lt
ᠬᠢᠴᠢᠶᠡᠯᠯᠡᠭᠡ ᠶᠢᠨ ᠰᠢᠩᠭᠡᠭᠡᠯᠲᠡ
ᠠᠮᠢᠳᠤ  ᠳᠠᠭᠠᠨ ᠪᠡᠶ᠎ᠡ ᠪᠡᠶ᠎ᠡ ᠪᠠᠨ ᠬᠠᠢᠷᠠᠯᠠ ᠂ ᠬᠥᠮᠦᠰ ᠡ
2016.06.10 ᠲᠣᠰ ᠥᠷᠲᠡᠭᠡᠨ ᠦ ᠨᠠᠢᠷᠠᠭᠤᠯᠤᠭᠴᠢ

                  ᠵᠠᠪ

ᠬᠡᠷ ᠪᠦᠯᠢ ᠶᠢᠨ ᠬᠦᠴᠦᠷᠬᠡᠭᠯᠡᠯ ᠪᠣᠯ ᠨᠢᠭᠡᠨ ᠮᠤᠩᠬᠠᠭ ᠪᠠᠯᠠᠢ ᠠᠵᠢᠯᠯᠠᠭ᠎ᠠ ᠪᠣᠯᠤᠨ᠎ᠠ ᠃ ᠭᠣᠣᠯᠳᠠᠭᠤ ᠡᠷ᠎ᠡ ᠡᠮ᠎ᠡ ᠶᠢᠨ ᠬᠣᠭᠤᠷᠤᠨᠳᠤ ᠤᠯᠠᠨ ᠡᠭᠦᠰᠳᠡᠭ ᠃ ᠠᠩᠬ᠎ᠠ ᠡᠬᠢᠯᠠᠩᠬᠦᠳᠡ ᠪᠠᠨ ᠡᠨᠡ ᠨᠢ ᠵᠢᠵᠢᠭ᠌ ᠰᠠᠵᠢᠭ ᠤᠴᠢᠷ ᠡᠴᠡ ᠡᠭᠦᠰᠳᠡᠭ ᠪᠥᠭᠡᠳ ᠨᠢᠭᠡ ᠲᠠᠯ᠎ᠠ ᠨᠢ ᠨᠡᠷ᠎ᠡ ᠨᠢᠭᠤᠷ ᠢᠶᠠᠨ ᠪᠣᠳᠤᠵᠤ ᠨᠢᠭᠤᠵᠤ ᠳᠠᠷᠤᠵᠤ ᠦᠩᠬᠡᠷᠡᠬᠦᠯᠳᠡᠭ ᠡᠴᠡ ᠪᠣᠯᠵᠤ ᠡᠨᠡᠬᠦ ᠦᠢᠯᠡ ᠶᠠᠪᠤᠳᠠᠯ ᠨᠢ ᠶᠠᠪᠤᠩᠭᠤᠲᠠ ᠪᠠᠨ ᠬᠦᠨᠳᠦ ᠨᠣᠴᠢᠲᠠᠢ ᠪᠣᠯᠵᠤ ᠂ ᠨᠥᠭᠦᠭᠡ ᠡᠲᠡᠭᠡᠳ ᠨᠢ ᠶᠠᠪᠤᠬᠤ ᠲᠤᠲᠤᠮ ᠰᠤᠷᠮᠠᠭᠠᠢ ᠪᠣᠯᠵᠤ ᠥᠴᠦᠬᠡᠨ ᠶᠠᠪᠤᠳᠠᠯ ᠲᠡᠬᠡᠷ᠎ᠠ ᠴᠤ ᠬᠡᠯᠡ ᠠᠮᠠ ᠲᠠᠲᠠᠵᠤ ᠂ ᠬᠠᠯᠲᠤᠰ ᠭᠡᠪᠡᠯ ᠭᠠᠷ ᠬᠥᠳᠡᠯᠵᠦ ᠢᠰᠭᠦᠯᠵᠦ ᠨᠢᠳᠦᠷᠭᠠᠳᠠᠵᠦ ᠬᠠᠶᠠᠳᠠᠭ ᠶᠤᠮ ᠃ ᠭᠡᠷ ᠪᠦᠯᠢ ᠶᠢᠨ ᠬᠦᠴᠦᠷᠬᠡᠭᠯᠡᠯ ᠨᠢ ᠢᠩᠭᠢᠵᠦ ᠬᠡᠯᠡ ᠠᠮᠠ ᠪᠣᠯᠵᠤ ᠪᠠᠢᠭᠰᠠᠨ ᠡᠴᠡ ᠪᠠᠨ ᠲᠦᠯᠬᠢᠵᠦ ᠲᠠᠲᠠᠵᠤ ᠠᠯᠠᠭᠠᠳᠠᠵᠦ ᠨᠦᠳᠦᠵᠦ ᠪᠠᠰᠠ ᠵᠤᠳᠤᠵᠦ ᠴᠣᠬᠢᠬᠤ ᠴᠢᠨᠠᠭᠰᠢᠯᠠᠪᠠᠯ ᠬᠦᠨᠳᠦ ᠨᠣᠴᠢᠲᠠᠢ ᠦᠷ᠎ᠡ ᠳ᠋ᠦᠢᠡᠭ ᠳᠤ ᠬᠦᠷᠴᠦ ᠮᠡᠳᠡᠬᠦ ᠶᠤᠮ ᠃

ᠬᠡᠷ ᠪᠦᠯᠢ ᠶᠢᠨ ᠬᠦᠴᠦᠷᠬᠡᠭᠯᠡᠯ ᠨᠢ ᠭᠣᠣᠯᠳᠠᠭᠤ ᠠᠵᠤ ᠠᠬᠤᠢ ᠶᠢᠨ ᠪᠠᠢᠳᠠᠯ ᠂ ᠢᠨᠠᠭ ᠬᠠᠢᠷ᠎ᠠ ᠶᠢᠨ ᠠᠩ ᠵᠠᠪᠰᠠᠷ ᠂ ᠠᠮᠢᠳᠤᠷᠠᠯ ᠤᠨ ᠠᠷᠰᠠᠷ ᠶᠠᠪᠤᠳᠠᠯ ᠵᠡᠷᠭᠡ ᠡᠴᠡ ᠡᠭᠦᠰᠳᠡᠭ ᠃ ᠪᠠᠰᠠ ᠨᠢᠭᠡ ᠪᠦᠯᠦᠭ ᠨᠢ ᠠᠮᠢᠳᠤᠷᠠᠯ ᠤᠨ ᠮᠠᠭᠤᠬᠠᠢ ᠵᠠᠩ ᠳᠠᠳᠭᠠᠯ ︱ ᠬᠣᠣᠷ ᠲᠠᠲᠠᠬᠤ ᠂ ᠠᠷᠢᠬᠢ ᠤᠤᠭᠤᠬᠤ ᠂ ᠵᠣᠭᠤᠰ ᠮᠥᠷᠦᠢᠴᠡᠬᠦ ᠂ ᠰᠠᠮᠠᠭᠤᠨ ᠰᠠᠳᠤᠷ ᠶᠠᠪᠤᠬᠤ ᠵᠡᠷᠭᠡ ᠡᠴᠡ ᠪᠤᠢ ᠪᠣᠯᠳᠠᠭ ᠶᠤᠮ ᠃ ᠡᠳᠡᠭᠡᠷ ᠰᠠᠮᠠᠭᠤᠨ ᠵᠠᠳᠠᠭᠠᠢ ᠶᠠᠪᠤᠳᠠᠯ ᠨᠢ ᠵᠣᠭᠤᠰ ᠮᠥᠩᠭᠦ ᠳᠤ ᠬᠠᠯᠠᠲᠠᠢ ᠪᠠᠢᠳᠠᠭ ᠃ ᠵᠣᠭᠤᠰ ᠮᠥᠩᠭᠦ ᠨᠢ ᠳᠤᠲᠠᠭᠳᠠᠭᠠᠳ ᠢᠷᠡᠬᠦ ᠳᠤ ᠨᠢᠭᠡ ᠲᠠᠯ᠎ᠠ ᠨᠢ ᠨᠥᠭᠦᠭᠡ ᠲᠠᠯ᠎ᠠ ᠪᠠᠨ ᠰᠢᠬᠠᠵᠤ ᠪᠠᠢᠵᠤ ᠵᠥᠷᠢᠴᠡᠯ ᠮᠥᠷᠭᠦᠯᠳᠦᠭᠡᠨ ᠡᠭᠦᠰᠳᠡᠭ ᠂ ᠵᠥᠷᠢᠴᠡᠯ ᠮᠥᠷᠭᠦᠯᠳᠦᠭᠡᠨ ᠤ ᠳ᠋ᠦᠢᠡᠭ ᠨᠢ ᠭᠡᠪᠡᠯ ᠨᠢᠭᠡ ᠨᠢ ᠨᠥᠭᠦᠭᠡ ᠪᠠᠨ ᠳᠡᠢᠯᠬᠦ ᠭᠡᠵᠦ ᠬᠦᠴᠦᠷᠬᠡᠭᠯᠡᠯ ᠭᠠᠷᠭᠠᠳᠠᠭ ᠃ ᠡᠢᠨᠬᠦ ᠬᠡᠷ ᠪᠦᠯᠢ ᠶᠢᠨ ᠬᠦᠴᠦᠷᠬᠡᠭᠯᠡᠯ ᠳᠤ ᠬᠣᠣᠷ ᠠᠮᠰᠠᠳᠠᠭ ᠨᠢ ᠣᠯᠠᠩᠬᠢ ᠳᠠᠭᠠᠨ ᠡᠮᠡᠭᠲᠡᠢᠴᠦᠳ ᠪᠣᠯᠤᠨ᠎ᠠ ᠃ ᠡᠨᠡ ᠨᠢ ᠭᠣᠣᠯᠳᠠᠭᠤ ᠲᠡᠳᠡᠨ ᠤ 《 ᠥᠪᠡᠷ ᠤᠨ ᠮᠠᠭᠤ ᠪᠠᠨ ᠪᠤᠰᠤᠳ ᠲᠤ ᠦᠵᠡᠭᠦᠯᠬᠦ ᠦᠭᠡᠢ 》 ᠭᠡᠬᠦ ᠨᠡᠷ᠎ᠡ ᠨᠢᠭᠤᠷ ᠢᠶᠠᠨ ᠬᠠᠢᠷᠠᠯᠠᠬᠤ ᠪᠣᠳᠤᠯ ᠵᠢᠴᠢ ᠪᠡᠶ᠎ᠡ ᠴᠣᠭᠴᠠ ᠶᠢᠨ ᠢᠯᠭᠠᠭ᠎ᠠ ᠡᠴᠡ ᠪᠣᠯᠤᠭᠰᠠᠨ ᠶᠤᠮ ᠃

ᠬᠡᠷ ᠪᠦᠯᠢ ᠶᠢᠨ ᠬᠦᠴᠦᠷᠬᠡᠭᠯᠡᠯ ᠢ ᠡᠰᠡᠷᠭᠦᠴᠡᠬᠦ ᠳᠤ ᠪᠢᠳᠡ ᠵᠠᠪᠠᠯ ᠰᠣᠶᠤᠯ ᠮᠡᠳᠡᠯᠭᠡ ᠪᠠᠨ ᠳᠡᠭᠡᠭᠰᠢᠯᠡᠭᠦᠯᠬᠦ ᠬᠡᠷᠡᠭᠲᠡᠢ ᠃ ᠬᠥᠮᠦᠨ ᠤ ᠰᠣᠶᠤᠯ ᠮᠡᠳᠡᠯᠭᠡ ᠥᠨᠳᠦᠷ ᠪᠣᠯ ᠤᠴᠢᠷ ᠶᠠᠪᠤᠳᠠᠯ ᠳᠤ ᠬᠠᠨᠳᠤᠬᠤ ᠳᠠᠭᠠᠨ ᠲᠤᠩᠭᠠᠯᠳᠠ ᠲᠠᠢ ᠰᠢᠭᠰᠢᠯᠳᠡ ᠲᠠᠢ ᠪᠠᠢᠵᠤ ᠂ ᠵᠦᠪ ᠪᠤᠷᠤᠭᠤ ᠶᠢ ᠢᠯᠭᠠᠵᠤ ᠂ ᠰᠠᠢᠨ ᠮᠠᠭᠤ ᠶᠢ ᠲᠠᠨᠢᠵᠤ ᠂ ᠰᠠᠨᠠᠵᠤ ᠬᠠᠢᠷᠠᠯᠠᠬᠤ ᠶᠢ ᠤᠬᠠᠵᠤ ᠂ ᠡᠷᠬᠢᠮᠨᠡᠵᠦ ᠨᠠᠨᠳᠢᠩᠨᠠᠬᠤ ᠬᠢᠭᠡᠳ ᠵᠢᠭᠰᠢᠵᠦ ᠭᠣᠯᠤᠬᠤ ᠶᠢ ᠲᠤᠩᠭᠠᠵᠤ ᠴᠢᠳᠠᠳᠠᠭ ᠶᠤᠮ ᠃ ᠬᠠᠷᠢᠨ ᠬᠥᠮᠦᠨ ᠶᠠᠭᠤ ᠭᠡᠪᠡᠯ ᠲᠡᠢᠮᠦ ᠭᠡᠵᠦ ᠪᠤᠰᠤᠳ ᠤᠨ ᠦᠳᠦᠬᠡᠯᠭᠡ ᠲᠦᠢᠪᠡᠯᠭᠡ ᠳᠤ ᠠᠮᠠᠷᠬᠠᠨ ᠣᠷᠤᠳᠠᠭ ᠦᠭᠡᠢ ᠂ ᠥᠪᠡᠷ ᠤᠨ ᠭᠡᠬᠦ ᠦᠵᠡᠯᠲᠡ ᠲᠠᠢ ᠪᠣᠯᠳᠠᠭ ᠶᠤᠮ ᠃ ᠬᠡᠷ ᠪᠦᠯᠢ ᠶᠢᠨ ᠬᠦᠴᠦᠷᠬᠡᠭᠯᠡᠯ ᠨᠢ ᠣᠯᠠᠩᠬᠢ ᠳᠠᠭᠠᠨ ᠰᠡᠳᠭᠢᠯ ᠰᠠᠨᠠᠭᠠᠨ ᠤ ᠮᠤᠩᠬᠠᠭ ᠪᠠᠯᠠᠢ ᠬᠢᠭᠡᠳ ᠨᠢᠭᠡᠨ ᠴᠠᠭ ᠤᠨ ᠠᠭᠤᠷ ᠬᠢᠯᠢᠩᠨᠡᠯ ᠡᠴᠡ ᠡᠭᠦᠰᠳᠡᠭ ᠶᠤᠮ ᠃ ᠡᠢᠮᠦ ᠡᠴᠡ ᠬᠥᠮᠦᠰ ᠵᠠᠪᠠᠯ ᠰᠣᠶᠤᠯ ᠮᠡᠳᠡᠯᠭᠡ ᠶᠢᠨ ᠬᠦᠷᠢᠶ᠎ᠡ ᠬᠡᠪᠴᠢᠶ᠎ᠡ ᠪᠠᠨ ᠦᠷᠬᠡᠳᠬᠡᠵᠦ ᠂ ᠬᠥᠮᠦᠨ ᠬᠥᠮᠦᠨ ᠢᠶᠠᠨ ᠬᠠᠢᠷᠠᠯᠠᠵᠤ ᠬᠦᠨᠳᠦᠳᠭᠡᠬᠦ ᠶᠢᠨ ᠭᠦᠨᠵᠡᠭᠡᠢ ᠤᠳᠭ᠎ᠠ ᠠᠭᠤᠯᠭ᠎ᠠ ᠂ ᠡᠷᠬᠢᠮ ᠨᠠᠨᠳᠢᠨ ᠢ ᠤᠬᠠᠭᠠᠷᠠᠬᠤ ᠬᠡᠷᠡᠭᠲᠡᠢ ᠶᠤᠮ ᠃

ᠬᠡᠷ ᠪᠦᠯᠢ ᠶᠢᠨ ᠬᠦᠴᠦᠷᠬᠡᠭᠯᠡᠯ ᠢ ᠡᠰᠡᠷᠭᠦᠴᠡᠬᠦ ᠳᠤ ᠪᠢᠳᠡ ᠵᠠᠪᠠᠯ ᠪᠣᠯᠪᠠᠰᠤᠨ ᠰᠠᠢᠬᠠᠨ ᠢ ᠡᠷᠬᠢᠮᠯᠡᠬᠦ ᠬᠡᠷᠡᠭᠲᠡᠢ ᠃ ᠪᠣᠯᠪᠠᠰᠤᠨ ᠰᠠᠢᠬᠠᠨ ᠰᠤᠷᠲᠠᠯ ᠪᠣᠯ ᠪᠢᠳᠡᠨ ᠤ ᠬᠥᠮᠦᠨ ᠪᠦᠬᠦᠨ ᠤ ᠡᠷᠢᠯ ᠬᠦᠰᠡᠯ ᠪᠣᠯᠤᠨ᠎ᠠ ᠃ ᠬᠡᠷ ᠪᠦᠯᠢ ᠬᠣᠭᠤᠷᠤᠨᠳᠤ ᠪᠠᠨ ᠡᠶ᠎ᠡ ᠨᠠᠢᠷ ᠲᠠᠢ ᠂ ᠪᠠᠶᠠᠷ ᠬᠦᠷ ᠲᠠᠢ ᠂ ᠵᠣᠯ ᠵᠢᠷᠭᠠᠯ ᠲᠠᠢ ᠠᠮᠢᠳᠤᠷᠠᠬᠤ ᠭᠡᠭᠴᠢ ᠬᠡᠴᠢᠨᠡᠨ ᠭᠣᠶᠤ ᠪᠤᠢ ᠃ ᠡᠷ᠎ᠡ ᠡᠮ᠎ᠡ ᠬᠣᠭᠤᠷᠤᠨᠳᠤ ᠪᠠᠨ ᠡᠴᠢᠭᠡ ᠦᠷ᠎ᠡ ᠬᠣᠭᠤᠷᠤᠨᠳᠤ ᠪᠠᠨ ᠂ ᠠᠢᠯ ᠰᠠᠭᠠᠬᠠᠯᠲᠠ ᠬᠣᠭᠤᠷᠤᠨᠳᠤ ᠪᠠᠨ ᠡᠶ᠎ᠡ ᠲᠠᠢ ᠡᠪᠲᠡᠢ ᠶᠠᠪᠤᠯᠴᠠᠬᠤ ᠪᠣᠯ ᠨᠢᠭᠡᠨ ᠪᠣᠯᠪᠠᠰᠤᠨ ᠰᠠᠢᠬᠠᠨ ᠰᠤᠷᠲᠠᠯ ᠮᠥᠨ ᠃ ᠬᠥᠮᠦᠰ ᠪᠡᠶ᠎ᠡ ᠪᠡᠶ᠎ᠡ ᠪᠠᠨ ᠬᠠᠷᠢᠯᠴᠠᠨ ᠬᠦᠨᠳᠦᠳᠭᠡᠵᠦ ᠂ ᠰᠡᠳᠭᠢᠯ ᠰᠠᠨᠠᠭ ᠪᠠᠨ ᠰᠤᠯᠢᠯᠴᠠᠵᠦ ᠂ ᠨᠠᠮ ᠲᠠᠭᠤᠨ ᠢᠶᠠᠷ ᠶᠠᠷᠢᠵᠤ ᠂ ᠵᠣᠪᠠᠵᠤ ᠪᠠᠢᠬᠤ ᠦᠶ᠎ᠡ ᠳᠤᠨᠢ ᠵᠣᠷᠢᠭ ᠢ ᠨᠢ ᠬᠥᠪᠴᠢᠯᠡᠵᠦ ᠂ ᠠᠭᠤᠷᠯᠠᠵᠤ ᠪᠠᠢᠬᠤ ᠦᠶ᠎ᠡ ᠳᠤᠨᠢ ᠲᠤᠰᠤᠨ ᠲᠡᠬᠡᠷ᠎ᠠ ᠦᠯᠦ ᠭᠠᠯ ᠨᠡᠮᠡᠬᠦ ᠂ ᠪᠠᠶᠠᠷᠯᠠᠵᠤ ᠪᠠᠢᠬᠤ ᠦᠶ᠎ᠡ ᠳᠤᠨᠢ ᠵᠢᠯᠤᠭᠤ ᠶᠢ ᠨᠢ ᠲᠠᠲᠠᠵᠤ ᠥᠭᠬᠦ ᠪᠣᠯ ᠪᠦᠷ ᠤᠷ᠎ᠠ ᠳᠠᠮ ᠮᠥᠨ ᠃ ᠪᠢᠳᠡ ᠣᠯᠠᠩᠬᠢ ᠳᠠᠭᠠᠨ ᠪᠣᠯᠪᠠᠰᠤᠨ ᠭᠡᠵᠦ ᠬᠡᠯᠡᠪᠡᠯ ᠲᠣᠮᠤ ᠶᠠᠭᠤᠮ᠎ᠠ ᠶᠢ ᠪᠤᠳᠤᠭᠠᠳ ᠣᠯᠳᠠᠭ ᠃ ᠦᠨᠡᠨ ᠳᠡᠭᠡᠨ ᠪᠣᠯᠪᠠᠰᠤᠨ ᠨᠢ ᠵᠢᠵᠢᠭ᠌ ᠰᠠᠵᠢᠭ ᠶᠠᠪᠤᠳᠠᠯ ᠡᠴᠡ ᠪᠦᠲᠦᠭᠰᠡᠨ ᠶᠤᠮ ᠃ ᠪᠣᠯᠪᠠᠰᠤᠨ ᠪᠣᠯ ᠦᠨᠡᠲᠡᠢ ᠮᠠᠰᠢᠨ ᠲᠡᠷᠭᠡ ᠪᠢᠰᠢ ᠬᠠᠷᠢᠨ ᠵᠠᠮ ᠤᠨ ᠨᠠᠷᠢᠨ ᠲᠦᠷᠢᠮ ᠮᠥᠨ ᠃

ᠬᠡᠷ ᠪᠦᠯᠢ ᠶᠢᠨ ᠬᠦᠴᠦᠷᠬᠡᠭᠯᠡᠯ ᠢ ᠡᠰᠡᠷᠭᠦᠴᠡᠬᠦ ᠳᠤ ᠪᠢᠳᠡ ᠵᠠᠪᠠᠯ ᠨᠠᠢᠷ ᠵᠢᠷᠤᠮ ᠢ ᠡᠷᠬᠢᠮᠯᠡᠬᠦ ᠬᠡᠷᠡᠭᠲᠡᠢ ᠃ ᠬᠥᠮᠦᠨ ᠤ ᠠᠮᠢᠳᠤᠷᠠᠯ ᠤᠨ ᠬᠥᠪᠡᠭᠡ ᠬᠢᠵᠠᠭᠠᠷ ᠦᠭᠡᠢ ᠣᠷᠴᠢᠯᠠᠩ ᠳᠤ ᠬᠣᠶᠠᠷ ᠬᠥᠮᠦᠨ ᠠᠢᠯ ᠬᠡᠷ ᠪᠣᠯᠤᠨ᠎ᠠ ᠭᠡᠭᠴᠢ ᠬᠡᠮᠵᠢᠶᠡᠯᠡᠰᠢ ᠦᠭᠡᠢ ᠬᠤᠪᠢ ᠢᠷᠦᠭᠡᠯ ᠮᠥᠨ ᠃ ᠡᠨᠡᠬᠦ ᠡᠷᠬᠢᠮ ᠨᠠᠨᠳᠢᠨ ᠬᠤᠪᠢ ᠢᠷᠦᠭᠡᠯ ᠨᠢ ᠬᠣᠶᠠᠷ ᠬᠥᠮᠦᠨ ᠢ ᠪᠡᠶ᠎ᠡ ᠰᠡᠳᠭᠢᠯ ᠤᠨ ᠬᠢᠵᠠᠭᠠᠷ ᠦᠭᠡᠢ ᠵᠣᠯ ᠵᠢᠷᠭᠠᠯ ᠤᠨ ᠳᠠᠯᠠᠢ ᠳᠤ ᠱᠤᠩᠪᠠᠭᠤᠯᠬᠤ ᠪᠠᠷ ᠪᠠᠷᠠᠬᠤ ᠦᠭᠡᠢ ᠬᠣᠶᠠᠷ ᠡᠲᠡᠭᠡᠳ ᠤᠨ ᠡᠴᠢᠭᠡ ᠡᠬᠡ ᠲᠥᠷᠦᠯ ᠰᠠᠳᠤᠨ ᠳᠤ ᠴᠤ ᠮᠠᠰᠢ ᠶᠡᠬᠡ ᠪᠠᠶᠠᠷ ᠨᠠᠢᠷ ᠢ ᠠᠪᠴᠢᠷᠠᠳᠠᠭ ᠶᠤᠮ ᠰᠢᠤ ᠃ ᠬᠡᠷᠪᠡ ᠭᠡᠷ ᠪᠦᠯᠢ ᠶᠢᠨ ᠬᠦᠴᠦᠷᠬᠡᠭᠯᠡᠯ ᠭᠠᠷᠭᠠᠬᠤ ᠳᠤ ᠬᠦᠷᠪᠡᠯ ᠬᠡᠴᠢᠨᠡᠨ ᠤᠯᠠᠨ ᠬᠥᠮᠦᠨ ᠤ ᠪᠡᠶ᠎ᠡ ᠰᠡᠳᠭᠢᠯ ᠢ ᠲᠠᠰᠢᠭᠤᠷᠳᠠᠵᠦ ᠰᠢᠷᠬᠠᠲᠤᠭᠤᠯᠬᠤ ᠶᠢ ᠪᠤᠳᠤᠭᠠᠴᠢ ︕ ᠬᠥᠮᠦᠨ ᠭᠡᠵᠦ ᠡᠨᠡ ᠬᠣᠷᠸ᠎ᠠ ᠳᠤ ᠨᠢᠬᠡᠯᠬᠡᠨ ᠤᠳᠠᠭ᠎ᠠ ᠢᠷᠡᠳᠡᠭ ᠶᠤᠮ ᠃ ᠠᠮᠢᠳᠤ ᠳᠠᠭᠠᠨ ᠪᠡᠶ᠎ᠡ ᠪᠡᠶ᠎ᠡ ᠪᠠᠨ ᠬᠠᠢᠷᠠᠯᠠᠵᠤ ᠂ ᠪᠤᠰᠤᠳ ᠤᠨ ᠬᠦᠨᠳᠦᠳᠭᠡᠯ ᠬᠠᠢᠷ᠎ᠠ ᠶᠢ ᠬᠦᠷᠳᠡᠨ᠎ᠠ ᠭᠡᠭᠴᠢ ᠬᠥᠮᠦᠨ ᠤ ᠰᠡᠳᠭᠢᠯ ᠳᠤ ᠮᠠᠰᠢ ᠪᠠᠶᠠᠷ ᠪᠠᠶᠠᠰᠬᠤᠯᠠᠡᠭ ᠲᠠᠢ ᠲᠥᠷᠦᠭᠳᠡᠯ ᠢ ᠣᠯᠭᠤᠳᠠᠭ ᠰᠢᠤ ᠃ ᠬᠠᠷᠢᠶᠠᠭᠳᠠᠵᠦ ᠶᠠᠪᠤᠬᠤ ᠶᠢᠨ ᠣᠷᠤᠨ ᠳᠤ ᠢᠷᠦᠬᠡᠭᠳᠡᠵᠦ ᠶᠠᠪᠤᠬᠤ ᠶᠢ ᠪᠤᠳᠤᠭᠠᠴᠢ ︕

ᠬᠡᠷ ᠪᠦᠯᠢ ᠶᠢᠨ ᠬᠦᠴᠦᠷᠬᠡᠭᠯᠡᠯ ᠢ ᠡᠰᠡᠷᠭᠦᠴᠡᠬᠦ ᠳᠤ ᠪᠢᠳᠡ ᠵᠠᠪᠠᠯ ᠬᠠᠤᠯᠢ ᠴᠠᠭᠠᠵᠠ ᠶᠢᠨ ᠵᠡᠪᠰᠡᠭ ᠢ ᠰᠠᠢᠲᠤᠷ ᠡᠵᠡᠮᠰᠢᠬᠦ ᠬᠡᠷᠡᠭᠲᠡᠢ ᠃ ᠪᠡᠶ᠎ᠡ ᠪᠠᠨ ᠮᠡᠳᠡᠬᠦ ᠭᠡᠬᠦ ᠪᠣᠯ ᠬᠥᠮᠦᠨ ᠪᠣᠯᠬᠤ ᠶᠢᠨ ᠬᠠᠮᠤᠭ ᠤᠨ ᠳᠥᠭᠦᠮ ᠬᠡᠮᠵᠢᠭᠦᠷ ᠮᠥᠨ ᠃ ᠡᠨᠡᠬᠦ ᠬᠡᠮᠵᠢᠭᠦᠷ ᠢ ᠡᠵᠡᠮᠰᠢᠵᠦ ᠳᠡᠢᠯᠬᠦ ᠦᠭᠡᠢ ᠪᠣᠯ ᠴᠢ ᠬᠥᠮᠦᠨ ᠡᠴᠡ ᠪᠠᠨ ᠭᠠᠷᠬᠤ ᠶᠤᠮ ᠃ ᠬᠥᠮᠦᠨ ᠡᠴᠡ ᠪᠠᠨ ᠭᠠᠷᠪᠠᠯ ᠬᠠᠤᠯᠢ ᠪᠠᠷ ᠬᠡᠯᠡᠯᠴᠡᠬᠦ ᠬᠡᠷᠡᠭᠲᠡᠢ ᠪᠣᠯᠤᠨ᠎ᠠ ᠃ ᠡᠨᠡ ᠪᠣᠯ ᠬᠣᠣᠷ ᠠᠮᠰᠠᠭᠴᠢ ᠡᠲᠡᠭᠡᠳ ᠤᠨ ᠥᠪᠡᠷ ᠢ ᠪᠠᠨ ᠬᠠᠮᠠᠭᠠᠯᠠᠬᠤ ᠬᠠᠮᠤᠭ ᠤᠨ ᠳᠥᠲᠡ ᠵᠠᠮ ᠪᠣᠯᠤᠨ᠎ᠠ ᠃ ᠪᠠᠰᠠᠴᠤ ᠬᠠᠮᠤᠭ ᠤᠨ ᠭᠣᠣᠯᠴᠢ ᠵᠠᠮ ᠪᠣᠯᠤᠨ᠎ᠠ ᠃ ᠡᠨᠡ ᠪᠣᠯ ᠨᠢᠭᠡᠨ ᠠᠢᠯ ᠬᠡᠷ ᠲᠤ ᠠᠪᠴᠤ ᠬᠡᠯᠡᠪᠡᠯ ᠠᠷᠭ᠎ᠠ ᠦᠭᠡᠢ ᠶᠢᠨ ᠠᠷᠭ᠎ᠠ ᠪᠣᠯᠤᠨ᠎ᠠ ᠃ ᠬᠥᠮᠦᠨ ᠪᠣᠯᠬᠤ ᠬᠡᠮᠵᠢᠭᠦᠷ ᠡᠴᠡ ᠳᠠᠪᠠᠭᠰᠠᠨ ᠂ ᠨᠠᠢᠷ ᠵᠢᠷᠤᠮ ᠦᠭᠡᠢ ᠪᠣᠯᠬᠤ ᠦᠶᠡᠰ ᠲᠡᠳᠡ ᠶᠠᠮᠠᠷᠴᠤ ᠶᠠᠪᠤᠳᠠᠯ ᠢ ᠬᠢᠵᠦ ᠮᠡᠳᠡᠬᠦ ᠲᠤᠯᠠ ᠡᠨᠡ ᠦᠶᠡᠰ ᠬᠠᠤᠯᠢ ᠴᠠᠭᠠᠵᠠ ᠶᠢᠨ ᠵᠡᠪᠰᠡᠭ ᠯᠡ ᠪᠢᠳᠡᠨ ᠳᠤ ᠬᠠᠮᠤᠭ ᠤᠨ ᠰᠠᠢᠨ ᠲᠦᠰᠢᠭ ᠪᠣᠯᠬᠤ ᠶᠤᠮ ᠃ ᠡᠢᠮᠦ ᠡᠴᠡ ᠬᠠᠤᠯᠢ ᠴᠠᠭᠠᠵᠠ ᠶᠢ ᠴᠢᠷᠮᠠᠢᠨ ᠰᠤᠷᠤᠯᠴᠠᠬᠤ ᠬᠡᠷᠡᠭᠲᠡᠢ ᠶᠤᠮ ᠃

《 ᠠᠮᠢᠳᠤ ᠳᠠᠭᠠᠨ ᠪᠡᠶ᠎ᠡ ᠪᠡᠶ᠎ᠡ ᠪᠠᠨ ᠬᠠᠢᠷᠠᠯᠠ ᠂ ᠬᠥᠮᠦᠰ ᠡ 》 ᠭᠡᠬᠦ ᠰᠢᠯᠦᠭ ᠢ ᠪᠢ ᠮᠠᠰᠢ ᠰᠣᠨᠤᠰᠬᠤ ᠳᠤᠷᠠᠲᠠᠢ ᠶᠤᠮ ᠃ ᠡᠢᠮᠦ ᠡᠴᠡ ᠲᠤᠰ ᠰᠢᠯᠦᠭ ᠢᠶᠠᠷ ᠵᠣᠬᠢᠶᠠᠯ ᠢᠶᠠᠨ ᠭᠠᠷᠴᠠᠭᠯᠠᠪᠠ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠥᠪᠦᠷ ᠮᠣᠩᠭᠤᠯ ᠥᠨᠳᠥᠰᠥᠲᠡᠨ ᠦ ᠰᠤᠷᠭᠠᠨ ᠬᠥᠮᠦᠵᠢᠯ ᠦᠨ ᠰᠦᠯᠵᠢᠶ᠎ᠡ ᠬᠡᠪᠯᠡᠯ ᠦᠨ ᠡᠷᠬᠡ ᠲᠡᠢ ᠃ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃