lt
ᠬᠢᠴᠢᠶᠡᠯᠯᠡᠭᠡ ᠶᠢᠨ ᠰᠢᠩᠭᠡᠭᠡᠯᠲᠡ
ᠰᠤᠷᠭᠠᠨ ᠬᠥᠮᠦᠵᠢᠯ ᠤᠨ ᠲᠤᠬᠠᠢ ᠰᠣᠩᠭᠤᠳᠠᠭ ᠬᠡᠯᠡᠯᠭᠡ
2016.06.12 ᠲᠣᠰ ᠥᠷᠲᠡᠭᠡᠨ ᠦ ᠨᠠᠢᠷᠠᠭᠤᠯᠤᠭᠴᠢ

1. ᠠᠩᠬᠠᠨ ᠳᠠᠭᠠᠨ ᠪᠢᠳᠡ ᠬᠡᠦᠬᠡᠳ ᠢᠶᠡᠨ ᠰᠤᠷᠭᠠᠳᠠᠭ ᠂ ᠳᠠᠷᠠᠭ᠎ᠠ ᠨᠢ ᠪᠢᠳᠡ ᠥᠪᠡᠷᠲᠡᠭᠡᠨ ᠲᠡᠳᠡᠨ ᠡᠴᠡ ᠰᠤᠷᠤᠯᠴᠠᠳᠠᠭ ᠃ ᠢᠩᠭᠢᠬᠦ ᠶᠢ ᠬᠦᠰᠡᠳᠡᠭ ᠦᠭᠡᠢ ᠬᠥᠮᠦᠨ ᠴᠠᠭ ᠦᠶ᠎ᠡ ᠡᠴᠡ ᠬᠣᠴᠤᠷᠳᠠᠭ ᠃

2. ᠡᠭᠡ ᠶᠢᠨ ᠬᠡᠪᠡᠯᠢ ᠳᠤ ᠪᠦᠷᠢᠯᠳᠦᠭᠰᠡᠨ ᠴᠠᠭ ᠡᠴᠡ ᠡᠬᠢᠯᠡᠨ ᠠᠪᠤᠭᠰᠠᠨ ᠳᠠᠳᠤᠯ ᠵᠤᠷᠰᠢᠯ ᠡᠴᠡ ᠬᠥᠮᠦᠵᠢᠯ ᠤᠨ ᠶᠡᠬᠡᠩᠬᠢ ᠬᠤᠪᠢ ᠨᠢ ᠲᠣᠭᠲᠠᠳᠠᠭ ᠪᠠᠢᠨ᠎ᠠ ᠃ ᠡᠢᠮᠦ ᠡᠴᠡ ᠭᠡᠷ ᠪᠦᠯᠢ ᠪᠣᠯ ᠬᠡᠦᠬᠡᠳ ᠤᠨ ᠬᠥᠮᠦᠵᠢᠯ ᠤᠨ ᠠᠩᠬᠠᠨ ᠤ ᠣᠷᠴᠢᠨ ᠶᠤᠮ ᠃ ᠠᠮᠵᠢᠯᠲᠠ ᠳᠤ ᠬᠦᠷᠬᠦ ᠶᠢᠨ ᠲᠤᠯᠠᠳᠠ ᠭᠠᠭᠴᠠ ᠪᠠᠭᠰᠢ ᠪᠢᠰᠢ ᠂ ᠬᠡᠦᠬᠡᠳ ᠥᠪᠡᠷ ᠢᠶᠡᠨ ᠬᠢᠴᠢᠶᠡᠬᠦ ᠬᠡᠷᠡᠭᠲᠡᠢ ᠭᠡᠳᠡᠭ ᠢ ᠪᠠᠭᠰᠢ ᠡᠷᠬᠡᠪᠰᠢ ᠣᠢᠯᠠᠭᠠᠭᠤᠯᠬᠤ ᠶᠣᠰᠤᠲᠠᠢ ᠃

3. ᠬᠡᠦᠬᠡᠳ ᠲᠡᠬᠡᠨ ᠡᠭᠦᠷᠭᠡ ᠬᠠᠷᠢᠭᠤᠴᠠᠯᠭ᠎ᠠ ᠬᠦᠯᠢᠶᠡᠯᠭᠡᠬᠦ ᠨᠢ ᠲᠡᠳᠡᠨ ᠢ ᠥᠰᠭᠡᠬᠦ ᠠᠷᠭ᠎ᠠ ᠪᠠᠷᠢᠯ ᠤᠨ ᠨᠢᠭᠡ ᠶᠤᠮ ᠃

4. ᠰᠠᠢᠨ ᠬᠥᠮᠦᠵᠢᠯ ᠨᠢ ᠬᠥᠮᠦᠨ ᠢ ᠮᠠᠭᠤ ᠬᠥᠮᠦᠨ ᠡᠴᠡ ᠮᠠᠰᠢ ᠨᠠᠢᠳᠠᠪᠤᠷᠢᠳᠡᠢ ᠬᠠᠮᠠᠭᠠᠯᠠᠵᠤ ᠲᠠᠢᠯᠳᠠᠭ ᠪᠢᠯᠡ ᠃

5. ᠬᠥᠮᠦᠨ ᠢ ᠬᠥᠮᠦᠵᠢᠭᠦᠯᠬᠦ ᠳᠤ ᠭᠠᠷᠳᠠᠭ ᠬᠠᠮᠤᠭ ᠲᠣᠮᠤ ᠠᠯᠳᠠᠭ᠎ᠠ ᠨᠢ ᠬᠥᠮᠦᠨ ᠢ ᠪᠡᠶ᠎ᠡ ᠳᠠᠭᠠᠭᠠᠨ ᠰᠡᠳᠭᠢᠬᠦ ᠳᠤ ᠰᠤᠷᠭᠠᠳᠠᠭ ᠦᠭᠡᠢ ᠶᠡᠪᠤᠳᠡᠯ ᠶᠤᠮ ᠃

6. ᠬᠥᠮᠦᠵᠢᠯ ᠪᠣᠯ ᠠᠭᠤᠤ ᠶᠡᠬᠡ ᠤᠢᠯᠠ ᠬᠡᠷᠡᠭ ᠂ ᠵᠦᠪ ᠲᠡᠳᠤᠯ ᠵᠤᠷᠰᠢᠯ ᠡᠴᠡ ᠬᠥᠮᠦᠨ ᠤ ᠬᠤᠪᠢ ᠵᠠᠶᠠᠭ᠎ᠠ ᠰᠢᠳᠦᠭᠳᠡᠨ᠎ᠡ ᠃

7. ᠬᠥᠮᠦᠨ ᠭᠡᠳᠡᠭ ᠰᠠᠢᠨ ᠤᠰᠤᠯᠠᠵᠤ ᠲᠣᠷᠳᠠᠬᠤ ( ᠠᠷᠠᠴᠢᠯᠠᠬᠤ ᠂ ᠵᠠᠰᠠᠵᠤ ᠲᠡᠭᠰᠢᠯᠡᠬᠦ ᠂ ᠥᠭᠡᠳᠡ ᠲᠠᠲᠠᠬᠤ ) ᠦᠭᠡᠢ ᠪᠣᠯ ᠣᠯᠢᠭᠲᠠᠢ ᠤᠷᠭᠤᠳᠠᠭ ᠦᠭᠡᠢ ᠤᠷᠭᠤᠮᠠᠯ ᠶᠤᠮ ᠃

8. ᠶᠡᠷᠦ ᠨᠢ ᠳᠤᠲᠠᠭᠳᠠᠯ ᠳᠤ ᠤᠬᠠᠭᠠᠯᠢᠭ ᠬᠠᠨᠳᠤᠵᠤ ᠂ ᠬᠡᠯᠡᠵᠦ ᠣᠢᠯᠠᠭᠠᠭᠤᠯᠬᠤ ᠨᠢ ᠲᠡᠭᠦᠨ ᠢ ᠳᠠᠬᠢᠨ ᠲᠡᠪᠳᠡᠭᠤᠯᠬᠤ ᠦᠭᠡᠢ ᠪᠡᠷ ᠵᠠᠰᠠᠵᠤ ᠵᠠᠯᠠᠷᠠᠭᠤᠯᠬᠤ ᠬᠡᠪᠰᠢᠯ ᠲᠡᠢ ᠪᠣᠯᠭᠠᠬᠤ ᠠᠰᠤᠷᠤ ᠶᠡᠬᠡ ᠤᠬᠠᠭᠠᠯᠢᠭ ᠦᠢᠯᠡ ᠶᠢᠨ ᠦᠷ᠎ᠡ ᠳ᠋ᠦᠩ ᠶᠤᠮ ᠃ ᠳᠠᠮᠵᠢᠵᠤ ᠲᠤᠰᠠᠯᠠᠭᠤᠯᠤᠭᠰᠠᠨ ᠪᠣᠯ ᠥᠪᠡᠷ ᠲᠡᠭᠡᠨ ᠢᠲᠡᠭᠡᠵᠦ ᠰᠤᠷᠤᠨ᠎ᠡ ︔ ᠮᠠᠭᠳᠠᠭᠤᠯᠵᠤ ᠥᠰᠦᠭᠰᠡᠨ ᠪᠣᠯ ᠰᠠᠢᠰᠢᠶᠠᠵᠤ ᠰᠤᠷᠤᠨ᠎ᠠ ︔ ᠥᠪᠡᠷ ᠢ ᠪᠡᠨ ᠬᠦᠨᠳᠤᠯᠡᠬᠦᠯᠵᠤ ᠰᠤᠷᠤᠭᠰᠠᠨ ᠪᠣᠯ ᠡᠷᠬᠡ ᠲᠡᠭᠰᠢ ᠪᠠᠢᠵᠤ ᠰᠤᠷᠤᠨ᠎ᠠ ︔ ᠨᠠᠢᠷᠰᠠᠭ ᠨᠥᠬᠦᠷᠰᠡᠭ ᠣᠷᠴᠢᠨ ᠳᠤ ᠥᠰᠦᠭᠰᠡᠨ ᠪᠣᠯ ᠵᠢᠷᠭᠠᠯ ᠲᠡᠢ ᠠᠮᠢᠳᠤᠷᠠᠵᠤ ᠰᠤᠷᠤᠨ᠎ᠠ ᠃

︱ ᠪᠤᠷᠬᠠᠨ ᠤ ᠭᠦᠨ ᠤᠬᠠᠭᠠᠨ ᠤ ᠰᠤᠷᠭᠠᠯ ᠡᠴᠡ

9. ᠪᠠᠭ᠎ᠠ ᠨᠠᠰᠤ ᠪᠡᠨ ᠰᠠᠨᠠᠳᠠᠭ ᠦᠭᠡᠢ ᠬᠥᠮᠦᠨ ᠪᠣᠯ ᠮᠠᠰᠢ ᠮᠠᠭᠤ ᠬᠦᠮᠤᠵᠢᠬᠦᠯᠦᠭᠴᠢ ( ᠪᠠᠭᠰᠢ ᠂ ᠡᠴᠢᠭᠡ ᠡᠭᠡ ) ᠃

10. ᠬᠥᠮᠦᠨ ᠤ ᠮᠥᠨ ᠴᠢᠨᠠᠷ ᠢ ᠦᠭᠡᠷᠡᠴᠢᠯᠡᠵᠤ ᠪᠣᠯᠬᠤ ᠦᠭᠡᠢ ᠃ ᠬᠠᠷᠢᠨ ᠵᠠᠩ ᠠᠷᠠᠨᠰᠢᠨ ᠤ ᠶᠠᠩᠵᠤ ᠪᠦᠷᠢ ᠶᠢᠨ ᠣᠨᠴᠠᠯᠢᠭ ᠳᠠᠳᠭᠠᠯ ᠢ ᠨᠢ ᠰᠠᠢᠨ ᠲᠠᠰᠢ ᠨᠢ ᠵᠠᠯᠵᠤ ᠴᠢᠭᠯᠡᠬᠦᠯᠵᠤ ᠪᠣᠯᠤᠨ᠎ᠠ ᠃ ᠡᠭᠦᠨ ᠳᠤ ᠯᠠ ᠰᠤᠷᠭᠠᠨ ᠬᠥᠮᠦᠵᠢᠯ ᠤᠨ ᠠᠭᠤᠤ ᠶᠡᠬᠡ ᠨᠢᠭᠤᠴᠠ ᠂ ᠠᠤᠭ᠎ᠠ ᠶᠡᠬᠡ ᠵᠣᠷᠢᠯᠲᠠ ᠣᠷᠤᠰᠢᠳᠠᠭ ᠶᠤᠮ ᠃

11. ᠠᠩᠭ᠍ᠯᠢ ᠶᠢᠨ ᠸᠢᠯᠢᠶᠡᠮ ᠂ ᠵᠸᠮᠡᠰ ᠡᠴᠡ ᠠᠯᠬᠤᠮ ᠢ ᠲᠡᠷᠢᠶᠠᠯᠠᠭᠠᠳ ᠳᠠᠳᠭᠠᠯ ᠵᠤᠷᠰᠢᠯ ᠢ ᠬᠤᠷᠢᠶᠡᠵᠤ ᠠᠪᠤᠨ᠎ᠠ ︔ ᠳᠠᠳᠭᠠᠯ ᠢ ᠲᠡᠷᠢᠶᠡᠯᠠᠭᠠᠳ ᠵᠠᠩ ᠠᠷᠠᠨᠰᠢᠨ ᠢ ᠬᠤᠷᠢᠶᠡᠵᠤ ᠠᠪᠤᠨ᠎ᠠ ︔ ᠵᠠᠩ ᠠᠷᠠᠨᠰᠢᠨ ᠢ ᠲᠠᠷᠢᠶᠠᠯᠠᠭᠠᠳ ᠬᠤᠪᠢ ᠵᠠᠶᠠᠭᠠᠨ ᠤ ᠤᠷᠭᠤᠴᠠ ᠶᠢ ᠬᠤᠷᠢᠶᠡᠵᠤ ᠠᠪᠤᠨ᠎ᠠ ᠭᠡᠵᠦ ᠭᠠᠢᠬᠠᠯᠲᠠᠢ ᠮᠡᠷᠭᠡᠨ  ᠢᠶᠡᠷ ᠬᠡᠯᠡᠭᠰᠡᠨ ᠪᠢᠯᠡ ᠃

12. ᠨᠢᠭᠡᠨ ᠭᠦᠨ ᠤᠬᠠᠭᠠᠨᠲᠠᠨ ᠄ ᠬᠥᠮᠦᠨ ᠲᠥᠷᠦᠳᠡᠭ ᠶᠤᠮ ᠪᠢᠰᠢ ᠂ ᠪᠤᠢ ᠪᠣᠯᠳᠠᠭ ᠶᠤᠮ ᠃ ᠮᠢᠨᠦ ᠪᠦᠬᠦ ᠠᠮᠢᠳᠤᠷᠠᠯ ᠨᠢ ᠲᠡᠭᠦᠰᠭᠡᠯ ᠬᠢᠵᠠᠭᠠᠷ ᠦᠭᠡᠢ ᠬᠦᠮᠤᠵᠢᠬᠦ ᠤᠢᠯᠠ ᠶᠠᠪᠤᠴᠠ ᠶᠤᠮ ᠭᠡᠵᠦ ᠬᠡᠯᠡᠵᠡᠢ ᠃

13 ᠨᠡᠷᠡᠲᠦ ᠰᠤᠤᠲᠤ ᠬᠥᠮᠦᠰ ᠂ ᠡᠷᠳᠡᠮᠲᠡᠳ ᠤᠨ ᠶᠡᠬᠡᠩᠬᠢ ᠨᠢ ᠭᠠᠢᠬᠠᠮᠰᠢᠭᠲᠤ ᠡᠵᠢ ᠲᠡᠢ ᠪᠠᠢᠭᠰᠠᠨ ᠶᠤᠮ ᠃ ᠲᠡᠳᠡᠨ ᠡᠴᠢᠭᠡ ᠡᠴᠡ ᠪᠤᠰᠤ ᠡᠬᠡ ᠡᠴᠡ ᠪᠡᠨ ᠢᠯᠡᠭᠦᠦ ᠶᠡᠬᠡ ᠵᠦᠪ ᠳᠠᠳᠭᠠᠯ ᠢ ᠬᠦᠯᠢᠶᠡᠵᠦ ᠠᠪᠤᠭᠰᠠᠨ ᠪᠠᠢᠳᠠᠭ ᠪᠢᠯᠡ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠥᠪᠦᠷ ᠮᠣᠩᠭᠤᠯ ᠥᠨᠳᠥᠰᠥᠲᠡᠨ ᠦ ᠰᠤᠷᠭᠠᠨ ᠬᠥᠮᠦᠵᠢᠯ ᠦᠨ ᠰᠦᠯᠵᠢᠶ᠎ᠡ ᠬᠡᠪᠯᠡᠯ ᠦᠨ ᠡᠷᠬᠡ ᠲᠡᠢ ᠃ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃