lt
ᠬᠢᠴᠢᠶᠡᠯᠯᠡᠭᠡ ᠶᠢᠨ ᠰᠢᠩᠭᠡᠭᠡᠯᠲᠡ
ᠱᠠᠭ᠎ᠠ ᠲᠣᠭᠯᠠᠭᠠᠮ ᠬᠢᠭᠡᠳ ᠬᠡᠦᠬᠡᠳ ᠤᠨ ᠬᠥᠮᠦᠵᠢᠯ
2015.12.15 ᠲᠣᠰ ᠥᠷᠲᠡᠭᠡᠨ ᠦ ᠨᠠᠢᠷᠠᠭᠤᠯᠤᠭᠴᠢ

                        ᠰᠦᠬᠡ

ᠮᠣᠩᠭᠤᠯ ᠦᠨᠳᠦᠰᠦᠲᠡᠨ ᠡᠷᠲᠡ ᠳᠡᠭᠡᠳᠦ ᠦᠶ᠎ᠡ ᠡᠴᠡ ᠠᠪᠤᠭᠠᠳ ᠥᠷᠭᠡᠨ ᠠᠭᠤᠳᠠᠮ ᠮᠣᠩᠭᠤᠯ ᠤᠨ ᠥᠨᠳᠦᠷᠯᠢᠭ ᠢᠶᠠᠷ ᠨᠡᠭᠦᠳᠡᠯᠯᠡᠨ ᠮᠠᠯᠵᠢᠵᠤ ᠂ ᠤᠨ ᠤᠳᠠᠭᠠᠨ ᠠᠵᠤ ᠳᠦᠷᠦᠨ ᠢᠷᠡᠭᠰᠡᠨ ᠢᠶᠠᠷ ᠪᠤᠰᠤᠳ ᠦᠨᠳᠦᠰᠦᠲᠡᠨ ᠡᠴᠡ ᠢᠯᠭᠠᠭᠳᠠᠬᠤ ᠪᠣᠯᠪᠠᠰᠤᠨ ᠰᠣᠶᠤᠯ ᠢ ᠡᠭᠦᠳᠦᠨ ᠪᠦᠳᠦᠭᠡᠵᠠᠢ ᠃ ᠡᠭᠦᠨ ᠤ ᠨᠢᠭᠡ ᠨᠢ ᠱᠠᠭ᠎ᠠ ᠲᠣᠭᠯᠠᠭᠠᠮ ᠪᠣᠯᠬᠤ ᠪᠥᠭᠡᠳ ᠱᠠᠭ᠎ᠠ ᠲᠣᠭᠯᠠᠭᠠᠮ ᠢᠶᠠᠷ ᠦᠷ᠎ᠡ ᠬᠡᠦᠬᠡᠳ ᠢᠶᠠᠨ ᠰᠤᠷᠭᠠᠵᠤ ᠬᠥᠮᠦᠵᠢᠭᠦᠯᠬᠦ ᠬᠥᠮᠦᠵᠢᠯ ᠶᠢᠨ ᠨᠢᠭᠡ ᠪᠣᠯᠭᠠᠵᠤ ᠢᠷᠡᠭᠰᠡᠨ ᠪᠢᠯᠡ ᠃ ᠱᠠᠭ᠎ᠠ ᠨᠢ ᠡᠷᠲᠡᠨ ᠤ ᠮᠣᠩᠭᠤᠯ ᠡᠪᠦᠭᠡ ᠳᠡᠭᠡᠳᠦᠰ ᠤᠨ ᠠᠪᠠ ᠠᠩᠨᠠᠯ ᠮᠠᠯᠵᠢᠯ ᠡᠴᠡ ᠡᠬᠢ ᠡᠭᠦᠰᠦᠯ ᠲᠠᠢ ᠪᠥᠭᠡᠳ ᠠᠩᠨᠠᠯ ᠮᠠᠯᠵᠢᠯ ᠤᠨ ᠠᠮᠢᠳᠤᠷᠠᠯ ᠢᠶᠠᠷ ᠵᠠᠭᠪᠦᠷ ᠪᠣᠯᠭᠠᠵᠤ ᠡᠭᠦᠰᠴᠦ ᠬᠥᠭᠵᠢᠭᠰᠡᠨ ᠣᠶᠤᠨ ᠤ ᠲᠣᠭᠯᠠᠭᠠᠮ ᠂ ᠬᠥᠮᠦᠰ ᠤᠨ ᠬᠥᠳᠡᠯᠮᠦᠷᠢ ᠶᠢᠨ ᠪᠦᠲᠦᠭᠡᠯ ᠮᠥᠨ ᠃ ᠱᠠᠭ᠎ᠠ ᠲᠣᠭᠯᠠᠭᠠᠮ ᠨᠢ ᠬᠥᠮᠦᠰ ᠲᠤ ᠬᠠᠮᠤᠭ ᠤᠨ ᠰᠠᠶᠢᠬᠠᠨ ᠬᠠᠪᠤ ᠴᠡᠩᠭᠡᠯ ᠤᠷᠮ᠎ᠠ ᠢᠲᠡᠭᠡᠯ ᠣᠯᠭᠤᠳᠠᠭ ᠪᠠᠶᠢᠭᠰᠡᠨ ᠡᠴᠡ ᠮᠣᠩᠭᠤᠯᠴᠤᠳ ᠤᠨ ᠡᠪᠦᠭᠡ ᠳᠡᠭᠡᠳᠦᠰ ᠤᠨ ᠦᠶ᠎ᠡ ᠳᠤ ᠠᠵᠤ ᠠᠮᠢᠳᠤᠷᠠᠯ ᠳᠤᠨᠢ ᠭᠦᠨ ᠨᠥᠯᠦᠭᠡ ᠦᠵᠡᠭᠦᠯᠦᠭᠰᠡᠨ ᠢᠶᠠᠷ ᠪᠠᠷᠠᠬᠤ ᠦᠭᠡᠢ ᠂ ᠥᠨᠦᠳᠦᠷ ᠲᠤ ᠬᠦᠷᠳᠡᠯ᠎ᠡ ᠮᠣᠩᠭᠤᠯᠴᠤᠳ ᠤᠨ ᠳᠤᠮᠳᠠ ᠤᠯᠠᠮᠵᠢᠯᠠᠭᠳᠠᠭᠰᠠᠭᠠᠷ ᠪᠠᠢᠨ᠎ᠠ ᠃ ᠲᠡᠶᠢᠮᠤ ᠳᠡᠭᠡᠨ ᠱᠠᠭ᠎ᠠ ᠲᠣᠭᠯᠠᠭᠠᠮ ᠨᠢ ᠮᠣᠩᠭᠤᠯᠴᠤᠳ ᠤᠨ ᠭᠡᠷ ᠪᠦᠯᠢ ᠶᠢᠨ ᠬᠥᠮᠦᠵᠢᠯ ᠤᠨ ᠴᠢᠬᠤᠯᠠ ᠠᠭᠤᠯᠭ᠎ᠠ ᠪᠣᠯᠵᠤ ᠂ ᠬᠡᠦᠬᠡᠳ ᠲᠡᠭᠡᠨ ᠱᠠᠭ᠎ᠠ ᠲᠣᠭᠯᠠᠭᠠᠮ ᠢ ᠰᠤᠷᠭᠠᠬᠤ ᠪᠠᠷ ᠳᠠᠮᠵᠢᠨ ᠣᠶᠤᠨ ᠤ ᠬᠥᠮᠦᠵᠢᠯ ᠬᠦᠷᠲᠡᠭᠡᠬᠦ ᠶᠢᠨ ᠬᠠᠮᠲᠤ ᠮᠣᠩᠭᠤᠯ ᠠᠮᠢᠳᠤᠷᠠᠯ ᠤᠨ ᠰᠠᠶᠢᠨ ᠰᠠᠶᠢᠬᠠᠨ ᠵᠦᠢᠯᠡᠰ ᠢ ᠬᠠᠷᠠᠬᠠᠨ ᠪᠠᠭ᠎ᠠ ᠡᠴᠡ ᠨᠢ ᠤᠶᠢᠯᠠᠭᠠᠭᠤᠯᠵᠤ ᠲᠠᠨᠢᠭᠤᠯᠤᠨ ᠂ ᠡᠭᠦᠨ ᠤ ᠤᠯᠠᠮ ᠢᠶᠠᠷ ᠬᠡᠦᠬᠡᠳ ᠲᠤ ᠨᠡᠢᠭᠡᠮ ᠢ ᠲᠠᠨᠢᠬᠤ ᠪᠠ ᠨᠡᠢᠭᠡᠮ ᠲᠠᠢ ᠵᠣᠬᠢᠴᠠᠬᠤ ᠴᠢᠳᠠᠪᠤᠷᠢ ᠶᠢ ᠰᠤᠷᠭᠠᠳᠠᠭ ᠃ ᠱᠠᠭ᠎ᠠ ᠭᠡᠳᠡᠭ ᠨᠢ ᠬᠣᠨᠢ ᠂ ᠢᠮᠠᠭ᠎ᠠ ᠂ ᠦᠬᠡᠷ ᠂ ᠵᠡᠭᠡᠷ᠎ᠡ ᠭᠦᠷᠤᠭᠡᠰᠦ ᠂ ᠠᠷᠭᠠᠯᠢ ᠤᠭᠠᠯᠵᠠ ᠂ ᠪᠤᠭᠤ ᠂ ᠢᠷᠪᠢᠰ ᠂ ᠴᠢᠨᠸ᠎ᠠ ᠵᠡᠷᠭᠡ ᠠᠷᠢᠶᠠᠲᠠᠨ ᠤ ᠬᠤᠶᠢᠳᠦ ᠬᠥᠯ ᠤᠨ ᠱᠠᠭᠠᠨᠳᠦ ᠶᠢᠨ ᠶᠠᠰᠦᠨ ᠤ ᠨᠠᠷᠢᠨ ᠦᠵᠦᠭᠦᠷ ᠲᠤ ᠪᠠᠢᠳᠠᠭ ᠵᠢᠷᠭᠤᠭᠠᠨ ᠲᠠᠯ᠎ᠠ ᠲᠠᠢ ᠵᠢᠵᠢᠭ᠌ ᠶᠠᠰᠤ ᠶᠢ ᠬᠡᠯᠡᠨ᠎ᠡ ᠃ ᠨᠡᠢᠲᠡ ᠮᠣᠩᠭᠤᠯ ᠣᠷᠤᠨ ᠤ ᠬᠥᠮᠦᠨ ᠠᠷᠠᠳ ᠤᠨ ᠳᠣᠲᠤᠷ᠎ᠠ ᠱᠠᠭ᠎ᠠ ᠶᠢᠨ ᠨᠡᠷ᠎ᠡ ᠨᠡᠷᠠᠶᠢᠳᠤᠯ ᠨᠢ ᠴᠥ ᠰᠠᠭᠤᠭ᠎ᠠ ᠭᠠᠵᠠᠷ ᠣᠷᠤᠨ ᠤ ᠣᠷᠴᠢᠨ ᠲᠣᠭᠤᠷᠢᠨ ᠂ ᠰᠣᠶᠤᠯ ᠂ ᠠᠵᠤ ᠠᠬᠤᠢ ᠵᠢᠴᠢ ᠵᠠᠩ ᠳᠠᠳᠭᠠᠯ ᠡᠴᠡ ᠰᠢᠯᠳᠠᠭᠠᠯᠠᠭᠳᠠᠵᠤ ᠂ ᠵᠠᠷᠢᠮ ᠲᠠᠯ᠎ᠠ ᠪᠠᠷ ᠵᠥᠷᠢᠶ᠎ᠡ ᠲᠠᠢ ᠳᠠᠭᠤᠳᠠᠬᠤ ᠪᠣᠯᠪᠠᠴᠤ ᠶᠡᠬᠡ ᠲᠥᠯᠦᠪ ᠲᠡᠭᠡᠨ ᠪᠦᠷ ᠠᠳᠠᠯᠢᠬᠠᠨ ᠪᠠᠢᠳᠠᠭ ᠃ ᠵᠢᠱᠢᠶᠡᠯᠡᠪᠡᠯ ᠱᠠᠭ᠎ᠠ ᠶᠢᠨ ᠮᠣᠷᠢᠨ ᠲᠠᠯ᠎ᠠ ᠶᠢᠨ ᠬᠣᠰᠢᠭᠤᠯᠵᠢᠨ ᠴᠤᠪᠤᠶᠢᠭᠰᠠᠨ ᠶᠠᠰᠤ ᠪᠠᠷ ᠨᠢ ᠬᠦᠢᠰᠦ ᠢᠯᠭᠠᠵᠤ ᠂ ᠮᠣᠷᠢ ( ᠡᠷ᠎ᠡ ) ᠂ ᠭᠡᠭᠦᠦ ᠭᠡᠵᠦ ᠳᠠᠭᠤᠳᠠᠳᠠᠭ ᠃ ᠬᠣᠰᠢᠭᠤᠯᠵᠢᠨ ᠴᠤᠪᠤᠶᠢᠭᠰᠠᠨ ᠶᠠᠰᠤ ᠵᠦᠪ ᠲᠠᠰᠢ ᠬᠠᠨᠳᠦᠭᠰᠠᠨ ᠪᠣᠯ ᠭᠡᠭᠦᠦ ᠂ ᠢᠩᠭᠡ ᠂ ᠡᠮ᠎ᠡ ᠬᠣᠨᠢ ᠂ ᠡᠮ᠎ᠡ ᠢᠮᠠᠭ᠎ᠠ ᠭᠡᠵᠦ ᠪᠤᠷᠤᠭᠤ ᠲᠡᠰᠢ ᠬᠠᠨᠳᠤᠭᠰᠠᠨ ᠢ ᠮᠣᠷᠢ ᠂ ᠠᠳᠠ ᠂ ᠡᠷ᠎ᠡ ᠬᠣᠨᠢ ᠂ ᠡᠷ᠎ᠡ ᠢᠮᠠᠭ᠎ᠠ ᠭᠡᠬᠦ ᠮᠡᠲᠦ ᠪᠠᠷ ᠨᠡᠷᠡᠯᠡᠵᠦ ᠳᠠᠭᠤᠳᠠᠳᠠᠭ ᠃ ᠡᠭᠦᠨ ᠡᠴᠡ ᠮᠣᠩᠭᠤᠯᠴᠤᠳ ᠲᠠᠪᠤᠨ ᠬᠣᠰᠢᠭᠤ ᠮᠠᠯ ᠢᠶᠠᠷ ᠲᠤᠰ ᠲᠤᠰ ᠱᠠᠭ᠎ᠠ ᠶᠢᠨ ᠠᠳᠠᠯᠢ ᠪᠤᠰᠤ ᠲᠠᠯ᠎ᠠ ᠶᠢ ᠳᠦᠯᠦᠭᠡᠯᠡᠭᠦᠯᠦᠨ ᠨᠡᠷᠡᠯᠡᠵᠦ ᠂ ᠱᠠᠭ᠎ᠠ ᠲᠣᠭᠯᠠᠭᠠᠮ ᠢ ᠡᠬᠦᠰᠭᠡᠭᠰᠡᠨ ᠨᠢ ᠮᠣᠩᠭᠤᠯᠴᠤᠳ ᠤᠨ ᠦᠢᠯᠡᠳᠪᠦᠷᠢᠯᠡᠯ ᠠᠵᠢᠯᠯᠠᠭ᠎ᠠ ᠲᠠᠢ ᠨᠢᠭᠲᠠ ᠬᠣᠯᠪᠤᠭᠳᠠᠯ ᠲᠠᠢ ᠪᠠᠢᠬᠤ ᠶᠢ ᠣᠯᠵᠤ ᠬᠠᠷᠠᠨ᠎ᠠ ᠃ ᠲᠡᠢᠮᠦ ᠳᠡᠭᠡᠨ ᠬᠡᠦᠬᠡᠳ ᠲᠡᠭᠡᠨ ᠮᠠᠯᠵᠢᠯ ᠠᠮᠢᠳᠤᠷᠠᠯ ᠤᠨ ᠪᠠᠢᠳᠠᠯ ᠢᠶᠠᠨ ᠬᠠᠷᠠᠬᠠᠨ ᠪᠠᠭ᠎ᠠ ᠡᠴᠡ ᠨᠢ ᠬᠡᠦᠬᠡᠳ ᠤᠨ ᠬᠦᠯᠢᠶᠡᠨ ᠠᠪᠴᠤ ᠴᠢᠳᠠᠬᠤ ᠰᠣᠨᠢᠷᠬᠠᠯᠲᠠᠢ ᠱᠠᠭ᠎ᠠ ᠲᠣᠭᠯᠠᠭᠠᠮ ᠢ ᠨᠠᠭᠠᠳᠤᠭᠤᠯᠬᠤ ᠪᠠᠷ ᠳᠠᠮᠵᠢᠨ ᠮᠡᠳᠡᠭᠦᠯᠵᠤ ᠂ ᠮᠣᠩᠭᠤᠯ ᠰᠣᠶᠤᠯ ᠢ ᠦᠷ᠎ᠡ ᠬᠡᠦᠬᠡᠳ ᠲᠡᠭᠡᠨ ᠲᠠᠨᠢᠭᠤᠯᠬᠤ ᠳᠤ ᠱᠠᠭ᠎ᠠ ᠲᠣᠭᠯᠠᠭᠠᠮ ᠢᠶᠠᠷ ᠰᠤᠷᠭᠠᠵᠤ ᠪᠠᠢᠭ᠎ᠠ ᠶᠢ ᠣᠯᠵᠤ ᠬᠠᠷᠠᠨ᠎ᠠ ᠃ ᠱᠠᠭ᠎ᠠ ᠨᠢᠰᠠᠯᠬᠤ (ᠬᠠᠷᠪᠤᠬᠤ ) ᠲᠣᠭᠯᠠᠭᠠᠮ ︱ ᠤᠷᠤᠯᠳᠤᠭᠠᠨ ᠳᠤ ᠣᠷᠤᠯᠴᠠᠬᠤ ᠬᠥᠮᠦᠰ ᠠᠳᠠᠯᠢ ᠲᠣᠭᠠᠨ ᠤ ᠨᠡᠯᠢᠶᠡᠳ ᠱᠠᠭ᠎ᠠ ᠤᠷᠢᠳᠠᠪᠠᠷ ᠬᠠᠶᠠᠨ᠎ᠠ ᠂ ᠬᠡᠨ ᠨᠢ ᠤᠯᠠᠨ ᠮᠣᠷᠢ ᠪᠣᠰᠭᠠᠭᠰᠠᠨ ᠪᠣᠯ ᠲᠡᠰ ᠳᠠᠷᠠᠭᠠᠯᠠᠨ ᠬᠠᠶᠠᠵᠤ ᠡᠭᠡᠯᠵᠢ ᠪᠠᠨ ᠲᠣᠭᠲᠠᠭᠠᠨ ᠲᠡᠰ ᠳᠠᠷᠠᠭᠠᠯᠠᠨ ᠰᠠᠭᠤᠨ᠎ᠠ ᠃ ᠨᠠᠷᠠ ᠵᠦᠪ ᠡᠷᠭᠢᠬᠦ ᠵᠢᠷᠤᠮ ᠢᠶᠠᠷ ᠡᠬᠢᠯᠡᠵᠦ ᠨᠠᠭᠠᠳᠤᠨ᠎ᠠ ᠃ ᠵᠠᠷᠢᠮ ᠭᠠᠵᠠᠷ ᠨᠠᠷᠠ ᠵᠦᠪ ᠡᠷᠭᠢᠵᠦ ᠂ ᠨᠠᠭᠠᠳᠤᠮ ᠪᠤᠷᠤᠭᠤ ᠡᠷᠭᠢᠨ᠎ᠠ ᠬᠡᠮᠡᠨ ᠨᠠᠭᠠᠳᠤᠨ᠎ᠠ ᠃ ᠬᠥᠮᠦᠨ ᠪᠦᠬᠦᠨ ᠠᠳᠠᠯᠢ ᠲᠣᠭᠠᠨ ᠤ ᠱᠠᠭ᠎ᠠ ᠭᠠᠷᠭᠠᠨ ᠲᠦᠷᠦᠭᠦᠦ ᠡᠭᠡᠯᠵᠢ ᠶᠢᠨ ᠬᠥᠮᠦᠨ ᠱᠠᠭ᠎ᠠ ᠪᠠᠨ ᠬᠠᠶᠠᠵᠤ ᠮᠣᠷᠢ ᠪᠤᠰᠪᠡᠯ ᠬᠠᠷᠪᠤᠯ ᠦᠭᠡᠢ ᠠᠪᠴᠤ ᠳᠠᠷᠠᠭ᠎ᠠ ᠨᠢ ᠬᠣᠨᠢ ᠶᠢ ᠬᠣᠨᠢ ᠲᠠᠢ ᠂ ᠢᠮᠠᠭ᠎ᠠ ᠨᠢ ᠢᠮᠠᠭ᠎ᠠ ᠲᠠᠢ ᠂ ᠲᠡᠮᠡᠭᠡ ᠨᠢ ᠲᠡᠮᠡᠭᠡ ᠲᠠᠢ ᠂ ᠬᠦᠨᠳᠡᠭᠡᠬᠦ ᠦᠭᠡᠢ ᠨᠢᠰᠠᠯᠤᠨ ᠤᠨᠤᠭᠠᠵᠦ ᠠᠪᠤᠨ᠎ᠠ ᠃ ᠬᠡᠨ ᠬᠡᠷᠪᠡ ᠬᠤᠪᠢᠳᠡᠵᠦ ᠠᠪᠤᠭᠰᠠᠨ ᠱᠠᠭ᠎ᠠ ᠨᠢ ᠪᠠᠢᠬᠤ ᠦᠭᠡᠢ ᠪᠣᠯᠪᠠᠯ ᠱᠦᠭᠦᠭᠳᠡᠨ᠎ᠡ ᠃ ᠱᠠᠭ᠎ᠠ ᠨᠠᠭᠠᠳᠤᠮ ᠳᠤ ᠶᠡᠷᠦᠩᠬᠡᠢ ᠲᠤᠭᠳᠡᠭᠰᠡᠨ ᠵᠢᠷᠤᠮ ᠲᠦᠷᠢᠮ ᠪᠡᠶᠢᠬᠤ ᠡᠴᠡ ᠭᠠᠳᠠᠨ᠎ᠠ ᠲᠤᠬᠠᠢ ᠶᠢᠨ ᠴᠠᠭ ᠲᠤᠨᠢ ᠲᠦᠷᠢᠮ ᠲᠣᠭᠲᠠᠭᠠᠨ ᠪᠣᠯᠪᠠᠰᠤᠨ ᠶᠣᠰᠤᠷᠬᠠᠭ ᠢ ᠡᠷᠬᠢᠮᠯᠡᠨ ᠨᠠᠭᠠᠳᠳᠠᠭ ᠃ ᠨᠢᠰᠡᠯᠤᠭᠰᠡᠨ ᠭᠠᠷ ᠢᠶᠠᠷ ᠱᠠᠭ᠎ᠠ ᠪᠠᠨ ᠠᠪᠴᠤ ᠪᠣᠯᠬᠤ ᠦᠭᠡᠢ ᠃ ᠱᠠᠭ᠎ᠠ ᠪᠠᠨ ᠬᠥᠨᠳᠡᠵᠦ ᠪᠣᠯᠬᠤ ᠦᠭᠡᠢ ᠃ ᠱᠠᠭ᠎ᠠ ᠲᠠᠢ ᠭᠠᠷ ᠢᠶᠠᠷ ᠢᠶᠠᠨ ᠱᠠᠭ᠎ᠠ ᠠᠪᠴᠤ ᠪᠣᠯᠬᠤ ᠦᠭᠡᠢ ᠃ ᠨᠢᠰᠡᠯᠤᠭᠰᠡᠨ ᠱᠠᠭ᠎ᠠ ᠪᠤᠰᠦᠳ ᠱᠠᠭ᠎ᠠ ᠶᠢ ᠬᠥᠨᠳᠡᠵᠦ ᠪᠣᠯᠬᠤ ᠦᠭᠡᠢ ᠃ ᠭᠤᠷᠪᠠ ᠡᠴᠡ ᠳᠡᠭᠡᠭᠰᠢ ᠱᠠᠭ᠎ᠠ ᠶᠢ ᠬᠠᠶᠠᠬᠤ ᠦᠶᠡᠰ ᠢᠵᠢᠯ ᠪᠣᠯᠪᠠᠯ ᠪᠤᠯᠢᠶᠡᠯᠳᠤᠨ ᠠᠪᠴᠤ ᠪᠣᠯᠤᠨ᠎ᠠ ᠃ ᠮᠣᠷᠢ ᠪᠤᠰᠪᠡᠯ ᠪᠤᠯᠢᠶᠡᠯᠳᠤᠵᠦ ᠪᠣᠯᠬᠤ ᠦᠭᠡᠢ ᠂ ᠬᠠᠶᠠᠭᠰᠡᠨ ᠬᠥᠮᠦᠨ ᠪᠦᠬᠦᠨ ᠢ ᠠᠪᠦᠨ᠎ᠠ ᠃ ᠬᠣᠶᠠᠷ ᠢᠵᠢᠯ ᠱᠠᠭ᠎ᠠ ᠶᠢᠨ ᠳᠤᠮᠳᠠ ᠥᠭᠡᠷ᠎ᠡ ᠨᠢᠭᠡ ᠱᠠᠭ᠎ᠠ ᠪᠠᠢᠵᠤ ᠂ ᠨᠢᠰᠠᠯᠬᠤ ᠱᠠᠭ᠎ᠠ ᠦᠭᠡᠢ ᠪᠣᠯᠪᠠᠯ ᠲᠡᠭᠡᠭᠡᠵᠦ ᠪᠣᠯᠤᠨ᠎ᠠ ᠃ ( ᠲᠡᠭᠡᠭᠡᠬᠦ ︱ ᠪᠠᠷᠠᠭᠤᠨ ᠭᠠᠷ ᠤᠨ ᠡᠷᠡᠬᠡᠢ ᠬᠤᠷᠤᠭᠤ ᠪᠠᠷ ᠡᠷᠭᠦᠵᠦ ᠂ ᠨᠥᠭᠦᠭᠡ ᠱᠠᠭ᠎ᠠ ᠳᠤ ᠤᠨᠤᠭᠠᠵᠦ ᠲᠡᠶᠢᠯᠪᠡᠯ ᠪᠣᠯᠴᠢᠬᠠᠨ᠎ᠠ ᠃ ) ᠡᠨᠡᠬᠦ ᠨᠠᠭᠠᠳᠬᠤ ᠠᠷᠭ᠎ᠠ ᠳᠤ ᠬᠡᠦᠬᠡᠳ ᠤᠳ ᠣᠶᠤᠨ ᠲᠠᠷᠢᠬᠢ ᠪᠠᠨ ᠬᠥᠳᠡᠯᠭᠡᠭᠡᠨ ᠂ ᠬᠠᠷᠠᠬᠠᠨ ᠪᠠᠭ᠎ᠠ ᠡᠴᠡ ᠪᠠᠨ ᠮᠣᠩᠭᠤᠯᠴᠤᠳ ᠤᠨ ᠠᠩ ᠠᠩᠨᠠᠯ ᠤᠨ ᠠᠮᠢᠳᠤᠷᠠᠯ ᠤᠨ ᠬᠠᠷᠪᠤᠵᠤ ᠨᠠᠮᠨᠠᠬᠤ ᠠᠷᠭ᠎ᠠ ᠶᠢ ᠱᠠᠭ᠎ᠠ ᠨᠠᠭᠠᠳᠬᠤ ᠪᠠᠷ ᠳᠠᠮᠵᠢᠨ ᠰᠤᠷᠭᠠᠮᠵᠢᠯᠠᠨ ᠠᠪᠴᠤ ᠂ ᠤᠨᠤᠭᠠᠨ ᠨᠢᠰᠠᠯᠬᠤ ᠳᠤ ᠲᠣᠭᠲᠠᠭᠠᠭᠰᠠᠨ ᠶᠣᠰᠤ ᠵᠢᠷᠤᠮ ᠨᠢ ᠨᠢᠭᠡ ᠲᠠᠯ᠎ᠠ ᠪᠠᠷ ᠬᠡᠦᠬᠡᠳ ᠤᠨ ᠶᠣᠰᠤ ᠵᠢᠷᠤᠮ ᠢ ᠲᠠᠭᠠᠬᠤ ᠬᠥᠮᠦᠵᠢᠯ ᠢ ᠬᠢᠬᠦ ᠪᠥᠭᠡᠳ ᠡᠭᠦᠨ ᠤ ᠤᠯᠠᠮ ᠡᠴᠡ ᠨᠠᠭᠠᠳᠤᠮ ᠳᠤ ᠶᠣᠰᠤ ᠵᠢᠷᠤᠮ ᠢ ᠲᠠᠭᠠᠵᠤ ᠪᠠᠢᠲᠠᠯ᠎ᠠ ᠨᠡᠩ ᠴᠢᠨᠠᠭᠰᠢᠯᠠᠪᠠᠯ ᠠᠯᠢᠪᠠ ᠤᠴᠢᠷ ᠶᠠᠪᠤᠳᠠᠯ ᠢ ᠪᠡᠶᠡᠯᠠᠭᠦᠯᠬᠦ ᠳᠤ ᠴᠥᠮ ᠶᠣᠰᠤ ᠵᠢᠷᠤᠮ ᠲᠠᠢ ᠪᠠᠢᠬᠤ ᠬᠥᠮᠦᠵᠢᠯ ᠢ ᠣᠯᠵᠤ ᠪᠣᠯᠬᠤ ᠶᠤᠮ ᠃ ᠮᠣᠷᠢ ᠤᠷᠤᠯᠳᠤᠬᠤ ᠲᠣᠭᠯᠠᠭᠠᠮ ︱ ᠲᠤᠰ ᠲᠣᠭᠯᠠᠭᠠᠮ ᠳᠤ ᠣᠷᠤᠯᠴᠠᠬᠤ ᠬᠥᠮᠦᠨ ᠤ ᠲᠣᠭ᠎ᠠ ᠶᠢ ᠬᠢᠵᠠᠭᠠᠷᠯᠠᠬᠤ ᠦᠭᠡᠢ ᠃ ᠤᠷᠢᠳᠠᠪᠠᠷ ᠨᠢᠭᠡ ᠪᠦᠯᠦᠭ ᠱᠠᠭ᠎ᠠ ᠪᠠᠷ ᠤᠪᠤᠭ᠎ᠠ ᠪᠣᠰᠭᠠᠨ ᠂ ᠤᠪᠤᠭ᠎ᠠ ᠬᠦᠷᠲᠡᠯ᠎ᠡ ᠱᠠᠭ᠎ᠠ ᠶᠢᠨ ᠣᠯᠠᠨ ᠴᠥᠭᠡᠨ ᠢ ᠦᠨᠳᠦᠰᠦᠯᠡᠵᠦ ᠂ 1 ︱ 3 ᠲᠣᠬᠤᠢ ᠣᠷᠴᠢᠮ ᠴᠤᠪᠤᠷᠠᠭᠤᠯᠳᠠᠭ ᠃ ( ᠳᠤᠭᠤᠢ ᠪᠣᠯᠭᠠᠨ ᠴᠤᠪᠤᠷᠠᠭᠤᠯᠵᠦ ᠪᠣᠯᠤᠨ᠎ᠠ ) ᠢᠩᠭᠡᠭᠡᠳ ᠥᠪᠡᠷ ᠥᠪᠡᠷ ᠤᠨ ᠱᠠᠭ᠎ᠠ ( ᠨᠡᠷ᠎ᠡ ᠬᠠᠶᠢᠷᠠᠯᠭᠰᠡᠨ ᠰᠠᠶᠢᠬᠠᠨ ᠮᠣᠷᠢ )ᠪᠠᠨ ᠡᠬᠢᠯᠡᠯᠲᠡ ᠶᠢᠨ ᠴᠡᠭ ᠤᠨ ᠦᠵᠦᠭᠦᠷ ᠲᠤ ᠪᠤᠷᠤᠭᠤ ᠬᠠᠨᠳᠦᠭᠤᠯᠤᠨ ᠲᠠᠯᠪᠢᠨ᠎ᠠ ᠃ ᠳᠠᠷᠠᠭ᠎ᠠ ᠨᠢ ᠬᠠᠶᠠᠬᠤ ᠡᠭᠡᠯᠵᠢ ᠪᠠᠨ ᠲᠣᠭᠲᠠᠭᠠᠨ ᠂ 4 ᠱᠠᠭ᠎ᠠ ᠣᠷᠬᠢᠵᠤ ᠬᠡᠳᠦᠨ ᠮᠣᠷᠢ ᠪᠠᠭᠤᠪᠠᠯ ᠬᠡᠳᠦᠨ ᠱᠠᠭ᠎ᠠ ᠰᠢᠯᠵᠢᠭᠦᠯᠦᠨ ᠂ ᠬᠡᠨ ᠤ ᠬᠢᠨᠢ ᠤᠷᠤᠯᠳᠤᠭᠠᠨ ᠤ ᠮᠣᠷᠢ ᠣᠪᠤᠭᠠᠨ ᠤ ᠵᠠᠬ᠎ᠠ ᠳᠤ ᠬᠦᠷᠪᠡᠯ ᠤᠪᠤᠭ᠎ᠠ ᠶᠢ ᠭᠤᠷᠪᠠ ᠲᠣᠭᠤᠷᠢᠭᠤᠯᠤᠨ ᠡᠷᠭᠢᠭᠦᠯᠵᠦ ᠲᠡᠷᠢᠭᠦᠯᠦᠭᠰᠡᠨ ᠪᠣᠯᠳᠠᠭ ᠃ ᠨᠠᠭᠠᠳᠬᠤ ᠵᠢᠷᠤᠮ ᠲᠦᠷᠢᠮ ᠳᠤ ᠭᠣᠣᠯ ᠨᠢ ᠱᠠᠭ᠎ᠠ ᠬᠠᠶᠠᠬᠤ ᠲᠡᠰ ᠲᠠᠷᠠᠭᠠᠯᠡᠯ ᠢ ᠲᠣᠭᠲᠠᠭᠠᠬᠤ ᠦᠶᠡᠰ ᠨᠡᠯᠢᠶᠡᠳ ᠱᠠᠭ᠎ᠠ ᠪᠤᠶᠤ ᠭᠠᠭᠴᠠ ᠱᠠᠭ᠎ᠠ ᠣᠷᠬᠢᠬᠤ ᠠᠷᠭ᠎ᠠ ᠶᠢ ᠬᠡᠷᠡᠭᠯᠡᠨ᠎ᠠ ᠃ ᠮᠣᠷᠢ ᠂ ᠲᠡᠮᠡᠭᠡ ᠂ ᠬᠣᠨᠢ ᠂ ᠢᠮᠠᠭ᠎ᠠ ᠲᠠᠷᠠᠭᠠᠯᠡᠨ ᠪᠠᠭᠤᠬᠤ ᠪᠠᠷ ᠲᠣᠭᠲᠠᠭᠠᠵᠤ ᠪᠣᠯᠤᠨ᠎ᠠ ᠃ ᠡᠬᠢᠯᠡᠭᠡᠳ ᠪᠠᠭᠤᠬᠤ ᠳᠤ ᠨᠢᠭᠡ ᠮᠣᠷᠢ ᠪᠠᠭᠤᠪᠠᠯ ᠥᠪᠡᠷ ᠤᠨ ᠮᠣᠷᠢ ᠶᠢ 《 ᠮᠣᠷᠢ ᠡᠷᠬᠢᠯ᠎ᠡ 》 ᠭᠡᠵᠦ ᠤᠷᠤᠯᠳᠤᠬᠤ ᠵᠢᠵᠢᠭ᠌ ᠲᠡᠰᠢ ᠡᠷᠭᠢᠭᠦᠯᠤᠨ᠎ᠠ ᠃ ᠭᠠᠭᠴᠠ ᠴᠦ ᠮᠣᠷᠢ ᠪᠠᠭᠤᠬᠤ ᠦᠭᠡᠢ ᠪᠣᠯ ᠮᠣᠷᠢ ᠡᠷᠭᠢᠬᠦ ᠴᠦ ᠦᠭᠡᠢ ᠳᠠᠷᠠᠭ᠎ᠠ ᠶᠢᠨ ᠬᠡᠦᠬᠡᠳ ᠤᠷᠬᠢᠨ᠎ᠠ ᠃ ᠬᠣᠶᠠᠷ ᠮᠣᠷᠢ ᠪᠠᠭᠤᠪᠠᠯ ᠴᠤᠪᠤᠭᠤᠯᠤᠭᠰᠡᠨ ᠰᠡᠭᠦᠯᠴᠢ ᠶᠢᠨ ᠱᠠᠭ᠎ᠠ ᠲᠠᠢ ᠵᠡᠷᠭᠡᠴᠡᠭᠦᠯᠤᠨ᠎ᠠ ᠃ ᠬᠣᠶᠠᠷ ᠭᠤᠷᠪᠠᠨ ᠬᠡᠦᠬᠡᠳ ᠱᠠᠭ᠎ᠠ ᠶᠢᠨ ᠶᠡᠬᠡ ᠪᠠᠭ᠎ᠠ ᠪᠠᠷ ᠨᠢ ᠢᠯᠭᠠᠵᠤ ᠂ ᠪᠦᠳᠦᠭᠦᠨ ᠮᠣᠷᠢ ᠂ ᠲᠠᠭ᠎ᠠ ᠂ ᠰᠢᠳᠦᠯᠡᠩ ᠂ ᠬᠢᠵᠢᠶᠡᠯᠡᠩ ᠭᠡᠬᠦᠴᠢᠯᠡᠨ ᠬᠡᠳᠦᠨ ᠮᠣᠷᠢ ᠶᠢ ᠬᠠᠮᠲᠤ ᠤᠷᠤᠯᠳᠤᠭᠤᠯᠵᠦ ᠪᠣᠯᠤᠨ᠎ᠠ ᠃ ( ᠱᠠᠭ᠎ᠠ ᠶᠢᠨ ᠶᠡᠬᠡ ᠪᠠᠭ᠎ᠠ ᠶᠢ ᠠᠩᠬᠠᠷᠤᠨ᠎ᠠ ) ᠬᠡᠳᠦᠨ ᠮᠣᠷᠢ ᠤᠷᠤᠯᠳᠤᠭᠤᠯᠪᠠᠯ ᠤᠷᠤᠯᠳᠤᠭᠤᠯᠤᠭᠰᠠᠨ ᠮᠣᠷᠢ ᠪᠣᠯᠭᠠᠨ ᠳᠤ ᠨᠢᠭᠡ ᠤᠳᠠᠭ᠎ᠠ ᠱᠠᠭ᠎ᠠ ᠬᠠᠶᠠᠨ᠎ᠠ ᠃ ᠥᠪᠡᠷ ᠥᠪᠡᠷ ᠢᠶᠠᠨ ᠰᠠᠶᠢᠬᠠᠨ ᠮᠣᠷᠢ ᠪᠣᠰᠳᠠᠭ ᠱᠠᠭ᠎ᠠ ᠶᠢ ᠵᠠᠰᠠᠨ ᠴᠢᠮᠡᠭᠯᠡᠵᠦ ᠨᠠᠭᠠᠳᠳᠠᠭ ᠂ ᠥᠭᠡᠷ᠎ᠡ ᠬᠥᠮᠦᠨ ᠳᠤ ᠬᠡᠷᠡᠭᠯᠡᠭᠦᠯᠭᠦ ᠦᠭᠡᠢ ᠪᠠᠢᠳᠠᠭ ᠃ ᠤᠷᠤᠯᠳᠤᠬᠤ ᠨᠢ ᠮᠣᠷᠢ ᠪᠠᠢᠬᠤ ᠶᠢ ᠠᠩᠬᠠᠷᠤᠨ᠎ᠠ ᠃ ᠡᠮᠬᠢ ᠳᠢᠭ᠍ᠯᠢᠮ ᠲᠠᠢ ᠲᠡᠰ ᠲᠠᠷᠠᠭᠠᠯᠡᠨ ᠬᠡᠯᠡ ᠠᠮᠠ ᠦᠭᠡᠢ ᠨᠠᠭᠠᠳᠬᠤ ᠵᠢᠷᠤᠮ ᠲᠠᠢ ᠃ ᠲᠤᠰ ᠨᠠᠭᠠᠳᠬᠤ ᠠᠷᠭ᠎ᠠ ᠨᠢ ᠬᠡᠦᠬᠡᠳ ᠪᠠᠭᠠᠴᠤᠳ ᠮᠣᠩᠭᠤᠯ ᠦᠨᠳᠦᠰᠦᠲᠡᠨ ᠤ ᠡᠷ᠎ᠡ ᠶᠢᠨ ᠭᠤᠷᠪᠠᠨ ᠨᠠᠭᠠᠳᠤᠮ ᠤᠨ ᠨᠢᠭᠡ ᠪᠣᠯᠬᠤ ᠮᠣᠷᠢ ᠤᠷᠤᠯᠳᠤᠬᠤ ᠮᠦᠷᠦ᠋ᠢᠴᠡᠭᠡᠨ ᠳᠤ ᠣᠢᠯᠠᠭᠠᠯᠲᠠ ᠲᠠᠢ ᠪᠣᠯᠵᠤ ᠂ ᠦᠨᠳᠦᠰᠦᠲᠡᠨ ᠤ ᠪᠠᠨ ᠨᠠᠭᠠᠳᠤᠮ ᠳᠤ ᠪᠠᠬᠠᠷᠬᠠᠯ ᠲᠠᠢ ᠪᠣᠯᠬᠤ ᠪᠥᠭᠡᠳ ᠬᠡᠦᠬᠡᠳ ᠤᠳ ᠤᠨ ᠴᠢᠯᠦᠭᠡᠲᠡᠢ ᠪᠠᠷ ᠰᠡᠳᠭᠢᠨ ᠂ ᠵᠣᠷᠢᠭ ᠲᠠᠢ ᠪᠠᠷ ᠣᠷᠤᠯᠴᠠᠨ ᠂ ᠤᠷ᠎ᠠ ᠳᠠᠮ ᠢᠶᠠᠷ ᠦᠵᠡᠯᠴᠡᠬᠦ ᠬᠥᠮᠦᠵᠢᠯ ᠪᠡᠶᠡᠯᠡᠭᠳᠡᠨ ᠂ ᠬᠠᠷᠠᠬᠠᠨ ᠪᠠᠭ᠎ᠠ ᠡᠴᠡ ᠨᠢ ᠮᠠᠯᠴᠢᠨ ᠠᠮᠢᠳᠤᠷᠠᠯ ᠳᠤ ᠨᠢ ᠳᠠᠳᠤᠯᠭ᠎ᠠ ᠬᠢᠯᠭᠡᠵᠦ ᠂ ᠮᠠᠯ ᠮᠠᠯᠵᠢᠯ ᠂ ᠠᠵᠢᠯ ᠬᠥᠳᠡᠯᠮᠦᠷᠢ ᠶᠢᠨ ᠲᠤᠬᠠᠢ ᠬᠥᠮᠦᠵᠢᠯ ᠴᠦ ᠬᠦᠷᠳᠡᠳᠡᠭ ᠃ ᠡᠭᠦᠨ ᠤ ᠤᠯᠠᠮ ᠡᠴᠡ ᠪᠡᠶ᠎ᠡ ᠮᠠᠬᠠᠪᠤᠳ ᠤᠨ ᠪᠤᠶᠢᠵᠢᠯᠳᠠ ᠪᠠ ᠤᠢ ᠤᠬᠠᠭᠠᠨ ᠢ ᠨᠢ ᠨᠡᠮᠡᠭᠳᠡᠭᠦᠯᠵᠦ ᠂ ᠵᠣᠷᠢᠭ ᠰᠣᠰᠤ ᠲᠠᠢ ᠂ ᠲᠡᠰᠪᠦᠷᠢ ᠬᠠᠲᠠᠭᠤᠵᠢᠯᠲᠠᠢ ᠬᠥᠮᠦᠨ ᠪᠣᠯᠬᠤ ᠳᠤ ᠨᠢ ᠰᠠᠭᠤᠷᠢ ᠪᠣᠯᠳᠠᠭ ᠃ ᠨᠠᠭᠠᠳᠤᠮ ᠳᠠᠭᠠᠨ ᠪᠠᠰᠠ ᠲᠣᠭᠲᠠᠭᠰᠠᠨ ᠶᠣᠰᠤ ᠵᠢᠷᠤᠮ ᠢ ᠴᠢᠩᠭ᠎ᠠ ᠵᠢᠷᠤᠮᠯᠠᠬᠤ ᠶᠢ ᠡᠷᠬᠢᠮᠯᠡᠬᠦ ᠨᠢ ᠠᠬᠠᠰ ᠵᠠᠬᠠᠰ ᠢᠶᠠᠨ ᠬᠦᠨᠳᠦᠯᠡᠬᠦ ᠂ ᠳᠡᠭᠦᠦ ᠨᠠᠷ ᠢᠶᠠᠨ ᠬᠠᠢᠷᠠᠯᠠᠬᠤ ᠂ ᠨᠠᠢᠵᠠ ᠨᠦᠭᠦᠳ ᠲᠠᠢ ᠪᠠᠨ ᠪᠦᠯᠬᠦᠮᠳᠡᠬᠦ ᠂ ᠰᠠᠶᠢᠬᠠᠨ ᠰᠤᠷᠲᠠᠯ ᠢ ᠰᠤᠷᠭᠠᠮᠵᠢᠯᠠᠬᠤ ᠶᠢᠨ ᠳᠠᠭᠠᠤ ᠳᠤ ᠶᠣᠰᠤ ᠮᠤᠷᠠᠯ ᠲᠠᠢ ᠳᠠᠷᠤᠤ ᠨᠣᠮᠤᠬᠠᠨ ᠬᠥᠮᠦᠨ ᠪᠣᠯᠬᠤ ᠶᠣᠰᠤ ᠤᠴᠢᠷ ᠢ ᠲᠠᠨᠢᠵᠤ ᠮᠡᠳᠡᠳᠡᠭ ᠃ ᠮᠣᠩᠭᠤᠯᠴᠤᠳ ᠱᠠᠭ᠎ᠠ ᠪᠠᠷ ᠲᠣᠭᠯᠠᠭᠠᠮ ᠡᠭᠦᠰᠭᠡᠬᠦ ᠶᠢᠨ ᠳᠠᠭᠠᠤ ᠱᠠᠭ᠎ᠠ ᠶᠢᠨ ᠲᠤᠬᠠᠢ ᠣᠨᠢᠰᠤᠭ᠎ᠠ ᠴᠦ ᠮᠣᠩᠭᠤᠯ ᠦᠨᠳᠦᠰᠦᠲᠡᠨ ᠤ ᠬᠥᠳᠡᠯᠮᠦᠷᠢᠴᠢᠨ ᠠᠷᠠᠳ ᠲᠦᠮᠡᠨ ᠤ ᠣᠶᠤᠨ ᠤᠬᠠᠭᠠᠨ ᠂ ᠤᠷᠠᠨ ᠰᠡᠳᠭᠢᠮᠵᠢ ᠪᠠᠷ ᠵᠤᠬᠢᠶᠠᠭᠳᠠᠵᠤ ᠤᠯᠠᠮᠵᠢᠯᠠᠭᠳᠠᠠ ᠳᠡᠯᠭᠡᠷᠡᠵᠦ ᠂ ᠲᠡᠳᠡᠨ ᠤ ᠦᠷ᠎ᠡ ᠬᠡᠦᠬᠡᠳ ᠤᠨ ᠬᠢᠨᠢ ᠣᠶᠤᠨ ᠢ ᠨᠢ ᠨᠡᠭᠡᠭᠡᠭᠳᠡᠭᠦᠯᠵᠤ ᠂ ᠤᠷᠮ᠎ᠠ ᠵᠣᠷᠢᠭ ᠢ ᠨᠢ ᠬᠥᠭᠵᠢᠭᠡᠬᠦ ᠳᠤ ᠴᠢᠬᠤᠯᠠ ᠦᠢᠯᠡᠳᠦᠯ ᠦᠵᠡᠭᠦᠯᠵᠦ ᠢᠷᠡᠭᠰᠡᠨ ᠪᠠᠢᠨ᠎ᠠ ᠃ 《 ᠬᠠᠷᠠᠬᠤ ᠳᠤ ᠨᠢᠭᠡ ᠬᠠᠷᠢᠭᠤᠯᠬᠤ ᠳᠤ ᠳᠥᠷᠪᠡ ᠃ ᠳᠥᠷᠪᠡᠨ ᠨᠡᠷ᠎ᠡ ᠲᠠᠢ ᠳᠥᠷᠪᠡᠯᠵᠢᠨ ᠪᠡᠶ᠎ᠡ ᠲᠠᠢ ᠃ ᠠᠳᠠᠷ ᠲᠤ ᠪᠡᠯᠴᠢᠳᠡᠭ ᠮᠠᠯ ᠠᠳᠭᠤᠨ ᠳᠤ ᠪᠠᠭᠲᠠᠳᠠᠭ ᠡᠷᠳᠡᠨᠢ ᠃ ᠲᠠᠷᠭᠠᠢ ᠴᠠᠭᠠᠨ ᠢᠮᠠᠭ᠎ᠠ ᠲᠠᠷᠬᠠᠨ ᠴᠠᠭᠠᠨ ᠬᠣᠨᠢ ᠣᠷᠤᠭ᠎ᠠ ᠴᠠᠭᠠᠨ ᠠᠵᠢᠷᠭ᠎ᠠ ᠣᠩᠭᠤᠨ ᠴᠠᠭᠠᠨ ᠪᠤᠤᠷ᠎ᠠ 》 ᠭᠡᠬᠦ ᠮᠡᠲᠦ ᠤᠯᠠᠨ ᠠᠷᠪᠢᠨ ᠱᠠᠭ᠎ᠠ ᠶᠢᠨ ᠲᠤᠬᠠᠢ ᠣᠨᠢᠰᠤᠭ᠎ᠠ ᠪᠠᠢᠳᠠᠭ ᠪᠥᠭᠡᠳ ᠡᠯᠪᠡᠭ ᠪᠠᠶᠠᠯᠢᠭ ᠠᠭᠤᠯᠭ᠎ᠠ ᠶᠢ ᠬᠠᠮᠤᠷᠤᠭᠰᠠᠨ ᠪᠠᠢᠳᠠᠭ ᠃ ᠱᠠᠭ᠎ᠠ ᠶᠢᠨ ᠲᠤᠬᠠᠢ ᠣᠨᠢᠰᠤᠭ᠎ᠠ ᠨᠢ ᠳᠤᠪᠴᠢ ᠳᠥᠬᠦᠮ ᠦᠭᠡ ᠬᠡᠯᠡᠯᠭᠡ ᠂ ᠤᠷᠠᠨ ᠬᠠᠪᠤᠯᠢᠭ ᠨᠠᠶᠢᠷᠠᠭᠤᠯᠭ᠎ᠠ ᠪᠠᠷ ᠳᠠᠯᠳᠠ ᠪᠢᠲᠡᠭᠦᠦ ᠤᠳᠭ᠎ᠠ ᠪᠠᠷ ᠵᠣᠬᠢᠶᠠᠨ ᠪᠦᠳᠦᠭᠡᠭᠳᠡᠵᠤ ᠂ ᠰᠡᠳᠭᠢᠨ ᠪᠤᠳᠤᠬᠤ ᠂ ᠲᠠᠭᠠᠵᠤ ᠲᠠᠶᠢᠯᠪᠤᠷᠢᠯᠠᠬᠤ ᠪᠠᠷ ᠳᠡᠮᠵᠢᠨ ᠂ ᠬᠡᠦᠬᠡᠳ ᠪᠠᠭᠠᠴᠤᠳ ᠤᠨ ᠦᠭᠡ ᠬᠡᠯᠡᠨ ᠤ ᠴᠢᠳᠠᠪᠤᠷᠢ ᠂ ᠲᠠᠨᠢᠵᠤ ᠮᠡᠳᠡᠷᠡᠬᠦ ᠴᠢᠳᠠᠪᠤᠷᠢ ᠂ ᠰᠡᠳᠭᠢᠬᠦ ᠴᠢᠳᠠᠪᠤᠷᠢ ᠂ ᠡᠷᠭᠢᠴᠡᠭᠦᠯᠦᠨ ᠪᠤᠳᠤᠬᠤ ᠴᠢᠳᠠᠪᠤᠷᠢ ᠶᠢᠨ ᠬᠥᠮᠦᠵᠢᠯ ᠢ ᠣᠯᠭᠤᠨ ᠂ ᠬᠡᠦᠬᠡᠳ ᠤᠨ ᠨᠡᠶᠢᠭᠡᠮᠴᠢᠯᠡᠯ ᠤᠨ ᠶᠠᠪᠤᠴᠠ ᠳᠠᠬᠢ ᠣᠶᠤᠨ ᠤ ᠲᠡᠵᠢᠭᠡᠯ ᠰᠢᠮ᠎ᠡ ᠨᠢ ᠪᠣᠯᠬᠤ ᠶᠤᠮ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠥᠪᠦᠷ ᠮᠣᠩᠭᠤᠯ ᠥᠨᠳᠥᠰᠥᠲᠡᠨ ᠦ ᠰᠤᠷᠭᠠᠨ ᠬᠥᠮᠦᠵᠢᠯ ᠦᠨ ᠰᠦᠯᠵᠢᠶ᠎ᠡ ᠬᠡᠪᠯᠡᠯ ᠦᠨ ᠡᠷᠬᠡ ᠲᠡᠢ ᠃ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃