lt
ᠬᠢᠴᠢᠶᠡᠯᠯᠡᠭᠡ ᠶᠢᠨ ᠰᠢᠩᠭᠡᠭᠡᠯᠲᠡ
ᠦᠨᠲᠦᠰᠤᠲᠡᠨ ᠤ ᠰᠤᠷᠭᠠᠨ ᠬᠥᠮᠦᠵᠢᠯ ᠤᠨ ᠪᠠᠢᠳᠠᠯ ᠳᠤ ᠣᠷᠤᠰᠢᠵᠤ ᠪᠠᠢᠭ᠎ᠠ ᠬᠡᠳᠦᠨ ᠲᠠᠯ᠎ᠠ ᠶᠢᠨ ᠠᠰᠠᠭᠤᠲᠡᠯ ᠤᠨ ᠲᠤᠬᠠᠢ ᠶᠠᠷᠢᠬᠤ ᠨᠢ
2016.06.18 ᠲᠣᠰ ᠥᠷᠲᠡᠭᠡᠨ ᠦ ᠨᠠᠢᠷᠠᠭᠤᠯᠤᠭᠴᠢ

ᠨᠠ᠊᠊ • ᠰᠠᠴᠠᠠᠳᠠᠯᠠᠢ

ᠨᠢᠭᠡ ᠂ ᠰᠤᠷᠤᠭᠴᠢᠳ  ᠤᠨ ᠰᠤᠷᠭᠠᠭᠤᠯᠢ ᠳᠤ ᠪᠠᠢᠬᠤ ᠬᠤᠭᠤᠴᠠᠭ᠎ᠠ ᠬᠡᠲᠦᠷᠬᠡᠢ ᠤᠷᠲᠤ ᠪᠠᠢᠵᠤ ᠂ ᠠᠵᠢᠯ ᠬᠦᠲᠡᠯᠮᠤᠷᠢ ᠳᠤ ᠣᠷᠤᠯᠴᠠᠬᠤ ᠪᠡ ᠬᠡᠷ ᠤᠨ ᠠᠬᠠᠮᠠᠳ ᠲᠠᠢ ᠪᠠᠨ ᠬᠠᠮᠲᠤ ᠪᠠᠢᠵᠤ ᠂ ᠬᠡᠷ ᠤᠨ ᠬᠥᠮᠦᠵᠢᠯ ᠤᠨ ᠢᠳᠡᠪᠬᠢ ᠲᠠᠯ᠎ᠠ ᠶᠢ ᠪᠡᠲᠡᠷᠡᠭᠤᠯᠬᠤ ᠴᠠᠭ ᠣᠷᠤᠨ ᠵᠠᠢ ᠲᠡᠩᠲᠡᠬᠦᠦ ᠢᠪᠴᠤᠤ ᠪᠠᠢᠨ᠎ᠠ ᠃ 2015 ᠤᠨ ᠤ ᠨᠠᠮᠤᠷ ᠤᠨ ᠬᠤᠭᠤᠴᠠᠭ᠎ᠠ ᠬᠢᠴᠢᠶᠡᠯᠯᠡᠵᠦ ᠂ ᠲᠤᠰ ᠬᠤᠭᠤᠴᠠᠭ᠎ᠠ ᠳᠡᠭᠡᠳᠦ ᠭᠤᠷᠪᠡᠲᠦᠭᠠᠷ ᠤᠨ ᠨᠢ ᠰᠢᠨ᠎ᠡ ᠶᠢᠨ ᠲᠤᠯᠤᠭᠠᠨ ᠡᠴᠡ ᠡᠬᠢᠯᠡᠨ ᠬᠢᠴᠢᠶᠡᠯᠯᠡᠬᠦ ᠬᠡᠷᠡᠭᠲᠡᠢ ᠭᠡᠵᠦ ᠬᠣᠲᠠ ᠡᠴᠡ ᠨᠢᠬᠡᠲᠦᠯᠲᠡᠢ ᠲᠦᠯᠤᠪᠯᠡᠵᠤ ᠪᠢᠴᠢᠭ᠌ ᠮᠠᠲ᠋ᠧᠷᠢᠶᠠᠯ ᠪᠠᠭᠤᠯᠭᠠᠭᠰᠠᠨ ᠪᠠᠢᠨ᠎ᠠ ᠃ ᠤᠷᠲᠤ ᠬᠤᠭᠤᠴᠠᠭ᠎ᠠ ᠬᠢᠴᠢᠶᠡᠯᠯᠡᠪᠡᠯ ᠢᠯᠡᠭᠦᠦ ᠥᠨᠳᠦᠷ ᠬᠢᠷᠢ ᠪᠦᠲᠦᠮᠵᠢ ᠪᠡ ᠴᠢᠨᠠᠷ ᠴᠢᠨᠰᠠᠭ᠎ᠠ ᠭᠠᠷᠬᠤ ᠪᠢᠰᠢ ᠂ ᠬᠠᠷᠢᠨ ᠵᠣᠬᠢᠴᠠᠯ ᠲᠡᠩᠴᠡᠭᠦᠷᠢ ᠶᠢ ᠠᠩᠬᠠᠷᠬᠤ ᠦᠭᠡᠢ ᠪᠣᠯ ᠬᠡᠲᠡᠷᠬᠦ ᠨᠥᠯᠦᠭᠡ ᠦᠵᠡᠬᠦᠯᠤᠨ᠎ᠠ ᠃ ᠰᠤᠷᠭᠠᠭᠤᠯᠢ ᠳᠤ ᠪᠠᠢᠬᠤ ᠠᠰᠠᠭᠤᠲᠡᠯ ᠡᠴᠡ ᠪᠣᠯᠤᠭᠠᠳ ᠰᠤᠷᠤᠭᠴᠢᠳ ᠬᠥᠳᠡᠭᠡ ᠶᠢᠨ ᠠᠳᠠᠯ ᠠᠮᠢᠲᠦᠷᠡᠯ ᠡᠴᠡ ᠰᠠᠯᠵᠤ ᠵᠠᠢᠳᠠᠵᠤ ᠪᠠᠢᠨ᠎ᠠ ᠂ ᠲᠥᠯ ᠲᠤᠰᠬᠤ ᠂ ᠢᠮᠠᠭ᠎ᠠ ᠰᠠᠮᠨᠠᠬᠤ ᠭᠡᠬᠦ ᠮᠡᠲᠦ ᠶᠢᠨ ᠠᠵᠢᠯ ᠤᠨ ᠴᠠᠭ ᠲᠤ ᠰᠤᠷᠤᠭᠴᠢᠳ ᠢ ᠬᠡᠷ ᠲᠤᠨᠢ ᠬᠠᠷᠢᠭᠤᠯᠤᠨ ᠬᠦᠲᠡᠯᠮᠤᠷᠢ ᠦᠢᠯᠡᠲᠦᠯᠬᠡ ᠳᠤ ᠤᠷᠤᠯᠴᠠᠭᠤᠯᠪᠡᠯ ᠵᠣᠬᠢᠨ᠎ᠠ ᠃ ᠠᠯᠢ ᠠᠵᠢᠯ ᠬᠦᠲᠡᠯᠮᠤᠷᠢ ᠳᠤ ᠢᠯᠡᠭᠦᠦ ᠣᠷᠤᠯᠴᠠᠵᠤ ᠪᠠᠢᠭᠰᠠᠨ ᠬᠡᠦᠬᠡᠳ ᠤᠨ ᠶᠠᠭᠤᠮᠠᠨ ᠤ ᠤᠴᠢᠷ ᠤᠬᠠᠭᠠᠨ ᠢ ᠤᠯᠬᠤ ᠂ ᠠᠷᠭ᠎ᠠ ᠳᠠᠮ ᠰᠠᠢᠨ ᠪᠠᠢᠵᠤ ᠰᠤᠷᠤᠯᠭ᠎ᠠ ᠳᠠᠭᠠᠨ ᠴᠤ ᠤᠨᠴᠡ ᠪᠠᠢᠲᠠᠬ ᠨᠢ ᠢᠯᠡᠳᠲᠡ ᠪᠠᠢᠲᠠᠬ ᠃ ᠪᠢᠲᠡᠨᠤᠰ ᠳᠡᠷᠭᠡᠳᠡ ᠪᠠᠢᠬᠤ ᠬᠦᠲᠡᠯᠮᠤᠷᠢ ᠮᠡᠷᠭᠡᠵᠢᠯ ᠂ ᠨᠡᠢᠭᠡᠮ ᠤᠨ ᠦᠢᠯᠡᠲᠦᠯᠬᠡ ᠳᠤᠨᠢ ᠣᠷᠤᠯᠴᠠᠭᠤᠯᠬᠤ ᠦᠭᠡᠢ ᠪᠠᠷ ᠰᠤᠷᠭᠠᠭᠤᠯᠢ ᠶᠢᠨ ᠰᠤᠷᠭᠠᠨ ᠬᠥᠮᠦᠵᠢᠯ ᠳᠤ ᠡᠲᠡᠬᠡᠷ ᠬᠢᠴᠢᠶᠡᠯᠯᠡᠭᠡ ᠶᠢ ᠶᠠᠪᠤᠭᠲᠠᠭᠤᠯᠤᠨ᠎ᠠ ᠭᠡᠵᠦ ᠦᠨᠡᠬᠡᠷ ᠠᠯᠲᠠ ᠶᠢ ᠨᠢ ᠬᠠᠶᠠᠭᠠᠳ ᠠᠪᠲᠡᠷ᠎ᠡ ᠶᠢ ᠨᠢ ᠠᠪᠤᠭᠰᠠᠨ ᠤᠴᠢᠷ ᠪᠢᠰᠢ ᠦᠦ ︖ ᠬᠡᠦᠬᠡᠳ ᠠᠪᠤ ᠡᠵᠢ ᠲᠠᠢ ᠪᠠᠨ ᠬᠠᠮᠲᠤ ᠪᠠᠢᠬᠤ ᠴᠠᠭ ᠬᠡᠲᠦᠷᠬᠡᠢ ᠣᠬᠤᠷ ᠪᠠᠢᠵᠤ ᠂ ᠬᠠᠢᠷ᠎ᠠ ᠶᠢ ᠮᠡᠲᠡᠷᠡᠵᠤ ᠂ ᠪᠤᠰᠤᠳ ᠢ ᠬᠠᠢᠷᠡᠯᠠᠵᠤ ᠴᠢᠳᠠᠬᠤ ᠦᠭᠡᠢ ᠪᠣᠯᠵᠤ ᠪᠠᠢᠨ᠎ᠠ ᠃ ᠡᠵᠢ ᠶᠢᠨ ᠦᠷᠤᠪᠴᠢᠬᠡᠨ ᠬᠠᠢᠷ᠎ᠠ ᠂ ᠠᠪᠤ ᠶᠢᠨ ᠬᠠᠲᠠᠭᠤᠬᠠᠨ ᠬᠠᠢᠷ᠎ᠠ ᠶᠢᠨ ᠳᠣᠣᠷ᠎ᠠ ᠥᠰᠴᠦ ᠂ ᠲᠡᠳᠡᠨ ᠤ ᠵᠢᠷᠦᠬᠡ ᠰᠡᠳᠭᠢᠯ ᠡᠴᠡ ᠨᠢ ᠤᠨᠲᠤᠷᠴᠤ ᠪᠠᠢᠭ᠎ᠠ ᠬᠠᠢᠷ᠎ᠠ ᠶᠢ ᠪᠡᠶ᠎ᠡ ᠰᠡᠳᠭᠢᠯ ᠢᠶᠠᠷ ᠨᠢ ᠮᠡᠲᠡᠷᠡᠵᠤ ᠂ ᠳᠠᠬᠢᠭᠠᠳ ᠪᠤᠰᠤᠳ ᠢ ᠶᠠᠭᠠᠬᠢᠵᠤ ᠬᠠᠢᠷᠡᠯᠠᠲᠠᠬ ᠭᠡᠰᠡᠨ ᠢ ᠬᠡᠦᠬᠡᠳ ᠵᠥᠪᠬᠡᠨ ᠠᠪᠤ ᠡᠵᠢ ᠡᠴᠡ ᠪᠠᠨ ᠯᠡ ᠭᠦᠢᠴᠡᠳ ᠰᠤᠷᠴᠤ ᠴᠢᠲᠠᠲᠠᠬ ᠃ ᠡᠭᠦᠨ ᠢ ᠪᠤᠰᠤᠳ ᠶᠠᠮᠠᠷᠴᠤ ᠬᠥᠮᠦᠨ ᠤᠷᠤᠯᠡᠵᠤ ᠳᠡᠢᠯᠬᠦ ᠦᠭᠡᠢ ᠂ ᠪᠠᠭᠰᠢ ᠠᠪᠤ ᠡᠵᠢ ᠶᠢ ᠤᠷᠤᠯᠡᠵᠤ ᠴᠢᠳᠠᠬᠤ ᠦᠭᠡᠢ ᠃ ᠮᠠᠨ ᠤ ᠵᠠᠷᠢᠮ ᠬᠥᠮᠦᠰ ᠰᠤᠷᠭᠠᠨ ᠬᠥᠮᠦᠵᠢᠯ ᠬᠡᠲᠡᠭ ᠪᠣᠯ ᠳᠠᠷᠤᠢ ᠮᠡᠲᠡᠯᠬᠡ ᠶᠢᠨ ᠬᠥᠮᠦᠵᠢᠯ ᠭᠡᠵᠦ ᠦᠢᠯᠡᠭᠠᠲᠠᠬ ᠨᠢ ᠲᠤᠩ ᠪᠤᠷᠤᠭᠤᠲᠠᠢ ᠵᠦᠢᠯ ᠂ ᠬᠥᠮᠦᠵᠢᠯ ᠭᠡᠰᠡᠨ ᠦᠬᠠᠨ ᠤ ᠤᠳᠭ᠎ᠠ ᠳᠤ ᠴᠤ ᠤᠷᠢᠲᠡᠪᠡᠷ ᠬᠥᠮᠦᠨ ᠪᠣᠯᠬᠤ ᠬᠡᠷᠡᠭᠲᠡᠢ ᠭᠡᠰᠡᠨ ᠰᠠᠨᠠᠭ᠎ᠠ ᠨᠢᠭᠤᠭᠲᠠᠵᠤ ᠪᠠᠢᠨ᠎ᠠ ᠃ ᠥᠨᠳᠦᠷ ᠮᠡᠲᠡᠯᠬᠡ ᠲᠠᠢ ᠪᠣᠯᠤᠭᠰᠠᠨ ᠴᠤ ᠬᠥᠮᠦᠨ ᠪᠣᠯᠵᠤ ᠴᠢᠲᠠᠭᠰᠠᠨ ᠦᠭᠡᠢ ᠬᠥᠮᠦᠨ ᠨᠡᠩ ᠶᠡᠬᠡ ᠠᠶᠤᠯᠲᠡᠢ ᠪᠠᠢᠲᠠᠬ ᠃ ᠪᠠᠰᠠ ᠨᠢᠭᠡ ᠲᠠᠯ᠎ᠠ ᠪᠠᠷ ᠡᠢᠮᠦᠷᠬᠦ ᠪᠠᠢᠳᠠᠯ ᠤᠨ ᠰᠤᠷᠭᠠᠨ ᠬᠥᠮᠦᠵᠢᠯ ᠤᠨ ᠨᠦᠯᠤᠬᠡᠨ ᠳᠣᠣᠷ᠎ᠠ ᠬᠡᠷ ᠤᠨ ᠠᠬᠠᠮᠠᠳ ᠤᠨ ᠦᠵᠡᠯᠲᠡ ᠲᠡᠨᠢᠯᠲᠡ ᠴᠤ ᠬᠤᠪᠢᠷᠡᠯᠲᠡ ᠭᠠᠷᠴᠤ ᠂ ᠬᠡᠦᠬᠡᠳ ᠢ ᠬᠥᠮᠦᠵᠢᠭᠦᠯᠬᠦ ᠤᠴᠢᠷᠲᠡᠢ ᠭᠠᠵᠠᠷ ᠪᠣᠯ ᠰᠤᠷᠭᠠᠭᠤᠯᠢ ᠶᠤᠮ ᠃ ᠬᠡᠷ ᠤᠨ ᠠᠬᠠᠮᠠᠳ ᠭᠡᠵᠦ ᠬᠡᠦᠬᠡᠳ ᠳᠡᠭᠡᠨ ᠵᠣᠭᠤᠰ ᠢ ᠨᠢ ᠲᠤᠲᠠᠭᠤᠯᠬᠤ ᠦᠭᠡᠢ ᠪᠠᠷ ᠦᠭᠲᠡᠭ ᠡᠭᠦᠷᠭᠡ ᠲᠠᠢ ᠭᠡᠵᠦ ᠦᠵᠡᠳᠡᠭ ᠪᠣᠯᠤᠭᠰᠠᠨ ᠪᠠᠢᠨ᠎ᠠ ᠃ ᠦᠨᠡᠨᠲᠡᠭᠡᠨ ᠬᠡᠷ ᠤᠨ ᠠᠬᠠᠮᠠᠳ ᠤᠨ ᠬᠥᠮᠦᠵᠢᠯ ᠢ ᠴᠢᠩᠭᠠᠳᠭᠠᠵᠤ ᠂ ᠬᠡᠦᠬᠡᠳ ᠨᠢ ᠰᠤᠷᠭᠠᠭᠤᠯᠢ ᠳᠤ ᠣᠷᠤᠬᠤ ᠲᠠᠢ ᠵᠡᠷᠭᠡ ᠠᠬᠠᠮᠠᠳ ᠨᠢ ᠴᠤ ᠰᠤᠷᠭᠠᠭᠤᠯᠢ ᠳᠤ ᠣᠷᠤᠵᠤ ᠪᠠᠢᠬᠤ ᠰᠢᠭ ᠲᠤᠭᠲᠠᠮᠡᠯ ᠬᠤᠭᠤᠴᠠᠭᠠᠨ ᠳᠤ ᠲᠤᠭᠲᠠᠭᠰᠠᠨ ᠠᠭᠤᠯᠭ᠎ᠠ ᠶᠢ ᠬᠥᠮᠦᠵᠢᠭᠦᠯᠬᠦ ᠬᠡᠷ ᠤᠨ ᠠᠬᠠᠮᠠᠳ ᠤᠨ ᠬᠥᠮᠦᠵᠢᠯ ᠤᠨ ᠰᠢᠰᠲ᠋ᠧᠮ ᠢ ᠪᠠᠢᠭᠤᠯᠵᠤ ᠬᠡᠷᠡᠭᠵᠢᠭᠦᠯᠵᠦ ᠂ ᠪᠦᠬᠦ ᠠᠷᠠᠳ ᠤᠨ ᠦᠵᠡᠯ ᠤᠬᠠᠮᠰᠠᠷ ᠢ ᠲᠡᠭᠡᠭᠰᠢᠯᠡᠬᠦᠯᠪᠡᠯ ᠵᠣᠬᠢᠨ᠎ᠠ ᠃

ᠬᠣᠶᠠᠷ ᠂ ᠭᠤᠷᠪᠠᠨ ᠬᠡᠯᠡᠨ ᠤ ᠵᠢᠭᠠᠨ ᠰᠤᠷᠭᠠᠯᠲᠡ ᠶᠢ ᠬᠡᠲᠦᠷᠭᠡᠢ ᠡᠷᠲᠡ ᠡᠬᠢᠯᠡᠭᠦᠯᠬᠦ ᠨᠢ ᠠᠰᠢᠭ ᠦᠭᠡᠢ ᠃ ᠶᠠᠮᠡᠷᠪᠡ ᠨᠢᠭᠡᠨ ᠠᠰᠠᠭᠤᠲᠡᠯ ᠢ ᠪᠢᠳᠡ ᠥᠪᠡᠷ ᠢᠶᠠᠷ ᠢᠶᠠᠨ ᠰᠡᠳᠬᠢᠲᠡᠭ ᠃ ᠥᠪᠡᠷ ᠢᠶᠠᠷ ᠢᠶᠠᠨ ᠰᠡᠳᠬᠢᠲᠡᠭ ᠬᠡᠲᠡᠭ ᠨᠢ ᠳᠠᠷᠤᠢ ᠥᠪᠡᠷ ᠤᠨ ᠦᠨᠲᠦᠰᠤᠲᠡᠨ ᠤ ᠪᠠᠨ ᠰᠡᠳᠭᠢᠬᠦᠢ ᠪᠠᠷ ᠢᠶᠠᠨ ᠰᠡᠳᠬᠢᠲᠡᠭ ᠭᠡᠰᠡᠨ ᠦᠭᠡ ᠂ ᠥᠪᠡᠷ ᠤᠨ ᠦᠨᠲᠦᠰᠤᠲᠡᠨ ᠤ ᠪᠠᠨ ᠦᠭᠡ ᠬᠡᠯᠡ ᠪᠠᠷ ᠢᠶᠠᠨ ᠰᠡᠳᠬᠢᠲᠡᠭ ᠃ ᠪᠢᠳᠡ ᠬᠡᠳᠦᠨ ᠬᠡᠯᠡ ᠳᠡᠭᠡᠷ᠎ᠡ ᠠᠵᠢᠯᠯᠠᠬᠤ ᠳᠤ ᠴᠤ ᠭᠡᠰᠡᠨ ᠪᠢᠴᠢᠬᠦ ᠶᠠᠷᠢᠬᠤ ᠵᠦᠢᠯᠡᠰ ᠢᠶᠠᠨ ᠪᠤᠲᠤᠯᠬᠢᠯᠡᠵᠤ ᠲᠥᠰᠦᠪᠯᠡᠬᠦ ᠳᠤ ᠠᠯᠢ ᠬᠡᠵᠢᠶᠡᠨᠢ ᠴᠢᠨᠦ ᠲᠠᠷᠢᠬᠢ ᠴᠢᠨᠢ ᠮᠣᠩᠭᠤᠯ ᠢᠶᠠᠷ ᠢᠶᠠᠨ ᠠᠵᠢᠯᠯᠠᠭᠰᠠᠨ ᠪᠠᠢᠲᠠᠬ ᠃ ᠡᠢᠮᠦ ᠡᠴᠡ ᠪᠢᠳᠡ ᠬᠡᠦᠬᠡᠳ ᠳᠡᠭᠡᠨ ᠡᠬᠡ ᠬᠡᠯᠡᠨ ᠤ ᠪᠠᠨ ᠰᠠᠭᠤᠷᠢ ᠶᠢ ᠪᠡᠲᠦᠲᠡᠢ ᠲᠠᠯᠪᠢᠬᠤ ᠦᠭᠡᠢ ᠪᠠᠷ ᠲᠡᠭᠦᠨ ᠳᠤ ᠬᠡᠳᠦᠨ ᠲᠥᠷᠦᠯ ᠤᠨ ᠬᠡᠯᠡ ᠶᠢ ᠵᠡᠷᠭᠡ ᠳᠤᠨᠢ ᠡᠵᠡᠮᠰᠢᠬᠦᠯᠤᠨ᠎ᠠ ᠭᠡᠵᠦ ᠦᠨᠡᠨᠲᠡᠬᠡᠨ ᠳᠡᠯᠡᠬᠡᠢ ᠶᠢᠨ ᠬᠥᠭᠵᠢᠯᠲᠡ ᠶᠢᠨ ᠬᠠᠨᠲᠦᠰᠢ ᠪᠤᠯᠤᠨ ᠴᠠᠭ ᠤᠨ ᠪᠠᠢᠳᠠᠯ ᠤᠨ ᠬᠠᠨᠲᠦᠰᠢ ᠲᠠᠢ ᠨᠡᠢᠴᠡᠬᠦ ᠦᠭᠡᠢ ᠤᠴᠢᠷ ᠪᠢᠰᠢ ᠦᠦ ︖ ᠠᠰᠠᠷ ᠪᠠᠷᠢᠬᠤ ᠪᠠᠷ ᠪᠣᠳᠤᠭᠰᠠᠨ ᠴᠤ ᠰᠠᠭᠤᠷᠢ ᠶᠢ ᠨᠢ ᠰᠠᠢᠲᠦᠷ ᠲᠠᠯᠪᠢᠭᠰᠠᠨ ᠤᠷᠢᠲᠡᠯ ᠳᠣᠣᠷ᠎ᠠ ᠬᠡᠳᠦᠢ ᠳᠠᠪᠬᠤᠷ ᠪᠡᠷᠢᠭᠰᠡᠨ ᠴᠤ ᠪᠡᠬᠢᠯᠢᠭ ᠪᠠᠢᠵᠤ ᠴᠢᠲᠠᠲᠠᠬ ᠲᠠᠢ ᠠᠳᠠᠯᠢ ᠶᠣᠰᠤ ᠪᠠᠷ ᠡᠬᠡ ᠬᠡᠯᠡ ᠪᠠᠨ ᠪᠡᠲᠦᠲᠡᠢ ᠰᠤᠷᠴᠤ ᠂ ᠦᠨᠲᠦᠰᠤᠲᠡᠨ ᠤ ᠰᠡᠳᠭᠢᠬᠦᠢ ᠪᠦᠷᠢᠯᠲᠦᠵᠤ ᠴᠢᠲᠠᠭᠰᠡᠨ ᠤ ᠲᠠᠷᠡᠭ᠎ᠠ ᠪᠢᠳᠡ ᠬᠠᠷᠢ ᠶᠢᠨ ᠳᠠᠪᠰᠢᠭᠰᠠᠨ ᠰᠣᠶᠤᠯ ᠢ ᠬᠡᠷᠡᠭᠴᠡᠭᠡ ᠲᠠᠢ ᠪᠠᠨ ᠵᠤᠬᠢᠴᠡᠭᠤᠯᠤᠨ ᠰᠤᠷᠪᠠᠯ ᠦᠷ᠎ᠡ ᠠᠰᠢᠭ ᠨᠡᠩ ᠥᠨᠳᠦᠷ ᠪᠠᠢᠬᠤ ᠤᠴᠢᠷᠲᠡᠢ ᠃ ᠬᠢᠲᠠᠳ ᠬᠡᠯᠡᠨ ᠤ ᠭᠠᠯᠢᠭ ᠪᠤᠯᠤᠨ ᠠᠩᠭ᠍ᠯᠢ ᠬᠡᠯᠡᠨ ᠤ ᠪᠢᠴᠢᠯᠭᠡ ᠨᠢ ᠠᠳᠠᠯᠢᠬᠠᠨ ᠪᠠᠢᠭᠰᠠᠨ ᠴᠤ ᠳᠠᠭᠤᠳᠠᠯᠭ᠎ᠠ ᠨᠢ ᠠᠳᠠᠯᠢ ᠦᠭᠡᠢ ᠪᠣᠯᠬᠣᠷ ᠡᠬᠡ ᠬᠡᠯᠡ ᠪᠠᠨ ᠴᠤ ᠰᠠᠢᠲᠦᠷ ᠡᠵᠡᠮᠰᠢᠵᠦ ᠴᠢᠲᠠᠭ᠎ᠠ ᠦᠭᠡᠢ ᠬᠡᠦᠬᠡᠳ ᠲᠤ ᠵᠢᠭᠠᠨ᠎ᠠ ᠬᠡᠲᠡᠭ ᠦᠨᠡᠬᠡᠷ ᠵᠣᠬᠢᠰ ᠦᠭᠡᠢ ᠃

ᠭᠤᠷᠪᠠ ᠂ ᠴᠡᠴᠡᠷᠯᠢᠭ ᠤᠨ ᠬᠡᠦᠬᠡᠳ ᠤᠨ ᠰᠤᠷᠭᠠᠨ ᠬᠥᠮᠦᠵᠢᠯ ᠨᠢ ᠬᠡᠦᠬᠡᠳ ᠤᠨ ᠲᠡᠭᠷᠢ ᠡᠴᠡ ᠰᠣᠶᠤᠷᠬᠠᠭᠰᠠᠨ ᠤᠨᠴᠡ ᠡᠷᠬᠡ ᠊᠊᠊᠊᠊᠊ ᠲᠣᠭᠯᠠᠵᠤ ᠨᠠᠭᠠᠳᠬᠤ ᠡᠷᠬᠡ ᠶᠢ ᠪᠤᠯᠢᠶᠠᠵᠤ ᠪᠠᠢᠨ᠎ᠠ ᠃ ᠴᠡᠴᠡᠷᠯᠢᠭ ᠢ ᠪᠠᠢᠭᠤᠯᠵᠤ ᠲᠥᠰᠦᠪᠯᠡᠬᠦ ᠡᠴᠡ ᠡᠬᠢᠯᠡᠬᠡᠳ ᠭᠠᠲᠠᠨᠡᠬᠢ ᠬᠥᠳᠡᠯᠭᠡᠭᠡᠨ ᠤ ᠲᠠᠯᠠᠪᠤᠷ ᠢᠪᠴᠤᠤ ᠂ ᠭᠠᠵᠠᠷ ᠨᠢ ᠲᠣᠭᠤᠰᠭ᠎ᠠ ᠲᠠᠪᠢᠰᠤᠬᠡᠳ ᠬᠠᠲᠠᠭᠤ ᠪᠠᠢᠵᠤ ᠂ ᠶᠡᠷᠦᠨᠢ ᠬᠡᠦᠬᠡᠳ ᠢ ᠭᠠᠳᠠᠨ᠎ᠠ ᠭᠠᠷᠭᠠᠵᠤ ᠲᠣᠭᠯᠠᠭᠤᠯᠬᠤ ᠵᠣᠷᠢᠯᠭ᠎ᠠ ᠪᠠᠷ ᠲᠦᠰᠤᠪᠯᠡᠭᠰᠡᠨ ᠪᠢᠰᠢ ᠃ ᠡᠯ᠎ᠡ ᠱᠠᠲᠦᠨ ᠤ ᠤᠲᠤᠷᠢᠲᠦᠯᠭ᠎ᠠ ᠪᠡ ᠴᠡᠴᠡᠷᠯᠢᠭ ᠨᠢ ᠬᠡᠦᠬᠡᠳ ᠢ ᠶᠠᠮᠠᠷ ᠴᠤ ᠡ᠊ᠨᠲᠡᠯ ᠣᠰᠤᠯ ᠭᠠᠷᠭᠠᠬᠤ ᠦᠭᠡᠢ ᠪᠠᠷ ᠠᠬᠠᠮᠠᠳ ᠲᠤᠨᠢ ᠲᠤᠰᠢᠶᠡᠵᠤ ᠪᠠᠢᠬᠤ ᠪᠠᠷ ᠠᠵᠢᠯ ᠢᠶᠠᠨ ᠰᠠᠢᠨ ᠪᠡᠶᠡᠯᠡᠭᠦᠯᠵᠦ ᠪᠠᠢᠬᠤ ᠪᠠᠷ ᠦᠵᠡᠨ᠎ᠡ ᠃ ᠶᠡᠷᠦᠨᠢ ᠡᠯ᠎ᠡ ᠱᠠᠲᠦᠨ ᠤ ᠤᠲᠤᠷᠢᠲᠦᠯᠭ᠎ᠠ ᠨᠢ ᠬᠠᠷᠢᠭᠤᠴᠠᠯᠭ᠎ᠠ ᠡᠭᠦᠷᠭᠡᠯᠡᠬᠦ ᠡᠴᠡ ᠠᠶᠤᠵᠤ ᠂ ᠥᠪᠡᠷ ᠤᠨ ᠪᠡᠶ᠎ᠡ ᠳᠡᠭᠡᠨ ᠠᠰᠢᠭᠲᠠᠢ ᠠᠵᠢᠯ ᠢ ᠴᠢᠬᠤᠯᠡᠴᠢᠯᠡᠨ ᠬᠢᠵᠦ ᠂ ᠣᠯᠠᠨ ᠨᠡᠢᠲᠡ ᠶᠢᠨ ᠠᠰᠢᠭ ᠲᠤᠰᠠ ᠪᠤᠯᠤᠨ ᠠᠯᠤᠰ ᠬᠣᠯᠠ ᠶᠢᠨ ᠬᠥᠭᠵᠢᠯᠲᠡ ᠶᠢ ᠤᠮᠲᠤᠭᠠᠢᠯᠡᠵᠤ ᠪᠠᠢᠨ᠎ᠠ ᠃ ᠡᠢᠮᠦᠷᠬᠦ ᠪᠠᠢᠳᠠᠯ ᠳᠤ ᠥᠰᠦᠭᠰᠡᠨ ᠬᠡᠦᠬᠡᠳ ᠨᠢᠭᠡ ᠪᠣᠯ ᠰᠡᠳᠭᠢᠯ ᠤᠨ ᠭᠠᠵᠢᠲᠡᠯ ᠲᠠᠢ ᠂ ᠡᠰᠡᠬᠦᠯ᠎ᠡ ᠶᠠᠮᠠᠷ ᠴᠤ ᠶᠠᠭᠤᠮᠠᠨ ᠳᠤ ᠰᠣᠨᠢᠷᠬᠠᠯ ᠦᠭᠡᠢ ᠪᠤᠶᠤ ᠠᠶᠤᠮᠠᠲᠠᠭᠠᠢ ᠪᠠᠢᠵᠤ ᠂ ᠶᠠᠭᠤᠨ ᠳᠤ ᠴᠤ ᠵᠤᠷᠢᠭᠲᠡᠢ ᠣᠷᠤᠯᠴᠠᠵᠤ ᠴᠢᠳᠠᠬᠤ ᠦᠭᠡᠢ ᠂ ᠬᠡᠪᠰᠢᠮᠡᠯ ᠬᠡᠪ ᠢᠶᠠᠨ ᠰᠡᠬᠢᠭᠰᠠᠨ ᠂ ᠰᠢᠨ᠎ᠡ ᠶᠢ ᠡᠭᠦᠳᠬᠦ ᠵᠣᠷᠢᠭ ᠰᠠᠨᠠᠭ᠎ᠠ ᠲᠤᠲᠠᠮᠠᠬ ᠪᠣᠯᠵᠤ ᠬᠥᠮᠦᠵᠢᠬᠦ ᠨᠢ ᠦᠢᠷᠡᠬᠠᠨ ᠂ ᠮᠠᠨ ᠤ ᠨᠢᠭᠡ ᠦᠨᠲᠦᠰᠤᠲᠡᠨ ᠤ ᠬᠡᠦᠬᠡᠳ ᠬᠡᠷᠪᠡ ᠪᠦᠷ ᠡᠢᠮᠦᠷᠬᠦ ᠪᠠᠢᠳᠠᠯ ᠲᠠᠢ ᠬᠦᠮᠦᠵᠢᠭᠲᠡᠪᠡᠯ ᠶᠠᠮᠡᠷᠬᠠᠨ ᠬᠣᠣᠷ ᠬᠥᠨᠦᠭᠡᠯ ᠳᠤ ᠤᠴᠡᠷᠡᠲᠡᠬ ᠪᠣᠯ ︖

ᠳᠥᠷᠪᠡ ᠂ ᠦᠨᠲᠦᠰᠤᠲᠡᠨ ᠤ ᠰᠤᠷᠭᠠᠨ ᠬᠥᠮᠦᠵᠢᠯ ᠤᠨ ᠬᠢᠴᠢᠶᠡᠯ ᠤᠨ ᠲᠠᠩᠬᠢᠮ ᠤᠨ ᠵᠢᠭᠠᠨ ᠰᠤᠷᠭᠠᠯᠲᠡ ᠶᠢᠨ ᠮᠠᠲ᠋ᠧᠷᠢᠶᠠᠯ ᠳᠤ ᠦᠨᠲᠦᠰᠤᠲᠡᠨ ᠤ ᠠᠬᠤᠯᠤᠭᠲᠠᠬᠤᠨ ᠲᠤᠲᠠᠮᠠᠬ ᠪᠠᠢᠬᠤ ᠦᠵᠡᠭᠳᠡᠯ ᠢᠯᠡᠷᠡᠵᠦ ᠪᠠᠢᠨ᠎ᠠ ᠃ ᠳᠡᠭᠡᠳᠦ ᠲᠤᠮᠲᠠᠲᠦ ᠶᠢᠨ ᠲᠤᠮᠲᠡᠲᠦ ᠶᠢᠨ ᠲᠠᠤᠬᠡ ᠶᠢᠨ ᠵᠠᠪᠠᠯ ᠰᠤᠷᠬᠤ ᠨᠢᠭᠡᠳᠦᠭᠡᠷ ᠳᠡᠪᠲᠡᠷ ᠢᠶᠠᠷ ᠵᠢᠱᠢᠶᠠᠯᠡᠪᠡᠯ ᠶᠤᠧᠡᠨ ᠤᠯᠤᠰ ᠤᠨ ᠲᠥᠪ ᠪᠢᠴᠢᠭ᠌ ᠤᠨ ᠮᠤᠵᠢ ᠪᠡ ᠵᠡᠬᠢᠷᠭᠠᠨ ᠮᠤᠵᠢ ᠭᠡᠬᠦ ᠬᠤᠶᠡᠷᠬᠠᠨ ᠮᠡᠲᠡᠯᠬᠡ ᠶᠢᠨ ᠴᠡᠭ ᠪᠠᠢᠲᠠᠬ ᠃ ᠡᠨᠡ ᠨᠢ ᠵᠢᠭᠠᠨ ᠰᠤᠷᠭᠠᠯᠲᠡ ᠶᠢᠨ ᠲᠤᠮᠲᠡ ᠦᠨᠲᠤᠰᠤᠲᠡᠨ ᠤ ᠤᠮᠤᠬ ᠪᠠᠬᠠᠲᠦᠯᠲᠦ ᠰᠡᠳᠭᠢᠯᠭᠡ ᠶᠢ ᠪᠦᠷᠢᠯᠲᠦᠬᠦᠯᠬᠦ ᠳᠤ ᠠᠰᠢᠭ ᠦᠭᠡᠢ ᠮᠦᠷᠲᠡᠬᠡᠨ ᠦᠨᠲᠦᠰᠤᠲᠡᠨ ᠤ ᠲᠠᠤᠬᠡ ᠪᠠᠨ ᠰᠢᠰᠲ᠋ᠧᠮ ᠲᠠᠢ ᠡᠵᠡᠮᠰᠢᠵᠦ ᠴᠢᠳᠠᠬᠤ ᠦᠭᠡᠢ ᠪᠠᠢᠨ᠎ᠠ ᠃ ᠮᠣᠩᠭᠤᠯ ᠰᠤᠷᠤᠭᠴᠢᠳ ᠤᠨ ᠰᠢᠯᠭᠠᠯᠲᠠ ᠳᠤ ᠦᠨᠲᠦᠰᠤᠲᠡᠨ ᠤ ᠲᠡᠦᠬᠡ ᠶᠢᠨ ᠬᠡᠰᠡᠭ ᠢ ᠵᠣᠬᠢᠬᠤ ᠬᠠᠷᠢᠴᠠᠯ ᠢᠶᠠᠷ ᠣᠷᠤᠭᠤᠯᠪᠠᠯ ᠦᠷ᠎ᠡ ᠠᠰᠢᠭ ᠳᠡᠭᠡᠷ᠎ᠡ ᠪᠣᠯᠬᠤ ᠮᠠᠭᠠᠳ ᠃ ᠪᠤᠰᠤᠳ ᠬᠢᠴᠢᠶᠡᠯ ᠲᠥᠷᠦᠯ ᠳᠤ ᠴᠤ ᠦᠭᠡ ᠮᠠᠭᠤᠲᠡᠢ ᠮᠥᠷᠲᠡᠭᠡᠨ ᠣᠷᠴᠢᠭᠤᠯᠭ᠎ᠠ ᠨᠢ ᠬᠡᠲᠦᠷᠭᠡᠢ ᠪᠠᠷᠢᠭᠲᠠᠭᠰᠠᠨ ᠪᠠᠢᠲᠠᠬ ᠃ ᠵᠢᠱᠢᠶᠠᠯᠡᠪᠡᠯ ᠵᠠᠷᠢᠮ ᠵᠢᠱᠢᠶ᠎ᠡ ᠡᠨᠡ ᠲᠡᠷᠡ ᠶᠢ ᠪᠢᠲᠡᠨ ᠤ ᠡᠳᠦᠷ ᠲᠤᠲᠤᠮ ᠤᠨ ᠠᠮᠢᠲᠦᠷᠡᠯ ᠳᠠᠬᠢ ᠵᠦᠢᠯᠡᠰ ᠢᠶᠠᠷ ᠰᠣᠯᠢᠵᠤ ᠪᠣᠯᠤᠨ᠎ᠠ ᠃ ᠵᠠᠷᠢᠮ ᠨᠡᠷ᠎ᠡ ᠲᠣᠮᠢᠶ᠎ᠠ ᠶᠢ ᠲᠡᠩᠲᠡ ᠥᠭᠡᠷᠡᠴᠢᠯᠡᠬᠦ ᠨᠢ ᠴᠤ ᠪᠠᠭᠰᠢ ᠰᠤᠷᠤᠭᠴᠢᠳ ᠤᠨ ᠵᠢᠭᠠᠨ ᠰᠤᠷᠭᠠᠯᠲᠡ ᠳᠤ ᠳᠥᠭᠦᠮ ᠦᠭᠡᠢ ᠪᠠᠢᠨ᠎ᠠ ᠃

ᠲᠡᠪᠤ ᠂ ᠬᠢᠴᠢᠶᠡᠯ ᠤᠨ ᠪᠦᠲᠦᠴᠡ ᠲᠠᠰᠤᠷᠡᠯᠲᠡ ᠦᠭᠡᠢ ᠬᠤᠪᠢᠷᠡᠯᠲᠡ ᠭᠠᠷᠤᠭᠰᠠᠨ ᠴᠤ ᠲᠡᠭᠦᠨ ᠲᠠᠢ ᠬᠠᠷᠡᠭᠠᠯᠵᠠᠭᠰᠠᠨ ᠪᠠᠭᠰᠢ ᠶᠢᠨ ᠣᠷᠤᠨ ᠲᠣᠭ᠎ᠠ ᠬᠤᠪᠢᠷᠡᠯᠲᠡ ᠭᠠᠷᠬᠤ ᠦᠭᠡᠢ ᠪᠠᠢᠨ᠎ᠠ ᠃ ᠬᠥᠯ ᠪᠥᠮᠪᠦᠭᠡ ᠂ ᠠᠮᠤᠷ ᠲᠦᠪᠰᠢᠨ ᠂ ᠰᠡᠳᠭᠢᠴᠡ ᠶᠢᠨ ᠡᠷᠡᠭᠦᠯ ᠮᠡᠨᠳᠦ ᠂ ᠶᠡᠷᠦᠩᠬᠡᠢᠯᠡᠭᠰᠡᠨ ᠦᠢᠯᠡᠲᠦᠯᠬᠡ ᠪᠡ ᠨᠠᠢᠲᠡᠮ ᠤᠨ ᠮᠡᠷᠭᠡᠵᠢᠯ ᠭᠡᠬᠦ ᠮᠡᠲᠦ ᠶᠢᠨ ᠬᠢᠴᠢᠶᠡᠯ ᠨᠡᠮᠡᠭᠳᠡᠭᠰᠡᠨ ᠪᠣᠯᠪᠠᠴᠤ ᠡᠭᠦᠨ ᠲᠠᠢ ᠬᠠᠷᠡᠭᠠᠯᠵᠡᠭᠰᠡᠨ ᠪᠠᠭᠰᠢ ᠶᠢᠨ ᠣᠷᠤᠨ ᠲᠣᠭ᠎ᠠ ᠪᠠᠢᠬᠤ ᠦᠭᠡᠢ ᠪᠣᠯᠬᠣᠷ ᠤᠤᠯ ᠤᠨ ᠪᠠᠭᠰᠢ ᠰᠢᠬᠠᠵᠤ ᠪᠠᠢᠭᠠᠳ ᠡᠲᠡᠭᠡᠷ ᠬᠢᠴᠢᠶᠡᠯ ᠢ ᠣᠷᠤᠭᠤᠯᠤᠭᠰᠠᠨ ᠡᠴᠡ ᠠᠯᠪᠠ ᠬᠠᠭᠠᠬᠤ ᠰᠢᠨᠵᠢᠲᠡᠢ ᠪᠣᠯᠵᠤ ᠂ ᠲᠤᠰᠭᠠᠢ ᠮᠡᠷᠭᠡᠵᠢᠯ ᠵᠢᠯᠤᠭᠤᠲᠤᠯᠭ᠎ᠠ ᠥᠭᠴᠦ ᠴᠢᠳᠠᠬᠤ ᠦᠭᠡᠢ ᠪᠠᠢᠬᠤ ᠦᠵᠡᠭᠳᠡᠯ ᠣᠷᠤᠰᠢᠵᠤ ᠪᠠᠢᠨ᠎ᠠ ᠃ ᠰᠤᠷᠭᠠᠭᠤᠯᠢ ᠳᠤ ᠲᠤᠰᠭᠠᠢ ᠮᠡᠷᠭᠡᠵᠢᠯ ᠤᠨ ᠪᠠᠭᠰᠢ ᠶᠡᠬᠡᠪᠡᠷ ᠲᠤᠲᠠᠭᠲᠠᠵᠤ ᠪᠠᠢᠬᠤ ᠮᠥᠷᠲᠡᠭᠡᠨ ᠪᠠᠭᠰᠢ ᠶᠢᠨ ᠬᠠᠭᠠᠰ ᠢᠯᠡᠭᠦᠦ ᠨᠢ ᠡᠮᠡᠭᠲᠡᠢ ᠪᠠᠭᠰᠢ ᠪᠣᠯᠤᠭᠰᠠᠨ ᠡᠴᠡ ᠬᠡᠪ ᠤᠨ ᠵᠢᠭᠠᠨ ᠰᠤᠷᠭᠠᠯᠲᠡ ᠵᠠᠷᠢᠮ ᠦᠶ᠎ᠡ ᠳᠤ ᠶᠡᠬᠡᠪᠡᠷ ᠡᠪᠲᠡᠭᠲᠡᠵᠤ ᠪᠠᠢᠨ᠎ᠠ ᠃

ᠵᠢᠷᠭᠤᠭ᠎ᠠ ᠂ ᠪᠠᠭᠰᠢ ᠶᠢᠨ ᠰᠡᠳᠭᠢᠴᠡ ᠶᠢᠨ ᠡᠷᠡᠭᠦᠯ ᠮᠡᠨᠳᠦ ᠪᠡ ᠵᠣᠯ ᠵᠢᠷᠭᠠᠯᠲᠤ ᠰᠡᠳᠭᠢᠯᠭᠡ ᠶᠢ ᠢᠮᠡᠭᠲᠡ ᠠᠩᠬᠠᠷᠬᠤ ᠦᠭᠡᠢ ᠪᠣᠯᠬᠤ ᠦᠭᠡᠢ ᠃ ᠪᠠᠭᠰᠢ ᠦᠨᠡᠡᠲᠡᠭᠡᠨ ᠦᠭᠡ ᠪᠡᠢᠭᠠᠳ ᠬᠡᠯᠡᠬᠦ ᠭᠠᠵᠠᠷ ᠦᠭᠡᠢ ᠬᠡᠮᠵᠢᠶᠡᠨ ᠳᠤ ᠬᠦᠷᠪᠡ ᠃ ᠬᠡᠷ ᠤᠨ ᠠᠬᠠᠮᠠᠳ ᠂ ᠳᠡᠭᠡᠷ᠎ᠡ ᠱᠠᠲᠤ ᠂ ᠰᠤᠷᠭᠠᠭᠤᠯᠢ ᠶᠢᠨ ᠤᠲᠤᠷᠢᠲᠤᠯᠭ᠎ᠠ ᠪᠡ ᠰᠤᠷᠤᠭᠴᠢᠳ ᠡᠴᠡ ᠪᠠᠭᠰᠢ ᠶᠢᠨ ᠰᠡᠳᠭᠢᠴᠡ ᠶᠢᠨ ᠳᠠᠷᠤᠭᠠᠰᠤ ᠶᠢ ᠠᠩᠬᠠᠷᠴᠤ ᠬᠠᠯᠠᠮᠵᠢᠯᠠᠬᠤ ᠦᠭᠡᠢ ᠨᠢ ᠨᠢᠬᠡᠨᠲᠡ ᠵᠤᠷᠰᠢᠯ ᠪᠣᠯᠪᠠ ᠃ ᠡᠯ᠎ᠡ ᠱᠠᠲᠦᠨ ᠡᠴᠡ ᠰᠤᠷᠭᠠᠨ ᠬᠥᠮᠦᠵᠢᠯ ᠳᠠᠬᠢ ᠲᠠᠷᠦᠯᠲᠡ ᠶᠢ ᠪᠦᠬᠦᠨ ᠢᠶᠠᠨ ᠰᠤᠷᠭᠠᠭᠤᠯᠢ ᠪᠤᠯᠤᠨ ᠪᠠᠭᠰᠢ ᠶᠢᠨ ᠪᠡᠶ᠎ᠡ ᠳᠡᠭᠡᠷ᠎ᠡ ᠲᠠᠯᠪᠢᠭᠰᠠᠨ ᠤ ᠤᠴᠢᠷ ᠳᠠᠷᠤᠭᠠᠰᠤ ᠡᠳᠦᠷ ᠢᠷᠡᠬᠦᠶ᠎ᠡ ᠨᠡᠮᠡᠭᠲᠡᠬᠦ ᠡᠴᠡ ᠬᠠᠰᠤᠭᠳᠠᠬᠤ ᠬᠠᠨᠲᠦᠰᠢ ᠦᠭᠡᠢ ᠂ ᠪᠠᠭᠰᠢ ᠶᠢᠨ ᠪᠣᠯᠪᠠᠰᠤᠷᠠᠯ ᠤᠨ ᠲᠡᠭᠡᠭᠰᠢᠯᠡᠯᠲᠡ ᠨᠢ ᠵᠢᠭᠠᠨ ᠰᠤᠷᠭᠠᠯᠲᠡ ᠶᠢᠨ ᠬᠢᠷᠢ ᠲᠦᠪᠰᠢᠨ ᠤ ᠲᠡᠭᠡᠭᠰᠢᠯᠡᠯᠲᠡ ᠶᠢ ᠠᠬᠢᠭᠤᠯᠬᠤ ᠴᠢᠬᠤᠯᠠ ᠬᠦᠴᠦᠨ ᠵᠦᠢᠯ ᠤᠨ ᠨᠢᠭᠡ ᠪᠣᠯᠬᠤ ᠪᠣᠯᠪᠠᠴᠤ ᠰᠤᠷᠤᠯᠴᠠᠯᠭ᠎ᠠ ᠶᠢᠨ ᠡᠵᠡᠨ ᠪᠡᠶ᠎ᠡ ᠪᠣᠯᠬᠤ ᠰᠤᠷᠤᠭᠴᠢᠳ ᠪᠤᠯᠤᠨ ᠨᠡᠢᠭᠡᠮ ᠤᠨ ᠬᠤᠪᠢᠰᠤᠯᠲᠡ ᠨᠥᠯᠦᠭᠡ ᠶᠢ ᠬᠠᠢᠬᠤᠷᠦᠯ ᠦᠭᠡᠢ ᠪᠠᠷ ᠪᠠᠭᠰᠢ ᠳᠤ ᠲᠠᠷᠤᠯᠲᠡ ᠦᠵᠡᠭᠦᠯᠵᠦ ᠪᠠᠢᠭᠠᠳ ᠵᠢᠭᠠᠨ ᠰᠤᠷᠭᠠᠯᠲᠡ ᠶᠢ ᠲᠡᠭᠡᠭᠰᠢᠯᠡᠬᠦᠯᠤᠨ ᠰᠢᠨ᠎ᠡ ᠬᠢᠴᠢᠶᠡᠯᠯᠡᠭᠡ ᠶᠢᠨ ᠥᠭᠡᠷᠡᠴᠢᠯᠡᠯᠲᠡ ᠶᠢ ᠡᠷᠴᠢᠮᠵᠢᠬᠦᠯᠤᠨ᠎ᠠ ᠬᠡᠲᠡᠭ ᠪᠣᠯ ᠫᠡᠢ ᠪᠠᠨ ᠦᠵᠡᠬᠦ ᠦᠭᠡᠢ ᠪᠠᠷ ᠰᠤᠮᠤ ᠪᠠᠨ ᠬᠠᠷᠪᠤᠵᠤ ᠪᠠᠢᠭ᠎ᠠ ᠤᠴᠢᠷ ᠪᠣᠯᠤᠨ᠎ᠠ ᠃ ᠰᠤᠷᠭᠠᠭᠤᠯᠢ ᠪᠣᠯᠭᠠᠨ ᠳᠤ ᠪᠠᠭᠰᠢ ᠶᠢᠨ ᠰᠡᠳᠭᠢᠴᠡ ᠶᠢᠨ ᠵᠥᠪᠯᠡᠮᠵᠢ ᠪᠡ ᠡᠷᠡᠭᠦᠯᠵᠢᠯ ᠤᠨ ᠰᠢᠰᠲ᠋ᠧᠮ ᠢ ᠪᠦᠷᠢᠯᠲᠦᠬᠦᠯᠵᠤ ᠂ ᠦᠷ᠎ᠡ ᠠᠰᠢᠭ ᠤᠨ ᠴᠠᠯᠢᠩ ᠤᠨ ᠲᠦᠷᠢᠮ ᠢ ᠡᠷᠴᠢᠮ ᠲᠠᠢ ᠬᠡᠷᠡᠭᠵᠢᠬᠦᠯᠦᠨ ᠳᠡᠭᠡᠭᠰᠢᠯᠡᠭᠦᠯᠵᠦ ᠂ ᠰᠡᠳᠭᠢᠯ ᠤᠨ ᠲᠡᠩᠴᠡᠭᠦᠷᠢ ᠶᠢ ᠪᠡᠲᠦᠯᠡᠬᠤ ᠬᠡᠷᠡᠭᠲᠡᠢ ᠃ ᠣᠳᠤ ᠶᠢᠨ ᠪᠠᠢᠳᠠᠯ ᠬᠦᠲᠡᠯᠮᠤᠷᠢᠯᠡᠭᠰᠡᠨ ᠤ ᠬᠢᠷᠢ ᠪᠠᠷ ᠬᠤᠪᠢᠶᠡᠷᠯᠡᠬᠤ ᠪᠢᠰᠢ ᠬᠠᠷᠢᠨ ᠨᠠᠰᠤᠯᠡᠭᠰᠠᠨ ᠤ ᠬᠢᠷᠢ ᠪᠠᠷ ᠬᠤᠪᠢᠶᠡᠷᠯᠠᠬᠤ ᠪᠠᠢᠳᠠᠯ ᠲᠠᠢ ᠪᠣᠯᠵᠤ ᠂ ᠪᠠᠭᠰᠢ ᠥᠨᠳᠦᠷ ᠲᠠᠰ ᠤᠨ ᠬᠢᠷᠢ ᠬᠡᠮ ᠠᠪᠤᠭᠰᠠᠭᠠᠷ ᠠᠷᠤᠨᠰᠢ ᠤᠬᠤᠷᠢᠬᠤ ᠪᠠᠢᠳᠠᠯ ᠣᠷᠤᠰᠢᠵᠤ ᠪᠠᠢᠨ᠎ᠠ ᠃

ᠳᠣᠯᠤᠭ᠎ᠠ ᠂ ᠰᠢᠨ᠎ᠡ ᠮᠡᠶᠢᠬ ᠤᠨ ᠲᠣᠨᠤᠭ ᠲᠥᠬᠦᠭᠡᠷᠦᠮᠵᠢ ᠶᠢ ᠪᠦᠷᠢᠨᠵᠢᠬᠦᠯᠬᠦ ᠶᠢᠨ ᠳᠠᠭᠠᠤ ᠲᠡᠭᠦᠨ ᠲᠠᠢ ᠲᠤᠬᠢᠷᠡᠯᠴᠡᠭᠰᠡᠨ ᠵᠥᠭᠡᠯᠡᠨ ᠲᠣᠨᠤᠭ ᠪᠡ ᠡᠬᠢ ᠰᠤᠷᠪᠤᠯᠵᠢ ᠶᠢ ᠴᠠᠭ ᠢᠮᠡᠭᠲᠡ ᠲᠡᠬᠦᠯᠲᠡᠷᠵᠢᠬᠦᠯᠬᠦ ᠠᠷᠭ᠎ᠠ ᠬᠡᠮᠵᠢᠶ᠎ᠡ ᠶᠢ ᠠᠪᠬᠤ ᠬᠡᠷᠡᠭᠲᠡᠢ ᠃ ᠡᠨᠡ ᠨᠢ ᠪᠠᠭᠰᠢ ᠶᠢᠨ ᠲᠤᠰ ᠪᠡᠶ᠎ᠡ ᠶᠢ ᠴᠢᠯᠤᠬᠡᠯᠡᠵᠤ ᠂ ᠨᠡᠩ ᠶᠡᠬᠡ ᠴᠠᠭ ᠪᠡ ᠣᠷᠤᠨ ᠵᠠᠢ ᠶᠢ ᠪᠠᠭᠰᠢ ᠶᠢᠨ ᠵᠢᠭᠠᠨ ᠰᠤᠷᠭᠠᠯᠲᠡ ᠶᠢᠨ ᠬᠠᠢᠨ ᠰᠤᠪᠡᠭᠴᠢᠯᠠᠯᠲᠡ ᠪᠡ ᠰᠤᠳᠤᠯᠭᠠᠨ ᠳᠤ ᠵᠠᠢᠴᠢᠯᠡᠵᠤ ᠂ ᠵᠢᠭᠠᠨ ᠰᠤᠷᠭᠠᠯᠲᠡ ᠶᠢᠨ ᠬᠢᠷᠢ ᠲᠦᠪᠰᠢᠨ ᠢ ᠳᠡᠭᠡᠭᠰᠢᠯᠡᠭᠦᠯᠬᠦ ᠳᠤ ᠠᠰᠢᠭᠲᠠᠢ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠥᠪᠦᠷ ᠮᠣᠩᠭᠤᠯ ᠥᠨᠳᠥᠰᠥᠲᠡᠨ ᠦ ᠰᠤᠷᠭᠠᠨ ᠬᠥᠮᠦᠵᠢᠯ ᠦᠨ ᠰᠦᠯᠵᠢᠶ᠎ᠡ ᠬᠡᠪᠯᠡᠯ ᠦᠨ ᠡᠷᠬᠡ ᠲᠡᠢ ᠃ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃