lt
ᠬᠦᠮᠦᠵᠢᠯ ᠲᠠᠳᠬᠠᠯ
ᠤᠪᠠᠮᠠ ᠶᠢᠨ ᠨᠢᠭᠡ ᠨᠠᠰᠤ ᠶᠢ ᠬᠤᠪᠢᠷᠠᠭᠤᠯᠤᠭᠰᠠᠨ ᠨᠢᠭᠡ ᠬᠢᠴᠢᠶᠡᠯᠯᠡᠭᠡ
2016.06.14 ᠲᠣᠰ ᠥᠷᠲᠡᠭᠡᠨ ᠦ ᠨᠠᠢᠷᠠᠭᠤᠯᠤᠭᠴᠢ

ᠬᠠᠷ᠎ᠠ ᠠᠷᠠᠰᠤᠲᠠᠨ ᠵᠠᠯᠠᠭᠤ ᠤᠪᠠᠮᠠ ᠳᠤᠮᠳᠠᠳᠤ ᠰᠤᠷᠭᠠᠭᠤᠯᠢ ᠶᠢᠨ ᠰᠤᠷᠤᠭᠴᠢ ᠪᠠᠢᠵᠠᠢ ᠃ ᠵᠠᠷᠢᠮ ᠴᠠᠭᠠᠨ ᠠᠷᠠᠰᠤᠲᠠᠨ ᠤ ᠪᠠᠭᠰᠢ ᠨᠠᠷ ᠪᠠ ᠰᠤᠷᠤᠭᠴᠢᠳ ᠨᠢ ᠲᠡᠭᠦᠨ ᠢ ᠲᠤᠢᠯ ᠢᠶᠠᠷ ᠭᠠᠳᠠᠭᠤᠷᠴᠢᠯᠠᠳᠠᠭ ᠡᠴᠡ ᠤᠪᠠᠮᠠ ᠮᠤᠵᠢᠭᠤᠳᠠᠯᠠᠬᠤ ᠂ ᠤᠷᠤᠭᠤᠳᠠᠬᠤ ᠂ ᠳᠦᠬᠡᠷᠢᠭᠳᠡᠬᠦ ᠬᠡᠮᠵᠢᠶᠡᠨ ᠳᠤ ᠬᠦᠷᠴᠦ ᠦᠷᠭᠦᠯᠵᠢ ᠬᠢᠴᠢᠶᠡᠯ ᠣᠷᠤᠬᠤ ᠪᠠᠨ ᠪᠣᠯᠢᠳᠠᠭ ᠃ ᠰᠢᠨ᠎ᠡ ᠬᠤᠭᠤᠴᠠᠭ᠎ᠠ ᠡᠬᠢᠯᠡᠭᠰᠡᠨ ᠤ ᠳᠠᠷᠠᠭ᠎ᠠ ᠴᠠᠭᠠᠨ ᠠᠷᠠᠰᠤᠲᠠᠨ ᠤ ᠪᠠᠭᠰᠢ ᠳᠤᠢᠬᠠᠮ ᠤᠪᠠᠮᠡ ᠶᠢᠨ ᠠᠩᠭᠢ ᠶᠢᠨ ᠡᠷᠬᠢᠯᠡᠭᠴᠢ ᠪᠣᠯᠵᠤ ᠂ ᠬᠠᠷ᠎ᠠ ᠠᠷᠠᠰᠤᠲᠠᠨ ᠤ ᠰᠤᠷᠤᠭᠴᠢᠳ ᠲᠤ ᠠᠳᠠᠯᠢ ᠲᠡᠭᠰᠢ ᠬᠠᠨᠳᠤᠵᠦ ᠂ ᠤᠪᠡᠮᠡ ᠶᠢ ᠰᠤᠷᠭᠠᠭᠤᠯᠢ ᠶᠢᠨ ᠢᠶᠠᠨ ᠰᠠᠭᠰᠤᠨ ᠪᠥᠮᠪᠦᠭᠡ ᠶᠢᠨ ᠳᠤᠭᠤᠢᠯᠠᠡᠭ ᠤᠨ ᠳᠠᠷᠤᠭ᠎ᠠ ᠪᠠᠷ ᠲᠡᠪᠰᠢᠬᠦᠯᠵᠡᠢ ᠃ ᠨᠢᠭᠡ ᠡᠳᠦᠷ ᠤᠪᠡᠮᠡ ᠴᠠᠭᠠᠨ ᠠᠷᠠᠰᠤᠲᠠᠨ ᠤ ᠨᠢᠭᠡ ᠰᠤᠷᠤᠭᠴᠢ ᠲᠠᠢ ᠬᠠᠮᠲᠤ ᠵᠢᠵᠢᠬᠦᠷᠯᠡᠪᠡ ᠃ ᠤᠪᠠᠮᠡ ᠠᠩᠭᠢ ᠶᠢᠨ ᠢᠶᠠᠨ ᠱᠠᠯᠠ ᠶᠢ ᠬᠢᠯᠠᠢᠳᠠᠯ᠎ᠠ ᠵᠦᠯᠬᠦᠭᠰᠡᠨ ᠪᠠᠢᠲᠠᠯ᠎ᠠ ᠴᠠᠭᠠᠨ ᠠᠷᠠᠰᠤᠲᠠᠨ ᠤ ᠰᠤᠷᠤᠭᠴᠢ ᠬᠤᠪᠢᠳᠡᠨ ᠠᠪᠤᠭᠰᠠᠨ ᠴᠣᠩᠬᠤᠨ ᠰᠢᠯ ᠢᠶᠠᠨ ᠰᠠᠢᠬᠠᠨ ᠵᠦᠯᠬᠦᠭᠰᠡᠨ ᠦᠭᠡᠢ ᠪᠠᠢᠯ᠎ᠠ ᠃ ᠤᠪᠠᠮᠠ ᠰᠠᠢᠬᠠᠨ ᠰᠡᠳᠭᠢᠯ ᠢᠶᠠᠷ ᠰᠠᠨᠠᠭᠤᠯᠵᠤ ᠬᠡᠯᠡᠬᠦ ᠳᠤ ᠲᠡᠷᠡ ᠡᠭᠳᠡᠬᠦᠴᠡᠨ ᠄ 《 ᠬᠠᠷ᠎ᠠ ᠴᠢᠳᠭᠦᠷ ᠡ ︕ ᠴᠢᠮ᠎ᠠ ᠳᠤ ᠨᠠᠮᠠᠢ ᠰᠤᠷᠭᠠᠬᠤ ᠡᠷᠬᠡ ᠦᠭᠡᠢ ᠂ ᠴᠢ ᠦᠵᠡᠬᠦ ᠦᠭᠡᠢ ᠤᠤ ︖ ᠲᠠᠨ ᠤ ᠵᠦᠯᠬᠦᠭᠰᠡᠨ ᠱᠠᠯᠠ ᠶᠢ ᠬᠠᠷ᠎ᠠ ᠠᠷᠠᠰᠤ ᠴᠢᠨᠢ ᠭᠬᠢᠷᠳᠤᠬᠦᠯᠪᠡ 》 ᠭᠡᠵᠦ ᠳᠤᠷᠤᠮᠵᠢᠯᠠᠪᠠ ᠃ ᠤᠪᠠᠮᠠ ᠠᠭᠤᠷᠯᠠᠬᠤ ᠶᠢᠨ ᠲᠤᠢᠯ ᠳᠤ ᠬᠦᠷᠦᠭᠡᠳ ᠲᠡᠷᠡ ᠰᠤᠷᠤᠭᠴᠢ ᠶᠢ ᠰᠠᠢᠨ ᠨᠢᠭᠡ ᠵᠣᠳᠤᠭᠠᠳ ᠮᠠᠷᠭᠠᠰᠢ ᠨᠢ ᠪᠠᠭᠰᠢ ᠳᠠᠭᠠᠨ ᠵᠢᠮᠡᠯᠡᠭᠳᠡᠬᠦ ᠡᠴᠡ ᠠᠶᠤᠵᠤ ᠬᠢᠴᠢᠶᠡᠯ ᠡᠴᠡ ᠪᠠᠨ ᠤᠷᠭᠤᠪᠠ ᠃ ᠳᠤᠢᠬᠠᠮ ᠪᠠᠭᠰᠢ ᠤᠪᠠᠮᠠ ᠶᠢᠨ ᠬᠡᠷ ᠲᠤ ᠤᠲᠠᠰᠤ ᠠᠪᠴᠤ ᠲᠡᠭᠦᠨ ᠢ ᠰᠤᠷᠭᠠᠭᠤᠯᠢ ᠳᠠᠭᠠᠨ ᠢᠷᠡᠵᠦ ᠬᠢᠴᠢᠶᠡᠯᠯᠡᠬᠦ ᠶᠢ ᠱᠠᠭᠠᠷᠳᠠᠪᠠ ᠃ ᠤᠪᠠᠮᠠ ᠰᠤᠷᠭᠠᠭᠤᠯᠢ ᠳᠠᠭᠠᠨ ᠢᠷᠡᠵᠦ ᠬᠢᠴᠢᠶᠡᠯᠯᠡᠬᠦ ᠳᠤ ᠪᠠᠭᠰᠢ ᠨᠢ ᠲᠡᠭᠦᠨ ᠢ ᠵᠢᠮᠡᠯᠡᠭᠰᠡᠨ ᠦᠭᠡᠢ ᠥᠩᠭᠡᠷᠡᠭᠰᠡᠨ ᠪᠢᠯᠡ ᠃ 

ᠦᠳᠡ ᠶᠢᠨ ᠡᠮᠦᠨ᠎ᠡ ᠳᠦᠬᠠᠮ ᠪᠠᠭᠰᠢ ᠬᠢᠴᠢᠶᠡᠯᠯᠡᠬᠦ ᠦᠶᠡᠰ ᠨᠢᠭᠡ ᠭᠠᠷ ᠲᠠᠭᠠᠨ ᠬᠡᠢ ᠪᠥᠮᠪᠦᠭᠡ ᠠᠳᠭᠤᠵᠤ ᠨᠢᠭᠡ ᠭᠠᠷ ᠢᠶᠠᠷ ᠢᠶᠠᠨ ᠰᠢᠷᠡᠮᠦᠨ ᠪᠥᠮᠪᠦᠭᠡ ᠲᠡᠪᠡᠷᠢᠭᠰᠡᠬᠡᠷ ᠠᠩᠭᠢ ᠶᠢᠨ ᠬᠡᠷ ᠲᠤ ᠣᠷᠤᠵᠤ ᠢᠷᠡᠭᠡᠳ ᠢᠨᠢᠶᠡᠮᠰᠦᠭᠯᠡᠭᠰᠡᠭᠡᠷ ᠄ 《 ᠥᠨᠦᠳᠦᠷ ᠪᠢᠳᠡ ᠨᠢᠭᠡ ᠲᠤᠷᠰᠢᠯᠲᠠ ᠬᠢᠶ᠎ᠠ 》 ᠭᠡᠳ ᠬᠠᠷᠮᠠᠨ ᠡᠴᠡ ᠪᠠᠨ ᠨᠢᠭᠡ ᠵᠡᠭᠦᠦ ᠭᠠᠷᠭᠠᠵᠤ ᠂ ᠤᠷᠢᠳᠠᠪᠠᠷ ᠰᠢᠷᠡᠮᠦᠨ ᠪᠥᠮᠪᠦᠭᠡ ᠶᠢ ᠬᠠᠳᠭᠤᠭᠰᠠᠨ ᠳᠤ ᠰᠢᠷᠡᠮᠦᠨ ᠪᠥᠮᠪᠦᠭᠡ ᠠᠵᠢᠭ ᠴᠦ ᠦᠭᠡᠢ ᠪᠠᠢᠯ᠎ᠠ ᠃ ᠵᠠᠯᠭᠠᠭᠠᠳ ᠲᠡᠷᠡ ᠬᠡᠢ ᠪᠥᠮᠪᠦᠭᠡ ᠶᠢ ᠬᠦᠪ ᠬᠥᠩᠭᠡᠨ ᠴᠢᠴᠢᠬᠦ ᠳᠤ ᠬᠡᠢ ᠪᠥᠮᠪᠦᠭᠡ 《 ᠫᠠᠰ 》 ᠭᠡᠵᠦ ᠲᠡᠯᠪᠡᠷᠡᠪᠡ ᠃ ᠲᠡᠭᠡᠭᠡᠳ ᠡᠨᠡ ᠦᠵᠡᠭᠳᠡᠯ ᠤᠨ ᠲᠤᠬᠠᠢ ᠤᠯᠠᠨ ᠢᠶᠠᠷ ᠢᠶᠠᠨ ᠶᠠᠷᠢᠯᠴᠠᠬᠤ ᠳᠤ ᠰᠢᠷᠡᠮᠦᠨ ᠪᠥᠮᠪᠦᠭᠡ ᠪᠣᠯ ᠬᠥᠨᠳᠡᠢ ᠪᠢᠰᠢ ᠂ ᠵᠡᠭᠦᠦ ᠪᠠᠷ ᠴᠢᠴᠢᠬᠦ ᠨᠢ ᠲᠡᠭᠦᠨ ᠳᠤ ᠶᠠᠮᠠᠷ ᠴᠦ ᠬᠣᠬᠢᠷᠠᠯ ᠪᠣᠯᠬᠤ ᠦᠭᠡᠢ ᠂ ᠬᠡᠳᠡᠯ᠎ᠡ ᠬᠡᠢ ᠪᠥᠮᠪᠦᠭᠡ ᠶᠢᠨ ᠭᠣᠣᠯ ᠨᠢ ᠬᠥᠨᠳᠡᠢ ᠬᠣᠭᠤᠰᠤᠨ ᠂ ᠵᠡᠭᠦᠦ ᠪᠠᠷ ᠬᠠᠳᠭᠤᠬᠤ ᠳᠤ ᠬᠡᠢ ᠨᠢ ᠭᠠᠷᠤᠭᠠᠳ ᠳᠠᠷᠤᠢ ᠬᠠᠭᠠᠷᠠᠳᠠᠭ ᠭᠡᠬᠦ ᠳᠤ ᠳᠦᠬᠠᠮ ᠪᠠᠭᠰᠢ ᠶᠡᠬᠡ ᠬᠠᠨᠤᠮᠵᠢᠲᠠᠢ ᠪᠠᠷ ᠲᠣᠯᠤᠭᠠᠢ ᠳᠤᠬᠢᠠᠠᠰᠡᠭᠠᠷ ᠄ 《 ᠡᠨᠡ ᠲᠤᠷᠰᠢᠯᠲᠠ ᠡᠴᠡ ᠲᠠ ᠨᠠᠷ ᠶᠠᠮᠠᠷ ᠰᠡᠷᠡᠯᠲᠡ ᠲᠥᠷᠦᠭᠳᠡᠯ ᠣᠯᠤᠭᠰᠠᠨ ᠪᠤᠢ ︖ 》 ᠭᠡᠵᠦ ᠠᠰᠠᠭᠤᠯ᠎ᠠ ᠃ 

ᠤᠪᠠᠮᠠ ᠪᠤᠯᠤᠨ ᠪᠦᠬᠦ ᠠᠩᠭᠢ ᠶᠢᠨ ᠨᠤᠢᠬᠦᠳ ᠨᠢ ᠪᠦᠷ ᠨᠢᠭᠡ ᠨᠢᠭᠡᠨ ᠢᠶᠠᠨ ᠬᠠᠷᠠᠭᠠᠳ ᠬᠠᠷᠢᠭᠤ ᠥᠴᠢᠬᠦ ᠬᠥᠮᠦᠨ ᠦᠭᠡᠢ ᠪᠠᠢᠬᠤ ᠶᠢ ᠳᠤᠢᠬᠠᠮ ᠪᠠᠭᠰᠢ ᠦᠵᠡᠭᠡᠳ ᠄ 《 ᠬᠡᠢ ᠪᠥᠮᠪᠦᠭᠡ ᠳᠤ ᠬᠡᠢ ᠴᠣᠬᠢᠬᠤ ᠲᠤᠲᠤᠮ ᠤᠯᠠᠮ ᠠᠮᠠᠷᠬᠠᠨ ᠲᠡᠯᠪᠡᠷᠡᠳᠡᠭ ᠃ ᠨᠢᠭᠡ ᠬᠥᠮᠦᠨ ᠴᠦ ᠪᠡᠶ᠎ᠡ ᠪᠠᠨ ᠭᠣᠯᠤᠬᠤ ᠲᠤᠲᠤᠮ ᠪᠡᠶ᠎ᠡ ᠪᠠᠨ ᠬᠦᠨᠳᠦᠳᠭᠡᠬᠦ ᠢᠯᠡᠷᠡᠯ ᠭᠠᠷᠭᠠᠵᠤ ᠂ ᠪᠤᠰᠤᠳ ᠤᠨ ᠳᠤᠷᠤᠮᠵᠢᠯᠡᠯ ᠢ ᠬᠦᠯᠢᠶᠡᠬᠦ ᠦᠭᠡᠢ ᠪᠤᠶᠤ ᠴᠢᠨᠠᠭᠰᠢᠯᠠᠭᠠᠳ ᠰᠠᠢᠨ ᠰᠡᠳᠭᠢᠯ ᠤᠨ ᠰᠠᠨᠠᠭᠤᠯᠭ᠎ᠠ ᠶᠢ ᠴᠦ ᠡᠨᠳᠡᠬᠦᠷᠡᠬᠡᠳ ᠬᠡᠨ ᠴᠦ ᠬᠠᠯᠳᠠᠵᠤ ᠪᠣᠯᠤᠰᠢ ᠦᠭᠡᠢ ᠪᠣᠯᠳᠠᠭ ᠃ ᠬᠡᠢ ᠪᠥᠮᠪᠦᠭᠡ ᠶᠢᠨ ᠬᠡᠢ ᠨᠢ ᠠᠷᠪᠢᠨ ᠪᠣᠯᠬᠣᠷ ᠲᠡᠯᠪᠡᠷᠡᠴᠢᠬᠡᠪᠡ ᠃ ᠬᠡᠳᠦ ᠪᠡᠶ᠎ᠡ ᠪᠠᠨ ᠭᠣᠯᠤᠭᠰᠠᠨ ᠬᠥᠮᠦᠨ ᠴᠦ ᠡᠴᠦᠰ ᠲᠡᠭᠡᠨ ᠥᠪᠡᠷ ᠢ ᠪᠠᠨ ᠦᠭᠡᠢᠬᠢᠨ᠎ᠡ 》 ᠭᠡᠳ ᠪᠡᠶ᠎ᠡ ᠪᠠᠨ ᠭᠣᠯᠤᠭᠰᠠᠨ ᠭᠤᠨᠢᠭᠲᠤ ᠲᠡᠭᠦᠰᠭᠡᠯ ᠲᠠᠢ ᠦᠯᠢᠭᠡᠷ ᠢ ᠨᠡᠯᠢᠶᠡᠳ ᠶᠠᠷᠢᠵᠠᠢ ᠃ ᠤᠪᠠᠮᠠ ᠰᠣᠨᠤᠰᠤᠭᠠᠳ ᠢᠴᠢᠩᠭᠦᠷᠡᠬᠦ ᠶᠢᠨ ᠲᠤᠢᠯ ᠳᠤ ᠬᠦᠷᠪᠡ ᠃ ᠳᠤᠢᠬᠠᠮ ᠪᠠᠭᠰᠢ ᠄ 《 ᠥᠪᠡᠷ ᠢ ᠪᠠᠨ ᠵᠢᠪ ᠵᠢᠩᠬᠢᠨᠢ ᠬᠦᠨᠳᠦᠳᠬᠡᠶ᠎ᠡ ᠭᠡᠪᠡᠯ ᠶᠠᠭ ᠯᠠ ᠰᠢᠷᠡᠮᠦᠨ ᠪᠥᠮᠪᠦᠭᠡ ᠠᠳᠠᠯᠢ ᠬᠠᠲᠠᠭᠤ ᠴᠢᠩᠭ᠎ᠠ ᠳᠤᠳᠤᠭᠠᠳᠦ ᠰᠡᠳᠭᠢᠯᠭᠡ ᠲᠠᠢ ᠪᠠᠢᠬᠤ ᠬᠡᠷᠡᠭᠲᠡᠢ ᠃ ᠬᠥᠮᠦᠨ ᠤ ᠳᠤᠳᠤᠭᠠᠳᠦ ᠰᠡᠳᠭᠢᠯᠭᠡ ᠭᠡᠳᠡᠭ ᠥᠨᠳᠦᠷ ᠬᠠᠯᠠᠭᠤᠨ ᠢᠶᠠᠷ ᠳᠠᠪᠲᠠᠨ ᠪᠣᠯᠪᠠᠰᠤᠷᠠᠭᠤᠯᠵᠤ ᠪᠦᠲᠦᠭᠡᠭᠰᠡᠨ ᠰᠢᠷᠠᠮᠦ ᠲᠠᠢ ᠠᠳᠠᠯᠢ ᠪᠠᠷ ᠲᠥᠪᠯᠡᠭᠦᠨ ᠴᠢᠬᠢᠮᠡᠢ ᠪᠣᠯᠪᠠᠰᠤᠷᠠᠯ ᠪᠠ ᠡᠯᠪᠡᠭ ᠪᠠᠶᠠᠯᠢᠭ ᠮᠡᠳᠡᠯᠭᠡ ᠂ ᠰᠠᠢᠨ ᠰᠠᠢᠬᠠᠨ ᠳᠠᠳᠭᠠᠯ ᠡᠴᠡ ᠪᠦᠷᠢᠯᠳᠦᠳᠡᠭ 》 ᠭᠡᠯ᠎ᠡ ᠃

 ᠳᠤᠢᠬᠠᠮ ᠪᠠᠭᠰᠢ ᠡᠴᠡ ᠳᠥᠭᠦᠮ ᠦᠵᠡᠭᠦᠯᠦᠯᠭᠡ ᠶᠢᠨ ᠬᠢᠴᠢᠶᠡᠯᠯᠡᠭᠡ ᠪᠠᠷ ᠭᠦᠢᠬᠡᠨ ᠤ ᠳᠣᠲᠤᠷ᠎ᠠ ᠭᠦᠨ ᠢ ᠠᠬᠤᠭᠤᠯᠵᠦ ᠂ ᠡᠶᠡᠯᠰᠡᠭ ᠴᠦ ᠲᠥᠪᠯᠡᠭᠦᠨ ᠪᠠᠢᠵᠤ ᠂ ᠵᠣᠬᠢᠰᠲᠠᠢ ᠵᠦᠢᠷᠯᠡᠯ ᠢᠶᠠᠷ ᠭᠦᠨ ᠭᠦᠨᠵᠡᠭᠡᠢ ᠶᠣᠰᠤ ᠤᠴᠢᠷ ᠢ ᠬᠥᠮᠦᠨ ᠤ ᠰᠡᠳᠭᠢᠯ ᠤᠨ ᠭᠦᠨ ᠳᠤ ᠰᠢᠩᠭᠡᠲᠡᠯ᠎ᠡ ᠲᠠᠢᠯᠪᠤᠷᠢᠯᠠᠭᠰᠠᠨ ᠪᠠᠢᠨ᠎ᠠ ᠃ ᠳᠦᠬᠠᠮ ᠪᠠᠭᠰᠢ ᠶᠢᠨ ᠡᠨᠡ ᠨᠢᠭᠡ ᠬᠢᠴᠢᠶᠡᠯᠯᠡᠭᠡ ᠶᠢᠨ ᠳᠠᠷᠠᠭ᠎ᠠ ᠰᠤᠷᠤᠭᠴᠢᠳ ᠪᠦᠷ ᠭᠦᠨ ᠪᠤᠳᠤᠯᠭᠠᠰᠢᠷᠡᠯ ᠳᠤ ᠤᠨᠠᠵᠡᠢ ᠃ ᠨᠡᠩ ᠴᠦ ᠤᠪᠠᠮᠠ ᠤᠨᠲᠠᠭᠰᠠᠨ ᠡᠴᠡ ᠪᠠᠨ ᠰᠡᠷᠢᠭᠰᠡᠨ ᠰᠢᠭ ᠶᠠᠪᠤᠵᠤ ᠢᠷᠡᠭᠰᠡᠨ ᠢᠶᠠᠨ ᠳᠤᠩᠭᠠᠵᠦ ᠂ ᠲᠡᠭᠦᠨ ᠡᠴᠡ ᠡᠬᠢᠯᠡᠨ ᠪᠡᠶ᠎ᠡ ᠪᠠᠨ ᠬᠤᠪᠢᠷᠠᠭᠤᠯᠤᠭᠰᠠᠨ ᠪᠠᠢᠯ᠎ᠠ ᠃ ᠤᠪᠠᠮᠡ ᠳᠠᠬᠢᠵᠤ ᠡᠷᠡᠬᠡᠯᠵᠡᠨ ᠳᠦᠬᠡᠷᠢᠭᠰᠡᠨ ᠦᠭᠡᠢ ᠂ ᠪᠡᠶ᠎ᠡ ᠪᠠᠨ ᠭᠣᠯᠤᠵᠤ ᠭᠤᠳᠤᠷᠡᠨ ᠭᠤᠨᠢᠭᠰᠠᠨ ᠦᠭᠡᠢ ᠂ ᠬᠠᠷᠢᠨ ᠥᠷᠭᠡᠨ ᠮᠡᠳᠡᠯᠭᠡ ᠬᠤᠷᠠᠮᠳᠤᠭᠤᠯᠵᠦ ᠂ ᠢᠳᠡᠪᠬᠢᠲᠡᠢ ᠪᠠᠷ ᠬᠥᠮᠦᠨ ᠲᠠᠢ ᠬᠠᠷᠢᠯᠴᠠᠭᠰᠠᠨ ᠪᠥᠭᠡᠳ ᠪᠠᠰᠠ ᠰᠠᠭᠰᠠᠭᠤᠷᠡᠨ ᠶᠡᠬᠡᠷᠬᠡᠬᠦ ᠦᠭᠡᠢ ᠶᠠᠪᠤᠭᠠᠳ ᠡᠴᠦᠰ ᠲᠡᠭᠡᠨ ᠠᠮᠧᠷᠢᠺᠠ ᠤᠯᠤᠰ ᠤᠨ ᠬᠠᠮᠤᠭ ᠤᠨ ᠠᠩᠬᠠᠨ ᠤ ᠬᠠᠷ᠎ᠠ ᠠᠷᠠᠰᠤᠲᠠᠨ ᠶᠡᠷᠦᠩᠬᠡᠢᠯᠡᠭᠴᠢ ᠪᠣᠯᠤᠭᠰᠠᠨ ᠪᠢᠯᠡ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠥᠪᠦᠷ ᠮᠣᠩᠭᠤᠯ ᠥᠨᠳᠥᠰᠥᠲᠡᠨ ᠦ ᠰᠤᠷᠭᠠᠨ ᠬᠥᠮᠦᠵᠢᠯ ᠦᠨ ᠰᠦᠯᠵᠢᠶ᠎ᠡ ᠬᠡᠪᠯᠡᠯ ᠦᠨ ᠡᠷᠬᠡ ᠲᠡᠢ ᠃ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃