡ ᠶᠠᠷᠢᠶ᠎ᠠ ᠦᠢᠯᠡ ᠠᠵᠢᠯᠯᠠᠭ᠎ᠠ ᠪᠠᠨ ᠶᠠᠮᠠᠷ ᠪᠠᠢᠯᠭᠠᠬᠤ ᠲᠤᠬᠠᠢ ᠳᠤ ᠬᠦᠷᠲᠡᠯ᠎ᠡ ᠤᠯᠠᠨ ᠲᠠᠯ᠎ᠠ ᠡᠴᠡ ᠪᠣᠳᠤᠯᠬᠢᠯᠠᠨ᠎ᠠ ᠂ ᠢᠩᠭᠢᠭᠡᠳ ᠢᠷᠡᠬᠦ ᠪᠡᠷ ᠰᠤᠷᠤᠭᠴᠢ ᠴᠢᠨᠢ ᠠᠶᠠᠨᠳᠠᠭᠠᠨ ᠬᠥᠳᠡᠯᠦᠭᠡᠳ ᠢᠷᠡᠨ᠎ᠡ ᠪᠠᠢᠬ᠎ᠠ ᠃

18. ᠪᠠᠭᠰᠢ ᠶᠢᠨ ᠤᠯᠠᠮᠵᠢᠯᠠᠬᠤ ᠪᠤᠢ ᠪᠦᠬᠦᠢ ᠮᠡᠳᠡᠯᠭᠡ ᠨᠢ ᠡᠷᠬᠡᠪᠰᠢ ᠵᠦᠪ ᠣᠨᠤᠪᠴᠢᠲᠠᠢ ᠂ ᠪᠦᠷᠢᠨ ᠪᠦᠲᠦᠨ ᠂ ᠲᠡᠭᠦᠯᠳᠡᠷ ᠰᠠᠢᠬᠠᠨ ᠪᠠᠢᠬᠤ ᠶᠢ ᠶᠠᠭᠠᠬᠢᠭᠰᠠᠨ ᠴᠦ ᠣᠮᠲᠤᠭᠠᠢᠯᠠᠵᠤ ᠪᠣᠯᠬᠤ ᠦᠭᠡᠢ ᠃

19. ᠰᠤᠷᠭᠠᠨ ᠬᠥᠮᠦᠵᠢᠯ ᠪᠣᠯ ᠪᠤᠮᠠᠨ ᠡᠷᠳᠡᠨᠢ ᠶᠢᠨ ᠲᠦᠯᠬᠢᠭᠦᠷ ᠪᠢᠰᠢ ᠃ ᠰᠤᠷᠤᠭᠴᠢ ᠨᠢ ᠰᠤᠷᠭᠠᠭᠤᠯᠢ ᠶᠢᠨ ᠰᠤᠷᠭᠠᠨ ᠬᠥᠮᠦᠵᠢᠯ ᠢᠶᠡᠷ ᠶᠠᠭᠤ ᠪᠦᠬᠦᠨ ᠢ ᠣᠯᠤᠭᠠᠳ ᠠᠪᠤᠨ᠎ᠠ ᠭᠡᠵᠦ ᠂ ᠪᠠᠭᠰᠢ ᠨᠢ ᠰᠤᠷᠭᠠᠨ ᠬᠥᠮᠦᠵᠢᠯ ᠢᠶᠡᠷ ᠶᠠᠭᠤ ᠪᠦᠬᠦᠨ ᠢ ᠶᠡᠭᠦᠯᠡᠭᠡᠳ ᠥᠭᠭᠦᠨ᠎ᠡ ᠭᠡᠵᠦ ᠤᠷᠤᠯᠳᠤᠬᠤ ᠪᠣᠯ ᠦᠨᠡᠨ ᠳᠡᠭᠡᠨ ᠬᠡᠢ ᠳᠡᠮᠡᠢᠷᠡᠯ ᠶᠤᠮ ᠃ ᠡᠨᠡ ᠪᠣᠯ ᠰᠤᠷᠭᠠᠨ ᠬᠥᠮᠦᠵᠢᠯ ᠢ ᠳᠡᠩᠳᠡᠭᠦᠦ ᠰᠠᠬᠢᠭᠤᠯᠰᠤᠨᠴᠢᠯᠠᠭᠰᠠᠨ ᠶᠠᠪᠤᠳᠠᠯ ᠮᠥᠨ ᠃

20. ᠪᠠᠭᠰᠢ ᠪᠣᠯᠤᠭᠰᠠᠳ ᠠᠵᠢᠯ ᠤᠨ ᠪᠠᠢᠷᠢ ᠳᠡᠭᠡᠷᠡᠬᠢ ᠥᠪᠡᠷ ᠪᠢ ᠪᠠᠨ ᠲᠡᠭᠦᠯᠳᠡᠷ ᠰᠠᠢᠬᠠᠨ ᠱᠤᠭᠤᠬᠤ ᠭᠡᠪᠡᠯ ᠂ ᠲᠤᠬᠠᠢᠯᠠᠭᠰᠠᠨ ᠠᠵᠢᠯ ᠢᠶᠡᠨ ᠬᠠᠮᠤᠭ ᠤᠨ ᠰᠠᠢᠨ ᠢᠶᠡᠷ ᠬᠢᠬᠦ ᠬᠡᠷᠡᠭᠲᠡᠢ ᠃

21. ᠮᠠᠭᠲᠠᠭᠠᠯ ︱ ᠰᠠᠢᠨ ᠭᠡᠳ ᠲᠡᠭᠦᠨ ᠢ ᠪᠤᠷᠤᠭᠤ ᠭᠠᠵᠠᠷ ᠨᠢ ᠂ ᠪᠤᠷᠤᠭᠤ ᠦᠶ᠎ᠡ ᠳᠤ ᠬᠡᠷᠡᠭᠯᠡᠭᠰᠡᠨ ᠡᠴᠡ ᠪᠣᠯᠬᠤ ᠰᠥᠭᠡᠷᠬᠦ ᠮᠠᠭᠤ ᠨᠥᠯᠦᠭᠡ ᠶᠢ ᠦᠨᠡᠬᠡᠷ ᠲᠥᠰᠦᠭᠡᠯᠡᠬᠦ ᠶᠢᠨ ᠠᠷᠭ᠎ᠠ ᠦᠭᠡᠢ ᠪᠢᠯᠡ ᠃

22. ᠬᠢᠴᠢᠶᠡᠯᠯᠡᠭᠡ ᠶᠢᠨ ᠥᠭᠡᠷᠡᠴᠢᠯᠡᠯᠲᠡ ᠳᠤ ᠪᠠᠭᠰᠢ ᠨᠡᠷ ᠪᠦᠷ ᠳᠤᠷᠠᠲᠠᠢ ᠃ ᠭᠡᠲᠡᠯ᠎ᠡ ᠬᠢᠴᠢᠶᠡᠯ ᠤᠨ ᠬᠢᠨᠢ ᠬᠢᠷᠢ ᠪᠦᠲᠦᠮᠵᠢ ᠶᠢ ᠨᠥᠯᠦᠭᠡᠯᠡᠬᠦ ᠡᠴᠡ ᠠᠶᠤᠭᠠᠳ ᠥᠭᠡᠷᠡᠴᠢᠯᠡᠯᠲᠡ ᠳᠤ ᠪᠦᠷ ᠳᠤᠷ᠎ᠠ ᠰᠢᠷ᠎ᠠ ᠲᠠᠢ ᠣᠷᠤᠳᠠᠭ ᠃ ᠡᠨᠡ ᠪᠣᠯ ᠮᠠᠰᠢ ᠶᠡᠬᠡ ᠵᠥᠷᠢᠴᠡᠯ ᠲᠠᠢ ᠠᠰᠠᠭᠤᠳᠠᠯ ᠂ ᠬᠡᠷᠪᠡ ᠡᠭᠦᠨ ᠢ ᠰᠢᠢᠳᠪᠦᠷᠢᠯᠡᠬᠦ ᠦᠭᠡᠢ ᠪᠣᠯ ᠰᠤᠷᠭᠠᠨ ᠬᠥᠮᠦᠵᠢᠯ ᠤᠨ ᠥᠭᠡᠷᠡᠴᠢᠯᠡᠯᠲᠡ ᠶᠢᠨ ᠲᠤᠬᠠᠢ ᠶᠠᠷᠢᠭᠰᠠᠨ ᠤ ᠬᠡᠷᠡᠭ ᠠᠯᠠᠭ᠎ᠠ ᠃

23. ᠴᠡᠭᠡᠵᠢᠯᠡᠬᠦᠯᠬᠦ ᠪᠠᠷ ᠳᠠᠮᠵᠢᠨ ᠣᠢᠯᠠᠭᠠᠭᠤᠯᠬᠤ ᠭᠡᠳᠡᠭ ᠪᠣᠯ ᠳᠣᠣᠷ᠎ᠠ ᠲᠠᠰ ᠤᠨ ᠰᠤᠷᠭᠠᠯᠲᠠ ᠶᠢᠨ ᠠᠷᠭ᠎ᠠ ᠃ ᠨᠢᠭᠡ ᠲᠣᠮᠤ ᠠᠰᠠᠷ ᠢᠶᠡᠷ ᠪᠤᠳᠤᠬᠤ ᠳᠤ ᠂ ᠨᠢᠭᠡ ᠳᠠᠪᠬᠤᠷ ᠲᠤ ᠨᠢ ᠰᠠᠭᠤᠳᠠᠭ ᠬᠥᠮᠦᠨ ᠳᠡᠭᠡᠷᠡᠬᠢ ᠭᠤᠷᠪᠠ ᠲᠠᠪᠤᠨ ᠳᠠᠪᠬᠤᠷ ᠨᠢ ᠶᠠᠮᠠᠷ ᠭᠡᠳᠡᠭ ᠢ ᠬᠡᠵᠢᠶᠡᠳᠡ ᠪᠣᠳᠤᠳᠠᠭ ᠦᠭᠡᠢ ᠲᠠᠢ ᠠᠳᠠᠯᠢᠬᠠᠨ ᠯᠠ ᠶᠠᠪᠤᠳᠠᠯ ᠃ ᠲᠡᠢᠮᠦ ᠡᠴᠡ ᠪᠠᠭᠰᠢ ᠨᠡᠷ ᠬᠡᠪᠰᠢᠮᠡᠯ ᠦᠵᠡᠯ ᠰᠠᠨᠠᠭᠠᠨ ᠤ ᠬᠦᠷᠢᠶᠡᠨ ᠡᠴᠡ ᠪᠠᠨ ᠵᠠᠪᠠᠯ ᠭᠠᠷᠬᠤ ᠬᠡᠷᠡᠭᠲᠡᠢ ᠃

24. ᠵᠢᠭᠠᠨ ᠰᠤᠷᠭᠠᠯᠲᠠ ᠶᠢᠨ ᠬᠡᠪ ᠶᠢᠨ ᠵᠤᠷᠰᠢᠯ ᠢ ᠡᠪᠳᠡᠬᠦ ᠦᠭᠡᠢ ᠪᠠᠢᠳᠠᠯ ᠳᠣᠣᠷ᠎ᠠ ᠂ ᠪᠠᠭᠰᠢ ᠲᠠ ᠶᠠᠭᠠᠬᠢᠵᠤ ᠬᠤᠪᠢᠷᠡᠨ᠎ᠡ ᠂ ᠶᠠᠭᠠᠬᠢᠵᠤ ᠠᠵᠢᠯᠯᠠᠨ᠎ᠠ ᠭᠡᠳᠡᠭ ᠲᠤ ᠯᠠ ᠪᠠᠢᠬᠤ ᠡᠴᠡ ᠪᠢᠰᠢ ᠂ ᠬᠤᠪᠢᠷᠠᠵᠤ ᠥᠭᠡᠷᠡᠴᠢᠯᠡᠭᠳᠡᠬᠦ ᠡᠴᠡ ᠠᠶᠤᠬᠤ ᠪᠣᠯ ᠲᠠᠩᠳᠡᠬᠦᠦ ᠦᠬᠦᠮᠡᠯ ᠤᠨ ᠰᠢᠨᠵᠢ ᠶᠤᠮ ᠃

25. ᠰᠤᠷᠤᠭᠴᠢ ᠶᠢᠨ ᠠᠰᠠᠭᠤᠯᠲᠠ ᠭᠠᠷᠭᠠᠬᠤ ᠂ ᠬᠠᠷᠢᠭᠤᠯᠬᠤ ᠵᠡᠷᠭᠡ ᠠᠯᠢᠪᠠ ᠢᠳᠡᠪᠬᠢᠲᠡᠢ ᠲᠠᠯ᠎ᠠ ᠳᠤ ᠪᠠᠭᠰᠢ ᠶᠢᠨ ᠦᠨᠡᠯᠡᠯᠲᠡ ᠵᠠᠪᠠᠯ ᠬᠡᠷᠡᠭᠲᠡᠢ ᠃ ᠲᠡᠭᠡᠬᠦ ᠮᠥᠷᠲᠡᠭᠡᠨ ᠲᠣᠪᠴᠢ ᠂ ᠵᠦᠪ ᠦᠨᠡᠯᠡᠯᠲᠡ ᠨᠢ ᠲᠠᠲᠠᠨ ᠢ ᠤᠯᠠᠮ ᠢᠶᠡᠷ ᠰᠢᠯᠢᠳᠡᠭᠵᠢᠬᠦᠯᠳᠡᠭ ᠪᠠᠢᠨ᠎ᠠ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠥᠪᠦᠷ ᠮᠣᠩᠭᠤᠯ ᠥᠨᠳᠥᠰᠥᠲᠡᠨ ᠦ ᠰᠤᠷᠭᠠᠨ ᠬᠥᠮᠦᠵᠢᠯ ᠦᠨ ᠰᠦᠯᠵᠢᠶ᠎ᠡ ᠬᠡᠪᠯᠡᠯ ᠦᠨ ᠡᠷᠬᠡ ᠲᠡᠢ ᠃ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃