lt
ᠬᠦᠮᠦᠵᠢᠯ ᠲᠠᠳᠬᠠᠯ
ᠬᠡᠦᠬᠡᠳ ᠤᠨ ᠣᠶᠤᠨ ᠤ ᠴᠢᠳᠠᠪᠤᠷᠢ ᠵᠢ ᠨᠡᠬᠡᠭᠳᠡᠭᠦᠯᠬᠦ ᠬᠠᠮᠤᠭ ᠰᠠᠢᠨ ᠴᠠᠭ
2016.06.09 ᠲᠣᠰ ᠥᠷᠲᠡᠭᠡᠨ ᠦ ᠨᠠᠢᠷᠠᠭᠤᠯᠤᠭᠴᠢ

ᠬᠡᠦᠬᠡᠳ ᠤᠨ ᠣᠶᠤᠨ ᠤ ᠴᠢᠳᠠᠪᠤᠷᠢ ᠵᠢ ᠨᠡᠬᠡᠭᠳᠡᠭᠦᠯᠬᠦ ᠬᠠᠮᠤᠭ ᠰᠠᠢᠨ ᠴᠠᠭ

ᠰᠢᠨᠵᠢᠯᠡᠬᠦ ᠤᠬᠠᠭᠠᠨ ᠤ ᠨᠤᠳᠤᠯᠤᠯᠳᠠ ᠵᠢ ᠦᠨᠳᠦᠰᠦᠯᠡᠪᠡᠯ ᠄ ᠶᠡᠬᠡ ᠬᠥᠮᠦᠨ ᠤ ᠣᠶᠤᠨ ᠤᠬᠠᠭᠠᠨ ᠢ ᠵᠠᠭᠤᠨ ᠤ ᠵᠠᠭᠤ ᠪᠡᠷ ᠦᠵᠡᠪᠡᠯ ᠂ ᠬᠥᠮᠦᠨ ᠳᠥᠷᠪᠡᠨ ᠨᠠᠰᠤ ᠬᠦᠷᠪᠡᠯ ᠣᠶᠤᠨ ᠤᠬᠠᠭᠠᠨ ᠨᠢ ᠬᠥᠭᠵᠢᠭᠡᠳ ᠵᠠᠭᠤᠨ  ᠤ ᠲᠠᠪᠢ ᠪᠣᠯᠵᠤ ᠂ ᠨᠠᠢ᠍ᠮᠠᠨ ᠨᠠᠰᠤ ᠬᠦᠷᠪᠡᠯ ᠬᠥᠭᠵᠢᠭᠡᠳ ᠪᠦᠬᠦᠢᠯᠡ ᠨᠢᠭᠡ ᠨᠠᠰᠤᠨ ᠤ ᠣᠶᠤᠨ ᠤᠬᠠᠭᠠᠨ ᠤ ᠵᠠᠭᠤᠨ ᠨᠠᠶᠠᠨ ᠭᠤᠷᠪᠠ ᠡᠴᠡ ᠵᠠᠭᠤᠨ ᠤ ᠶᠢᠷᠢ ᠳᠤ ᠬᠦᠷᠳᠡᠭ ᠃ ᠳᠠᠷᠤᠢ ᠬᠡᠦᠬᠡᠳ ᠤᠨ ᠬᠤᠷᠴᠠ ᠰᠡᠷᠭᠦᠯᠡᠩ ᠡᠰᠡᠬᠦ ᠨᠢ ᠲᠡᠭᠦᠨ ᠤ ᠨᠠᠢ᠍ᠮᠠᠨ ᠨᠠᠰᠤ ᠬᠦᠷᠪᠡᠯ ᠳᠠᠷᠤᠢ ᠦᠨᠳᠦᠰᠦᠨ ᠳᠡᠭᠡᠨ ᠲᠤᠭᠳᠠᠪᠤᠷᠢᠵᠢᠳᠠᠭ ᠪᠢᠯᠡ ᠃

ᠨᠢᠭᠡ ᠶᠡᠬᠡ ᠲᠠᠷᠢᠬᠢᠨ ᠤ ᠬᠥᠭᠵᠢᠯᠲᠡ ᠵᠢᠨ ᠬᠤᠭᠤᠴᠠᠭᠠᠲᠤ ᠴᠢᠨᠠᠷ ᠢ ᠡᠵᠡᠮᠰᠢᠬᠦ ᠬᠡᠷᠡᠭᠲᠡᠢ

ᠰᠡᠷᠡᠯ ᠤᠨ ᠡᠷᠬᠡᠲᠡᠨ ᠤ ᠰᠢᠰᠲ᠋ᠧᠮ ᠨᠢ ᠬᠠᠷᠢᠴᠠᠩᠭᠤᠢ ᠪᠡᠷ ᠬᠥᠭᠵᠢᠯᠲᠡ ᠨᠢ ᠲᠤᠢᠯ ᠤᠨ ᠬᠤᠷᠴᠠ ᠰᠣᠷᠭᠤᠭ ᠪᠠᠢᠳᠠᠭ ᠃ ᠬᠡᠦᠬᠡᠳ ᠤᠨ ᠲᠠᠭᠤᠨ ᠥᠩᠭᠡ ᠵᠢ ᠢᠯᠭᠠᠨ ᠲᠠᠨᠢᠬᠤ ᠳᠤ ᠬᠦᠴᠢᠷᠳᠡᠵᠦ ᠪᠠᠢᠬᠤ ᠨᠢ ᠳᠠᠷᠤᠢ ᠬᠡᠦᠬᠡᠳ ᠳᠥᠷᠪᠡᠨ ᠨᠠᠰᠤᠨ ᠡᠴᠡ ᠡᠮᠦᠨ᠎ᠡ ᠰᠣᠨᠤᠰᠬᠤ ᠡᠷᠬᠡᠲᠡᠨ ᠨᠢ ᠠᠨᠠᠢ ᠪᠠᠢᠭᠰᠠᠨ ᠡᠴᠡ ᠪᠣᠯᠤᠭᠰᠠᠨ ᠶᠤᠮ ᠃ ᠣᠳᠤ ᠵᠢᠨ ᠵᠠᠷᠢᠮ ᠡᠷᠳᠡᠮᠲᠡᠨ ᠤ ᠰᠤᠳᠤᠯᠤᠯᠲᠠ ᠵᠢ ᠦᠨᠳᠦᠰᠦᠯᠡᠪᠡᠯ ᠄ ᠪᠢᠳᠡ ᠵᠠᠪᠠᠯ ᠬᠡᠦᠬᠡᠳ ᠤᠨ ᠰᠣᠨᠤᠰᠬᠤ ᠴᠢᠳᠠᠪᠤᠷᠢ ᠵᠢᠴᠢ ᠦᠭᠡ ᠬᠡᠯᠡᠯᠭᠡ ᠵᠢᠨ ᠬᠥᠭᠵᠢᠯᠲᠡ ᠵᠢᠨ ᠰᠢᠰᠲ᠋ᠧᠮ ᠢ ᠲᠦᠷᠭᠡᠳᠭᠡᠬᠦ ᠡᠯᠪᠡᠭ ᠪᠠᠶᠠᠯᠢᠭ ᠰᠡᠷᠡᠯ ᠤᠨ ᠲᠠᠨᠢᠯᠲᠠ ᠬᠢᠭᠡᠳ ᠦᠭᠡ ᠬᠡᠯᠡᠯᠭᠡ ᠵᠢᠨ ᠬᠠᠷᠢᠴᠠᠭ᠎ᠠ ᠵᠢ ᠬᠡᠦᠬᠡᠳ  ᠲᠠᠢ ᠪᠠᠨ ᠬᠠᠷᠢᠯᠴᠠᠵᠤ ᠲᠦᠷᠭᠡᠳᠭᠡᠬᠦ  ᠨᠢ ᠲᠤᠢᠯ ᠤᠨ ᠴᠢᠬᠤᠯᠠ ᠶᠤᠮ ᠃ ᠬᠡᠷᠪᠡ ᠬᠡᠦᠬᠡᠳ ᠨᠢᠭᠡᠨᠲᠡ ᠨᠠᠢ᠍ᠮᠠᠨ ᠨᠠᠰᠤ ᠬᠦᠷᠦᠭᠡᠳ ᠪᠠᠰᠠ ᠦᠭᠡ ᠬᠡᠯᠡᠯᠭᠡ ᠵᠢᠨ ᠪᠣᠭᠤᠮᠲᠠ ᠵᠢ ᠳᠠᠪᠠᠭᠰᠠᠨ  ᠦᠭᠡᠢ ᠶᠤᠮ ᠪᠣᠯ ᠂ ᠴᠢ ᠳᠠᠷᠤᠢ ᠬᠡᠦᠬᠡᠳ ᠲᠡᠭᠡᠨ ᠬᠢᠭᠰᠡᠨ ᠬᠥᠮᠦᠵᠢᠯ ᠴᠢᠨᠢ ᠨᠢᠭᠡᠨᠲᠡ ᠣᠷᠤᠢᠲᠠᠭᠰᠠᠨ ᠶᠠᠪᠤᠳᠠᠯ ᠪᠣᠯᠤᠨ᠎ᠠ ᠃ ᠶᠡᠷᠦ ᠳᠡᠭᠡᠨ ᠬᠡᠦᠬᠡᠳ ᠲᠡᠭᠡᠨ ᠲᠤᠦᠷᠠᠬᠢ ᠮᠡᠲᠦ ᠵᠢᠨ ᠲᠤᠷᠰᠢᠯᠲᠠ ᠬᠢᠵᠦ ᠂ ᠶᠡᠬᠡ ᠲᠠᠷᠢᠬᠢ ᠵᠢ ᠨᠢ ᠪᠠᠢᠴᠠᠭᠠᠵᠤ ᠪᠣᠯᠤᠨ᠎ᠠ ᠃ ᠳᠠᠷᠤᠢ ᠄  1. ᠬᠡᠦᠬᠡᠳ ᠲᠡᠭᠡᠨ ᠦᠷᠭᠦᠯᠵᠢ ᠵᠢᠨ ᠴᠢᠨᠠᠷᠲᠠᠢ ᠪᠠᠢᠴᠠᠭᠠᠯᠲᠠ ᠬᠢᠵᠦ ᠪᠣᠯᠤᠨ᠎ᠠ ᠂ ᠡᠭᠦᠨ ᠳᠤ ᠤᠨᠲᠠᠬᠤ ᠥᠷᠦᠭᠡ ᠵᠢᠨ ᠢᠶᠠᠨ ᠠᠳᠠᠯᠢ ᠪᠤᠰᠤ ᠪᠤᠯᠤᠩ ᠡᠴᠡ ᠲᠠᠭᠤᠨ ᠭᠠᠷᠭᠠᠵᠤ ᠂ ᠬᠡᠦᠬᠡᠳ ᠤᠨ ᠢᠶᠠᠨ ᠠᠵᠠᠭᠯᠠᠬᠤ ᠴᠢᠳᠠᠪᠤᠷᠢ ᠬᠢᠭᠡᠳ ᠬᠠᠷᠢᠭᠤ ᠲᠤᠰᠭᠠᠯ ᠢ  ᠨᠢ ᠦᠵᠡᠵᠦ ᠪᠣᠯᠤᠨ᠎ᠠ ᠃ 2. ᠬᠡᠷᠪᠡ ᠬᠡᠦᠬᠡᠳ ᠤᠨ  ᠴᠢᠨᠢ ᠴᠢᠬᠢ ᠨᠢ ᠬᠡᠮᠳᠡᠭᠰᠡᠨ ᠪᠣᠯ ᠂ ᠵᠠᠪᠠᠯ ᠲᠡᠭᠦᠨ ᠤ ᠰᠣᠨᠤᠰᠬᠤ ᠴᠢᠳᠠᠪᠤᠷᠢ ᠵᠢ ᠨᠢ ᠨᠥᠯᠦᠭᠡᠯᠡᠵᠦ ᠪᠠᠢᠬᠤ ᠡᠰᠡᠬᠦ ᠵᠢ ᠨᠢ ᠠᠩᠬᠠᠷᠤᠯ ᠳᠠᠭᠠᠨ ᠠᠪᠬᠤ ᠬᠡᠷᠡᠭᠲᠡᠢ ᠃ ᠡᠨᠡ ᠮᠡᠲᠦ ᠵᠢᠨ ᠰᠣᠨᠤᠰᠬᠤ ᠴᠢᠳᠠᠪᠤᠷᠢ ᠵᠢ ᠨᠥᠯᠦᠭᠡᠯᠡᠬᠦ ᠵᠢ ᠲᠤᠬᠠᠢ ᠵᠢᠨ ᠴᠠᠭ ᠲᠤᠨᠢ ᠠᠩᠬᠠᠷᠤᠯ ᠳᠠᠭᠠᠨ ᠠᠪᠬᠤ ᠦᠭᠡᠢ ᠡᠴᠡ ᠪᠣᠯᠵᠤ ᠂ ᠤᠳᠠᠭᠠᠨ ᠳᠠᠭᠠᠨ ᠬᠠᠷᠢᠨ ᠬᠡᠦᠬᠡᠳ ᠤᠨ ᠨᠢᠭᠡ ᠨᠠᠰᠤᠨ ᠤ ᠥᠰᠦᠯᠲᠡ ᠵᠢ ᠨᠥᠯᠦᠭᠡᠯᠡᠵᠦ ᠮᠡᠳᠡᠬᠦ ᠲᠤᠯᠠ ᠂ ᠵᠠᠪᠠᠯ ᠴᠠᠭ ᠲᠣᠬᠢᠶᠠᠯ ᠢ ᠠᠰᠢᠭᠯᠠᠨ ᠲᠤᠭᠲᠠᠭᠰᠠᠨ ᠬᠤᠭᠤᠴᠠᠭ᠎ᠠ ᠲᠠᠢ ᠪᠡᠷ ᠡᠮᠨᠡᠯᠭᠡ ᠵᠢᠨ ᠬᠤᠷᠢᠶᠠᠨ ᠳᠤ ᠬᠦᠷᠴᠦ ᠦᠷᠭᠦᠯᠵᠢ ᠵᠢᠨ ᠴᠢᠨᠠᠷᠲᠠᠢ ᠪᠠᠢᠴᠠᠭᠠᠬᠤ ᠬᠡᠷᠡᠭᠲᠡᠢ ᠃ 3. ᠬᠡᠷᠪᠡ ᠬᠡᠦᠬᠡᠳ ᠤᠨ ᠶᠠᠮᠠᠷ ᠨᠢᠭᠡᠨ ᠰᠡᠷᠡᠯ ᠤᠨ ᠡᠷᠬᠡᠲᠡᠨ  ᠤ ᠬᠥᠭᠵᠢᠯᠲᠡ  ᠨᠢ ᠤᠳᠠᠭᠠᠨ ᠪᠠᠢᠬᠤ ᠵᠢ ᠮᠡᠳᠡᠪᠡᠯ ᠂ ᠡᠭᠦᠨ ᠳᠤ ᠤᠷᠤᠭᠰᠢ ᠠᠯᠬᠤᠯᠠᠬᠤ ᠳᠤ ᠬᠦᠴᠢᠷᠳᠡᠭᠦ ᠂ ᠭᠠᠷ ᠬᠥᠯ ᠢᠶᠠᠨ ᠬᠥᠳᠡᠯᠭᠡᠬᠦ ᠴᠢᠳᠠᠪᠤᠷᠢ ᠨᠢ ᠡᠩ ᠤᠨ ᠬᠡᠦᠬᠡᠳ ᠤᠨ ᠮᠡᠲᠦ ᠬᠤᠷᠴᠠ ᠪᠢᠰᠢ ᠂ ᠡᠰᠡᠬᠦᠯ᠎ᠡ ᠰᠤᠷᠤᠯᠴᠠᠬᠤ ᠳᠤ ᠶᠠᠮᠠᠷ ᠨᠢᠭᠡᠨ ᠲᠠᠯ᠎ᠠ ᠪᠡᠷ ᠬᠦᠴᠢᠷᠳᠡᠵᠦ ᠪᠠᠢᠪᠠᠯ ᠂ ᠴᠢ ᠳᠠᠷᠤᠢ ᠲᠦᠷᠭᠡᠨ ᠴᠠᠭ ᠲᠣᠬᠢᠶᠠᠯ ᠢ ᠠᠰᠢᠭᠯᠠᠨ ᠲᠤᠰᠭᠠᠢ ᠡᠷᠳᠡᠮᠲᠡᠨ ᠤᠷᠢᠵᠤ ᠪᠠᠢᠭᠠᠳ ᠠᠰᠠᠭᠤᠨ ᠯᠠᠪᠯᠠᠬᠤ ᠂ ᠤᠨᠤᠰᠢᠯᠠᠭᠤᠯᠬᠤ ᠮᠡᠲᠦ ᠪᠡᠷ ᠵᠦᠢ ᠵᠣᠬᠢᠰᠲᠠᠢ ᠠᠷᠭ᠎ᠠ ᠠᠪᠴᠠᠯ ᠠᠪᠬᠤ ᠬᠡᠷᠭᠡᠳᠡᠢ ᠃

ᠬᠣᠶᠠᠷ ᠶᠡᠬᠡ ᠲᠠᠷᠢᠬᠢᠨ ᠤ ᠬᠦᠭᠵᠢᠯᠳᠡᠵᠢᠨ ᠬᠤᠭᠤᠴᠠᠭ᠎ᠠ ᠵᠢ ᠠᠮᠵᠢᠨ ᠠᠪᠬᠤ ᠬᠡᠷᠡᠭᠲᠡᠢ

ᠶᠡᠬᠡ ᠲᠠᠷᠢᠬᠢᠨ ᠤ ᠬᠥᠭᠵᠢᠯᠲᠡ ᠵᠢ ᠨᠡᠭᠡᠭᠳᠡᠭᠦᠯᠵᠤ ᠂ ᠥᠰᠦᠯᠲᠡ ᠪᠣᠢᠵᠢᠯᠲᠠ ᠵᠢᠨ ᠬᠡᠪ ᠴᠢᠨᠠᠷ ᠢ ᠳᠡᠭᠡᠭᠰᠢᠯᠡᠭᠦᠯᠬᠦ ᠳᠤ ᠂ ᠶᠠᠭᠤᠨ ᠤ ᠡᠮᠦᠨ᠎ᠡ ᠴᠠᠭ ᠲᠣᠬᠢᠶᠠᠯ ᠢ ᠰᠠᠢᠲᠤᠷ ᠡᠵᠡᠮᠰᠢᠬᠦ ᠬᠡᠷᠡᠭᠲᠡᠢ ᠃ ᠵᠢᠱᠢᠶᠡᠯᠡᠪᠡᠯ ᠄ ᠡᠨᠡᠳᠬᠡᠭ ᠤᠨ8 ᠨᠠᠰᠤᠲᠠᠢ ᠴᠢᠨᠦᠸ᠎ᠠ ᠬᠡᠦᠬᠡᠳ ᠂ ᠬᠡᠳᠦᠢᠪᠡᠷ ᠬᠥᠮᠦᠨ ᠤ ᠥᠰᠦᠯᠲᠡ ᠪᠣᠢᠵᠢᠯᠲᠠ ᠵᠢᠨ ᠤᠯᠠᠮᠵᠢᠯᠠᠯᠲᠤ ᠴᠢᠳᠠᠪᠬᠢ ᠪᠠᠢᠭᠰᠠᠨ ᠪᠣᠯᠪᠠᠴᠤ ᠂ ᠣᠷᠴᠢᠨ ᠲᠣᠭᠤᠷᠢᠨ ᠤ ᠨᠥᠯᠦᠭᠡᠯᠡᠯ ᠡᠴᠡ ᠪᠣᠯᠵᠤ ᠂ ᠂ ᠴᠢᠨᠦᠸ᠎ᠠ ᠲᠠᠢ ᠬᠠᠮᠲᠤ ᠪᠡᠷ ᠤᠳᠠᠭᠠᠨ ᠵᠢᠯ ᠤᠨ ᠲᠤᠷᠰᠢ ᠬᠡᠭᠡᠷ᠎ᠡ ᠭᠠᠳᠠᠨᠠᠬᠢ ᠣᠷᠴᠢᠨ ᠠᠬᠤᠢ ᠵᠢᠨ ᠨᠥᠯᠦᠭᠡᠯᠡᠯ ᠡᠴᠡ ᠪᠣᠯᠵᠤ ᠂ ᠬᠥᠮᠦᠨ ᠤ ᠦᠨᠳᠦᠰᠦᠨ ᠴᠢᠳᠠᠪᠬᠢ ᠪᠠᠨ ᠠᠯᠳᠠᠵᠤ ᠂ ᠬᠡᠳᠦᠢᠪᠡᠷ ᠴᠢᠨᠦᠸ᠎ᠠ ᠵᠢᠨ ᠡᠭᠦᠷ ᠡᠴᠡ ᠠᠪᠤᠷᠠᠭᠰᠠᠨ ᠪᠣᠯᠪᠠᠴᠤ ᠂ ᠤᠯᠠᠨ ᠬᠥᠮᠦᠨ ᠤ ᠳᠤᠮᠳᠠ ᠲᠠᠬᠢᠨ ᠬᠥᠮᠦᠨ ᠤ ᠠᠮᠢᠳᠤᠷᠠᠯ ᠢ ᠡᠬᠢᠯᠡᠨ ᠬᠢᠬᠦ ᠳᠤ ᠬᠡᠳᠦᠢᠪᠡᠷ ᠠᠷᠪᠠ ᠭᠠᠷᠤᠢ ᠵᠢᠯ ᠤᠨ ᠪᠣᠯᠪᠠᠰᠤᠷᠠᠯ  ᠢ ᠲᠠᠬᠢᠨ ᠬᠦᠷᠲᠡᠭᠰᠡᠨ ᠪᠣᠯᠪᠠᠴᠤ ᠂ ᠂ ᠠᠷᠠᠢ ᠭᠡᠵᠦ ᠶᠠᠪᠤᠵᠤ ᠰᠠᠭᠤᠬᠤ ᠂ ᠬᠠᠯᠪᠠᠭ᠎ᠠ ᠪᠡᠷ ᠪᠤᠳᠠᠭ᠎ᠠ ᠢᠳᠡᠬᠦ ᠵᠢᠴᠢ ᠳᠥᠬᠦᠮ ᠳᠥᠲᠡ ᠬᠡᠳᠦᠨ ᠦᠭᠡ ᠬᠡᠯᠡᠬᠦ ᠮᠡᠲᠦ ᠵᠢᠨ ᠪᠠᠢᠳᠠᠯ ᠡᠴᠡ ᠴᠢᠨᠠᠭᠰᠢ ᠡᠯ᠎ᠡ ᠲᠠᠯ᠎ᠠ ᠪᠡᠷ ᠬᠥᠭᠵᠢᠵᠦ ᠴᠢᠳᠠᠭᠰᠠᠨ ᠦᠭᠡᠢ ᠶᠤᠮ ᠃ ᠡᠢᠮᠦ ᠡᠴᠡ ᠬᠡᠦᠬᠡᠳ ᠦᠶ᠎ᠡ ᠵᠢᠨ ᠣᠶᠤᠨ ᠤᠬᠠᠭᠠᠨ ᠤ ᠴᠢᠳᠠᠪᠤᠷᠢ ᠵᠢ ᠬᠥᠮᠦᠵᠢᠭᠦᠯᠬᠦ ᠨᠢ ᠶᠠᠭ ᠯᠡ ᠴᠡᠴᠡᠭ ᠬᠤᠸᠠᠷ ᠢ ᠦᠨᠳᠦᠰᠦ ᠬᠠᠳᠭᠤᠭᠤᠯᠵᠤ ᠂ ᠨᠠᠪᠴᠢ ᠨᠠᠬᠢᠶ᠎ᠠ ᠤᠷᠭᠤᠭᠤᠯᠵᠤ ᠂ ᠤᠯᠠᠪᠢᠷ ᠰᠣᠷᠭᠤᠭ ᠴᠡᠴᠡᠭ ᠳᠡᠯᠭᠡᠷᠡᠭᠦᠯᠬᠦ ᠲᠠᠢ ᠶᠠᠭᠤᠨ ᠥᠭᠡᠷ᠎ᠡ ᠪᠤᠢ ᠃

ᠭᠤᠷᠪᠠ ᠣᠶᠤᠨ ᠴᠢᠳᠠᠪᠤᠷᠢ ᠵᠢ ᠨᠡᠳᠡᠭᠳᠡᠭᠦᠯᠬᠦ ᠵᠠᠩᠭᠢᠯᠠᠭ᠎ᠠ ᠵᠢ  ᠨᠢ ᠠᠳᠭᠤᠬᠤ ᠬᠡᠷᠡᠭᠲᠡᠢ ᠃

ᠬᠠᠮᠤᠭ ᠴᠢᠬᠤᠯᠠ ᠨᠢ ᠬᠡᠦᠬᠡᠳ ᠤᠨ ᠪᠦᠲᠦᠭᠡᠯᠴᠢ ᠴᠢᠳᠠᠪᠤᠷᠢ ᠵᠢ ᠨᠢ ᠠᠩᠬᠠᠷᠴᠤ ᠪᠠᠢᠬᠤ ᠬᠡᠷᠡᠭᠲᠡᠢ ᠂ ᠳᠠᠷᠤᠢ ᠬᠡᠦᠬᠡᠳ ᠤᠨ ᠢᠶᠠᠨ ᠰᠠᠨᠠᠭᠠᠨ  ᠳᠤ ᠦᠭᠡᠢ ᠪᠡᠷ ᠬᠡᠷᠡᠭ ᠪᠣᠳᠠᠰ ᠲᠦ ᠬᠠᠨᠳᠤᠬᠤ ᠣᠪᠤᠷ ᠪᠠᠢᠳᠠᠯ ᠂ ᠦᠭᠡ ᠬᠡᠯᠡᠯᠭᠡ ᠂ ᠠᠩᠬᠠᠷᠤᠯ ᠂ ᠠᠵᠢᠭᠯᠠᠬᠤ ᠂᠂ ᠴᠡᠭᠡᠵᠢᠯᠡᠬᠦ ᠴᠢᠳᠠᠪᠤᠷᠢ ᠵᠡᠷᠭᠡ ᠵᠢ ᠨᠢ ᠪᠦᠬᠦ ᠲᠠᠯ᠎ᠠ ᠪᠡᠷ ᠠᠩᠬᠠᠷᠬᠤ ᠬᠡᠷᠡᠭᠲᠡᠢ ᠃ ᠬᠡᠦᠬᠡᠳ ᠴᠢᠨᠢ ᠬᠡᠷᠪᠡ ᠬᠠᠮᠤᠭ ᠨᠠᠭᠠᠳᠤ ᠵᠠᠬ᠎ᠠ ᠳᠠᠭᠠᠨ ᠳᠡᠭᠡᠷᠡᠬᠢ ᠮᠡᠲᠦ ᠵᠢᠨ ᠰᠡᠳᠭᠢᠬᠦᠢ ᠵᠢᠨ ᠪᠦᠷᠢᠯᠳᠦᠬᠦᠨ ᠦᠭᠡᠢ ᠶᠤᠮ ᠪᠣᠯ ᠬᠠᠨᠠᠰᠠ ᠪᠠᠰᠠ ᠲᠣᠭᠤᠰᠤᠲᠤ ᠶᠢᠷᠲᠢᠨᠴᠦ ᠵᠢᠨ ᠳᠤᠮᠳᠠ ᠪᠦᠲᠦᠭᠡᠯᠴᠢ ᠴᠢᠳᠠᠪᠤᠷᠢ ᠭᠡᠵᠦ ᠪᠠᠢᠬᠤ ᠶᠤᠮ ᠪᠤᠢ ︖ ᠰᠤᠳᠤᠯᠤᠯᠲᠠ ᠵᠢ ᠦᠨᠳᠦᠰᠦᠯᠡᠪᠡᠯ ᠂ ᠬᠡᠦᠬᠡᠳ ᠤᠨ ᠡᠯ᠎ᠡ ᠵᠦᠢᠯ ᠤᠨ ᠴᠢᠳᠠᠪᠤᠷᠢ ᠵᠢᠨ ᠬᠥᠭᠵᠢᠯᠲᠡ ᠵᠢᠨ ᠵᠠᠩᠭᠢᠯᠠᠭ᠎ᠠ ᠱᠠᠳᠤ ᠭᠡᠵᠦ ᠪᠠᠢᠳᠠᠭ ᠃1. ᠬᠡᠦᠬᠡᠳ  ᠤᠨ 2 ᠡᠴᠡ3 ᠨᠠᠰᠤ ᠪᠣᠯ ᠦᠭᠡ ᠬᠡᠯᠡᠯᠭᠡ ᠵᠢᠨ ᠵᠠᠩᠭᠢᠯᠠᠭ᠎ᠠ ᠵᠢᠨ ᠱᠠᠳᠤ ᠪᠣᠯᠤᠨ᠎ᠠ ᠡᠩ ᠤᠨ ᠦᠭᠡ ᠬᠡᠯᠡᠯᠭᠡ ᠵᠢᠨ ᠣᠷᠴᠢᠨ ᠳᠤ ᠂ ᠡᠨᠡᠬᠦ ᠱᠠᠳᠤᠨ ᠳᠤ ᠬᠡᠦᠬᠡᠳ ᠤᠨ ᠦᠭᠡ ᠬᠡᠯᠡᠨ ᠤ ᠬᠥᠭᠵᠢᠯᠲᠡ ᠵᠢᠨ ᠬᠠᠮᠤᠭ ᠰᠠᠢᠨ ᠂ ᠬᠠᠮᠤᠭ ᠨᠠᠢᠳᠠᠪᠤᠷᠢᠲᠠᠢ ᠪᠠᠢᠳᠠᠭ ᠶᠤᠮ ᠃ ᠬᠡᠷᠪᠡ ᠡᠨᠡᠬᠦ ᠵᠠᠩᠭᠢᠯᠠᠭ᠎ᠠ ᠵᠢᠨ ᠱᠠᠳᠤ ᠵᠢ ᠰᠠᠢᠲᠤᠷ ᠠᠰᠢᠭᠯᠠᠬᠤ ᠦᠭᠡᠢ ᠶᠤᠮ ᠪᠣᠯ ᠬᠡᠦᠬᠡᠳ ᠤᠨ ᠥᠰᠦᠯᠲᠡ ᠳᠤ ᠲᠤᠢᠯ ᠤᠨ ᠶᠡᠬᠡ ᠬᠣᠬᠢᠷᠠᠯ ᠪᠤᠶᠤ ᠬᠦᠯᠢᠶᠡᠰᠦ ᠲᠤᠱᠠ ᠪᠣᠯᠳᠠᠭ ᠰᠠᠨ ᠂ ᠴᠢᠨᠦᠸ᠎ᠠ ᠬᠡᠦᠬᠡᠳ ᠪᠣᠯ ᠳᠠᠷᠤᠢ ᠨᠡᠢᠲᠡᠯᠢᠭ ᠵᠢᠱᠢᠶ᠎ᠡ ᠪᠢᠰᠢᠦ ︕ 2. 4 ᠨᠠᠰᠤ ᠡᠴᠡ ᠡᠮᠦᠨ᠎ᠡ ᠪᠣᠯ ᠬᠡᠦᠬᠡᠳ ᠤᠨ ᠵᠢᠷᠤᠭ ᠲᠦᠷᠡᠰᠦ ᠵᠢ ᠢᠯᠭᠠᠨ ᠲᠠᠨᠢᠬᠤ ᠵᠠᠩᠭᠢᠯᠠᠭ᠎ᠠ ᠵᠢᠨ ᠱᠠᠳᠤ ᠪᠣᠯᠤᠨ᠎ᠠ ᠃ 3. 4—5 ᠨᠠᠰᠤ ᠪᠣᠯ ᠨᠣᠮ ᠳᠡᠪᠲᠡᠷ ᠤᠨ ᠦᠭᠡ ᠬᠡᠯᠡᠯᠭᠡ ᠵᠢ ᠰᠤᠷᠤᠯᠴᠠᠬᠤ ᠬᠠᠮᠤᠭ ᠰᠠᠢᠨ ᠱᠠᠳᠤ ᠪᠣᠯᠤᠨ᠎ᠠ ᠃ 4. 5— 5.5 ᠨᠠᠰᠤ ᠪᠣᠯ ᠬᠡᠦᠬᠡᠳ ᠤᠨ ᠦᠭᠡ ᠬᠠᠷᠢᠯᠴᠠᠭᠠᠨ ᠤ ᠤᠬᠠᠭᠳᠠᠬᠤᠨ ᠢ ᠡᠵᠡᠮᠰᠢᠬᠦ ᠵᠤᠩᠭᠢᠯᠠᠭ᠎ᠠ ᠵᠢᠨ ᠱᠠᠳᠤ ᠪᠣᠯᠤᠨ᠎ᠠ ᠃ 5. 5—6 ᠨᠠᠰᠤ ᠪᠣᠯ ᠬᠡᠦᠬᠡᠳ ᠤᠨ ᠦᠰᠦᠭ ᠲᠠᠨᠢᠬᠤ ᠬᠠᠮᠤᠭ ᠰᠠᠢᠨ ᠱᠠᠳᠤ ᠪᠣᠯᠤᠨ᠎ᠠ ᠃

ᠡᠢᠮᠦ ᠡᠴᠡ ᠬᠡᠦᠬᠡᠳ ᠤᠨ ᠢᠶᠠᠨ ᠥᠰᠦᠯᠲᠡ ᠪᠣᠢᠵᠢᠯᠲᠠ ᠵᠢᠨ ᠵᠠᠩᠭᠢᠯᠠᠭ᠎ᠠ ᠵᠢᠨ ᠴᠠᠭ ᠲᠦ ᠵᠦᠢ ᠵᠣᠬᠢᠰᠲᠠᠢ ᠪᠡᠷ ᠬᠥᠮᠦᠵᠢᠯ ᠬᠢᠬᠦ ᠨᠢ ᠂ ᠬᠡᠦᠬᠡᠳ ᠤᠨ ᠥᠰᠦᠯᠲᠡ ᠳᠤ ᠲᠤᠢᠯ ᠤᠨ ᠶᠡᠬᠡ ᠠᠴᠢ ᠲᠤᠰᠠ ᠲᠠᠢ ᠪᠠᠢᠳᠠᠭ ᠃ ᠬᠡᠷᠪᠡ ᠬᠡᠦᠬᠡᠳ ᠲᠡᠭᠡᠨ ᠴᠠᠭ ᠲᠣᠬᠢᠶᠠᠯ ᠢ ᠠᠰᠢᠭᠯᠠᠨ ᠲᠤᠰᠭᠠᠢ ᠪᠣᠯᠪᠠᠰᠤᠷᠠᠯ ᠬᠦᠷᠲᠡᠭᠡᠭᠰᠡᠨ ᠦᠭᠡᠢ ᠶᠤᠮ ᠪᠣᠯ ᠂ ᠶᠠᠮᠠᠷ ᠨᠢᠭᠡ ᠰᠢᠯᠢᠳᠡᠭ ᠬᠡᠦᠬᠡᠳ ᠴᠦ ᠭᠡᠳ ᠥᠪᠡᠷ ᠤᠨ ᠣᠶᠤᠨ ᠴᠢᠳᠠᠪᠤᠷᠢ ᠪᠡᠷ ᠢᠶᠠᠨ ᠨᠠᠰᠤᠨ ᠲᠤᠷᠰᠢᠳᠠ ᠴᠢᠷᠮᠠᠢᠭᠰᠠᠨ ᠴᠦ ᠬᠠᠷᠢᠨ ᠬᠥᠮᠦᠵᠢᠯ ᠬᠦᠷᠲᠡᠭᠡᠭᠰᠡᠨ ᠬᠠᠮᠤᠭ ᠰᠠᠢᠨ ᠣᠷᠭᠢᠯ ᠤᠨ ᠬᠡᠮᠵᠢᠶ᠎ᠡ ᠳᠤ ᠬᠦᠷᠴᠦ ᠴᠢᠳᠠᠬᠤ ᠦᠭᠡᠢ ᠶᠤᠮ ᠃ ᠡᠢᠮᠦ ᠡᠴᠡ ᠵᠠᠷᠢᠮ ᠬᠡᠦᠬᠡᠳ ᠤᠨ ᠣᠶᠤᠨ ᠤ ᠴᠢᠳᠠᠪᠤᠷᠢ ᠨᠢ ᠠᠨᠢ ᠪᠠᠢᠬᠤ ᠲᠤᠯᠠ ᠂ ᠡᠬᠡ ᠡᠴᠢᠭᠡ ᠵᠢᠨ ᠬᠠᠯᠠᠭᠤᠨ ᠳᠤᠯᠠᠭᠠᠨ ᠣᠪᠤᠷ ᠰᠤᠷᠲᠠᠯ ᠂ ᠬᠦᠯᠢᠴᠡᠩᠭᠦᠢ ᠯᠠᠪᠳᠠᠭᠤᠨ ᠰᠤᠷᠭᠠᠨ ᠬᠥᠮᠦᠵᠢᠯ ᠬᠢᠭᠡᠳ ᠤᠳᠠᠭᠠᠨ ᠳᠠᠭᠠᠭᠠᠮᠠᠭᠠᠢ ᠤᠷᠮᠠᠰᠢᠭᠤᠯᠤᠯ ᠵᠣᠷᠢᠭᠵᠢᠭᠤᠯᠤᠯ ᠢ ᠬᠦᠷᠳᠡᠭᠡᠭᠦ  ᠦᠭᠡᠢ ᠶᠤᠮ ᠪᠣᠯ ᠂ ᠬᠡᠦᠬᠡᠳ ᠬᠠᠷᠢᠨ ᠭᠤᠨᠢᠨ ᠭᠤᠲᠤᠷᠠᠵᠤ ᠂ ᠢᠲᠡᠭᠡᠯ ᠠᠯᠳᠠᠬᠤ ᠂ ᠴᠢᠷᠮᠠᠢᠬᠤ ᠦᠭᠡᠢ ᠪᠤᠶᠤ ᠴᠢᠨᠠᠭᠰᠢᠯᠠᠨ ᠬᠣᠵᠢᠮ ᠤᠨ ᠨᠢᠭᠡ ᠨᠠᠰᠤᠨ ᠤ ᠥᠰᠦᠯᠲᠡ ᠪᠣᠢᠵᠢᠯᠲᠠ ᠪᠠᠨ ᠴᠦ ᠨᠥᠯᠦᠭᠡᠯᠡᠵᠦ ᠮᠡᠳᠡᠨ᠎ᠡ ᠃

 

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠥᠪᠦᠷ ᠮᠣᠩᠭᠤᠯ ᠥᠨᠳᠥᠰᠥᠲᠡᠨ ᠦ ᠰᠤᠷᠭᠠᠨ ᠬᠥᠮᠦᠵᠢᠯ ᠦᠨ ᠰᠦᠯᠵᠢᠶ᠎ᠡ ᠬᠡᠪᠯᠡᠯ ᠦᠨ ᠡᠷᠬᠡ ᠲᠡᠢ ᠃ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃