lt
ᠬᠦᠮᠦᠵᠢᠯ ᠲᠠᠳᠬᠠᠯ
ᠪᠠᠭᠰᠢ ᠬᠥᠮᠦᠨ ᠤ ᠪᠦᠷᠢᠯᠲᠦᠬᠦᠯᠬᠦ ᠴᠢᠬᠤᠯᠠ ᠲᠠᠢ ᠨᠥᠬᠦᠴᠡᠯ
2016.07.12 ᠲᠣᠰ ᠥᠷᠲᠡᠭᠡᠨ ᠦ ᠨᠠᠢᠷᠠᠭᠤᠯᠤᠭᠴᠢ

ᠪᠠᠭᠰᠢ ᠶᠢᠨ ᠠᠵᠢᠯ ᠪᠣᠯ ᠠᠷᠢᠭᠤᠨ ᠲᠠᠷᠬᠠᠨ ᠪᠥᠭᠡᠳ ᠢᠷᠠᠭᠤ ᠠᠯᠳᠠᠷ ᠲᠠᠢ ᠦᠢᠯᠡᠰ ᠮᠥᠨ ᠭᠡᠵᠦ ᠮᠡᠷᠭᠡᠳ ᠦᠵᠡᠳᠡᠭ ᠃ ᠲᠡᠭᠡᠪᠡᠯ ᠡᠨᠡᠬᠦ ᠠᠷᠢᠭᠤᠨ ᠲᠠᠷᠬᠠᠨ ᠮᠦᠷᠲᠡᠬᠡᠨ ᠢᠷᠠᠭᠤ ᠠᠯᠲᠡᠷ ᠲᠠᠢ ᠠᠤᠭ᠎ᠠ ᠦᠢᠯᠡᠰ ᠢ ᠡᠷᠬᠢᠯᠡᠨ ᠭᠦᠢᠴᠡᠳᠭᠡᠵᠦ ᠶᠠᠪᠤᠭ᠎ᠠ ᠪᠠᠭᠰᠢ ᠪᠢᠲᠡᠨᠤᠰ ᠶᠠᠮᠠᠷ ᠪᠠᠢᠪᠠᠯ ᠵᠣᠬᠢᠬᠤ ᠪᠤᠢ ᠂ ᠶᠡᠮᠡᠷᠰᠢᠤ ᠨᠥᠬᠦᠴᠡᠯ ᠱᠠᠭᠠᠷᠲᠡᠯᠭ᠎ᠠ ᠶᠢ ᠭᠦᠢᠴᠡᠳᠭᠡᠬᠦ ᠴᠢᠬᠤᠯᠠ ᠲᠠᠢ ᠪᠦᠷᠢᠯᠲᠦᠬᠦᠯᠬᠦ ᠬᠡᠷᠡᠭ ᠲᠠᠢ ᠪᠤᠢ ︖ ᠭᠡᠪᠡᠯ ᠮᠢᠨᠦ ᠦᠵᠡᠬᠦ ᠪᠠᠷ ᠄

ᠨᠢᠭᠡ ᠂ ᠬᠠᠷᠢᠭᠤᠴᠠᠯᠭ᠎ᠠ ᠲᠠᠢ ᠪᠠᠢᠬᠤ ᠃

ᠬᠠᠷᠢᠭᠤᠴᠠᠯᠭ᠎ᠠ ᠪᠣᠯ ᠬᠥᠮᠦᠰ ᠤᠨ ᠤᠬᠠᠮᠰᠠᠷ ᠤᠨ ᠠᠰᠠᠭᠤᠳᠠᠯ ᠪᠣᠯᠬᠤ ᠲᠤᠯᠠ ᠬᠠᠷᠢᠭᠤᠴᠠᠯᠭ᠎ᠠ ᠲᠠᠢ ᠪᠠᠢᠬᠤ ᠨᠢ ᠦᠢᠯᠡᠰ ᠪᠦᠲᠦᠬᠡᠬᠦ ᠶᠢᠨ ᠦᠨᠳᠦᠰᠦᠨ ᠨᠥᠬᠦᠴᠡᠯ ᠪᠣᠯᠤᠨ᠎ᠠ ᠃ ᠪᠠᠭᠰᠢ ᠪᠣᠯᠤᠭᠰᠠᠳ ᠡᠷᠬᠡᠪᠰᠢ ᠡᠭᠡ ᠤᠯᠤᠰ ᠤᠨ ᠢᠷᠡᠭᠡᠲᠦᠢ ᠳᠤ ᠬᠠᠷᠢᠭᠤᠴᠠᠵᠤ ᠂ ᠥᠪᠡᠷ ᠤᠨ ᠡᠷᠬᠢᠯᠡᠭᠰᠡᠨ ᠠᠵᠢᠯ ᠤᠨ ᠦᠷ᠎ᠡ ᠪᠦᠲᠦᠮᠵᠢ ᠳᠤ ᠬᠠᠷᠢᠭᠤᠴᠠᠬᠤ ᠬᠡᠷᠡᠭᠲᠡᠢ ᠃ ᠬᠠᠷᠢᠭᠤᠴᠠᠯᠭ᠎ᠠ ᠰᠤᠯᠡᠷᠡᠪᠡᠯ ᠬᠠᠮᠤᠭ ᠶᠠᠪᠤᠳᠠᠯ ᠪᠦᠲᠦᠮᠵᠢ ᠦᠭᠡᠢ ᠪᠣᠯᠬᠤ ᠤᠴᠢᠷᠲᠡᠢ ᠃

ᠬᠣᠶᠠᠷ ᠂ ᠵᠣᠷᠢᠭ ᠲᠠᠢ ᠪᠠᠢᠬᠤ ᠃

《 ᠵᠣᠷᠢᠭ ᠪᠠᠢᠪᠠᠯ ᠵᠣᠷᠢᠭᠰᠠᠨ ᠳᠠᠭᠠᠨ 》 ᠭᠡᠬᠦ ᠪᠤᠶᠤ 《 ᠣᠷᠭᠢᠯ ᠳᠤᠷ ᠭᠠᠷᠬᠤ ᠤᠮᠤᠬ ᠵᠣᠷᠢᠭ ᠪᠠᠢᠪᠡᠰᠤ ᠣᠷᠴᠢᠯᠠᠩ ᠳᠡᠯᠡᠬᠡᠢ ᠳᠤᠷ ᠪᠡᠷᠬᠡ ᠶᠠᠪᠤᠳᠠᠯ ᠠᠯᠠᠭ᠎ᠠ 》ᠬᠡᠲᠡᠭ ᠪᠣᠯ ᠴᠥᠮ ᠵᠣᠷᠢᠭ ᠤᠨ ᠢᠳᠡ ᠬᠦᠴᠦ ᠶᠢ ᠣᠨᠤᠪᠴᠢ ᠰᠠᠢᠲᠠᠢ ᠲᠤᠰᠭᠠᠭᠰᠠᠨ ᠰᠠᠴᠡᠨ ᠦᠭᠡᠰ ᠪᠣᠯᠤᠨ᠎ᠠ ᠃ ᠡᠢᠮᠦ ᠡᠴᠡ ᠂ ᠮᠡᠲᠡᠯᠬᠡ ᠴᠢᠲᠡᠪᠤᠷᠢ ᠬᠢᠵᠠᠭᠠᠷ ᠲᠠᠢ ᠴᠤ ᠰᠤᠷᠤᠯᠴᠠᠬᠤ ᠵᠣᠷᠢᠭ ᠰᠥᠰᠦ ᠪᠠᠢᠪᠠᠯ ᠮᠡᠲᠡᠯᠬᠡ ᠴᠢᠲᠡᠪᠤᠷᠢ ᠶᠢ ᠯᠠᠪᠲᠡᠢ ᠡᠵᠡᠮᠰᠢᠵᠦ ᠵᠣᠷᠢᠭᠰᠠᠨ ᠵᠣᠷᠢᠯᠭ᠎ᠠ ᠪᠠᠨ ᠪᠡᠶᠡᠯᠡᠭᠦᠯᠵᠦ ᠰᠡᠲᠦᠭᠰᠡᠨ ᠦᠢᠯᠡᠰ ᠢᠶᠠᠨ ᠪᠦᠲᠦᠭᠡᠵᠦ ᠪᠣᠯᠬᠤ ᠶᠤᠮ ᠃ ᠡᠢᠨᠬᠦ ᠵᠣᠷᠢᠭ ᠡᠷᠬᠢᠮ ᠪᠦᠯᠤᠬᠡ ᠃

ᠭᠤᠷᠪᠠ ᠂ ᠬᠠᠷᠡᠯᠲᠡ ᠲᠠᠢ ᠪᠠᠢᠬᠤ ᠃

ᠬᠠᠷᠡᠯᠲᠡ ᠲᠠᠢ ᠪᠠᠢᠬᠤ ᠪᠣᠯ ᠠᠵᠢᠯᠯᠠᠬᠤ ᠠᠷᠭ᠎ᠠ ᠳᠤ ᠬᠣᠯᠪᠤᠭᠳᠠᠬᠤ ᠶᠠᠪᠤᠳᠠᠯ ᠪᠣᠯᠤᠨ᠎ᠠ ᠃ ᠡᠩ ᠤᠨ ᠦᠬᠠᠨ ᠳᠤ 《 ᠪᠡᠯᠡᠳᠭᠡᠯ ᠲᠠᠢ ᠠᠵᠢᠯ ᠪᠦᠲᠦᠮᠵᠢ ᠰᠠᠢᠲᠠᠢ 》 ᠭᠡᠳᠡᠭ ᠃ ᠡᠨᠡ ᠪᠣᠯ ᠤᠷᠢᠳᠴᠢᠯᠠᠨ ᠪᠡᠯᠡᠳᠭᠡᠯ ᠲᠠᠢ ᠲᠥᠯᠦᠪᠯᠡᠭᠡ ᠲᠠᠢ ᠪᠠᠢᠬᠤ ᠶᠢ ᠱᠠᠭᠠᠷᠳᠠᠭᠰᠠᠨ ᠦᠭᠡ ᠮᠥᠨ ᠃ ᠵᠢᠭᠠᠨ ᠰᠤᠷᠭᠠᠬᠤ ᠠᠵᠢᠯ ᠪᠣᠯ ᠰᠢᠷᠭᠠᠭᠤ ᠬᠠᠲᠠᠭᠤᠵᠢᠯᠲᠠᠢ ᠮᠦᠷᠲᠡᠬᠡᠨ ᠨᠠᠷᠢᠨ ᠪᠤᠲᠦᠯᠢᠶᠡᠨ ᠲᠠᠢ ᠂ ᠡᠯᠪᠡᠭ ᠪᠠᠶᠠᠯᠢᠭ ᠰᠤᠲᠤᠯᠭᠠᠨᠲᠦ ᠴᠢᠨᠠᠷ ᠪᠤᠯᠤᠨ ᠪᠦᠲᠦᠭᠡᠯᠴᠢ ᠴᠢᠨᠠᠷ ᠲᠠᠢ ᠣᠶᠤᠨ ᠤ ᠬᠦᠲᠡᠯᠮᠤᠷᠢ ᠪᠣᠯᠬᠤ ᠤᠴᠢᠷ ᠡᠷᠬᠡᠪᠰᠢ ᠤᠷᠢᠳᠴᠢᠯᠠᠨ ᠬᠠᠷᠡᠯᠲᠡ ᠲᠦᠯᠤᠪᠯᠡᠬᠡ ᠲᠣᠭᠲᠠᠭᠠᠵᠤ ᠂ ᠲᠤᠲᠤᠷ᠎ᠠ ᠪᠠᠨ 《 ᠲᠣᠭ᠎ᠠ 》 ᠲᠠᠢ ᠪᠠᠢᠬᠤ ᠬᠡᠷᠡᠭᠲᠡᠢ ᠃
ᠳᠥᠷᠪᠡ ᠂ ᠠᠷᠭ᠎ᠠ ᠲᠠᠢ ᠪᠠᠢᠬᠤ ᠃

ᠠᠵᠢᠯ ᠤᠨ ᠦᠷ᠎ᠡ ᠠᠰᠢᠭ ᠢ ᠲᠠᠮᠡᠴᠡᠨ ᠤᠯᠬᠤ ᠳᠤ ᠠᠵᠢᠯᠯᠠᠬᠤ ᠠᠷᠭ᠎ᠠ ᠲᠤᠩ ᠴᠢᠬᠤᠯᠠ ᠃ ᠢᠯᠠᠩᠭᠤᠶ᠎ᠠ ᠤᠲᠤᠬᠠᠨ ᠤ ᠰᠢᠨ᠎ᠡ ᠵᠠᠭᠤᠨ ᠤ ᠦᠬᠡᠷᠴᠢᠯᠡᠯᠲᠡ ᠰᠢᠨᠡᠴᠢᠯᠡᠯᠲᠡ ᠶᠢᠨ ᠠᠷᠭ᠎ᠠ ᠮᠠᠶᠢᠬ ᠢ ᠱᠠᠭᠠᠷᠲᠠᠲᠠᠬ ᠃ ᠵᠢᠭᠠᠬᠤ ᠠᠷᠭ᠎ᠠ ᠲᠣᠬᠢᠯᠢᠭ ᠰᠠᠢᠨ ᠪᠣᠯ ᠰᠤᠷᠤᠭᠴᠢᠳ ᠤᠨ ᠰᠤᠷᠤᠯᠴᠠᠬᠤ ᠢᠲᠡᠪᠬᠢᠵᠢᠯ ᠢ ᠭᠦᠢᠴᠡᠳ ᠳᠠᠢᠴᠢᠯᠠᠵᠤ ᠰᠡᠳᠭᠢᠯ ᠲᠠᠯᠪᠢᠨ ᠰᠢᠮᠲᠡᠨ ᠰᠤᠷᠴᠤ ᠰᠢᠷᠭᠠᠭᠤ ᠰᠤᠷᠤᠯᠴᠠᠬᠤ ᠳᠤᠨᠢ ᠬᠦᠲᠤᠯᠤᠨ ᠵᠢᠯᠤᠭᠤᠳᠴᠤ ᠂ ᠠᠵᠢᠯ ᠤᠨ ᠦᠷ᠎ᠡ ᠠᠰᠢᠭ ᠢ ᠪᠡᠲᠤᠯᠡᠨ ᠲᠠᠭᠡᠭᠰᠢᠯᠡᠬᠦᠯᠲᠡᠭ ᠃ ᠡᠢᠨᠬᠦ ᠠᠵᠢᠯᠯᠠᠬᠤ ᠠᠷᠭ᠎ᠠ ᠲᠤᠩ ᠴᠢᠬᠤᠯᠠ ᠂ ᠦᠬᠦᠮᠡᠯ ᠬᠡᠪᠰᠢᠮᠡᠯ ᠪᠠᠢᠵᠤ ᠪᠣᠯᠬᠤ ᠦᠭᠡᠢ ᠂ ᠡᠷᠬᠡᠪᠰᠢ ᠠᠮᠢᠲᠦᠯᠢᠬ ᠣᠷᠭᠠᠨᠢᠭ ᠪᠠᠢᠬᠤ ᠬᠡᠷᠡᠭᠲᠡᠢ ᠃

ᠲᠡᠪᠤ ᠂ ᠮᠡᠲᠡᠯᠬᠡ ᠲᠠᠢ ᠪᠠᠢᠬᠤ ᠃

ᠵᠢᠭᠠᠨ ᠰᠤᠷᠭᠠᠬᠤ ᠠᠵᠢᠯ ᠪᠣᠯ ᠮᠡᠲᠡᠯᠬᠡᠲᠦ ᠴᠢᠨᠠᠷ ᠢᠶᠠᠷ ᠲᠤᠢᠯ ᠤᠨ ᠴᠢᠩᠭ᠎ᠠ ᠪᠣᠯᠬᠣᠷ ᠪᠠᠭᠰᠢ ᠪᠣᠯᠤᠭᠰᠠᠳ ᠡᠷᠬᠡᠪᠰᠢ ᠥᠷᠭᠡᠨ ᠳᠡᠯᠭᠡᠷ ᠮᠡᠲᠡᠯᠬᠡ ᠲᠠᠢ ᠪᠠᠢᠬᠤ ᠬᠡᠷᠡᠭᠲᠡᠢ ᠃ ᠠᠯᠢ ᠣᠯᠠᠨ ᠮᠡᠲᠡᠯᠬᠡ ᠶᠢ ᠡᠵᠡᠮᠰᠢᠬᠦ ᠨᠢ ᠠᠵᠢᠯ ᠢᠶᠠᠨ ᠰᠠᠢᠨ ᠬᠢᠬᠦ ᠶᠢᠨ ᠰᠠᠭᠤᠷᠢ ᠨᠢ ᠪᠣᠯᠤᠨ᠎ᠠ ᠃ ᠡᠢᠮᠦ ᠡᠴᠡ ᠪᠠᠭᠰᠢ ᠬᠥᠮᠦᠨ ᠠᠵᠢᠯ ᠤᠨ ᠪᠠᠢᠷᠢ ᠳᠠᠭᠠᠨ ᠬᠤᠪᠢ ᠶᠢᠨ ᠰᠤᠷᠤᠯᠴᠠᠯᠭ᠎ᠠ ᠶᠢ ᠤᠬᠠᠮᠰᠠᠷ ᠡᠴᠡ ᠪᠠᠨ ᠪᠡᠷᠢᠮᠲᠡᠯᠡᠨ ᠂ ᠮᠡᠳᠡᠬᠦ ᠦᠭᠡᠢ ᠴᠢᠳᠠᠬᠤ ᠦᠭᠡᠢ ᠪᠠᠨ ᠰᠢᠮᠲᠡᠨ ᠰᠤᠷᠴᠤ ᠂ ᠰᠤᠷᠤᠭᠰᠠᠨ ᠮᠡᠲᠡᠯᠭᠡ ᠪᠠᠨ ᠲᠡᠪᠲᠡᠨ ᠪᠡᠲᠤᠳᠬᠠᠬᠤ ᠂ ᠬᠡᠷᠡᠭᠴᠡᠭᠡ ᠳᠤ ᠲᠤᠬᠢᠷᠡᠭᠤᠯᠤᠨ ᠭᠦᠨ ᠭᠦᠨᠵᠡᠭᠡᠢ ᠰᠤᠷᠬᠤ ᠶᠢ ᠬᠦᠨᠲᠦᠳᠭᠡᠨ ᠭᠦᠢᠴᠡᠳᠭᠡᠬᠦ ᠬᠡᠷᠡᠭᠲᠡᠢ ᠃ ᠮᠡᠲᠡᠯᠬᠡ ᠳᠤ ᠬᠢᠵᠠᠭᠠᠷ ᠦᠭᠡᠢ ᠃ ᠭᠠᠭᠴᠡᠭᠦ ᠰᠣᠶᠤᠯ ᠤᠨ ᠮᠡᠲᠡᠯᠭᠡ ᠶᠢᠨ ᠲᠦᠪᠰᠢᠨ ᠢᠶᠠᠨ ᠳᠡᠭᠡᠭᠰᠢᠯᠡᠭᠦᠯᠬᠦ ᠶᠢ ᠠᠩᠬᠠᠷᠦᠨ ᠭᠦᠢᠴᠡᠳᠭᠡᠬᠦ ᠳᠤ ᠬᠢᠵᠠᠭᠠᠷᠯᠠᠭᠲᠠᠵᠤ ᠦᠯᠦ ᠪᠤᠯᠤᠨᠡᠮ ᠃ ᠬᠠᠷᠢᠨ ᠠᠮᠢᠲᠦᠷᠡᠯ ᠤᠨ ᠮᠡᠲᠡᠯᠬᠡ ᠂ ᠨᠡᠢᠭᠡᠮ ᠤᠨ ᠮᠡᠲᠡᠯᠬᠡ ᠵᠡᠷᠭᠡ ᠶᠢ ᠴᠤ ᠬᠠᠷᠡᠭᠠᠯᠵᠡᠨ ᠡᠵᠡᠮᠰᠢᠬᠦ ᠬᠡᠷᠡᠭᠲᠡᠢ ᠶᠤᠮ ᠃

ᠵᠢᠷᠭᠤᠭ᠎ᠠ ᠂ ᠴᠢᠲᠡᠪᠤᠷᠢ ᠲᠠᠢ ᠪᠠᠢᠬᠤ ᠃

ᠦᠢᠯᠡᠰ ᠪᠦᠲᠦᠭᠡᠬᠦ ᠳᠤ ᠴᠢᠲᠡᠪᠤᠷᠢ ᠬᠡᠷᠡᠭ ᠲᠠᠢ ᠃ ᠨᠡᠩ ᠢᠯᠠᠩᠭᠤᠶ᠎ᠠ ᠪᠠᠭᠰᠢ ᠬᠥᠮᠦᠨ ᠳᠤ ᠬᠡᠷᠡᠭᠴᠡᠭᠡ ᠪᠦᠬᠦᠢ ᠣᠯᠠᠨ ᠲᠠᠯ᠎ᠠ ᠶᠢᠨ ᠴᠢᠲᠡᠪᠤᠷᠢ ᠪᠠᠢᠪᠠᠯ ᠵᠣᠬᠢᠨ᠎ᠠ ᠃ ᠴᠢᠲᠡᠪᠤᠷᠢᠲᠡᠨ ᠢ ᠬᠥᠮᠦᠵᠢᠭᠦᠯᠬᠦ ᠳᠤ ᠰᠤᠷᠭᠠᠨ ᠬᠥᠮᠦᠵᠢᠯ ᠰᠠᠭᠤᠷᠢ ᠪᠣᠯᠵᠤ ᠪᠠᠢᠲᠠᠬ ᠤᠴᠢᠷ ᠡᠴᠡ ᠰᠤᠷᠭᠠᠨ ᠬᠥᠮᠦᠵᠢᠯ ᠢ ᠭᠠᠷᠲᠡᠨ ᠡᠷᠬᠢᠯᠡᠵᠦ ᠪᠦᠬᠦᠢ ᠪᠠᠭᠰᠢ ᠬᠥᠮᠦᠨ ᠴᠢᠲᠡᠪᠤᠷᠢ ᠦᠭᠡᠢ ᠬᠡᠷᠬᠢᠨ ᠪᠣᠯᠬᠤ ᠠᠵᠢ ︕ ᠪᠠᠭᠰᠢ ᠶᠢᠨ ᠴᠢᠳᠠᠪᠤᠷᠢ ᠶᠢ ᠨᠢᠭᠡ ᠯᠡ ᠵᠤᠷᠪᠤᠰ ᠲᠤ ᠬᠤᠷᠢᠶᠠᠩᠭᠤᠢᠯᠠᠪᠠᠯ ᠳᠠᠷᠤᠢ ᠰᠤᠷᠭᠠᠨ ᠬᠥᠮᠦᠵᠢᠭᠦᠯᠵᠦ ᠵᠢᠭᠠᠨ ᠰᠤᠷᠭᠠᠬᠤ ᠴᠢᠲᠡᠪᠤᠷᠢ ᠪᠣᠯᠤᠨ᠎ᠠ ᠃ ᠶᠡᠬᠡ ᠲᠥᠯᠦᠪ ᠪᠤᠲᠠᠲᠠᠢᠴᠢᠯᠡᠪᠡᠯ ᠳᠠᠷᠤᠢ ᠬᠠᠮᠢᠶᠠᠷᠬᠤ ᠴᠢᠲᠡᠪᠤᠷᠢ ( ᠰᠤᠷᠭᠠᠭᠤᠯᠢ ᠂ ᠠᠩᠭᠢ ) ᠂ ᠵᠣᠬᠢᠶᠠᠨ ᠪᠠᠢᠭᠤᠯᠬᠤ ᠴᠢᠲᠡᠪᠤᠷᠢ (ᠰᠤᠷᠤᠭᠴᠢ ᠂ ᠬᠢᠴᠢᠶᠡᠯᠯᠡᠭᠡ )᠂ ᠦᠢᠯᠠᠭᠠᠬᠤ ᠴᠢᠲᠡᠪᠤᠷᠢ ( ᠰᠤᠷᠤᠭᠴᠢ ᠂ ᠮᠠᠲ᠋ᠧᠷᠢᠶᠠᠯ ) ᠂ ᠵᠣᠬᠢᠶᠠᠨ ᠪᠢᠴᠢᠬᠦ ᠴᠢᠲᠡᠪᠤᠷᠢ ( ᠭᠤᠤᠯᠲᠠᠭᠤ ᠲᠦᠯᠤᠪᠯᠡᠬᠡ ᠂ ᠳᠤᠢᠩᠨᠡᠯᠲᠡ ) ᠂ ᠢᠯᠡᠳᠭᠡᠬᠦ ᠴᠢᠲᠡᠪᠤᠷᠢ ᠂ ᠬᠠᠷᠢᠯᠴᠠᠬᠤ ᠴᠢᠲᠡᠪᠤᠷᠢ ᠂ ᠬᠡᠯᠡᠵᠦ ᠪᠢᠰᠢᠷᠡᠭᠦᠯᠬᠦ ᠴᠢᠲᠡᠪᠤᠷᠢ ᠵᠡᠷᠭᠡ ᠪᠣᠯᠤᠨ᠎ᠠ ᠃

ᠡᠮᠦᠨᠡᠬᠢ ᠵᠣᠬᠢᠶᠠᠯᠵᠣᠬᠢᠶᠠᠯ ᠦᠭᠡᠢ ᠪᠣᠯᠵᠠᠢ

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠥᠪᠦᠷ ᠮᠣᠩᠭᠤᠯ ᠥᠨᠳᠥᠰᠥᠲᠡᠨ ᠦ ᠰᠤᠷᠭᠠᠨ ᠬᠥᠮᠦᠵᠢᠯ ᠦᠨ ᠰᠦᠯᠵᠢᠶ᠎ᠡ ᠬᠡᠪᠯᠡᠯ ᠦᠨ ᠡᠷᠬᠡ ᠲᠡᠢ ᠃ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃