lt
ᠬᠦᠮᠦᠵᠢᠯ ᠲᠠᠳᠬᠠᠯ
ᠰᠤᠷᠤᠯᠴᠠᠬᠤ ᠦᠷ ᠎ᠠ ᠪᠦᠲᠦᠮᠵᠢ ᠶᠢ ᠳᠡᠭᠡᠭᠰᠢᠯᠡᠭᠦᠯᠬᠦ ᠠᠷᠭ᠎ᠠ
2016.06.15 ᠲᠣᠰ ᠥᠷᠲᠡᠭᠡᠨ ᠦ ᠨᠠᠢᠷᠠᠭᠤᠯᠤᠭᠴᠢ

ᠰᠤᠷᠤᠯᠴᠠᠬᠤ ᠦᠷ ᠎ᠠ ᠪᠦᠲᠦᠮᠵᠢ ᠶᠢ ᠳᠡᠭᠡᠭᠰᠢᠯᠡᠭᠦᠯᠬᠦ ᠳᠤ ᠰᠢᠨᠵᠢᠯᠡᠬᠦ ᠤᠬᠠᠭᠠᠨᠴᠢ ᠠᠷᠭ᠎ᠠ ᠶᠢ ᠡᠵᠡᠮᠰᠢᠬᠦ ᠨᠢ ᠲᠤᠩ ᠴᠢᠬᠤᠯᠠ ᠶᠤᠮ ᠃ ᠠᠭᠤᠤ ᠶᠡᠬᠡ ᠠᠮᠢᠳᠤ ᠪᠣᠳᠠᠰ ᠤᠨ ᠤᠬᠠᠭᠠᠨᠲᠠᠨ ᠳ᠋ᠠᠷᠧᠢᠨ ᠬᠡᠯᠡᠭᠰᠡᠨ ᠨᠢ ᠄  ᠠᠯᠢᠪᠠ ᠮᠡᠳᠡᠯᠭᠡ ᠳᠣᠲᠤᠷ ᠎ᠠ ᠬᠠᠮᠤᠭ ᠤᠨ ᠦᠨ᠎ᠡ ᠥᠷᠲᠡᠭ ᠲᠠᠢ ᠨᠢ ᠰᠤᠷᠤᠯᠴᠠᠬᠤ ᠠᠷᠭ᠎ᠠ ᠶᠢᠨ ᠮᠡᠳᠡᠯᠭᠡ ᠪᠣᠯᠤᠨ᠎ᠠ  ᠭᠡᠪᠡ ᠃ ᠮᠡᠳᠡᠯᠭᠡ ᠶᠢᠨ ᠠᠵᠤ ᠠᠬᠤᠢ ᠶᠢᠨ ᠴᠠᠭ ᠦᠶ ᠎ᠠ ᠳᠤ ᠬᠡᠷᠡᠭᠰᠡᠬᠦ ᠨᠢ ᠥᠨᠳᠦᠷ ᠦᠷ ᠎ᠠ ᠪᠦᠲᠦᠮᠵᠢ ᠲᠠᠢ ᠪᠠᠷ ᠰᠤᠷᠤᠯᠴᠠᠵᠤ ᠴᠢᠳᠠᠬᠤ ᠴᠢᠳᠠᠪᠤᠷᠢᠲᠠᠨ ᠪᠣᠯᠤᠨ᠎ᠠ ᠃ ᠰᠤᠷᠤᠯᠴᠠᠵᠤ ᠴᠢᠳᠠᠬᠤ ᠦᠭᠡᠢ ᠬᠥᠮᠦᠨ ᠡᠴᠦᠰ ᠲᠡᠭᠡᠨ ᠮᠡᠳᠡᠯᠭᠡ ᠶᠢᠨ ᠠᠵᠤ ᠠᠬᠤᠢ ᠶᠢᠨ ᠴᠠᠭ ᠦᠶ ᠎ᠠ ᠶᠢᠨ ᠶᠡᠬᠡ ᠤᠷᠤᠰᠭᠠᠯ ᠳᠤ ᠲᠠᠶᠠᠭᠳᠠᠭᠳᠠᠬᠤ ᠪᠣᠯᠤᠨ᠎ᠠ ᠃ ᠡᠢᠮᠦ ᠡᠴᠡ ᠥᠨᠳᠦᠷ ᠦᠷ ᠎ᠠ ᠪᠦᠲᠦᠮᠵᠢᠲᠦ ᠰᠤᠷᠤᠯᠴᠠᠬᠤ ᠠᠷᠭ᠎ᠠ ᠶᠢ ᠡᠵᠡᠮᠰᠢᠬᠦ ᠨᠢ ᠰᠤᠷᠤᠭᠴᠢᠳ ᠤᠨ ᠰᠤᠷᠤᠯᠭ᠎ᠠ ᠶᠢᠨ ᠬᠢᠷᠢ ᠪᠦᠲᠦᠮᠵᠢ ᠶᠢ ᠳᠡᠭᠡᠭᠰᠢᠯᠡᠭᠦᠯᠬᠦ ᠪᠥᠭᠡᠳ ᠲᠤᠷᠰᠢᠨ ᠠᠰᠢᠭ ᠬᠦᠷᠲᠡᠭᠡᠬᠦ ᠪᠣᠯᠤᠨ᠎ᠠ ᠃ ᠲᠣᠣᠷ ᠎ᠠ ᠬᠡᠳᠦᠨ ᠳᠡᠯ ᠎ᠠ ᠡᠴᠡ ᠥᠨᠳᠦᠷ ᠦᠷ ᠎ᠠ ᠪᠦᠲᠦᠮᠵᠢᠲᠦ ᠰᠤᠷᠤᠯᠴᠠᠬᠤ ᠠᠷᠭ᠎ᠠ ᠶᠢ ᠵᠠᠳᠠᠯᠤᠨ ᠲᠤᠳᠤᠷᠬᠠᠢᠯᠠᠶ ᠎ᠠ ᠃

ᠨᠢᠭᠡ ᠂ ᠬᠠᠷᠠᠯᠲᠠ ᠪᠠᠨ ᠲᠣᠳᠤᠷᠬᠠᠢ ᠲᠣᠭᠲᠠᠭᠠᠬᠤ ᠃ ᠠᠤᠭ᠎ᠠ ᠶᠡᠬᠡ ᠬᠠᠷᠠᠯᠲᠠ ᠪᠣᠯ ᠬᠥᠮᠦᠨ ᠢ ᠵᠣᠷᠢᠭᠵᠢᠭᠤᠯᠤᠨ ᠠᠮᠵᠢᠯᠲᠠ ᠤᠯᠬᠤ ᠶᠢ ᠠᠬᠢᠭᠤᠯᠬᠤ ᠬᠥᠳᠡᠯᠭᠡᠭᠴᠢ ᠬᠦᠴᠦ ᠮᠥᠨ ᠃ ᠰᠤᠷᠤᠭᠴᠢ ᠨᠦᠭᠦᠳ ᠥᠪᠡᠷ ᠤᠨ ᠬᠠᠷᠠᠯᠲᠠ ᠪᠠᠨ ᠲᠣᠳᠤᠷᠬᠠᠢ ᠲᠣᠭᠲᠠᠭᠠᠪᠠᠯ ᠰᠠᠶᠢ ᠴᠢᠷᠮᠠᠢᠬᠤ ᠵᠦᠪ ᠴᠢᠭᠯᠡᠯ ᠢᠶᠠᠨ ᠣᠯᠵᠤ ᠂ ᠰᠤᠷᠤᠯᠴᠠᠬᠤ ᠦᠨ᠎ᠡ ᠥᠷᠲᠡᠭ ᠢ ᠣᠢᠯᠠᠭᠠᠵᠤ ᠂ ᠠᠮᠢᠳᠤᠷᠠᠯ ᠰᠤᠷᠤᠯᠭ᠎ᠠ ᠶᠢᠨ ᠳᠤᠮᠳᠠ ᠲᠣᠬᠢᠶᠠᠯᠳᠤᠬᠤ ᠬᠦᠴᠢᠷ ᠪᠡᠷᠬᠡᠰᠢᠶᠡᠯ ᠨᠤᠭᠤᠷᠠᠯ ᠪᠦᠳᠦᠷᠢᠯ ᠢ ᠢᠯᠠᠨ ᠳᠠᠪᠠᠬᠤ ᠬᠦᠴᠦᠨ ᠲᠠᠢ ᠪᠣᠯᠵᠤ ᠴᠢᠳᠠᠨ᠎ᠠ ᠃ ᠰᠤᠷᠤᠭᠴᠢ ᠨᠢᠭᠡᠪᠦᠷᠢ ᠥᠪᠡᠷ ᠤᠨ ᠲᠣᠳᠤᠷᠬᠠᠢ ᠠᠯᠤᠰ ᠬᠡᠳᠦ ᠶᠢᠨ ᠬᠠᠷᠠᠯᠲᠠ ᠬᠢᠭᠡᠳ ᠥᠷ ᠎ᠠ ᠶᠢᠨ ᠬᠤᠭᠤᠴᠠᠭᠠᠨ ᠤ ᠬᠠᠷᠠᠯᠲᠠ ᠭᠡᠵᠦ ᠲᠣᠭᠲᠠᠭᠠᠵᠤ ᠪᠣᠯᠤᠨ᠎ᠠ ᠂  ᠬᠥᠮᠦᠨ ᠤᠬᠠᠭᠠᠨ ᠤ ᠠᠮᠢᠳᠤᠷᠠᠯ  ᠠᠭᠤᠯᠭ᠎ᠠ ᠶᠢ ᠰᠤᠷᠬᠤ ᠪᠠᠷ ᠵᠢᠱᠢᠶᠡᠯᠡᠪᠡᠯ ᠂ ᠲᠤᠰ ᠭᠠᠷᠠᠭ ᠲᠤ ᠨᠢᠭᠡᠳᠦᠭᠡᠷ ᠬᠢᠴᠢᠶᠡᠯ ᠳᠤ ᠰᠤᠷᠤᠭᠰᠠᠨ ᠤᠭ ᠶᠣᠰᠤ ᠬᠢᠭᠡᠳ ᠠᠷᠭ᠎ᠠ ᠶᠢᠨ ᠣᠨᠤᠯ ᠢ ᠣᠢᠯᠠᠭᠠᠨ ᠴᠡᠭᠡᠵᠢᠯᠡᠬᠦ ᠂ ᠲᠤᠰ ᠰᠠᠷ ᠎ᠠ ᠳᠤ ᠨᠢᠭᠡᠳᠦᠭᠡᠷ ᠨᠢᠭᠡᠴᠢ ᠳᠤ ᠰᠤᠷᠤᠭᠰᠠᠨ ᠬᠢᠷᠢ ᠪᠦᠲᠦᠮᠵᠢ ᠪᠠᠨ 70 ᠬᠤᠪᠢ ᠡᠴᠡ 80 ᠬᠤᠪᠢ ᠪᠣᠯᠭᠠᠨ ᠳᠡᠭᠡᠭᠰᠢᠯᠡᠭᠦᠯᠬᠦ ᠭᠡᠬᠦ ᠮᠡᠲᠦ ᠪᠠᠷ ᠲᠣᠳᠤᠷᠬᠠᠢ ᠬᠠᠷᠠᠯᠲᠠ ᠲᠣᠭᠲᠠᠭᠠᠵᠤ ᠵᠠᠪᠠᠯ ᠪᠡᠶᠡᠯᠡᠬᠦᠯᠤᠨ᠎ᠠ ᠃ ᠠᠯᠤᠰ ᠬᠡᠳᠦ ᠶᠢᠨ ᠬᠠᠷᠠᠯᠲᠠ ᠡᠴᠡ ᠦᠵᠡᠪᠡᠯ ᠬᠣᠵᠢᠮ ᠨᠢᠭᠡᠨ ᠨᠡᠷᠡᠲᠦ ᠵᠣᠬᠢᠶᠠᠯᠴᠢ ᠪᠣᠯᠬᠤ ᠰᠢᠯᠢᠳᠡᠭ ᠬᠥᠲᠦᠯᠦᠭᠴᠢ ᠪᠣᠯᠬᠤ ᠂ ᠰᠢᠨᠵᠢᠯᠡᠬᠦ ᠤᠬᠠᠭᠠᠨᠲᠠᠨ ᠪᠣᠯᠬᠤ ᠵᠡᠷᠭᠡ ᠤᠯᠠᠨ ᠵᠦᠢᠯ ᠤᠨ ᠰᠣᠩᠭᠤᠯᠲᠠ ᠪᠠᠢᠵᠤ ᠪᠣᠯᠤᠨ᠎ᠠ ᠂ ᠥᠷ ᠎ᠠ ᠶᠢᠨ ᠬᠤᠭᠤᠴᠠᠭᠠᠨ ᠤ ᠪᠣᠳᠠᠲᠠᠢ ᠬᠠᠷᠠᠯᠲᠠ ᠪᠠᠨ ᠨᠢᠭᠡ ᠨᠢᠭᠡ ᠪᠠᠷ ᠪᠡᠶᠡᠯᠡᠭᠦᠯᠬᠦ ᠪᠠᠷ ᠳᠠᠮᠵᠢᠨ ᠠᠯᠤᠰ ᠬᠡᠳᠦ ᠶᠢᠨ ᠠᠤᠭ᠎ᠠ ᠬᠠᠷᠠᠯᠲᠠ ᠪᠠᠨ ᠪᠡᠶᠡᠯᠡᠭᠦᠯᠵᠦ ᠂ ᠲᠣᠭᠠᠨ ᠤ ᠬᠤᠷᠠᠮᠳᠤᠯ ᠡᠴᠡ ᠴᠢᠨᠠᠷ ᠤᠨ ᠦᠰᠦᠷᠦᠯᠲᠡ ᠳᠤ ᠬᠦᠷᠦᠨ᠎ᠠ ᠃

ᠬᠣᠶᠠᠷ ᠂ ᠴᠠᠭ ᠢ ᠠᠰᠢᠭᠯᠠᠬᠤ ᠳᠠᠭᠠᠨ ᠴᠢᠳᠠᠮᠠᠭᠠᠢ ᠪᠠᠢᠬᠤ ᠃ 1. ᠤᠨᠲᠠᠵᠤ ᠠᠮᠠᠷᠠᠬᠤ ᠴᠠᠭ ᠢᠶᠠᠨ ᠵᠣᠬᠢᠰᠲᠠᠢ ᠲᠣᠬᠢᠷᠠᠭᠤᠯᠤᠨ ᠂ ᠪᠡᠶ ᠎ᠠ ᠲᠠᠮᠢᠷ ᠤᠨ ᠪᠣᠯᠪᠠᠰᠤᠷᠠᠯ ᠳᠤ ᠢᠳᠡᠪᠬᠢᠲᠡᠢ ᠣᠷᠤᠯᠴᠠᠨ᠎ᠠ ᠃ ᠵᠠᠷᠢᠮ ᠨᠦᠭᠦᠳ ᠢᠯᠡᠭᠦᠦ ᠰᠤᠷᠬᠤ ᠶᠢᠨ ᠲᠥᠯᠦᠭᠡ ᠳᠡᠩᠳᠡᠭᠦᠦ ᠤᠷᠤᠢ ᠪᠤᠯᠳᠠᠯ ᠎ᠠ ᠰᠤᠷᠳᠠᠭ ᠂ ᠵᠠᠷᠢᠮ ᠨᠢ ᠭᠠᠷ ᠤᠲᠠᠰᠤ ᠨᠠᠭᠠᠳᠬᠤ ᠪᠤᠶᠤ ᠵᠣᠭᠤᠭ ᠬᠡᠯᠡᠯᠴᠡᠨ ᠡᠷᠲᠡᠬᠡᠨ ᠤᠨᠲᠠᠵᠤ ᠠᠮᠠᠷᠠᠬᠤ ᠦᠭᠡᠢ ᠪᠠᠢᠳᠠᠭ ᠂ ᠡᠭᠦᠨ ᠡᠴᠡ ᠪᠣᠯᠵᠤ ᠳᠠᠷᠠᠭ᠎ᠠ ᠡᠳᠦᠷ ᠤᠨ ᠬᠢᠴᠢᠶᠡᠯ ᠳᠡᠭᠡᠷ᠎ᠡ ᠎ᠠ ᠨᠦᠷ ᠬᠦᠷᠬᠦ ᠪᠤᠶᠤ ᠲᠠᠷᠢᠬᠢ ᠲᠣᠯᠤᠭᠠᠢ ᠰᠡᠷᠭᠡᠭ ᠦᠭᠡᠢ ᠪᠣᠯᠵᠤ ᠬᠢᠴᠢᠶᠡᠯ ᠰᠣᠨᠤᠰᠬᠤ ᠦᠷ ᠎ᠠ ᠪᠦᠲᠦᠮᠵᠢ ᠪᠠᠨ ᠶᠡᠬᠡᠪᠡᠷ ᠨᠥᠯᠦᠭᠡᠯᠡᠳᠡᠭ ᠂ ᠢᠩᠭᠢᠵᠦ ᠤᠷᠳᠤ ᠬᠤᠭᠤᠴᠠᠭ᠎ᠠ ᠪᠠᠷ ᠦᠷᠭᠦᠯᠵᠢᠯᠡᠬᠦ ᠳᠤ ᠬᠦᠷᠪᠡᠯ ᠰᠤᠷᠤᠭᠴᠢ ᠶᠢᠨ ᠪᠡᠶ ᠎ᠠ ᠮᠠᠬᠠᠪᠤᠳ ᠤᠨ ᠡᠷᠡᠭᠦᠯ ᠴᠢᠭᠢᠷᠠᠭ ᠢ ᠨᠥᠯᠦᠭᠡᠯᠡᠨ ᠂ ᠰᠤᠷᠤᠯᠭ᠎ᠠ ᠶᠢᠨ ᠬᠢᠷᠢ ᠪᠦᠲᠦᠮᠵᠢ ᠶᠢᠨ ᠳᠡᠭᠡᠭᠰᠢᠯᠡᠯᠲᠡ ᠶᠢ ᠨᠥᠯᠦᠭᠡᠯᠡᠳᠡᠭ ᠶᠤᠮ ᠃ ᠡᠢᠮᠦ ᠡᠴᠡ ᠤᠨᠲᠠᠵᠤ ᠠᠮᠠᠷᠠᠬᠤ ᠂ ᠰᠤᠷᠤᠯᠴᠠᠬᠤ ᠂ ᠨᠠᠭᠠᠳᠬᠤ ᠴᠠᠭ ᠢᠶᠠᠨ ᠰᠠᠢᠬᠠᠨ ᠵᠣᠬᠢᠰᠲᠠᠢ ᠲᠣᠬᠢᠷᠠᠭᠤᠯᠬᠤ ᠬᠡᠷᠡᠭᠲᠡᠢ ᠃ 2. ᠡᠳᠦᠷ ᠤᠨ ᠶᠠᠪᠤᠳᠠᠯ ᠢᠶᠠᠨ ᠡᠳᠦᠷ ᠲᠡᠭᠡᠨ ᠬᠢᠵᠦ ᠳᠠᠭᠤᠰᠭᠠᠬᠤ ᠃ ᠡᠳᠦᠷ ᠤᠨ ᠰᠤᠷᠤᠭᠰᠠᠨ ᠠᠭᠤᠯᠭ᠎ᠠ ᠪᠠᠨ ᠡᠳᠦᠷ ᠲᠡᠭᠡᠨ ᠰᠢᠩᠭᠡᠭᠡᠵᠦ ᠠᠪᠬᠤ ᠪᠠᠷ ᠴᠢᠷᠮᠠᠢᠬᠤ ᠂ ᠳᠠᠰᠭᠠᠯ ᠪᠣᠯᠪᠠᠰᠤᠷᠠᠯ ᠢᠶᠠᠨ ᠴᠠᠭ ᠲᠠᠭᠠᠨ ᠭᠦᠢᠴᠡᠳᠭᠡᠬᠦ ᠂ ᠰᠠᠢᠨ ᠰᠠᠢᠬᠠᠨ ᠵᠠᠩ ᠳᠠᠳᠭᠠᠯ ᠢ ᠪᠠᠷᠢᠮᠲᠠᠯᠠᠨ ᠂ ᠵᠠᠯᠠᠬᠠᠭᠤᠷᠠᠨ ᠤᠴᠢᠷ ᠶᠠᠪᠤᠳᠠᠯ ᠢᠶᠠᠨ ᠬᠣᠢᠰᠢᠯᠠᠭᠤᠯᠬᠤ ᠂  ᠮᠠᠷᠭᠠᠰᠢ  ᠭᠡᠭᠰᠡᠭᠡᠷ ᠪᠠᠢᠭᠠᠳ ᠡᠴᠦᠰ ᠲᠡᠭᠡᠨ ᠶᠠᠭᠤ ᠴᠦ ᠪᠦᠲᠦᠭᠡᠵᠦ ᠳᠡᠢᠯᠬᠦ ᠦᠭᠡᠢ ᠪᠠᠢᠳᠠᠭ ᠮᠠᠭᠤ ᠳᠠᠳᠭᠠᠯ ᠢ ᠲᠡᠪᠴᠢᠬᠦ ᠬᠡᠷᠡᠭᠲᠡᠢ ᠃ 3. ᠲᠠᠷᠠᠬᠠᠢ ᠪᠤᠲᠠᠷᠬᠠᠢ ᠰᠤᠯᠠ ᠴᠠᠭ ᠢ ᠴᠢᠳᠠᠮᠠᠭᠠᠢ ᠠᠰᠢᠭᠯᠠᠬᠤ ᠃ ᠴᠠᠭ ᠮᠥᠴᠡ ᠨᠢᠭᠡ ᠨᠢᠭᠡ ᠴᠠᠭ ᠢᠶᠠᠷ ᠥᠩᠭᠡᠷᠡᠵᠦ ᠪᠠᠢᠬᠤ ᠪᠢᠰᠢ ᠬᠠᠷᠢᠨ ᠨᠢᠭᠡ ᠨᠢᠭᠡ ᠮᠢᠨᠦ᠋ᠲ ᠢᠶᠠᠷ ᠥᠩᠭᠡᠷᠡᠵᠦ ᠪᠠᠢᠳᠠᠭ ᠃ ᠡᠢᠮᠦ ᠡᠴᠡ ᠪᠢᠳᠡ ᠲᠣᠭᠠᠨ ᠤ ᠬᠤᠷᠠᠮᠳᠤᠯ ᠢ ᠴᠢᠬᠤᠯᠠᠴᠢᠯᠠᠨ ᠦᠵᠡᠵᠦ ᠂ ᠨᠢᠭᠡ ᠮᠢᠨᠦ᠋ᠲ ᠨᠢᠭᠡ ᠰᠧᠺᠤᠢᠨᠲ ᠤᠨ ᠬᠤᠷᠠᠮᠳᠤᠯ ᠢᠶᠠᠷ ᠳᠡᠮᠵᠢᠨ ᠴᠠᠭ ᠤᠨ ᠠᠰᠢᠭᠯᠠᠮᠵᠢ ᠶᠢ ᠨᠡᠮᠡᠭᠳᠡᠬᠦᠯᠤᠨ᠎ᠠ ᠃ ᠵᠢᠱᠢᠶᠡᠯᠡᠪᠡᠯ ᠂ ᠲᠡᠷᠭᠡᠨ ᠥᠷᠲᠡᠭᠡᠨ ᠳᠤ ᠲᠡᠷᠭᠡ ᠬᠦᠯᠢᠶᠡᠬᠦ ᠲᠠᠪᠤ ᠠᠷᠪᠠᠨ ᠮᠢᠨᠦ᠋ᠲ ᠂ ᠵᠠᠮ ᠠᠶᠠᠯᠠᠬᠤ ᠬᠠᠭᠠᠰ ᠴᠠᠭ ᠬᠣᠷᠢᠨ ᠮᠢᠨᠦ᠋ᠲ ᠤᠨ ᠴᠠᠭ ᠢ ᠠᠰᠢᠭᠯᠠᠨ ᠠᠩᠭ᠍ᠯᠢ ᠬᠡᠯᠡᠨ ᠤ ᠦᠭᠡ ᠥᠭᠦᠯᠡᠪᠦᠷᠢ ᠶᠢ ᠴᠡᠭᠡᠵᠢᠯᠡᠬᠦ ᠂ ᠤᠯᠤᠰ ᠲᠥᠷᠦ ᠂ ᠲᠡᠦᠬᠡ ᠶᠢᠨ ᠤᠬᠠᠭᠳᠠᠬᠤᠨ ᠂ ᠤᠭ ᠶᠣᠰᠤ ᠶᠢ ᠴᠡᠭᠡᠵᠢᠯᠡᠬᠦ ᠂ ᠰᠣᠨᠢᠨ ᠰᠡᠳᠭᠦᠯ ᠤᠩᠰᠢᠬᠤ ᠂ ᠮᠠᠲ᠋ᠧᠷᠢᠶᠠᠯ ᠴᠤᠭᠯᠠᠭᠤᠯᠬᠤ ᠵᠡᠷᠭᠡ ᠠᠵᠢᠯ ᠢ ᠬᠢᠵᠦ ᠪᠣᠯᠤᠨ᠎ᠠ ᠃

ᠭᠤᠷᠪᠠ ᠂ ᠰᠤᠷᠬᠤ ᠶᠠᠪᠤᠴᠠ ᠶᠢᠨ ᠭᠣᠭᠴᠤᠭ᠎ᠠ ᠶᠢ ᠬᠢᠨᠠᠮᠠᠭᠠᠢ ᠭᠦᠢᠴᠡᠳᠭᠡᠬᠦ ᠃ 1. ᠤᠷᠢᠳᠴᠢᠯᠠᠨ ᠳᠠᠪᠲᠠᠬᠤ ᠃ ᠪᠡᠯᠡᠳᠭᠡᠯ ᠦᠭᠡᠢ ᠲᠠᠢᠨ ᠢᠯᠠᠭᠳᠠᠵᠦ ᠂ ᠤᠷᠢᠳᠴᠢᠯᠠᠨ ᠳᠠᠪᠲᠠᠬᠤ ᠦᠭᠡᠢ ᠬᠢᠴᠢᠶᠡᠯ ᠰᠠᠢᠨ ᠦᠷ ᠎ᠠ ᠪᠦᠲᠦᠮᠵᠢ ᠣᠯᠵᠤ ᠴᠢᠳᠠᠬᠤ ᠦᠭᠡᠢ ᠃ ᠤᠷᠢᠳᠴᠢᠯᠠᠨ ᠳᠠᠪᠲᠠᠬᠤ ᠪᠠᠷ ᠳᠠᠮᠵᠢᠨ ᠰᠢᠨ᠎ᠡ ᠬᠢᠴᠢᠶᠡᠯ ᠤᠨ ᠲᠤᠬᠠᠢ ᠠᠩᠬ᠎ᠠ ᠠᠯᠬᠤᠮ ᠤᠨ ᠣᠢᠯᠠᠭᠠᠯᠲᠠ ᠲᠠᠢ ᠪᠣᠯᠵᠤ ᠂ ᠰᠢᠨ᠎ᠡ ᠬᠢᠴᠢᠶᠡᠯ ᠢᠶᠠᠨ ᠬᠢᠯᠪᠠᠷᠬᠠᠨ ᠰᠤᠷᠬᠤ ᠂ ᠥᠪᠡᠷ ᠤᠨ ᠬᠢᠴᠢᠶᠡᠯ ᠰᠣᠨᠤᠰᠬᠤ ᠬᠠᠨᠳᠤᠯᠭᠠᠲᠤ ᠴᠢᠨᠠᠷ ᠂ ᠢᠳᠡᠪᠬᠢ ᠴᠢᠨᠠᠷ ᠢᠶᠠᠨ ᠳᠡᠭᠡᠭᠰᠢᠯᠡᠭᠦᠯᠵᠦ ᠂ ᠰᠢᠨ᠎ᠡ ᠠᠭᠤᠯᠭ᠎ᠠ ᠶᠢ ᠣᠢᠯᠠᠭᠠᠬᠤ ᠳᠤ ᠠᠰᠢᠭᠲᠠᠢ ᠶᠤᠮ ᠃ 2. ᠥᠨᠳᠦᠷ ᠪᠦᠲᠦᠮᠵᠢᠲᠡᠢ ᠪᠠᠷ ᠬᠢᠴᠢᠶᠡᠯ ᠰᠣᠨᠤᠰᠬᠤ ᠃ ᠨᠢᠭᠡ ᠰᠤᠷᠤᠭᠴᠢ ᠶᠢᠨ ᠰᠤᠷᠤᠯᠭ᠎ᠠ ᠶᠢᠨ ᠰᠠᠢᠨ ᠮᠠᠭᠤ ᠂ ᠬᠢᠷᠢ ᠪᠦᠲᠦᠮᠵᠢ ᠶᠢᠨ ᠥᠨᠳᠦᠷ ᠲᠣᠣᠷ ᠎ᠠ ᠶᠢᠨ ᠵᠠᠩᠭᠢᠯᠠᠭ᠎ᠠ ᠨᠢ ᠬᠢᠴᠢᠶᠡᠯ ᠤᠨ ᠴᠠᠭ ᠤᠨ ᠰᠤᠷᠤᠯᠭ᠎ᠠ ᠳᠤ ᠪᠤᠢ ᠃ ᠬᠢᠴᠢᠶᠡᠯ ᠤᠨ ᠴᠠᠭ ᠤᠨ 45 ᠮᠢᠨᠦ᠋ᠲ ᠢ ᠭᠦᠢᠴᠡᠳ ᠠᠰᠢᠭᠯᠠᠨ ᠂ ᠦᠷ ᠎ᠠ ᠪᠦᠲᠦᠮᠵᠢᠲᠡᠢ ᠰᠤᠷᠤᠯᠴᠠᠬᠤ ᠨᠢ ᠰᠤᠷᠤᠯᠭ᠎ᠠ ᠶᠢᠨ ᠴᠢᠨᠠᠷ ᠴᠢᠨᠰᠠᠭ᠎ᠠ ᠶᠢ ᠳᠡᠭᠡᠭᠰᠢᠯᠡᠭᠦᠯᠬᠦ ᠳᠤ ᠯᠤᠲᠤ ᠶᠡᠬᠡ ᠨᠥᠯᠦᠭᠡ ᠲᠠᠢ ᠶᠤᠮ ᠃ ᠨᠢᠭᠡ ᠬᠢᠴᠢᠶᠡᠯ ᠢ ᠰᠠᠢᠨ ᠰᠣᠨᠤᠰᠬᠤ ᠳᠤ ᠬᠢᠴᠢᠶᠡᠯ ᠡᠴᠡ ᠡᠮᠦᠨ᠎ᠡ ᠪᠡᠶ ᠎ᠠ ᠰᠡᠳᠭᠢᠴᠡ ᠂ ᠮᠡᠳᠡᠯᠭᠡ ᠪᠣᠯᠪᠠᠰᠤᠷᠠᠯ ᠤᠨ ᠳᠡᠯ ᠎ᠠ ᠡᠴᠡ ᠭᠦᠢᠴᠡᠳ ᠪᠡᠯᠡᠳᠭᠡᠯ ᠬᠢᠵᠦ ᠂ ᠳᠠᠷᠤᠢ ᠬᠢᠨᠠᠮᠠᠭᠠᠢ ᠰᠣᠨᠤᠰᠬᠤ ᠂ ᠨᠠᠷᠢᠨ ᠦᠵᠡᠬᠦ ᠢᠳᠡᠪᠬᠢᠲᠡᠢ ᠶᠠᠷᠢᠬᠤ ᠂ ᠰᠡᠳᠭᠢᠯ ᠢᠶᠠᠨ ᠲᠦᠪᠯᠡᠷᠡᠬᠦᠯᠬᠦ ᠂ ᠭᠠᠷ ᠢᠶᠠᠨ ᠬᠥᠳᠡᠯᠭᠡᠬᠦ ᠵᠡᠷᠭᠡ ᠪᠣᠯᠤᠨ᠎ᠠ ᠂ 3 ᠂ ᠴᠠᠭ ᠲᠤᠬᠠᠢ ᠳᠤᠨᠢ ᠳᠠᠪᠲᠠᠬᠤ ᠃ ᠬᠠᠭᠤᠴᠢᠨ ᠢᠶᠠᠨ ᠲᠡᠪᠳᠡᠮᠠᠨᠵᠢᠨ ᠰᠠᠶᠢ ᠰᠢᠨ᠎ᠡ ᠮᠡᠳᠡᠯᠭᠡ ᠶᠢ ᠡᠵᠡᠮᠰᠢᠵᠦ ᠴᠢᠳᠠᠨ᠎ᠠ ᠃ ᠰᠤᠷᠤᠭᠰᠠᠨ ᠠᠭᠤᠯᠭ᠎ᠠ ᠪᠠᠨ ᠳᠠᠪᠲᠠᠬᠤ ᠨᠢ ᠰᠤᠷᠤᠭᠴᠢ ᠶᠢᠨ ᠮᠡᠳᠡᠯᠭᠡ ᠶᠢᠨ ᠴᠢᠬᠤᠯᠠ ᠨᠢᠭᠡ ᠭᠣᠭᠴᠤᠭ᠎ᠠ ᠮᠥᠨ ᠃ ᠡᠢᠮᠦ ᠡᠴᠡ ᠰᠤᠷᠤᠯᠴᠠᠬᠤ ᠦᠷ ᠎ᠠ ᠪᠦᠲᠦᠮᠵᠢ ᠪᠠᠨ ᠳᠡᠭᠡᠭᠰᠢᠯᠡᠭᠦᠯᠬᠦ ᠳᠤ ᠡᠷᠬᠡᠪᠰᠢ ᠴᠠᠭ ᠲᠤᠬᠠᠢ ᠳᠤᠨᠢ ᠳᠠᠬᠢᠨ ᠲᠡᠪᠳᠠᠬᠤ ᠬᠡᠷᠡᠭᠲᠡᠢ ᠃ ᠳᠠᠪᠲᠠᠬᠤ ᠦᠶᠡᠰ ᠵᠠᠪᠠᠯ ᠵᠣᠬᠢᠰᠲᠠᠢ ᠲᠥᠯᠦᠪᠯᠡᠭᠡ ᠲᠣᠭᠲᠠᠭᠠᠵᠤ ᠰᠢᠰᠲ᠋ᠧᠮ ᠲᠠᠢ ᠂ ᠠᠯᠬᠤᠮ ᠳᠠᠷᠠᠭ᠎ᠠ ᠲᠠᠢ ᠂ ᠰᠢᠨᠵᠢᠯᠡᠬᠦ ᠤᠬᠠᠭᠠᠨᠴᠢ ᠪᠠᠷ ᠳᠠᠪᠲᠠᠬᠤ ᠰᠠᠢᠨ ᠰᠠᠢᠬᠠᠨ ᠳᠠᠳᠭᠠᠯ ᠢ ᠪᠤᠢ ᠪᠣᠯᠭᠠᠨ᠎ᠠ ᠃

 

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠥᠪᠦᠷ ᠮᠣᠩᠭᠤᠯ ᠥᠨᠳᠥᠰᠥᠲᠡᠨ ᠦ ᠰᠤᠷᠭᠠᠨ ᠬᠥᠮᠦᠵᠢᠯ ᠦᠨ ᠰᠦᠯᠵᠢᠶ᠎ᠡ ᠬᠡᠪᠯᠡᠯ ᠦᠨ ᠡᠷᠬᠡ ᠲᠡᠢ ᠃ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃