lt
ᠬᠦᠮᠦᠵᠢᠯ ᠲᠠᠳᠬᠠᠯ
 ᠤᠩᠨᠢᠭᠤᠳᠴᠤᠳ ᠤᠨ ᠪᠠᠢᠰᠢᠩ ᠭᠡᠷ ᠪᠠᠷᠢᠬᠤ ᠵᠠᠩ ᠵᠠᠩᠰᠢᠯ
2016.05.12 ᠲᠣᠰ ᠥᠷᠲᠡᠭᠡᠨ ᠦ ᠨᠠᠢᠷᠠᠭᠤᠯᠤᠭᠴᠢ

     ᠤᠩᠨᠢᠭᠤᠳᠴᠤᠳ ᠤᠨ ᠪᠠᠢᠰᠢᠩ ᠭᠡᠷ ᠪᠠᠷᠢᠬᠤ ᠵᠠᠩ ᠵᠠᠩᠰᠢᠯ

        —— ᠨᠠᠮᠲᠠᠢᠰᠦᠷᠦᠩ

    ᠳᠣᠪᠤ ᠭᠡᠷ ᠂ ᠮᠣᠩᠭᠤᠯ ᠭᠡᠷ ᠲᠤ ᠰᠠᠭᠤᠵᠤ ᠪᠠᠢᠭᠰᠠᠨ ᠢᠰᠡᠭᠡᠢ ᠲᠤᠭᠤᠷᠭᠠᠲᠠᠨ ᠤ ᠨᠢᠭᠡᠨ ᠪᠣᠯᠬᠤ ᠣᠩᠨᠢᠭᠤᠳ ᠮᠣᠩᠭᠤᠯᠴᠤᠳ ᠂ ᠨᠡᠭᠦᠳᠡᠯ ᠮᠠᠯᠵᠢᠯ ᠤᠨ ᠠᠮᠢᠳᠤᠷᠠᠯ ᠡᠴᠡ ᠬᠠᠭᠠᠰ ᠰᠠᠭᠤᠷᠢᠰᠢᠯ ᠂ ᠰᠠᠭᠤᠷᠢᠰᠢᠯ ᠤᠨ ᠠᠮᠢᠳᠤᠷᠠᠯ ᠳᠤ ᠰᠢᠯᠵᠢᠨ ᠣᠷᠤᠭᠰᠠᠨ ᠡᠴᠡ ᠪᠠᠢᠰᠢᠩ ᠭᠡᠷ ᠪᠠᠷᠢᠬᠤ ᠪᠣᠯᠵᠤ ᠂ ᠪᠠᠢᠰᠢᠩ ᠭᠡᠷ ᠲᠠᠢ ᠬᠣᠯᠪᠤᠭᠳᠠᠬᠤ ᠠᠯᠢ ᠤᠯᠠᠨ ᠵᠠᠩ ᠵᠠᠩᠰᠢᠯ ᠢ ᠡᠭᠦᠳᠦᠨ ᠪᠦᠳᠦᠭᠡᠵᠠᠢ ᠃ ᠪᠠᠢᠰᠢᠩ ᠭᠡᠷ ᠪᠣᠯ ᠰᠠᠭᠤᠬᠤ ᠳᠤ ᠠᠭᠤᠳᠠᠮ ᠰᠠᠷᠠᠭᠤᠯ ᠂ ᠡᠪᠦᠯ ᠳᠤᠯᠠᠭᠠᠨ ᠵᠤᠨ ᠰᠠᠷᠢᠭᠦᠨ ᠳᠠᠪᠠᠭᠤᠯᠢᠭ ᠲᠠᠯ᠎ᠠ ᠲᠠᠢ ᠪᠠᠢᠳᠠᠭ ᠃ ᠤᠩᠨᠢᠭᠤᠳᠴᠤᠳ ᠂ ᠪᠠᠢᠰᠢᠩ ᠭᠡᠷ ᠢ ᠪᠤᠷᠭᠠᠰᠤᠨ ᠬᠠᠶᠠᠭ᠎ᠠ ᠲᠠᠢ ᠂ ᠰᠢᠪᠠᠷ ᠬᠠᠶᠠᠭ᠎ᠠ ᠲᠠᠢ ᠂ ᠵᠦᠯᠭᠡᠨ ᠬᠠᠶᠠᠭ᠎ᠠ  ᠲᠠᠢ ᠂ ᠲᠤᠢᠹᠤᠤ ᠬᠠᠶᠠᠭ᠎ᠠ ᠲᠠᠢ ᠂ ᠴᠢᠯᠠᠭᠤ ᠲᠣᠭᠤᠰᠭ᠎ᠠ ᠶᠢᠨ ᠬᠠᠶᠠᠭ᠎ᠠ ᠲᠠᠢ ᠪᠠᠢᠰᠢᠩ ᠭᠡᠷ ᠭᠡᠬᠦ ᠪᠤᠶᠤ ᠭᠤᠷᠪᠠᠯᠵᠢᠨ ᠬᠡᠯᠪᠡᠷᠢᠲᠦ ᠰᠠᠨᠳᠤᠤ ᠲᠠᠢ ᠭᠡᠷ ᠂ ᠮᠥᠭᠡᠷ ᠤᠨ ᠬᠡᠯᠪᠡᠷᠢᠲᠦ ᠰᠠᠨᠳᠤᠤ ᠲᠠᠢ ᠭᠡᠷ ᠂ ᠡᠰᠡᠬᠦᠯ᠎ᠡ ᠸᠠᠭᠠᠷ ᠤᠨ ᠲᠡᠭᠡᠪᠦᠷᠢᠳᠦ ᠪᠠᠢᠰᠢᠩ ᠭᠡᠷ ᠂ ᠬᠤᠯᠤᠰᠤ ᠲᠡᠷᠡᠰᠤᠨ ᠲᠡᠭᠡᠪᠦᠷᠢᠳᠦ ᠪᠠᠢᠰᠢᠩ ᠭᠡᠷ ᠂ ᠰᠢᠪᠠᠭᠠᠰᠤᠨ ᠲᠡᠭᠡᠪᠦᠷᠢᠳᠦ ᠪᠠᠢᠰᠢᠩ ᠭᠡᠷ ᠭᠡᠵᠦ ᠬᠤᠪᠢᠶᠠᠳᠠᠭ ᠃

    ᠨᠢᠭᠡ ᠂ ᠨᠤᠲᠤᠭ ᠰᠣᠩᠭᠤᠵᠤ ᠂ ᠬᠦᠷᠢᠶ᠎ᠡ ᠬᠠᠰᠢᠶ᠎ᠠ ᠶᠢᠨ ᠡᠭᠦᠳᠡ ᠶᠢ ᠲᠣᠬᠢᠷᠠᠭᠤᠯᠬᠤ

    ᠤᠩᠨᠢᠭᠤᠳᠴᠤᠳ ᠨᠤᠲᠤᠭ ᠰᠣᠩᠭᠤᠬᠤ ᠳᠠᠭᠠᠨ ᠠᠷᠤ ᠲᠦᠰᠢᠭ ᠠᠭᠤᠯᠠ ᠳᠣᠪᠤ ᠨᠢ ᠥᠨᠳᠦᠷ ᠰᠦᠷᠯᠢᠭ ᠂ ᠵᠠᠭᠠᠨ ᠬᠡᠪᠲᠡᠭᠰᠡᠨ ᠰᠢᠭ ᠰᠦᠷ ᠰᠦᠯᠳᠡ ᠲᠠᠢ ᠂ ᠡᠮᠦᠨ᠎ᠡ ᠲᠠᠯ᠎ᠠ ᠪᠠᠷ ᠢᠶᠠᠨ ᠬᠠᠳᠠᠭ ᠲᠠᠲᠠᠭᠰᠠᠨ ᠠᠳᠠᠯᠢ ᠲᠣᠪᠤ ᠳᠠᠯᠠᠩ  ᠲᠠᠢ ᠪᠣᠯ ᠰᠠᠢᠨ ᠭᠡᠵᠦ ᠦᠵᠡᠳᠡᠭ ᠃ ᠨᠤᠲᠤᠭ ᠤᠰᠤ ᠶᠢ ᠰᠢᠨᠵᠢᠬᠦ ᠳᠡᠭᠡᠨ ᠭᠤᠷᠪᠠᠨ ᠡᠷᠳᠡᠨᠢ ᠳᠤ ᠢᠲᠡᠭᠡᠯ ᠶᠠᠪᠤᠭᠤᠯᠵᠤ ᠂ ᠰᠢᠨ᠎ᠡ ᠰᠤᠮᠤᠨ ᠳᠤ ᠴᠠᠭᠠᠨ ᠭᠬᠢᠪ ᠤᠶᠠᠵᠤ ᠂ ᠠᠭᠤᠯᠠ ᠤᠰᠤᠨ ᠤ ᠨᠠᠪᠳᠠᠭ ᠰᠠᠪᠳᠠᠭ ᠲᠤ ᠴᠠᠭᠠᠨ ᠢᠳᠡᠭᠡᠨ ᠤ ᠰᠠᠴᠤᠯᠢ ᠡᠷᠭᠦᠵᠦ ᠂ ᠬᠦᠵᠢ ᠰᠠᠩ ᠢᠶᠠᠷ ᠠᠷᠢᠭᠤᠳᠭᠠᠨ ᠂ ᠲᠠᠬᠢᠯ ᠪᠢᠯᠠᠩ ᠡᠷᠭᠦᠵᠦ ᠪᠠᠶᠠᠰᠭᠠᠳᠠᠭ ᠃ ᠨᠤᠲᠤᠭ ᠤᠨ ᠠᠭᠤᠯᠠ ᠤᠰᠤᠨ ᠤ ᠬᠠᠨᠳᠤᠰᠢ ᠶᠢ ᠦᠵᠡᠬᠦ ᠳᠡᠭᠡᠨ ᠰᠢᠨᠵᠡᠭᠡᠭᠴᠢ ᠨᠠᠷ《 ᠬᠤᠯᠤᠭᠠᠨ᠎ᠠ ᠵᠦᠭ  ᠤᠨ ᠠᠭᠤᠯᠠ ᠨᠢ ᠮᠣᠷᠢᠨ ᠵᠦᠭ ᠤᠨ ᠬᠠᠨᠳᠤᠰᠢ ᠲᠠᠢ 》 ᠂ 《 ᠦᠬᠡᠷ ᠵᠦᠭ ᠤᠨ ᠠᠭᠤᠯᠠ ᠨᠢ ᠬᠤᠨᠢᠨ ᠵᠦᠭ ᠤᠨ ᠬᠠᠨᠳᠤᠰᠢ ᠲᠠᠢ 》 ᠂ 《 ᠪᠠᠷᠰ ᠵᠦᠭ ᠤᠨ ᠠᠭᠤᠯᠠ ᠨᠢ ᠪᠡᠴᠢᠨ ᠵᠦᠭ ᠤᠨ ᠬᠠᠨᠳᠤᠰᠢ ᠲᠠᠢ 》 ᠂ 《 ᠲᠠᠤᠯᠠᠢ ᠵᠦᠭ  ᠤᠨ ᠠᠭᠤᠯᠠ ᠨᠢ ᠲᠠᠬᠢᠶ᠎ᠠ ᠵᠦᠭ ᠤᠨ ᠬᠠᠨᠳᠤᠰᠢ ᠲᠠᠢ 》 ᠂ 《 ᠯᠤᠤ ᠵᠦᠭ ᠤᠨ ᠠᠭᠤᠯᠠ ᠨᠢ ᠨᠣᠬᠠᠢ ᠵᠦᠭ ᠬᠠᠨᠳᠤᠰᠢ ᠲᠠᠢ 》 ᠂ 《 ᠮᠣᠭᠠᠢ ᠵᠦᠭ ᠤᠨ ᠠᠭᠤᠯᠠ ᠨᠢ ᠭᠠᠬᠠᠢ ᠵᠦᠭ ᠬᠠᠨᠳᠤᠰᠢ ᠲᠠᠢ 》 ᠂ 《 ᠮᠣᠷᠢᠨ ᠵᠦᠭ ᠤᠨ ᠠᠭᠤᠯᠠ ᠨᠢ ᠬᠤᠯᠤᠭᠠᠨ᠎ᠠ ᠵᠦᠭ ᠬᠠᠨᠳᠤᠰᠢ ᠲᠠᠢ 》 ᠂ 《 ᠬᠤᠨᠢᠨ ᠵᠦᠭ ᠤᠨ ᠠᠭᠤᠯᠠ ᠨᠢ ᠦᠬᠡᠷ ᠵᠦᠭ ᠬᠠᠨᠳᠤᠰᠢ ᠲᠠᠢ 》 ᠂ 《 ᠪᠡᠴᠢᠨ ᠵᠦᠭ ᠤᠨ ᠠᠭᠤᠯᠠ ᠨᠢ ᠪᠠᠷᠰ ᠵᠦᠭ ᠬᠠᠨᠳᠤᠰᠢ ᠲᠠᠢ 》 ᠂ 《 ᠲᠠᠬᠢᠶ᠎ᠠ ᠵᠦᠭ ᠤᠨ ᠠᠭᠤᠯᠠ ᠨᠢ ᠲᠠᠤᠯᠠᠢ ᠵᠦᠭ ᠬᠠᠨᠳᠤᠰᠢ ᠲᠠᠢ 》 ᠂《ᠨᠣᠬᠠᠢ ᠵᠦᠭ ᠤᠨ ᠠᠭᠤᠯᠠ ᠨᠢ ᠯᠤᠤ ᠵᠦᠭ ᠬᠠᠨᠳᠤᠰᠢ  ᠲᠠᠢ 》 ᠂ 《 ᠭᠠᠬᠠᠢ ᠵᠦᠭ ᠤᠨ ᠠᠭᠤᠯᠠ ᠨᠢ ᠮᠣᠭᠠᠢ ᠵᠦᠭ ᠬᠠᠨᠳᠤᠰᠢ ᠲᠠᠢ 》 ᠪᠣᠯ ᠰᠠᠢᠨ ᠭᠡᠵᠦ ᠮᠡᠷᠭᠡᠯᠡᠳᠡᠭ ᠃ ᠭᠡᠷ ᠰᠠᠭᠤᠳᠠᠯ ᠤᠨ ᠪᠡᠯᠭᠡ ᠢᠷᠸ᠎ᠠ ᠶᠢ ᠦᠵᠡᠵᠦ 《 ᠶᠡᠬᠡ ᠵᠠᠮ ᠭᠡᠷ ᠤᠨ ᠡᠰᠡᠷᠭᠦ ᠰᠤᠮᠤᠳᠠᠵᠤ ᠢᠷᠡᠬᠦ ᠂ ᠤᠯᠠᠨ ᠵᠠᠮ ᠤᠨ ᠠᠭᠤᠯᠵᠠᠷ ᠂ ᠰᠦᠮ᠎ᠡ ᠰᠤᠪᠤᠷᠭ᠎ᠠ ᠪᠠᠢᠭᠤᠯᠤᠭᠰᠠᠨ ᠭᠠᠵᠠᠷ ᠂ ᠴᠠᠭᠠᠵᠠ ᠶᠠᠪᠤᠭᠤᠯᠤᠭᠰᠠᠨ ᠭᠠᠵᠠᠷ ᠂ ᠡᠪᠡᠰᠦ ᠮᠣᠳᠤ ᠤᠷᠭᠤᠳᠠᠭ ᠦᠭᠡᠢ ᠲᠠᠴᠠᠷ ᠭᠠᠵᠠᠷ ᠂ ᠦᠶᠡᠷ ᠤᠨ ᠤᠰᠤ ᠢᠷᠡᠬᠦ ᠭᠠᠵᠠᠷ ᠂ ᠪᠤᠷᠤᠭᠤ ᠲᠡᠰᠢ ᠬᠠᠨᠳᠤᠭᠰᠠᠨ ᠤᠰᠤᠨ ᠵᠠᠮ ᠲᠠᠢ ᠭᠠᠵᠠᠷ ᠳᠡᠭᠡᠷ᠎ᠡ ᠭᠡᠷ ᠨᠤᠲᠤᠭ ᠰᠠᠭᠤᠷᠢᠰᠢᠨ ᠰᠠᠭᠤᠵᠤ ᠪᠣᠯᠬᠤ ᠦᠭᠡᠢ 》 ᠭᠡᠵᠦ ᠬᠡᠯᠡᠳᠡᠭ ᠃ ᠪᠠᠰᠠ ᠨᠠᠰᠤ ᠶᠢ ᠳᠠᠭᠠᠭᠠᠵᠤ ᠭᠡᠷ ᠪᠠᠷᠢᠬᠤ ᠪᠡᠯᠭᠡ ᠢᠷᠸ᠎ᠠ ᠶᠢ ᠦᠵᠡᠳᠡᠭ ᠃ ᠬᠦᠷᠢᠶ᠎ᠡ ᠬᠠᠰᠢᠶ᠎ᠠ  ᠶᠢᠨ ᠡᠭᠦᠳᠡ ᠶᠢ ᠲᠣᠬᠢᠷᠠᠭᠤᠯᠬᠤ ᠳᠠᠭᠠᠨ ᠰᠠᠭᠤᠭ᠎ᠠ ᠭᠡᠷ ᠤᠨ ᠰᠠᠷᠠᠪᠴᠢᠨ ᠤ ᠤᠰᠤ ᠳᠤᠰᠤᠯᠤᠭᠰᠠᠨ ᠣᠷᠤᠨ  ᠡᠴᠡ ᠡᠬᠢᠯᠡᠨ ᠳ᠋ᠠᠩ ᠲᠣᠭᠠᠨ ᠤ ᠠᠯᠬᠤᠮ ᠳᠡᠭᠡᠷ᠎ᠡ ᠪᠤᠳᠤᠵᠤ ᠲᠣᠬᠢᠷᠠᠭᠤᠯᠳᠠᠭ ᠃ ᠳᠥᠷᠪᠡᠨ ᠲᠣᠬᠤᠢ ᠲᠠᠪᠤᠨ ᠢᠮᠠᠬᠤ ᠶᠢ ᠨᠢᠭᠡ ᠠᠯᠬᠤᠮ ᠢᠶᠠᠷ ᠪᠣᠳᠤᠳᠠᠭ ᠃

    ᠬᠣᠶᠠᠷ ᠂ ᠭᠡᠷ ᠤᠨ ᠡᠭᠦᠳᠡ ᠬᠠᠭᠠᠯᠭ᠎ᠠ ᠶᠢᠨ ᠬᠡᠮᠵᠢᠶ᠎ᠡ ᠶᠢ ᠳᠤᠭᠢᠷᠠᠭᠤᠯᠬᠤ

    ᠤᠩᠨᠢᠭᠤᠳᠴᠤᠳ ᠪᠠᠢᠰᠢᠩ ᠭᠡᠷ ᠤᠨ ᠬᠠᠭᠠᠯᠭ᠎ᠠ ᠶᠢᠨ ᠥᠨᠳᠦᠷ ᠪᠤᠯᠤᠨ ᠥᠷᠭᠡᠨ ᠤ ᠬᠡᠮᠵᠢᠶ᠎ᠡ ᠶᠢ ᠵᠤᠭᠢᠰᠲᠠᠢ ᠲᠣᠬᠢᠷᠠᠭᠤᠯᠬᠤ ᠶᠢ ᠶᠡᠬᠡ ᠠᠩᠬᠠᠷᠳᠠᠭ ᠃ ᠪᠠᠢᠰᠢᠩ ᠭᠡᠷ ᠤᠨ ᠬᠠᠭᠠᠯᠭ᠎ᠠ ᠶᠢᠨ ᠥᠨᠳᠦᠷ ᠲᠠᠪᠤᠨ ᠲᠣᠬᠤᠢ ᠲᠠᠪᠤᠨ ᠢᠮᠠᠬᠤ ᠪᠣᠯ ᠬᠠᠮᠤᠭ ᠡᠴᠡ ᠰᠠᠢᠨ ᠭᠡᠳᠡᠭ ᠃ ᠲᠠᠪᠤᠨ ᠲᠣᠬᠤᠢ ᠡᠴᠡ ᠳᠣᠷᠤᠭᠰᠢ ᠪᠠᠢᠵᠤ ᠪᠣᠯᠬᠤ ᠦᠭᠡᠢ ᠃ ᠬᠠᠮᠤᠭ ᠥᠨᠳᠦᠷ ᠨᠢ ᠭᠡᠳ ᠲᠠᠪᠤᠨ ᠲᠣᠬᠤᠢ ᠶᠢᠰᠦᠨ ᠢᠮᠠᠬᠤ ᠡᠴᠡ ᠬᠡᠲᠦᠷᠡᠳᠡᠭ ᠦᠭᠡᠢ ᠃ ᠪᠠᠢᠰᠢᠩ ᠭᠡᠷ ᠤᠨ ᠬᠠᠭᠠᠯᠭ᠎ᠠ ᠶᠢᠨ ᠥᠷᠭᠡᠨ ᠤ ᠬᠡᠮᠵᠢᠶ᠎ᠡ ᠶᠢ ᠣᠯᠠᠩᠬᠢ ᠳᠠᠭᠠᠨ ᠬᠣᠶᠠᠷ ᠲᠣᠬᠤᠢ ᠭᠤᠷᠪᠠᠨ ᠢᠮᠠᠬᠤ ᠪᠤᠶᠤ ᠬᠣᠶᠠᠷ ᠲᠣᠬᠤᠢ ᠲᠠᠪᠤᠨ ᠢᠮᠠᠬᠤ ᠂ ᠡᠰᠡᠬᠦᠯ᠎ᠡ ᠬᠣᠶᠠᠷ ᠲᠣᠬᠤᠢ ᠲᠤᠯᠤᠭᠠᠨ ᠢᠮᠠᠬᠤ ᠪᠠᠷ ᠲᠣᠭᠲᠠᠭᠠᠳᠠᠭ ᠃ ᠬᠣᠶᠠᠷ ᠲᠣᠬᠤᠢ ᠶᠢᠰᠦᠨ ᠢᠮᠠᠬᠤ ᠂ ᠭᠤᠷᠪᠠᠨ ᠲᠣᠬᠤᠢ ᠂ ᠭᠤᠷᠪᠠᠨ ᠲᠣᠬᠤᠢ ᠬᠣᠶᠠᠷ ᠢᠮᠠᠬᠤ ᠂ ᠭᠤᠷᠪᠠᠨ ᠲᠣᠬᠤᠢ ᠲᠠᠪᠤᠨ ᠢᠮᠠᠬᠤ ᠂ ᠭᠤᠷᠪᠠᠨ ᠲᠣᠬᠤᠢ ᠵᠢᠷᠭᠤᠭᠠᠨ ᠢᠮᠠᠬᠤ ᠂ ᠭᠤᠷᠪᠠᠨ ᠲᠣᠬᠤᠢ ᠳᠣᠯᠤᠭᠠᠨ ᠢᠮᠠᠬᠤ ᠂ ᠳᠥᠷᠪᠡᠨ ᠲᠣᠬᠤᠢ ᠂ ᠳᠥᠷᠪᠡᠨ ᠲᠣᠬᠤᠢ ᠨᠢᠭᠡ ᠢᠮᠠᠬᠤ ᠂ ᠳᠥᠷᠪᠡᠨ ᠲᠣᠬᠤᠢ ᠲᠠᠪᠤᠨ ᠢᠮᠠᠬᠤ ᠂ ᠳᠥᠷᠪᠡᠨ ᠲᠣᠬᠤᠢ ᠵᠢᠷᠭᠤᠭᠠᠨ ᠢᠮᠠᠬᠤ ᠂ ᠳᠥᠷᠪᠡᠨ ᠲᠣᠬᠤᠢ ᠲᠤᠯᠤᠭᠠᠨ ᠢᠮᠠᠬᠤ ᠶᠢᠨ ᠬᠠᠭᠠᠯᠭ᠎ᠠ ᠭᠡᠵᠦ ᠪᠠᠰᠠ ᠪᠠᠢᠳᠠᠭ ᠃

    ᠭᠤᠷᠪᠠ ᠂ ᠪᠠᠢᠰᠢᠩ ᠭᠡᠷ ᠤᠨ ᠰᠠᠭᠤᠷᠢ ᠲᠠᠯᠪᠢᠬᠤ

    ᠤᠩᠨᠢᠭᠤᠳᠴᠤᠳ ᠪᠠᠢᠰᠢᠩ ᠭᠡᠷ ᠤᠨ ᠰᠠᠭᠤᠷᠢ ᠲᠠᠯᠪᠢᠬᠤ ᠳᠠᠭᠠᠨ ᠬᠥᠬᠡ ᠬᠤᠯᠤᠭᠠᠨ᠎ᠠ ᠂ ᠬᠠᠷᠠᠭᠴᠢᠨ ᠲᠠᠬᠢᠶ᠎ᠠ ᠂ ᠰᠢᠷ᠎ᠠ ᠪᠠᠷᠰ ᠂ ᠰᠢᠷᠠᠭᠴᠢᠨ ᠲᠠᠤᠯᠠᠢ ᠂ ᠴᠠᠭᠠᠨ ᠯᠤᠤ ᠂ ᠴᠠᠭᠠᠭᠴᠢᠨ ᠮᠣᠭᠠᠢ ᠂ ᠬᠥᠬᠡ ᠪᠡᠴᠢ ᠂ ᠤᠯᠠᠭᠠᠨ ᠨᠣᠬᠠᠢ ᠂ ᠬᠥᠬᠡ ᠮᠣᠷᠢ ᠂ ᠰᠢᠷ᠎ᠠ ᠨᠣᠬᠠᠢ ᠂ ᠬᠥᠬᠡ ᠯᠤᠤ ᠂ ᠰᠢᠷᠠᠭᠴᠢᠨ ᠭᠠᠬᠠᠢ ᠂ ᠴᠠᠭᠠᠨ ᠬᠤᠯᠤᠭᠠᠨ᠎ᠠ ᠂ ᠬᠠᠷᠠᠭᠴᠢᠨ ᠦᠬᠡᠷ ᠡᠳᠦᠷ ᠤᠳ ᠳᠣᠲᠤᠷ᠎ᠠ ᠡᠴᠡ ᠲᠡᠭᠷᠢ ᠰᠣᠶᠤᠷᠬᠠᠭᠰᠠᠨ ᠰᠢᠷ᠎ᠠ ᠵᠠᠮ ᠲᠣᠬᠢᠶᠠᠯᠳᠤᠬᠤ ᠠᠷᠢᠯᠭᠠᠭᠴᠢ ᠂ ᠲᠦᠪᠰᠢᠳᠭᠡᠭᠴᠢ ᠂ ᠳᠤᠭᠳᠠᠭᠠᠭᠴᠢ ᠂ ᠰᠠᠬᠢᠭᠴᠢ ᠂ ᠪᠦᠲᠦᠭᠡᠭᠴᠢ ᠂ ᠨᠡᠭᠡᠭᠡᠭᠴᠢ ᠵᠡᠷᠭᠡ ᠡᠳᠦᠷ ᠢ ᠰᠣᠩᠭᠤᠵᠤ ᠠᠵᠢᠯ ᠢᠶᠠᠨ ᠡᠬᠢᠯᠡᠳᠡᠭ ᠃ ᠪᠠᠢᠰᠢᠩ ᠭᠡᠷ ᠤᠨ ᠰᠠᠭᠤᠷᠢ ᠲᠠᠯᠪᠢᠬᠤ ᠳᠤ ᠭᠠᠵᠠᠷ ᠣᠷᠤᠨ ᠪᠤᠯᠤᠨ ᠭᠡᠷ ᠤᠨ ᠠᠮᠢᠳᠤᠷᠠᠯ ᠤᠨ ᠨᠥᠬᠦᠴᠡᠯ ᠢᠶᠠᠨ ᠦᠨᠳᠦᠰᠦᠯᠡᠵᠦ ᠂ ᠴᠢᠯᠠᠭᠤ ᠲᠣᠭᠤᠰᠭ᠎ᠠ ᠪᠠᠷ ᠰᠠᠭᠤᠷᠢ ᠲᠠᠯᠪᠢᠬᠤ ᠪᠤᠶᠤ ᠵᠠᠷᠢᠮ ᠨᠢ ᠰᠢᠭᠤᠳ ᠭᠠᠵᠠᠷ ᠳᠡᠭᠡᠷ᠎ᠡ  ᠡᠴᠡ ᠭᠡᠷ ᠪᠠᠷᠢᠬᠤ ᠮᠠᠲ᠋ᠧᠷᠢᠶᠠᠯ ᠢᠶᠠᠷ ᠢᠶᠠᠨ ᠰᠠᠭᠤᠷᠢ ᠪᠣᠯᠭᠠᠵᠤ ᠭᠡᠷ ᠢᠶᠠᠨ ᠪᠠᠷᠢᠳᠠᠭ ᠃ ᠪᠤᠷᠭᠠᠰᠤᠨ ᠪᠠᠢᠰᠢᠩ ᠢ ᠪᠠᠷᠢᠬᠤ ᠳᠤ ᠭᠡᠷ ᠤᠨ ᠤᠷᠳᠤ ᠥᠷᠭᠡᠨ ᠢ ᠰᠠᠢᠬᠠᠨ ᠬᠡᠮᠵᠢᠵᠦ ᠂ ᠭᠠᠵᠠᠷ ᠢᠶᠠᠨ ᠬᠠᠷᠤᠵᠤ ᠲᠡᠭᠰᠢᠯᠡᠨ ᠂ ᠭᠡᠷ ᠤᠨ ᠰᠠᠭᠤᠷᠢ ᠶᠢᠨ ᠮᠠᠶᠢᠭ ᠢᠶᠠᠷ ᠪᠤᠷᠭᠠᠰᠤᠨ ᠬᠠᠰᠢᠶ᠎ᠠ ᠶᠢᠨ ᠭᠤᠤ ᠶᠢ ᠮᠠᠯᠲᠠᠵᠤ ᠂ ᠪᠤᠷᠭᠠᠰᠤ ᠪᠠᠨ ᠪᠤᠯᠠᠵᠤ ᠬᠠᠪᠴᠢᠶᠠᠷᠢᠯᠠᠳᠠᠭ ᠃ ᠭᠡᠷ ᠤᠨ ᠬᠠᠨ᠎ᠠ ᠶᠢ ᠪᠡᠬᠢᠯᠢᠭ ᠪᠣᠯᠭᠠᠬᠤ ᠶᠢ ᠪᠣᠳᠤᠯᠬᠢᠯᠠᠵᠤ ᠂ ᠨᠢᠷᠤᠭᠤ ᠲᠠᠯᠪᠢᠬᠤ ᠭᠠᠵᠠᠷ  ᠤᠳ ᠤᠨ ᠳᠣᠣᠷ᠎ᠠ ᠲᠠᠯ᠎ᠠ ᠳᠤ ᠰᠠᠯᠠᠭ᠎ᠠ ᠲᠠᠢ ᠬᠠᠢᠯᠠᠰᠤᠨ ᠮᠣᠳᠤᠨ ᠲᠤᠯᠭᠠᠭᠤᠷᠢ ᠪᠠᠭᠠᠨ᠎ᠠ ᠤᠳ ᠢ ᠲᠠᠭᠠᠷᠠᠭᠤᠯᠵᠤ ᠂ ᠬᠠᠪᠴᠢᠶᠠᠷᠢ ᠳᠣᠲᠤᠷ᠎ᠠ ᠣᠷᠤᠭᠤᠯᠵᠤ ᠡᠪᠯᠢᠭ ᠰᠠᠢᠬᠠᠨ ᠪᠣᠰᠭᠠᠳᠠᠭ ᠃ ᠢᠩᠭᠢᠵᠦ ᠪᠠᠷᠠᠭᠰᠠᠨ ᠤ ᠳᠠᠷᠠᠭ᠎ᠠ ᠂ ᠨᠠᠩᠭᠢ ᠰᠢᠪᠠᠷ ᠢᠶᠠᠷ ᠪᠤᠷᠭᠠᠰᠤᠨ ᠬᠠᠨ᠎ᠠ ᠪᠠᠨ ᠭᠦᠯᠦᠢᠳᠡᠯ᠎ᠡ ᠰᠠᠢᠬᠠᠨ ᠰᠢᠪᠠᠳᠠᠭ ᠃ ᠵᠦᠯᠭᠡᠨ ᠭᠡᠷ ᠂ ᠨᠠᠩᠭᠢ ᠰᠢᠷᠤᠢ ᠪᠠᠷ ᠬᠠᠩᠳᠠᠨ ᠴᠣᠬᠢᠵᠤ ᠪᠠᠷᠢᠬᠤ ᠭᠡᠷ ᠂ ᠲᠤᠢᠹᠤᠤ ᠭᠡᠷ ᠢ ᠪᠠᠷᠢᠬᠤ ᠳᠤ ᠨᠥᠬᠦᠴᠡᠯ ᠦᠭᠡᠢ ᠪᠣᠯ ᠭᠠᠵᠠᠷ ᠢᠶᠠᠨ ᠰᠠᠢᠨ ᠬᠠᠩᠳᠠᠵᠤ ᠲᠡᠭᠰᠢᠯᠡᠭᠡᠳ ᠂ ᠰᠢᠭᠤᠳ ᠮᠠᠲ᠋ᠧᠷᠢᠶᠠᠯ ᠢᠶᠠᠨ ᠵᠡᠷᠭᠡᠯᠡᠵᠤ ᠭᠡᠷ ᠢᠶᠠᠨ ᠪᠠᠷᠢᠳᠠᠭ ᠃ ᠨᠥᠬᠦᠴᠡᠯ ᠲᠠᠢ ᠭᠠᠵᠠᠷ ᠲᠤ ᠪᠣᠯ ᠭᠡᠷ ᠤᠨ ᠬᠠᠶᠠᠭ᠎ᠠ ᠶᠢᠨ ᠢᠶᠠᠨ ᠳᠣᠣᠷ᠎ᠠ ᠴᠢᠯᠠᠭᠤ ᠲᠣᠭᠤᠰᠭ᠎ᠠ ᠪᠠᠷ ᠰᠠᠭᠤᠷᠢ ᠲᠠᠯᠪᠢᠵᠤ ᠂ ᠰᠠᠭᠤᠷᠢ  ᠶᠢᠨ ᠢᠶᠠᠨ ᠳᠡᠭᠡᠷ᠎ᠡ ᠨᠢ ᠮᠠᠲ᠋ᠧᠷᠢᠶᠠᠯ ᠢᠶᠠᠨ ᠠᠰᠢᠭᠯᠠᠨ ᠬᠠᠶᠠᠭ᠎ᠠ ᠪᠠᠨ ᠵᠢᠷᠭᠡᠯᠡᠵᠤ ᠪᠠᠷᠢᠳᠠᠭ ᠃ ᠵᠠᠷᠢᠮ ᠨᠢ ᠪᠠᠰᠠ ᠭᠡᠷ ᠲᠤ ᠪᠠᠨ ᠳ᠋ᠠᠮ ᠨᠢᠷᠤᠭᠤ ( ᠲᠠᠢᠪᠤᠤ ᠂ ᠲᠦᠸᠸ柁) ᠲᠠᠭᠠᠷᠠᠭᠤᠯᠳᠠᠭ ᠃ ᠭᠡᠷ ᠤᠨ ᠰᠠᠭᠤᠷᠢ ᠲᠠᠯᠪᠢᠬᠤ ᠳᠤ ᠣᠯᠠᠩᠬᠢ ᠳᠠᠭᠠᠨ ᠪᠠᠷᠢᠬᠤ ᠭᠡᠷ ᠤᠨ ᠢᠶᠠᠨ ᠰᠠᠭᠤᠷᠢ ᠶᠢᠨ ᠬᠡᠮᠵᠢᠶ᠎ᠡ ᠪᠠᠷ ᠭᠠᠵᠠᠷ ᠳᠡᠭᠡᠷ᠎ᠡ ᠭᠠᠵᠠᠷ ᠣᠩᠭᠤᠴᠠ ᠮᠠᠯᠲᠠᠵᠤ ᠂ ᠣᠩᠭᠤᠴᠠᠨ ᠤ ᠭᠠᠵᠠᠷ ᠢᠶᠠᠨ ᠰᠠᠢᠲᠤᠷ ᠬᠠᠩᠳᠠᠵᠤ ᠴᠢᠩᠭᠠᠷᠠᠭᠤᠯᠤᠨ ᠂ ᠳᠣᠲᠤᠷ᠎ᠠ ᠨᠢ ᠴᠢᠯᠠᠭᠤ ᠲᠣᠭᠤᠰᠭ᠎ᠠ ᠶᠢ ᠡᠪᠯᠢᠭ ᠵᠢᠷᠭᠡᠯᠡᠵᠤ ᠂ ᠭᠠᠵᠠᠷ ᠡᠴᠡ ᠳᠡᠭᠡᠭᠰᠢ ᠨᠢᠭᠡ ᠲᠣᠬᠤᠢ ᠲᠠᠪᠤᠨ ᠢᠮᠠᠬᠤ ᠥᠨᠳᠦᠷ ᠭᠠᠷᠳᠠᠯ᠎ᠠ ᠵᠢᠷᠭᠡᠯᠡᠳᠡᠭ ᠃ ᠭᠡᠷ ᠤᠨ ᠰᠠᠭᠤᠷᠢ ᠶᠢᠨ ᠥᠷᠭᠡᠨ ᠢ ᠭᠡᠷ ᠤᠨ ᠬᠠᠶᠠᠭ᠎ᠠ ᠡᠴᠡ ᠥᠷᠭᠡᠨ ᠰᠢᠭ ᠪᠠᠢᠯᠭᠠᠳᠠᠭ ᠃ ᠰᠠᠭᠤᠷᠢ ᠲᠠᠯᠪᠢᠪᠠᠯ ᠭᠡᠷ ᠤᠨ ᠬᠠᠶᠠᠭ᠎ᠠ ᠶᠢ ᠳᠣᠣᠷ᠎ᠠ ᠡᠴᠡ ᠨᠢ ᠤᠷᠢ ᠢᠳᠡᠬᠦ ᠦᠭᠡᠢ ᠂ ᠪᠣᠷᠤᠭᠠᠨ  ᠳᠤ ᠳᠤᠰᠤᠯᠠᠭᠰᠠᠨ ᠭᠡᠷ ᠤᠨ ᠰᠠᠷᠠᠪᠴᠢᠨ ᠤ ᠤᠰᠤ ᠭᠡᠷ ᠤᠨ ᠬᠠᠶᠠᠭ᠎ᠠ ᠶᠢ ᠨᠣᠷᠭᠠᠵᠤ ᠳᠡᠪᠲᠦᠭᠡᠬᠦ ᠦᠭᠡᠢ ᠪᠣᠯᠳᠠᠭ ᠃

    ᠳᠥᠷᠪᠡ ᠂ ᠰᠢᠪᠠᠷᠴᠢᠨ ᠪᠠ ᠮᠣᠳᠤᠴᠢᠨ ᠢ ᠤᠷᠢᠬᠤ

    ᠪᠠᠢᠰᠢᠩ ᠭᠡᠷ ᠪᠠᠷᠢᠬᠤ ᠳᠤ ᠂ ᠤᠩᠨᠢᠭᠤᠳᠴᠤᠳ ᠰᠢᠪᠠᠷᠴᠢᠨ ( ᠪᠠᠷᠢᠯᠭᠠᠴᠢᠨ ) ᠪᠠ ᠮᠣᠳᠤᠴᠢᠨ ᠢ ᠬᠦᠨᠳᠦᠳᠭᠡᠨ ᠵᠠᠯᠠᠳᠠᠭ ᠃ ᠭᠡᠷ ᠤᠨ ᠤᠷᠳᠤ ᠥᠷᠭᠡᠨ ᠪᠤᠯᠤᠨ ᠥᠨᠳᠦᠷ ᠪᠣᠭᠤᠨᠢ ᠶᠢ ᠲᠣᠭᠲᠠᠭᠠᠬᠤ ᠂ ᠭᠡᠷ ᠤᠨ ᠰᠠᠭᠤᠷᠢ ᠲᠠᠯᠪᠢᠬᠤ ᠂ ᠴᠣᠩᠬᠤ ᠡᠭᠦᠳᠡ ᠶᠢ ᠭᠠᠷᠭᠠᠬᠤ ᠂ ᠴᠣᠩᠬᠤ ᠡᠭᠦᠳᠡ ᠬᠢᠬᠦ ᠂ ᠭᠡᠷ ᠤᠨ ᠰᠠᠨᠳᠤᠤ (山墙 ) ᠶᠢ ᠭᠠᠷᠭᠠᠬᠤ ᠂ ᠳ᠋ᠠᠮ ᠨᠢᠷᠤᠭᠤ ᠲᠠᠭᠠᠷᠠᠭᠤᠯᠬᠤ ᠂ ᠨᠢᠷᠤᠭᠤ ᠬᠣᠯᠪᠤᠬᠤ ᠂ ᠭᠣᠣᠯ ᠨᠢᠷᠤᠭᠤ ᠭᠠᠷᠭᠠᠬᠤ ᠂ ᠬᠠᠨᠵᠤ ᠵᠤᠤᠬ᠎ᠠ ᠪᠠᠷᠢᠬᠤ ᠳᠤ ᠰᠢᠪᠠᠷᠴᠢᠨ ᠪᠤᠯᠤᠨ ᠮᠣᠳᠤᠴᠢᠨ ᠨᠢ ᠲᠤᠰ ᠲᠤᠰ ᠤᠨ ᠢᠶᠠᠨ ᠠᠵᠢᠯ ᠲᠠᠢ ᠪᠠᠢᠳᠠᠭ ᠃ ᠰᠢᠪᠠᠷᠴᠢᠨ ᠪᠤᠯᠤᠨ ᠮᠣᠳᠤᠴᠢᠨ ᠢ ᠤᠷᠢᠵᠤ ᠠᠪᠴᠢᠷᠠᠨ ᠂ ᠠᠷᠢᠬᠢ ᠪᠠᠷᠢᠵᠤ ᠂ ᠬᠠᠪᠲᠠᠭ᠎ᠠ ᠰᠢᠭᠤᠳᠠᠢ ᠵᠡᠭᠦᠯᠭᠡᠨ ᠂ 《 ᠪᠠᠭᠰᠢ ᠡ ︕ 》 ᠭᠡᠵᠦ ᠬᠦᠨᠳᠦᠳᠭᠡᠨ ᠂ ᠬᠦᠴᠦ ᠬᠥᠯᠦᠰᠦ ᠶᠢ ᠨᠢ ᠬᠠᠷᠠᠮ ᠦᠭᠡᠢ ᠥᠭᠴᠦ ᠂ ᠭᠡᠷ ᠪᠠᠷᠢᠬᠤ ᠠᠵᠢᠯ ᠢᠶᠠᠨ ᠵᠢᠭᠠᠨ ᠵᠢᠯᠤᠭᠤᠳᠤᠭᠤᠯᠳᠠᠭ ᠃ ᠰᠢᠪᠠᠷᠴᠢᠨ ᠨᠢ ᠰᠢᠪᠠᠷ ᠰᠢᠷᠤᠢ ᠶᠢᠨ ᠠᠵᠢᠯ ᠢᠶᠠᠨ ᠴᠢᠨᠠᠷᠯᠢᠭ ᠰᠠᠢᠨ ᠬᠢᠵᠦ ᠂ ᠮᠣᠳᠤᠴᠢᠨ  ᠨᠢ ᠮᠣᠳᠤᠨ ᠲᠠᠷᠬᠠᠨ ᠤ ᠠᠵᠢᠯ ᠢᠶᠠᠨ ᠡᠪ ᠲᠦᠢᠲᠠᠢ ᠢᠨᠢᠶᠡᠵᠦ ᠬᠠᠨᠢᠶᠠᠳᠠᠯ᠎ᠠ ᠤᠷᠠᠯᠢᠭ ᠰᠠᠢᠬᠠᠨ ᠬᠢᠳᠡᠭ ᠪᠢᠯᠡ ᠃ ᠮᠣᠳᠤᠴᠢᠨ ᠨᠢ ᠭᠡᠷ ᠤᠨ ᠡᠭᠦᠳᠡ ᠬᠠᠭᠠᠯᠭ᠎ᠠ ᠶᠢ ᠳᠤᠭᠢᠷᠠᠭᠤᠯᠬᠤ ᠳᠠᠭᠠᠨ ᠬᠥᠬᠡ ᠬᠤᠯᠤᠭᠠᠨ᠎ᠠ ᠂ ᠤᠯᠠᠭᠠᠨ ᠬᠤᠯᠤᠭᠠᠨ᠎ᠠ ᠂ ᠬᠥᠬᠡ ᠪᠠᠷᠰ ᠂ ᠭᠦᠭᠡᠭᠴᠢᠨ ᠦᠬᠡᠷ ᠂ ᠴᠠᠭᠠᠭᠴᠢᠨ ᠦᠬᠡᠷ ᠂ ᠴᠠᠭᠠᠭᠴᠢᠨ ᠲᠠᠤᠯᠠᠢ ᠂ ᠤᠯᠠᠭᠠᠨ ᠯᠤᠤ ᠂ ᠭᠦᠭᠡᠭᠴᠢᠨ ᠮᠣᠭᠠᠢ ᠂ ᠰᠢᠷ᠎ᠠ ᠮᠣᠷᠢ ᠂ ᠬᠠᠷ᠎ᠠ ᠮᠣᠷᠢ ᠂ ᠬᠥᠬᠡ ᠪᠡᠴᠢ ᠂ ᠬᠠᠷᠠᠭᠴᠢᠨ ᠲᠠᠬᠢᠶ᠎ᠠ ᠂ ᠴᠠᠭᠠᠭᠴᠢᠨ ᠬᠣᠨᠢ ᠂ ᠬᠥᠬᠡ ᠨᠣᠬᠠᠢ ᠵᠡᠷᠭᠡ ᠡᠳᠦᠷ ᠢ ᠰᠣᠩᠭᠤᠳᠠᠭ ᠃ ᠬᠠᠭᠠᠯᠭ᠎ᠠ ᠡᠭᠦᠳᠡ ᠶᠢ ᠭᠠᠷᠭᠠᠬᠤ ᠳᠠᠭᠠᠨ ᠬᠠᠪᠤᠷ ᠵᠡᠭᠦᠨ ᠵᠦᠭ  ᠲᠤ ᠂ ᠵᠤᠨ ᠡᠮᠦᠨ᠎ᠡ ᠵᠦᠭ ᠂ ᠨᠠᠮᠤᠷ ᠪᠠᠷᠠᠭᠤᠨ ᠵᠦᠭ ᠂ ᠡᠪᠦᠯ ᠬᠣᠢᠲᠤ ᠵᠦᠭ ᠲᠤ ᠡᠭᠦᠳᠡ ᠭᠠᠷᠭᠠᠬᠤ ᠶᠢ ᠴᠡᠭᠡᠷᠯᠡᠳᠡᠭ ᠪᠠᠢᠵᠠᠢ ᠃

    ᠲᠠᠪᠤ ᠂ ᠭᠡᠷ ᠬᠠᠢᠷᠴᠠᠭᠯᠠᠵᠤ ᠰᠠᠨᠳᠤᠤ ᠭᠠᠷᠭᠠᠬᠤ

    ᠤᠩᠨᠢᠭᠤᠳᠴᠤᠳ ᠵᠦᠯᠭᠡ ᠪᠠᠷ ᠭᠡᠷ ᠪᠠᠷᠢᠬᠤ ᠂ ᠨᠠᠩᠭᠢ ᠰᠢᠪᠠᠷ ᠢᠶᠠᠷ ᠴᠣᠬᠢᠵᠤ ᠭᠡᠷ ᠪᠠᠷᠢᠬᠤ ᠂ ᠳᠤᠢᠹᠤᠤ ᠭᠡᠷ ᠪᠠᠷᠢᠬᠤ ᠳᠤ ᠭᠡᠷ ᠤᠨ ᠬᠠᠶᠠᠭ᠎ᠠ ᠪᠠᠨ ᠪᠠᠷᠢᠵᠤ ᠪᠠᠷᠠᠬᠤ ᠶᠢ 《 ᠭᠡᠷ ᠬᠠᠢᠷᠴᠠᠭᠯᠠᠬᠤ 》 ᠭᠡᠵᠦ ᠬᠡᠯᠡᠳᠡᠭ ᠃ ᠭᠡᠷ ᠢᠶᠠᠨ ᠬᠠᠢᠷᠴᠠᠭᠯᠠᠮᠠᠭᠴᠠ ᠂ ᠠᠵᠢᠯ ᠢᠶᠠᠨ ᠬᠡᠳᠦᠨ ᠡᠳᠦᠷ ᠵᠣᠭᠰᠤᠵᠤ ᠂ ᠪᠠᠷᠢᠭᠰᠠᠨ ᠨᠣᠢᠲᠠᠨ ᠬᠠᠶᠠᠭ᠎ᠠ ᠪᠠᠨ ᠵᠢᠪᠠᠷ ᠰᠠᠯᠬᠢᠨ ᠳᠤ ᠬᠠᠲᠠᠭᠠᠵᠤ ᠠᠪᠳᠠᠭ ᠃ ᠢᠩᠭᠢᠵᠦ ᠬᠢᠬᠦ ᠨᠢ ᠭᠡᠷ ᠤᠨ ᠬᠠᠶᠠᠭ᠎ᠠ ᠶᠢ ᠪᠡᠭᠢᠯᠡᠭᠦᠨ ᠳᠤᠭᠳᠠᠪᠤᠷᠢᠲᠠᠢ ᠪᠠᠢᠯᠭᠠᠬᠤ ᠶᠢᠨ ᠲᠥᠯᠦᠭᠡ ᠶᠤᠮ ᠃ ᠬᠠᠢᠷᠴᠠᠭᠯᠠᠭᠰᠠᠨ ᠭᠡᠷ ᠤᠨ ᠬᠠᠶᠠᠭ᠎ᠠ ᠳᠡᠭᠡᠷ᠎ᠡ ᠪᠠᠨ ᠨᠢᠷᠤᠭᠤ ᠲᠠᠯᠪᠢᠬᠤ ᠬᠠᠶᠠᠭ᠎ᠠ ᠭᠠᠷᠭᠠᠵᠤ ᠪᠠᠷᠢᠬᠤ ᠶᠢ 《 ᠰᠠᠨᠳᠤᠤ ᠭᠠᠷᠭᠠᠬᠤ 》 ᠭᠡᠳᠡᠭ ᠃ ᠰᠠᠨᠳᠤᠤ ᠭᠡᠳᠡᠭ ᠨᠢ ᠬᠢᠲᠠᠳ ᠤᠨ ᠱᠠᠨ ᠴᠢᠶᠠᠩ ᠭᠡᠬᠦ ᠦᠭᠡᠨ ᠡᠴᠡ ᠢᠷᠡᠯᠲᠡ  ᠲᠠᠢ ᠵᠢᠭᠡᠯᠡᠭᠡᠨ ᠤ ᠦᠭᠡ ᠪᠣᠯᠤᠯᠲᠠᠢ ᠃ ᠰᠠᠨᠳᠤᠤ ᠶᠢ ᠭᠤᠷᠪᠠᠯᠵᠢᠨ ᠭᠡᠯᠪᠡᠷᠢᠲᠠᠢ ᠪᠤᠶᠤ ᠲᠡᠷᠭᠡᠨ ᠮᠥᠭᠡᠷ ᠤᠨ ᠭᠡᠯᠪᠡᠷᠢᠲᠠᠢ ᠪᠠᠷ ᠭᠠᠷᠭᠠᠵᠤ ᠪᠣᠯᠳᠠᠭ ᠃ ᠭᠤᠷᠪᠠᠯᠵᠢᠨ ᠬᠡᠯᠪᠡᠷᠢ ᠲᠠᠢ ᠰᠠᠨᠳᠤᠤ ᠳᠤ ᠭᠤᠷᠪᠠᠯᠵᠢᠨ ᠤ ᠶᠡᠷᠡᠨ ᠭᠢᠷᠠᠳᠤᠰ ᠤᠨ ᠥᠨᠴᠦᠭ ᠢ ᠠᠷᠤ ᠬᠠᠶᠠᠭᠠᠨ ᠲᠠᠯ᠎ᠠ ᠳᠤ ᠭᠠᠷᠭᠠᠬᠤ ᠪᠠ ᠶᠡᠷᠡᠨ ᠭᠢᠷᠠᠳᠤᠰ ᠡᠴᠡ ᠳᠡᠭᠡᠭᠰᠢ ᠮᠣᠬᠤᠭᠤ ᠥᠨᠴᠦᠭ ᠢ ᠭᠡᠷ ᠤᠨ ᠭᠤᠤ ᠨᠢᠷᠤᠭᠤ ᠶᠢ ᠲᠤᠯᠵᠤ ᠭᠠᠷᠭᠠᠬᠤ ᠭᠡᠵᠦ ᠬᠣᠶᠠᠷ ᠵᠦᠢᠯ ᠳᠤ ᠬᠤᠪᠢᠶᠠᠵᠤ ᠪᠣᠯᠤᠨ᠎ᠠ ᠃ ᠤᠩᠨᠢᠭᠤᠳᠴᠤᠳ ᠪᠣᠯ ᠭᠣᠣᠯᠳᠠᠭᠤ ᠭᠤᠷᠪᠠᠯᠵᠢᠨ ᠰᠠᠨᠳᠤᠤ ᠭᠠᠷᠭᠠᠬᠤ ᠳᠠᠭᠠᠨ ᠭᠤᠷᠪᠠᠯᠵᠢᠨ ᠤ ᠮᠣᠬᠤᠭᠤ ᠥᠨᠴᠦᠭ ᠢ ᠳᠡᠭᠡᠭᠰᠢ ᠬᠠᠨᠳᠤᠭᠤᠯᠤᠨ ᠭᠣᠣᠯ ᠨᠢᠷᠤᠭᠤ ᠶᠢ ᠲᠤᠯᠵᠤ ᠪᠠᠷᠢᠳᠠᠭ ᠃ ᠢᠩᠭᠢᠵᠦ ᠪᠠᠷᠢᠬᠤ ᠭᠡᠷ ᠨᠢ ᠪᠣᠷᠤᠭᠠᠨ ᠬᠤᠷ᠎ᠠ ᠳᠤ ᠲᠡᠢᠮᠦ ᠬᠢᠯᠪᠠᠷᠬᠠᠨ ᠤᠰᠤ ᠭᠣᠭᠤᠵᠢᠳᠠᠭ ᠦᠭᠡᠢ ᠶᠤᠮ ᠃ ᠭᠡᠷ ᠤᠨ ᠰᠠᠨᠳᠤᠤ ᠭᠠᠷᠭᠠᠵᠤ ᠨᠢᠷᠤᠭᠤ ᠬᠣᠯᠪᠤᠵᠤ ᠪᠠᠷᠠᠪᠠᠯ ᠭᠡᠷ ᠪᠠᠷᠢᠬᠤ ᠠᠵᠢᠯ ᠢᠶᠠᠨ ᠬᠡᠳᠦᠨ ᠡᠳᠦᠷ ᠵᠣᠭᠰᠤᠭᠠᠵᠤ ᠂ ᠰᠠᠨᠳᠤᠤ ᠪᠠᠨ ᠰᠠᠢᠨ ᠬᠠᠲᠠᠭᠠᠳᠠᠭ ᠃ ᠲᠡᠢᠮᠦ ᠪᠢᠰᠢ ᠪᠣᠯ ᠭᠡᠷ ᠤᠨ ᠰᠠᠨᠳᠤᠤ ᠪᠤᠶᠤ ᠬᠠᠶᠠᠭ᠎ᠠ ᠮᠤᠷᠤᠢᠬᠤ ᠠᠶᠤᠯ ᠲᠠᠢ ᠶᠤᠮ ᠃

    ᠵᠢᠷᠭᠤᠭ᠎ᠠ ᠂ ᠭᠣᠣᠯ ᠨᠢᠷᠤᠭᠤ ᠲᠣᠭᠲᠠᠭᠠᠬᠤ ᠨᠠᠢᠷ

    ᠤᠩᠨᠢᠭᠤᠳᠴᠤᠳ ᠂ ᠰᠢᠨ᠎ᠡ ᠭᠡᠷ ᠤᠨ ᠭᠣᠣᠯ ᠨᠢᠷᠤᠭᠤ ᠲᠣᠭᠲᠠᠭᠠᠬᠤ ᠶᠢ ᠶᠡᠬᠡᠯ᠎ᠡ ᠬᠦᠨᠳᠦ ᠪᠠᠷ ᠦᠵᠡᠵᠦ ᠂ ᠭᠣᠣᠯ ᠨᠢᠷᠤᠭᠤ ᠲᠣᠭᠲᠠᠭᠠᠬᠤ ᠨᠠᠢᠷ ᠬᠢᠳᠡᠭ ᠃ ᠭᠡᠷ ᠤᠨ ᠨᠢᠷᠤᠭᠤ ᠭᠠᠷᠭᠠᠬᠤ ᠳᠠᠭᠠᠨ ᠬᠥᠬᠡ ᠬᠤᠯᠤᠭᠠᠨ᠎ᠠ ᠂ ᠭᠦᠭᠡᠭᠴᠢᠨ ᠦᠬᠡᠷ ᠂ ᠤᠯᠠᠭᠠᠨ ᠪᠠᠷᠰ ᠂ ᠰᠢᠷ᠎ᠠ ᠯᠤᠤ ᠂ ᠰᠢᠷᠠᠭᠴᠢᠨ ᠮᠣᠭᠠᠢ ᠂ ᠴᠠᠭᠠᠨ ᠮᠣᠷᠢ ᠂ ᠴᠠᠭᠠᠭᠴᠢᠨ ᠬᠣᠨᠢ ᠂ ᠬᠥᠬᠡ ᠨᠣᠬᠠᠢ ᠂ ᠰᠢᠷ᠎ᠠ ᠪᠠᠷᠰ ᠂ ᠰᠢᠷᠠᠭᠴᠢᠨ ᠲᠠᠤᠯᠠᠢ ᠂ ᠴᠠᠭᠠᠭᠴᠢᠨ ᠮᠣᠭᠠᠢ ᠬᠠᠷ᠎ᠠ ᠮᠣᠷᠢ ᠂ ᠬᠠᠷᠠᠭᠴᠢᠨ ᠬᠣᠨᠢ ᠂ ᠬᠥᠬᠡ ᠪᠡᠴᠢ ᠂ ᠤᠯᠠᠭᠴᠢᠨ ᠭᠠᠬᠠᠢ ᠂ ᠰᠢᠷ᠎ᠠ ᠬᠤᠯᠤᠭᠠᠨ᠎ᠠ ᠂ ᠰᠢᠷᠠᠭᠴᠢᠨ ᠦᠬᠡᠷ ᠂ ᠴᠠᠭᠠᠨ ᠪᠠᠷᠰ ᠂ ᠬᠠᠷᠠᠭᠴᠢᠨ ᠲᠠᠤᠯᠠᠢ ᠂ ᠤᠯᠠᠭᠠᠨ ᠮᠣᠷᠢ ᠂ ᠰᠢᠷ᠎ᠠ ᠪᠡᠴᠢ ᠂ ᠰᠢᠷᠠᠭᠴᠢᠨ ᠲᠠᠬᠢᠶ᠎ᠠ ᠂ ᠬᠠᠷ᠎ᠠ ᠬᠤᠯᠤᠭᠠᠨ᠎ᠠ ᠂ ᠬᠠᠷᠠᠭᠴᠢᠨ ᠦᠬᠡᠷ ᠂ ᠬᠥᠬᠡ ᠪᠠᠷᠰ ᠂ ᠭᠦᠭᠡᠭᠴᠢᠨ ᠲᠠᠤᠯᠠᠢ ᠂ ᠤᠯᠠᠭᠠᠨ ᠯᠤᠤ ᠂ ᠤᠯᠠᠭᠴᠢᠨ ᠮᠣᠭᠠᠢ ᠂ ᠰᠢᠷᠠᠭᠴᠢᠨ ᠬᠣᠨᠢ ᠂ ᠴᠠᠭᠠᠨ ᠪᠡᠴᠢ ᠂ ᠴᠠᠭᠠᠭᠴᠢᠨ ᠲᠠᠬᠢᠶ᠎ᠠ ᠂ ᠵᠡᠷᠭᠡ ᠡᠳᠦᠷ ᠤᠨ ᠳᠣᠲᠤᠷ᠎ᠠ ᠡᠴᠡ ᠲᠦᠭᠦᠷᠡᠭᠴᠢ ᠂ ᠲᠦᠪᠰᠢᠳᠭᠡᠭᠴᠢ ᠂ ᠪᠦᠲᠦᠭᠡᠭᠴᠢ ᠂ ᠬᠠᠭᠠᠭᠴᠢ ᠲᠣᠬᠢᠶᠠᠯᠳᠤᠭᠰᠠᠨ ᠡᠳᠦᠷ ᠢ ᠰᠣᠩᠭᠤᠵᠤ ᠬᠡᠷᠡᠭᠯᠡᠳᠡᠭ ᠃ ᠲᠡᠷᠡ ᠡᠳᠦᠷ ᠤᠨ ᠢᠶᠠᠨ ᠮᠣᠷᠢᠨ ᠴᠠᠭ ᠲᠤ ᠭᠣᠣᠯ ᠨᠢᠷᠤᠭᠤ ᠪᠠᠨ ᠭᠠᠷᠭᠠᠳᠠᠭ ᠃ ᠭᠣᠣᠯ ᠨᠢᠷᠤᠭᠤ ᠭᠠᠷᠭᠠᠬᠤ ᠡᠴᠡ ᠡᠮᠦᠨ᠎ᠡ ᠂ ᠮᠣᠳᠤᠴᠢᠨ ᠨᠢ ᠪᠡᠶ᠎ᠡ ᠪᠠᠷ ᠢᠶᠠᠨ ᠬᠥᠳᠡᠯᠵᠦ ᠂ ᠤᠷᠳᠤ ᠪᠠ ᠥᠷᠭᠡᠨ  ᠨᠢ ᠪᠦᠷ ᠨᠢᠭᠡ ᠲᠣᠬᠤᠢ ᠬᠣᠶᠠᠷ ᠢᠮᠠᠬᠤ ᠲᠡᠭᠰᠢ ᠳᠥᠷᠪᠡᠯᠵᠢᠨ ᠤᠯᠠᠭᠠᠨ ᠪᠦᠰ ᠳᠡᠭᠡᠷ᠎ᠡ ᠰᠤᠯᠢᠮᠠᠯ ᠵᠢᠭᠠᠰᠤ  ᠲᠠᠢ ᠠᠷᠭ᠎ᠠ ᠪᠢᠯᠢᠭ᠌ ᠤᠨ ᠨᠠᠢ᠍ᠮᠠᠨ ᠬᠦᠯᠢᠯ ᠤᠨ ᠲᠤᠰᠭᠠᠢ ᠵᠢᠷᠤᠭ ᠢ ᠵᠢᠷᠤᠵᠤ ᠂ ᠭᠣᠣᠯ ᠨᠢᠷᠤᠭᠤ ᠶᠢᠨ ᠲᠥᠪ ᠳᠤᠮᠳᠠᠳᠤ ᠨᠢ ᠲᠠᠭᠠᠷᠠᠭᠤᠯᠵᠤ ᠂ ᠳᠥᠷᠪᠡᠨ ᠥᠨᠴᠦᠭ ᠢ ᠨᠢ ᠭᠠᠤᠯᠢᠨ ᠵᠣᠭᠤᠰ ᠢᠶᠠᠷ ᠬᠠᠳᠠᠵᠤ ᠲᠣᠭᠲᠠᠭᠠᠨ᠎ᠠ ᠃ ᠳᠠᠷᠠᠭ᠎ᠠ ᠨᠢ ᠭᠠᠳᠠᠷ ᠲᠠᠯ᠎ᠠ ᠪᠠᠷ ᠢᠶᠠᠨ ᠳᠥᠷᠪᠡᠨ ᠬᠤᠷᠤᠭᠤ ᠥᠷᠭᠡᠨ ᠲᠦᠭᠡ ᠰᠢᠬᠠᠮ ᠤᠷᠳᠤ ᠤᠯᠠᠭᠠᠨ ᠪᠦᠰ ᠤᠭᠤᠲᠠᠨ ᠳᠣᠲᠤᠷ᠎ᠠ ᠮᠣᠩᠭᠤᠯ ᠠᠮᠤ ᠂ ᠰᠢᠯᠦᠬᠡᠢ ᠂ ᠨᠠᠷᠢᠮᠤ ᠂ ᠰᠠᠭᠠᠭ ᠂ ᠰᠢᠷ᠎ᠠ ᠪᠤᠷᠴᠠᠭ ᠵᠡᠷᠭᠡ ᠲᠠᠪᠤᠨ ᠲᠠᠷᠢᠶ᠎ᠠ ᠶᠢᠨ ᠦᠷ᠎ᠡ ᠶᠢ ᠰᠠᠪᠠᠯᠠᠵᠤ ᠂ ᠳᠠᠭᠢᠨ ᠬᠣᠶᠠᠷ ᠬᠣᠣᠰ ᠤᠯᠠᠭᠠᠨ ᠰᠠᠪᠠᠬ᠎ᠠ ᠶᠢ ᠤᠯᠠᠭᠠᠨ ᠨᠣᠣᠰᠤᠨ ᠤᠲᠠᠰᠤ ᠪᠤᠶᠤ ᠤᠯᠠᠭᠠᠨ ᠲᠣᠷᠭᠠᠨ ᠤᠲᠠᠰᠤ ᠪᠠᠷ ᠤᠭᠤᠲᠠᠨ ᠤ ᠠᠮᠠᠰᠠᠷ ᠳᠡᠭᠡᠷ᠎ᠡ ᠴᠢᠩᠭ᠎ᠠ ᠰᠤᠯᠢᠪᠴᠠᠭᠤᠯᠤᠨ ᠤᠶᠠᠵᠤ ᠂ ᠭᠡᠷ ᠤᠨ ᠭᠣᠣᠯ ᠨᠢᠷᠤᠭᠤ ᠶᠢᠨ ᠭᠣᠣᠯ ᠳᠤᠮᠳᠠᠬᠢ ᠨᠠᠢ᠍ᠮᠠᠨ ᠬᠦᠯᠢᠯ ᠤᠨ ᠲᠤᠰᠭᠠᠢ ᠵᠢᠷᠤᠭ ᠡᠴᠡ ᠬᠣᠯᠪᠤᠵᠤ ᠲᠡᠭᠦᠵᠢᠯᠡᠵᠤ ᠲᠠᠯᠪᠢᠨ᠎ᠠ ᠃ ᠮᠣᠷᠢᠨ ᠴᠠᠭ ᠲᠤ ᠭᠣᠣᠯ ᠨᠢᠷᠤᠭᠤ ᠶᠢ ᠭᠠᠷᠭᠠᠬᠤ ᠲᠠᠢ ᠵᠡᠷᠭᠡ ᠂ ᠰᠢᠨ᠎ᠡ ᠭᠡᠷ ᠤᠨ ᠡᠭᠦᠳᠡᠨ ᠭᠠᠳᠠᠨ᠎ᠠ ᠲᠤᠯᠤᠭᠠᠨ ᠨᠠᠰᠤᠨ ᠡᠴᠡ ᠳᠡᠭᠡᠭᠰᠢᠬᠢ ᠬᠡᠦᠬᠡᠳ ᠪᠠᠭᠠᠴᠤᠳ ᠪᠤᠯᠤᠨ ᠵᠠᠯᠠᠭᠤᠴᠤᠳ ᠪᠥᠭᠡᠮᠨᠡᠷᠡᠨ ᠂ ᠰᠢᠨ᠎ᠡ ᠭᠡᠷ  ᠤᠨ ᠭᠣᠣᠯ ᠨᠢᠷᠤᠭᠤᠨ ᠤ ᠬᠣᠶᠠᠷ ᠦᠵᠦᠭᠦᠷ ᠲᠤ ᠳᠠᠷᠤᠵᠤ ᠰᠠᠭᠤᠭᠰᠠᠨ ᠮᠣᠳᠤᠴᠢᠨ ᠪᠤᠯᠤᠨ ᠰᠢᠪᠠᠷᠴᠢᠨ ᠤ ᠲᠦᠷᠦᠭᠦᠦ ᠶᠢᠨ ᠭᠡᠷ ᠤᠨ ᠤᠷᠤᠢ ᠳᠡᠭᠡᠷ᠎ᠡ ᠡᠴᠡ ᠭᠡᠷ ᠳᠣᠲᠤᠷ᠎ᠠ ᠪᠣᠣᠪᠤ ᠪᠤᠭᠤᠷᠰᠤᠭ ᠬᠠᠶᠠᠵᠤ ᠣᠷᠤᠭᠤᠯᠬᠤ ᠶᠢ ᠬᠠᠷᠠᠵᠤ ᠵᠣᠭᠰᠤᠵᠠᠭᠠᠨ᠎ᠠ ᠃ ᠪᠣᠣᠪᠤ ᠪᠤᠭᠤᠷᠰᠤᠭ ᠤᠨᠠᠵᠤ ᠢᠷᠡᠮᠡᠭᠴᠡ ᠂ ᠬᠡᠦᠬᠡᠳ ᠪᠠᠭᠠᠴᠤᠳ ᠭᠡᠷ ᠤᠨ ᠡᠭᠦᠳᠡ  ᠪᠠᠷ ᠪᠠᠭᠲᠠᠵᠤ ᠶᠠᠳᠠᠨ ᠰᠢᠬᠠᠯᠳᠤᠨ ᠣᠷᠤᠵᠤ ᠂ ᠲᠡᠭᠷᠢ ᠳᠡᠭᠡᠷ᠎ᠡ ᠡᠴᠡ ᠱᠠᠯᠪᠢᠩ ᠪᠠᠭᠤᠵᠤ ᠢᠷᠡᠬᠦ ᠶᠢ ᠲᠤᠰᠴᠤ ᠠᠪᠴᠤ ᠪᠠᠢᠬᠤ ᠰᠢᠭ ᠭᠦᠤᠷᠨᠢᠯᠳᠦᠨ ᠢᠨᠢᠶᠡᠯᠴᠡᠵᠦ ᠪᠤᠯᠢᠶᠠᠯᠳᠤᠵᠤ ᠠᠪᠳᠠᠭ ᠃ ᠲᠡᠷᠡ ᠪᠣᠣᠪᠤ ᠨᠢ ᠳᠣᠲᠤᠷ᠎ᠠ ᠪᠠᠨ ᠴᠢᠪᠠᠭ᠎ᠠ ᠪᠤᠶᠤ ᠤᠯᠠᠭᠠᠨ ᠪᠤᠷᠴᠠᠭ ᠬᠠᠪᠴᠢᠭᠤᠯᠤᠭᠰᠠᠨ ᠰᠢᠯᠦᠬᠡᠢ ᠶᠢᠨ ᠭᠤᠯᠢᠷ ᠤᠨ ᠪᠣᠣᠪᠤ ᠪᠠᠢᠯ᠎ᠠ ᠃ ᠡᠨᠡ ᠨᠢ ᠣᠳᠤ ᠨᠢᠭᠡᠨᠲᠡ ᠥᠩᠭᠡᠷᠡᠭᠰᠡᠨ ᠤ ᠲᠡᠦᠬᠡ ᠪᠣᠯᠴᠢᠬᠠᠵᠠᠢ ᠃ ᠣᠳᠤ ᠪᠣᠯ ᠫᠤᠤᠵᠠᠩ ᠲᠠᠯᠪᠢᠭᠰᠠᠨ ᠤ ᠳᠠᠷᠠᠭ᠎ᠠ ᠂ ᠬᠤᠳᠠᠯᠳᠤᠭᠠᠨ ᠤ ᠰᠢᠬᠬᠢᠷ ᠲᠠᠢ ᠪᠣᠣᠪᠤ ᠂ ᠴᠠᠭᠠᠰᠤᠨ ᠪᠠᠭᠯᠠᠭ᠎ᠠ ᠲᠠᠢ ᠰᠢᠬᠬᠢᠷ ᠂ ᠬᠠᠢᠷᠴᠠᠭ ᠲᠠᠢ ᠲᠠᠮᠠᠬᠢ ᠶᠢ ᠭᠡᠷ  ᠤᠨ ᠨᠢᠷᠤᠭᠤ ᠶᠢᠨ ᠳᠡᠭᠡᠷ᠎ᠡ ᠡᠴᠡ ᠳᠣᠷᠤᠭᠰᠢ ᠬᠠᠶᠠᠬᠤ ᠪᠣᠯᠪᠠ ᠃ ᠮᠣᠳᠤᠴᠢᠨ ᠪᠤᠯᠤᠨ ᠰᠢᠪᠠᠷᠴᠢᠨ ᠤ ᠲᠦᠷᠦᠭᠦᠦ  ᠶᠢ ᠭᠡᠷ ᠤᠨ ᠨᠢᠷᠤᠭᠤ ᠳᠡᠭᠡᠷ᠎ᠡ ᠡᠴᠡ ᠪᠠᠭᠤᠵᠤ ᠢᠷᠡᠮᠡᠭᠴᠡ ᠭᠡᠷ ᠤᠨ ᠡᠵᠡᠨ ᠨᠢ ᠲᠡᠷᠡ ᠬᠣᠶᠠᠷ ᠲᠤ ᠲᠤᠰ ᠲᠤᠰ ᠰᠢᠨ᠎ᠡ ᠣᠶᠤᠭᠰᠠᠨ ᠬᠠᠳᠭᠤᠮᠠᠯ ᠬᠤᠸᠠᠷᠲᠠᠢ ᠲᠠᠮᠠᠬᠢᠨ ᠬᠠᠪᠲᠠᠭ᠎ᠠ ᠶᠢ ᠳᠡᠭᠡᠷ᠎ᠡ ᠨᠢ ᠲᠠᠯᠪᠢᠭᠰᠠᠨ ᠨᠢᠭᠡ ᠵᠠᠬ᠎ᠠ ᠬᠤᠪᠴᠠᠰᠤ ᠶᠢᠨ ᠪᠦᠰ ᠭᠠᠳᠠᠷ ᠢ ᠬᠤᠨᠳᠠᠭ᠎ᠠ ᠲᠠᠢ ᠠᠷᠢᠬᠢ ᠶᠢᠨ ᠬᠠᠮᠲᠤ ᠪᠠᠷᠢᠵᠤ ᠪᠡᠯᠡᠭᠯᠡᠳᠡᠭ ᠃ ᠢᠩᠭᠢᠵᠦ ᠪᠠᠷᠠᠭᠰᠠᠨ ᠤ ᠳᠠᠷᠠᠭ᠎ᠠ ᠂ ᠭᠡᠷ ᠤᠨ ᠡᠵᠡᠨ ᠨᠢ ᠥᠭᠡᠷ᠎ᠡ ᠭᠡᠷ ᠲᠤ ᠰᠢᠷᠡᠭᠡ ᠵᠠᠰᠠᠵᠤ ᠂ ᠪᠠᠷᠢᠯᠭ᠎ᠠ  ᠶᠢᠨ ᠠᠵᠢᠯ ᠳᠤ ᠣᠷᠤᠯᠴᠠᠭᠰᠠᠨ ᠪᠦᠬᠦ ᠬᠥᠮᠦᠰ ᠲᠤ ᠳᠠᠢᠯᠠᠯᠭ᠎ᠠ ᠬᠢᠳᠡᠭ ᠃ ᠳᠠᠢᠯᠠᠯᠭ᠎ᠠ ᠶᠢᠨ ᠰᠢᠷᠡᠭᠡ  ᠶᠢᠨ ᠭᠣᠣᠯ ᠳᠤ ᠮᠥᠨ ᠯᠡ ᠮᠣᠳᠤᠴᠢᠨ ᠪᠤᠯᠤᠨ ᠰᠢᠪᠠᠷᠴᠢᠨ ᠤ ᠲᠦᠷᠦᠭᠦᠦ ᠶᠢ ᠰᠠᠭᠤᠯᠭᠠᠳᠠᠭ ᠪᠢᠯᠡ ᠃ ᠭᠣᠣᠯ ᠨᠢᠷᠤᠭᠤ ᠭᠠᠷᠭᠠᠵᠤ ᠪᠠᠷᠠᠭᠰᠠᠨ ᠤ ᠳᠠᠷᠠᠭ᠎ᠠ ᠂ ᠳᠡᠮᠡᠢ ᠤᠳᠠᠯ ᠦᠭᠡᠢ ᠭᠡᠷ ᠲᠤ ᠪᠠᠨ ᠤᠨᠢ ᠲᠠᠭᠠᠷᠠᠭᠤᠯᠵᠤ ᠂ ᠪᠠ ( ᠵᠠᠮᠪᠠ ) ᠭᠠᠷᠭᠠᠵᠤ ᠂ ᠰᠢᠪᠠᠷ ᠢᠶᠠᠷ ᠰᠢᠪᠠᠵᠤ ᠂ ᠬᠤᠯᠤᠰᠤᠯᠠᠬᠤ ᠪᠤᠶᠤ ᠸᠠᠭᠠᠷᠯᠠᠵᠤ ᠂ ᠳᠣᠲᠤᠷ᠎ᠠ ᠭᠠᠳᠠᠨ᠎ᠠ ᠡᠴᠡ ᠨᠢ ᠰᠢᠪᠠᠵᠤ ᠂ ᠬᠠᠨᠵᠤ ᠵᠤᠤᠬ᠎ᠠ ᠪᠠᠨ ᠪᠠᠷᠢᠵᠤ ᠂ ᠲᠣᠭᠤᠭ᠎ᠠ ᠲᠠᠭᠠᠷᠠᠭᠤᠯᠤᠨ ᠂ ᠭᠡᠷ ᠳᠣᠲᠤᠷ᠎ᠠ ᠪᠠᠨ ᠹᠧᠩ ᠠᠳᠠᠭᠠᠷ ᠡᠯᠭᠦᠵᠦ ᠂ ᠭᠡᠷ ᠲᠤ ᠣᠷᠤᠵᠤ ᠰᠠᠭᠤᠬᠤ ᠪᠠᠷ ᠪᠡᠯᠡᠬᠡᠨ ᠪᠣᠯᠭᠠᠨ᠎ᠠ ᠃

    ᠲᠤᠯᠤ ᠂ ᠰᠢᠨ᠎ᠡ ᠭᠡᠷ ᠲᠤ ᠨᠡᠭᠦᠵᠤ ᠣᠷᠤᠬᠤ

    ᠤᠩᠨᠢᠭᠤᠳᠴᠤᠳ ᠰᠢᠨ᠎ᠡ ᠭᠡᠷ ᠢᠶᠠᠨ ᠪᠠᠷᠢᠵᠤ ᠪᠠᠷᠠᠭᠰᠠᠨ ᠤ ᠰᠡᠭᠦᠯᠡᠷ ᠂ ᠦᠵᠡᠭᠡᠴᠢ ᠪᠠᠷ ᠡᠳᠦᠷ ᠦᠵᠡᠭᠦᠯᠵᠦ ᠂ ᠬᠥᠬᠡ ᠬᠤᠯᠤᠭᠠᠨ᠎ᠠ ᠂ ᠭᠦᠭᠡᠭᠴᠢᠨ ᠦᠬᠡᠷ ᠂ ᠤᠯᠠᠭᠠᠨ ᠪᠠᠷᠰ ᠂ ᠰᠢᠷ᠎ᠠ ᠯᠤᠤ ᠂ ᠴᠠᠭᠠᠨ ᠮᠣᠷᠢ ᠂ ᠤᠯᠠᠭᠴᠢᠨ ᠦᠬᠡᠷ ᠂ ᠰᠢᠷ᠎ᠠ ᠪᠠᠷᠰ ᠂ ᠭᠦᠭᠡᠭᠴᠢᠨ ᠲᠠᠬᠢᠶ᠎ᠠ ᠂ ᠴᠠᠭᠠᠨ ᠪᠠᠷᠰ ᠂ ᠬᠠᠷ᠎ᠠ ᠯᠤᠤ ᠂ ᠬᠠᠷᠠᠭᠴᠢᠨ ᠮᠣᠭᠠᠢ ᠂ ᠭᠦᠭᠡᠭᠴᠢᠨ ᠬᠣᠨᠢ ᠂ ᠬᠠᠷ᠎ᠠ ᠪᠠᠷᠰ ᠂ ᠬᠠᠷᠠᠭᠴᠢᠨ ᠲᠠᠤᠯᠠᠢ ᠂ ᠬᠥᠬᠡ ᠯᠤᠤ ᠂ ᠤᠯᠠᠭᠠᠨ ᠮᠣᠷᠢ ᠂ ᠴᠠᠭᠠᠭᠴᠢᠨ ᠭᠠᠬᠠᠢ ᠂ ᠤᠯᠠᠭᠠᠨ ᠯᠤᠤ ᠂ ᠭᠦᠭᠡᠭᠴᠢᠨ ᠮᠣᠭᠠᠢ ᠂ ᠬᠠᠷ᠎ᠠ ᠨᠣᠬᠠᠢ ᠵᠡᠷᠭᠡ ᠡᠳᠦᠷ ᠢ ᠰᠠᠢᠨ ᠡᠳᠦᠷ ᠭᠡᠵᠦ ᠰᠣᠩᠭᠤᠨ ᠂ ᠡᠳᠡᠭᠡᠷ ᠡᠳᠦᠷ  ᠤᠳ ᠤᠨ ᠳᠣᠲᠤᠷ᠎ᠠ ᠡᠴᠡ ᠨᠡᠭᠡᠭᠡᠭᠴᠢ ᠂ ᠳᠤᠭᠳᠠᠭᠠᠭᠴᠢ ᠂ ᠬᠤᠷᠢᠶᠠᠭᠴᠢ ᠂ ᠲᠦᠪᠰᠢᠳᠭᠡᠭᠴᠢ ᠡᠳᠦᠷ ᠢ ᠰᠢᠯᠢᠵᠦ ᠂ ᠰᠢᠨ᠎ᠡ ᠭᠡᠷ ᠲᠤ ᠪᠠᠨ ᠨᠡᠭᠦᠵᠤ ᠣᠷᠤᠳᠠᠭ ᠃ ᠵᠠᠷᠢᠮ ᠨᠢ ᠪᠠᠰᠠ ᠨᠡᠭᠦᠵᠤ ᠪᠠᠭᠤᠬᠤ ᠵᠦᠭ ᠴᠢᠭᠯᠡᠯ ᠢ ᠬᠦᠷᠲᠡᠯ᠎ᠡ ᠦᠵᠡᠭᠴᠢ ᠪᠠᠷ ᠦᠵᠡᠭᠦᠯᠵᠦ ᠂ ᠰᠠᠢᠨ ᠵᠦᠭ ᠢ ᠰᠣᠩᠭᠤᠨ ᠂ ᠲᠣᠬᠢᠷᠠᠬᠤ ᠰᠠᠷ᠎ᠠ ᠳᠡᠭᠡᠷ᠎ᠡ ᠨᠢ ᠰᠢᠨ᠎ᠡ ᠭᠡᠷ ᠲᠤ  ᠪᠠᠨ ᠨᠡᠭᠦᠵᠤ ᠣᠷᠤᠬᠤ ᠳᠠᠭᠠᠨ ᠣᠷᠤᠨ ᠨᠤᠲᠤᠭ ᠤᠨ ᠨᠠᠪᠳᠠᠭ ᠰᠠᠪᠳᠠᠭ ᠲᠤ ᠪᠠᠨ ᠴᠠᠭᠠᠨ ᠢᠳᠡᠭᠡᠨ ᠤ ᠰᠠᠴᠤᠯᠢ ᠡᠷᠭᠦᠳᠡᠭ ᠃ ᠰᠢᠨ᠎ᠡ ᠭᠡᠷ ᠲᠤ ᠣᠷᠤᠭᠰᠠᠨ ᠤ ᠪᠠᠨ ᠳᠠᠷᠠᠭ᠎ᠠ ᠂ ᠭᠡᠷ ᠤᠨ ᠡᠵᠡᠨ ᠨᠢ ᠭᠡᠷ ᠢᠶᠠᠨ ᠰᠠᠢᠬᠠᠨ ᠱᠦᠭᠦᠷᠳᠡᠵᠤ ᠴᠢᠪᠡᠷᠯᠡᠨ ᠂ ᠬᠦᠵᠢ ᠠᠰᠠᠭᠠᠨ ᠠᠷᠴᠠ ᠬᠦᠵᠢ ᠪᠠᠷ ᠰᠠᠩ ᠲᠠᠯᠪᠢᠨ ᠠᠷᠢᠭᠤᠳᠭᠠᠵᠤ ᠠᠷᠢᠭᠤᠯᠠᠨ ᠂ ᠲᠤᠯᠭ᠎ᠠ ᠲᠤ ᠪᠠᠨ ᠭᠠᠯ ᠭᠦᠭᠵᠢᠶᠡᠵᠤ ᠂ ᠠᠷᠴᠠ ᠂ ᠬᠦᠵᠢ ᠂ ᠠᠷᠢᠬᠢ ᠂ ᠰᠢᠷ᠎ᠠ ᠲᠣᠰᠤ ᠵᠡᠷᠭᠡ ᠶᠢ ᠡᠷᠭᠦᠵᠦ ᠭᠠᠯ  ᠳᠠᠭᠠᠨ ᠮᠥᠷᠭᠦᠳᠡᠭ ᠃ ᠪᠠᠰᠠ ᠵᠤᠤᠬ᠎ᠠ ᠲᠣᠭᠤᠭ᠎ᠠ ᠪᠠᠨ ᠲᠠᠭᠠᠷᠠᠭᠤᠯᠵᠤ ᠂ ᠬᠠᠨᠵᠤᠨ ᠳᠠᠭᠠᠨ ᠭᠠᠯ ᠨᠣᠴᠤᠭᠠᠵᠤ ᠂ ᠲᠣᠭᠤᠭᠠᠨ ᠳᠡᠭᠡᠷ᠎ᠡ ᠪᠠᠨ ᠲᠦᠭᠦᠷᠡᠭ ᠭᠡᠯᠪᠡᠷᠢᠲᠠᠢ ᠴᠠᠭᠠᠨ ᠭᠤᠯᠢᠷ ᠤᠨ ᠪᠣᠣᠪᠤ ᠬᠠᠭᠠᠷᠢᠵᠤ ᠂ ᠭᠡᠷ ᠢᠶᠠᠷ ᠢᠶᠠᠨ ᠲᠥᠭᠦᠷᠢᠭ ᠨᠠᠢᠷ ᠬᠢᠵᠦ ᠬᠠᠭᠠᠷᠢᠭᠰᠠᠨ ᠪᠣᠣᠪᠤ ᠪᠠᠨ ᠢᠳᠡᠳᠡᠭ ᠃

    ᠨᠠᠢ᠍ᠮᠠ ᠂ ᠰᠢᠨ᠎ᠡ ᠭᠡᠷ ᠲᠤ ᠣᠷᠤᠭᠤᠯᠬᠤ

    ᠰᠢᠨ᠎ᠡ ᠭᠡᠷ ᠲᠤ ᠨᠡᠭᠦᠵᠤ ᠣᠷᠤᠭᠰᠠᠨ ᠶᠢ ᠨᠢ ᠮᠡᠳᠡᠮᠡᠭᠴᠡ ᠂ ᠠᠢᠯ ᠠᠷᠪᠢᠨ ᠤ ᠭᠢᠨ ᠲᠥᠷᠦᠯ ᠰᠠᠳᠤᠨ ᠨᠢ ᠭᠡᠷ ᠲᠤ ᠣᠷᠤᠭᠤᠯᠬᠤ ᠪᠠᠷ ᠬᠦᠷᠦᠯᠴᠡᠨ ᠢᠷᠡᠵᠡᠭᠡᠳᠡᠭ ᠃ ᠭᠡᠷ ᠲᠤ ᠣᠷᠤᠭᠤᠯᠬᠤ ᠪᠠᠷ ᠢᠷᠡᠭᠰᠡᠨ ᠬᠥᠮᠦᠰ ᠨᠢ ᠳᠡᠭᠡᠭᠰᠢ ᠪᠠᠨ ᠬᠠᠷᠠᠭᠰᠠᠨ ᠠᠮᠠᠰᠠᠷ ᠲᠠᠢ ᠪᠡᠯᠭᠡ ᠳᠡᠮᠪᠡᠷᠢᠯ ᠲᠠᠢ ᠶᠠᠭᠤᠮ᠎ᠠ ᠭᠡᠵᠦ ᠠᠶᠠᠭ᠎ᠠ ᠂ ᠲᠣᠭᠤᠭ᠎ᠠ ᠂ ᠬᠠᠪᠲᠠᠭ᠎ᠠ ᠰᠢᠭᠤᠳᠠᠢ ᠲᠡᠷᠢᠭᠦᠲᠠᠢ ᠪᠣᠣᠪᠤ ᠪᠤᠭᠤᠷᠰᠤᠭ ᠂ ᠪᠦᠰ ᠪᠠᠷᠠᠭ᠎ᠠ ᠂ ᠵᠣᠭᠤᠰ ᠮᠥᠩᠭᠦ ᠶᠢᠨ ᠪᠡᠯᠡᠭ ᠰᠠᠯᠳᠡ ᠠᠪᠴᠢᠷᠠᠵᠤ ᠥᠭᠳᠡᠭ ᠃ ᠡᠨᠡ ᠦᠶ᠎ᠡ ᠳᠤ ᠂ ᠭᠡᠷ ᠤᠨ ᠡᠵᠡᠨ ᠪᠤᠯᠤᠨ ᠭᠡᠷ ᠤᠨ ᠡᠵᠡᠩᠳᠠᠢ ᠡᠬᠡᠨᠡᠷ ᠨᠢ ᠢᠷᠡᠭᠰᠡᠨ ᠭᠡᠢᠴᠢᠨ ᠵᠣᠴᠢᠳ ᠢᠶᠠᠨ ᠶᠣᠰᠤᠷᠬᠠᠭ ᠬᠠᠯᠠᠭᠤᠮᠰᠤᠭ ᠢᠶᠠᠷ ᠤᠭᠲᠤᠨ ᠠᠪᠴᠤ ᠂ ᠳ᠋ᠠᠢ ᠲᠠᠮᠠᠬᠢ ᠰᠣᠯᠢᠯᠴᠠᠨ ᠂ ᠴᠠᠢ ᠠᠶᠠᠭᠠᠯᠠᠵᠤ ᠂ ᠰᠢᠷᠡᠭᠡ ᠵᠠᠰᠠᠵᠤ ᠂ ᠨᠣᠭᠤᠭ᠎ᠠ ᠵᠠᠭᠤᠰᠢ ᠬᠠᠭᠤᠷᠴᠤ ᠬᠠᠭᠠᠷᠢᠨ ᠂ ᠠᠷᠢᠬᠢ ᠳᠠᠷᠠᠰᠤ ᠪᠠᠷᠢᠵᠤ ᠂ ᠡᠪ ᠲᠦᠢᠲᠠᠢ ᠵᠣᠴᠢᠯᠠᠵᠤ ᠲᠠᠢᠯᠠᠳᠠᠭ ᠃ ᠵᠣᠴᠢᠨ ᠶᠠᠪᠤᠬᠤ ᠦᠶ᠎ᠡ ᠳᠤ ᠂ ᠭᠡᠷ ᠤᠨ ᠡᠵᠡᠨ ᠡᠮᠡᠭᠲᠡᠢ ᠨᠢ ᠢᠷᠡᠭᠰᠡᠨ ᠵᠣᠴᠢᠳ ᠲᠠᠭᠠᠨ ᠳᠡᠭᠡᠭᠰᠢ ᠬᠠᠷᠠᠭᠰᠠᠨ ᠠᠮᠠᠰᠠᠷ ᠲᠠᠢ ᠪᠡᠯᠭᠡ ᠲᠠᠢ ᠡᠳ᠋ ᠭᠡᠵᠦ ᠬᠠᠪᠲᠠᠭ᠎ᠠ ᠰᠢᠭᠤᠳᠠᠢ ᠵᠡᠭᠦᠯᠭᠡᠵᠤ ᠪᠡᠯᠡᠭᠯᠡᠨ ᠂ ᠠᠷᠢᠬᠢ ᠪᠣᠣᠪᠤ ᠰᠢᠬᠬᠢᠷ ᠠᠯᠢ ᠪᠠᠢᠳᠠᠭ ᠢᠶᠠᠨ ᠲᠡᠮᠲᠡᠷᠢᠨ ᠬᠠᠷᠢᠭᠤ ᠪᠡᠯᠡᠭᠯᠡᠵᠦ ᠭᠠᠷ ᠴᠠᠢᠯᠭᠠᠳᠠᠭ ᠃ ( ᠲᠤᠰ ᠵᠣᠬᠢᠶᠠᠯ ᠢ ᠪᠢᠴᠢᠬᠦ ᠳᠤ ᠲᠤᠬᠠᠢ ᠶᠢᠨ ᠵᠢᠯ ᠳᠤ 85 ᠨᠠᠰᠤᠲᠠᠢ ᠭᠠᠯᠳᠠᠷ ᠂ 75 ᠨᠠᠰᠤᠲᠠᠢ ᠰᠢᠷ᠎ᠠ ᠂ ᠭᠠᠯᠰᠠᠩᠨᠢᠮ᠎ᠠ ᠵᠡᠷᠭᠡ ᠭᠤᠷᠪᠠᠨ ᠡᠪᠦᠭᠡᠨ ᠪᠤᠯᠤᠨ ᠮᠣᠳᠤᠴᠢᠨ ᠸᠠᠩ ᠭᠦᠸᠧ ᠴᠦᠨ ᠡᠴᠡ ᠠᠰᠠᠭᠤᠨ ᠰᠤᠷᠪᠤᠯᠵᠢᠯᠠᠵᠤ ᠂ ᠴᠢᠶᠠᠨ ᠷᠦᠢ ᠹᠧᠩ ᠨᠥᠬᠦᠷ ᠲᠠᠢ ᠬᠠᠮᠲᠤᠷᠠᠨ ᠨᠠᠢᠷᠠᠭᠤᠯᠵᠤ ᠪᠢᠴᠢᠪᠡ ᠃ )

    2008 ᠤᠨ ᠤ 9 ᠰᠠᠷ᠎ᠠ ᠶᠢᠨ 19 ᠤ ᠡᠳᠦᠷ ᠪᠤᠷᠤᠬᠤᠳᠠᠨ ᠳᠤ ᠪᠢᠴᠢᠵᠦ ᠳᠠᠭᠤᠰᠭᠠᠪᠠ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠥᠪᠦᠷ ᠮᠣᠩᠭᠤᠯ ᠥᠨᠳᠥᠰᠥᠲᠡᠨ ᠦ ᠰᠤᠷᠭᠠᠨ ᠬᠥᠮᠦᠵᠢᠯ ᠦᠨ ᠰᠦᠯᠵᠢᠶ᠎ᠡ ᠬᠡᠪᠯᠡᠯ ᠦᠨ ᠡᠷᠬᠡ ᠲᠡᠢ ᠃ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃