lt
ᠬᠦᠮᠦᠵᠢᠯ ᠲᠠᠳᠬᠠᠯ
ᠠᠷᠠᠳ ᠤᠨ ᠳᠠᠭᠤᠤ ᠳᠠᠬᠢ ᠨᠤᠭᠤᠨᠵᠠᠶᠠᠭ᠎ᠠ ᠶᠢᠨ ᠦᠨᠡᠨ ᠮᠥᠨ ᠤᠴᠠᠷᠠᠯ
2016.05.12 ᠲᠣᠰ ᠥᠷᠲᠡᠭᠡᠨ ᠦ ᠨᠠᠢᠷᠠᠭᠤᠯᠤᠭᠴᠢ

     ᠠᠷᠠᠳ ᠤᠨ ᠳᠠᠭᠤᠤ ᠳᠠᠬᠢ ᠨᠤᠭᠤᠨᠵᠠᠶᠠᠭ᠎ᠠ ᠶᠢᠨ ᠦᠨᠡᠨ ᠮᠥᠨ ᠤᠴᠠᠷᠠᠯ

    ᠰᠡᠳᠦᠪ ᠤᠨ ᠢᠷᠡᠯᠲᠡ ᠄ ᠠᠷᠠᠳ ᠤᠨ ᠳᠠᠭᠤᠤ 《ᠨᠤᠭᠳᠵᠠᠶᠠᠭ᠎ᠠ》 ᠶᠢᠨ ᠲᠤᠬᠠᠢ ᠰᠣᠨᠢᠨ ᠰᠣᠨᠤᠰᠭᠠᠯ᠂ ᠦᠢᠮᠡᠭᠡᠨ ᠱᠤᠤᠭᠢᠶᠠᠨ ᠪᠠᠭ᠎ᠠ ᠪᠤᠰᠤ ᠪᠠᠢᠳᠠᠭ ᠢ ᠴᠥᠭᠡᠨ ᠪᠤᠰᠤ ᠬᠥᠮᠦᠰ ᠮᠡᠳᠡᠨ᠎ᠡ᠃ ᠲᠤᠰ ᠳᠠᠭᠤᠤ ᠴᠣᠬᠤᠮ ᠨᠠᠢ᠍ᠮᠠᠨ ᠬᠤᠰᠢᠭᠤᠠ ᠤ ᠬᠢ ᠤᠤ︖ ᠣᠩᠨᠢᠭᠤᠳ ᠬᠤᠰᠢᠭᠤᠠ ᠤ ᠬᠢ ᠤᠤ︖ ᠡᠰᠡᠭᠦᠯ᠎ᠠ ᠠᠤᠬᠠᠨ ᠬᠤᠰᠢᠭᠤᠠ ᠤ ᠬᠢ ᠶᠤᠮ ᠤᠤ︖ ᠶᠠᠷᠢᠶᠠᠠ ᠦᠭᠡᠢ᠂ ᠠᠷᠠᠳ ᠤᠨ ᠳᠠᠭᠤᠤ ᠶᠢ ᠠᠯᠢ ᠨᠢᠭᠡ ᠬᠤᠰᠢᠭᠤᠠ ᠤ ᠭᠡᠵᠦ ᠤᠠᠴᠠᠯᠠᠠ ᠲᠣᠳᠤᠷᠬᠠᠢᠯᠠᠬᠤ ᠱᠠᠭᠠᠷᠳᠠᠯᠭ᠎ᠠ ᠪᠠᠢᠬᠤ ᠦᠭᠡᠢ᠂ ᠬᠠᠷᠢᠨ ᠠᠯᠢ ᠨᠢᠭᠡᠨ ᠠᠷᠠᠳ ᠤᠨ ᠳᠠᠭᠤᠤ ᠶᠢᠨ ᠲᠤᠬᠠᠢ ᠬᠣᠯᠪᠤᠭ᠎ᠠ ᠰᠦᠯᠪᠡᠭᠡ ᠶᠢ ᠲᠣᠳᠤᠷᠬᠠᠢᠯᠠᠬᠤ ᠨᠢ ᠦᠵᠡᠬᠦ ᠰᠣᠨᠤᠰᠬᠤ ᠬᠥᠮᠦᠰ ᠲᠤ ᠰᠡᠳᠭᠢᠯ ᠤᠨ ᠵᠤᠭ᠎ᠠ ᠨᠡᠮᠡᠵᠦ᠂ ᠰᠣᠶᠤᠯ ᠢᠷᠭᠡᠠᠰᠢᠯ ᠤᠨ ᠪᠠᠢᠳᠠᠯ᠂ ᠬᠣᠯᠪᠤᠭᠳᠠᠬᠤ ᠤᠳᠭ᠎ᠠ ᠤᠴᠢᠷ ᠢ ᠤᠢᠯᠠᠭᠠᠠ ᠲᠣᠳᠤᠷᠬᠠᠢᠯᠠᠬᠤ ᠳᠤ ᠪᠣᠷᠤ ᠮᠠᠲ᠋ᠧᠷᠢᠶᠠᠯ ᠬᠠᠩᠭᠠᠬᠤ ᠪᠣᠯᠤᠨ᠎ᠠ᠃ ᠥᠨᠦᠳᠦᠷ ᠤᠨ 《ᠰᠣᠶᠤᠯ ᠲᠡᠦᠬᠡ》 ᠲᠤᠰᠭᠠᠢ ᠨᠢᠭᠤᠷ ᠲᠠᠭᠠᠨ ᠣᠩᠨᠢᠭᠤᠳ ᠬᠤᠰᠢᠭᠤᠠ ᠤ ᠭᠤᠤᠷᠰᠤ ᠠᠢᠯ ᠳᠤ ᠨᠤᠲᠤᠭ ᠲᠠᠢ᠂ 82 ᠨᠠᠰᠤᠨ ᠰᠡᠭᠦᠳᠡᠷ ᠵᠤᠭᠤᠭᠯᠠᠭᠰᠠᠠ ᠲᠢᠩᠬᠢᠮ ᠤᠨ ᠲᠡᠰ ᠤᠨ ᠠᠬᠠᠮᠠᠳ ᠺᠠᠲᠷ᠂ ᠳᠠᠭᠤᠤ ᠳᠤ ᠭᠠᠷᠳᠠᠭ ᠦᠨᠡᠨ ᠬᠥᠮᠦᠨ ᠨᠤᠭᠤᠨᠵᠠᠶᠠᠭ᠎ᠠ ᠲᠠᠢ ᠠᠭᠤᠯᠵᠠᠵᠤ ᠤᠴᠠᠷᠠᠵᠤ ᠪᠠᠢᠭᠰᠠᠨ ᠪᠤᠤ ᠰᠢ ᠭᠤᠸᠠᠢ ᠶᠢ ᠰᠤᠷᠪᠤᠯᠵᠢᠯᠠᠵᠦ 《ᠨᠤᠭᠳᠵᠠᠶᠠᠭ᠎ᠠ》ᠶᠢᠨ ᠲᠤᠬᠠᠢ ᠰᠢᠨ᠎ᠡ ᠰᠣᠨᠤᠰᠭᠠᠯ ᠲᠡᠪᠰᠢᠭᠦᠯᠦᠭᠰᠡᠡ ᠰᠢ᠊ · ᠪᠠᠲᠤ ᠶᠢᠨ ᠰᠤᠷᠪᠤᠯᠵᠢᠯᠠᠭ᠎ᠠ ᠶᠢ ᠨᠡᠢᠳᠡᠯᠡᠯ᠎ᠠ ᠃
—- ᠪᠤᠤ ᠰᠢ ᠪᠠᠭ᠎ᠠ ᠳᠠᠭᠠᠨ ᠨᠤᠭᠤᠨᠵᠠᠶᠠᠭ᠎ᠠ ᠶᠢᠨ ᠬᠤᠷᠢᠮ ᠳᠤ ᠣᠷᠤᠯᠴᠠᠵᠠᠢ ᠨᠤᠭᠤᠨᠵᠠᠶᠠᠭ᠎ᠠ ᠬᠤᠷᠢᠮ ᠳᠤ ᠵᠠᠷᠤᠭᠳᠠᠭᠰᠠᠨ ᠪᠤᠤ ᠰᠢ ᠳᠤ ᠲᠠᠪᠤᠨ ᠲᠥᠭᠦᠷᠢᠭ ᠥᠭᠪᠡ

    82 ᠨᠠᠰᠤᠨ ᠰᠡᠭᠦᠳᠡᠷ ᠵᠤᠭᠤᠭᠯᠠᠭᠰᠠᠠ ᠲᠢᠩᠬᠢᠮ ᠤᠨ ᠲᠡᠰ ᠤᠨ ᠠᠬᠠᠮᠠᠳ ᠺᠠᠲᠷ ᠪᠤᠤ ᠰᠢ ᠭᠤᠸᠠᠢ ᠪᠣᠯ ᠨᠤᠲᠤᠭ ᠤᠰᠤᠨ ᠤ ᠪᠠᠨ ᠲᠡᠦᠬᠡ ᠰᠣᠶᠤᠯ ᠤᠨ ᠲᠤᠬᠠᠢ ᠰᠤᠳᠤᠯᠵᠤ ᠲᠡᠮᠳᠡᠭᠯᠡᠵᠦ ᠮᠠᠰᠢ ᠣᠯᠠᠨ ᠪᠦᠲᠦᠭᠡᠯ ᠭᠠᠷᠭᠠᠭᠰᠠᠨ ᠰᠣᠶᠤᠯ ᠳᠠᠭᠠᠨ ᠬᠠᠢᠷᠠᠲᠠᠢ ᠬᠥᠮᠦᠨ ᠶᠤᠮ᠃ ᠢᠯᠠᠩᠭᠤᠶ᠎ᠠ ᠠᠤᠬᠠᠨ ᠸᠠᠩ ᠤᠨ ᠤᠭᠰᠠᠭ᠎ᠠ ᠲᠥᠷᠦᠯ ᠤᠨ ᠲᠤᠬᠠᠢ ᠰᠤᠷᠪᠤᠯᠵᠢᠯᠠᠭ᠎ᠠ ᠲᠡᠮᠳᠡᠭᠯᠡᠯ ᠢ ᠮᠠᠰᠢ ᠨᠠᠷᠢᠨ ᠬᠢᠭᠰᠡᠨ ᠪᠠᠢᠳᠠᠭ᠃ ᠲᠡᠷᠡ ᠪᠠᠷ ᠠᠷᠠᠳ ᠤᠨ ᠳᠠᠭᠤᠤ 《ᠨᠤᠭᠳᠵᠠᠶᠠᠭ᠎ᠠ》 ᠳᠤ ᠭᠠᠷᠳᠠᠭ ᠦᠨᠡᠨ ᠬᠥᠮᠦᠨ ︱ ᠨᠤᠭᠳᠵᠠᠶᠠᠭ᠎ᠠ ᠲᠠᠢ ᠴᠦ ᠠᠭᠤᠯᠵᠠᠵᠤ ᠤᠴᠠᠷᠠᠵᠤ ᠪᠠᠢᠭᠰᠠᠨ ᠰᠤᠷᠠᠭ ᠢᠶᠠᠷ ᠵᠣᠬᠢᠶᠠᠭᠴᠢ ᠪᠠᠷ ᠨᠠᠰᠤᠲᠠᠨ ᠭᠤᠸᠠᠢ ᠶᠢ ᠰᠤᠷᠪᠤᠯᠵᠢᠯᠠᠵᠤ᠂ 《ᠨᠤᠭᠤᠨᠵᠠᠶᠠᠭ᠎ᠠ》 ᠶᠢᠨ ᠲᠤᠬᠠᠢ ᠰᠢᠨ᠎ᠡ ᠰᠡᠪᠡᠬᠦᠨ ᠪᠥᠭᠡᠳ ᠰᠣᠨᠢᠷᠬᠠᠯ ᠲᠠᠢ᠂ ᠦᠨᠡᠨ ᠪᠣᠳᠠᠲᠠᠢ ᠮᠡᠳᠡᠭᠡ ᠰᠡᠯᠲᠡ ᠶᠢ ᠲᠡᠮᠳᠡᠭᠯᠡᠭᠰᠡᠨ ᠢᠶᠠᠨ ᠡᠨᠳᠡ ᠤᠩᠰᠢᠭᠴᠢ ᠲᠦᠮᠡᠨ ᠤ ᠪᠠᠨ ᠬᠦᠷᠲᠡᠭᠡᠯ ᠪᠣᠯᠭᠠᠵᠤ ᠪᠠᠢᠨ᠎ᠠ᠃ ᠨᠤᠭᠤᠨᠵᠠᠶᠠᠭ᠎ᠠ ︱ ᠠᠤᠬᠠᠨ ᠸᠠᠩ ᠤᠨ ᠬᠡᠦᠬᠡᠨ ᠳᠡᠭᠦᠦ ᠮᠥᠨ ᠤᠤ ︖ ᠪᠤᠤ ᠰᠢ ᠨᠠᠰᠤᠲᠠᠨ ᠪᠣᠯ ᠣᠳᠤ ᠶᠢᠨ ᠤᠯᠠᠭᠠᠨᠬᠠᠳᠠ ᠬᠤᠳᠠ ᠶᠢᠨ ᠣᠩᠨᠢᠭᠤᠳ ᠬᠤᠰᠢᠭᠤᠠ ᠤ ᠭᠤᠤᠷᠰᠦ ᠶᠢᠨ ᠠᠢᠯ ᠤᠨ ᠬᠥᠮᠦᠨ᠃ ᠭᠤᠤᠷᠰᠤ ᠨᠢ ᠲᠤᠬᠠᠢ ᠶᠢᠨ ᠦᠶ᠎ᠡ ᠳᠤ ᠠᠤᠬᠠᠨ ᠬᠤᠰᠢᠭᠤᠠ ᠳᠤ ᠬᠠᠷᠢᠶᠠᠯᠠᠭᠳᠠᠵᠦ ᠪᠠᠢᠭᠰᠠᠨ ᠶᠤᠮ᠃ ᠲᠡᠷᠡ ᠳᠡᠭᠡᠷ᠎ᠡ ᠵᠠᠭᠤᠨ ᠤ ᠳᠥᠴᠢᠭᠡᠳ ᠣᠨ ᠤ ᠡᠬᠢ ᠪᠠᠷ ᠠᠤᠬᠠᠨ ᠸᠠᠩ ᠤᠨ ᠬᠣᠷᠢᠶ᠎ᠠ ᠶᠢᠨ ᠪᠠᠭ᠎ᠠ ᠰᠤᠷᠭᠠᠭᠤᠯᠢ ᠳᠤ ᠰᠤᠷᠤᠯᠴᠠᠵᠤ ᠪᠠᠢᠪᠠ᠃

    《ᠵᠠ᠂ ᠨᠤᠭᠳᠵᠠᠶᠠᠭ᠎ᠠ ᠶᠢ ᠣᠢᠯᠠᠭᠠᠶ᠎ᠠ ᠭᠡᠪᠡᠯ ᠠᠤᠬᠠᠨ ᠬᠤᠰᠢᠭᠤᠠ ᠤ ᠠᠷᠪᠠᠨ ᠭᠤᠷᠪᠠᠳᠤᠭᠠᠷ ᠵᠠᠰᠠᠭ ᠸᠠᠩ ᠲᠠᠮᠷᠢᠠᠳᠠᠷᠳᠠᠭ ᠡᠴᠡ ᠡᠬᠢᠯᠡᠵᠦ ᠶᠠᠷᠢᠬᠤ ᠴᠢᠬᠤᠯᠠ ᠲᠠᠢ》 ᠭᠡᠵᠦ ᠪᠤᠤ ᠰᠢ ᠨᠠᠰᠤᠲᠠᠨ ᠦᠭᠡᠨ ᠤ ᠤᠭᠤᠲᠠ ᠪᠠᠨ ᠳᠡᠯᠭᠡᠯ᠎ᠡ᠄ ᠡᠨᠡ ᠬᠥᠮᠦᠨ ᠭᠤᠴᠢᠨ ᠨᠠᠰᠤ ᠬᠦᠷᠬᠦ ᠡᠴᠡ ᠪᠠᠨ ᠡᠮᠦᠨ᠎ᠡ ᠰᠠᠬᠠᠯ ᠲᠠᠯᠪᠢᠵᠤ᠂ ᠭᠤᠴᠢᠨ ᠬᠣᠶᠠᠷ ᠬᠦᠷᠬᠦ ᠳᠤ ᠡᠪᠴᠢᠭᠦᠦ ᠳᠦᠭᠦᠷᠡᠩ ᠰᠠᠬᠠᠯ ᠲᠠᠢ ᠪᠣᠯᠤᠭᠰᠠᠨ ᠪᠣᠯᠬᠣᠷ ᠰᠠᠬᠠᠯᠲᠤ ᠸᠠᠩ ᠭᠡᠬᠦ ᠪᠣᠯᠤᠭᠰᠠᠨ ᠶᠤᠮ᠃ ᠰᠠᠬᠠᠯᠲᠤ ᠸᠠᠩ ᠠᠭᠤᠷ ᠣᠮᠤᠭ ᠶᠡᠬᠡ᠂ ᠴᠡᠷᠢᠭ ᠤᠨ ᠡᠷᠳᠡᠮ ᠳᠤ ᠴᠠᠭᠠᠷᠠᠭᠰᠠᠠ ᠬᠥᠮᠦᠨ᠃ 1879 ᠣᠨ ᠳᠤ ᠸᠠᠩ ᠤᠨ ᠰᠠᠭᠤᠷᠢᠨ ᠢ ᠵᠠᠯᠠᠭᠠᠮᠵᠢᠯᠠᠵᠠᠢ᠃ 1891 ᠣᠨ ᠳᠤ 《ᠤᠯᠠᠭᠠᠨ ᠮᠠᠯᠠᠭᠠᠢᠲᠤ ᠶᠢᠨ ᠤᠷᠪᠠᠯᠭᠠᠠ》 ᠡᠭᠦᠰᠪᠠ᠃ ᠮᠣᠩᠭᠤᠯ ᠠᠷᠠᠳ ᠢ ᠠᠯᠠᠵᠤ ᠬᠢᠳᠤᠬᠤ ᠪᠠᠷ ᠬᠤᠤᠪᠢᠯᠳᠤᠨ ᠡᠭᠦᠰᠦᠭᠰᠡᠨ ᠡᠳᠡᠭᠡᠷ ᠲᠡᠭᠡᠷᠡᠮᠴᠤᠳ ᠨᠢ ᠤᠯᠠᠭᠠᠨ ᠮᠠᠯᠠᠭᠠᠢ ᠡᠮᠦᠰᠴᠦ᠂ ᠵᠤᠰᠤᠲᠤ ᠶᠢᠨ ᠴᠢᠭᠤᠯᠭᠠᠨ ᠤ ᠡᠮᠦᠨ᠎ᠡ ᠬᠣᠰᠢᠭᠤᠳ ᠤᠨ ᠮᠣᠩᠭᠤᠯ ᠳᠤᠰᠬᠤᠳ ᠢ ᠭᠠᠯᠳᠠᠠ ᠠᠯᠠᠵᠤ ᠬᠢᠳᠦᠵᠦ ᠪᠠᠢᠵᠠᠢ᠃ ᠰᠠᠬᠠᠯᠲᠤ ᠸᠠᠩ ᠣᠩᠨᠢᠭᠤᠳ᠂ ᠪᠠᠭᠠᠷᠢᠨ ᠬᠣᠰᠢᠭᠤ ᠲᠠᠢ ᠬᠣᠯᠪᠤᠭᠠᠯᠠᠨ ᠤᠯᠠᠭᠠᠨ ᠮᠠᠯᠠᠭᠠᠢᠲᠤ ᠶᠢᠨ ᠳᠡᠭᠡᠷᠡᠮ ᠢ ᠭᠡᠳᠡᠷᠭᠦ ᠴᠣᠬᠢᠬᠤ ᠶᠢᠨ ᠬᠠᠮᠲᠤ ᠴᠢᠩ ᠤᠯᠤᠰ ᠤᠨ ᠵᠠᠰᠠᠭ ᠲᠤ ᠬᠡᠷᠡᠭ ᠢ ᠮᠡᠳᠡᠭᠦᠯᠦᠠ ᠤᠯᠠᠭᠠᠨ ᠮᠠᠯᠠᠭᠠᠢᠲᠤ ᠶᠢ ᠳᠠᠷᠤᠵᠤ᠂ ᠨᠤᠲᠤᠭ ᠣᠷᠤᠨ ᠢᠶᠠᠨ ᠬᠠᠮᠠᠭᠠᠯᠠᠬᠤ ᠳᠤ ᠶᠡᠬᠡᠬᠡᠨ ᠦᠢᠯᠡᠳᠦᠯ ᠦᠵᠡᠭᠦᠯᠦᠭᠰᠡᠡ ᠪᠠᠢᠨ᠎ᠠ᠃ ᠲᠡᠭᠡᠭᠡᠳ ᠴᠢᠩ ᠤᠯᠤᠰ ᠤᠨ ᠵᠠᠰᠠᠭ ᠤᠨ ᠭᠠᠵᠠᠷ ᠡᠴᠡ 1895 ᠣᠨ ᠳᠤ ᠰᠠᠬᠠᠯᠲᠤ ᠸᠠᠩ ᠢ ᠵᠤᠤ ᠤᠳᠠ ᠶᠢᠨ ᠴᠢᠭᠤᠯᠭᠠᠨ ᠤ ᠳᠠᠷᠤᠭ᠎ᠠ ᠪᠠᠷ ᠲᠡᠪᠰᠢᠭᠦᠯᠦᠭᠰᠡᠡ ᠪᠢᠯᠡ᠃

    1901 ᠣᠨ ᠳᠤ ᠰᠠᠬᠠᠯᠲᠤ ᠸᠠᠩ ᠪᠡᠭᠡᠵᠢᠩ ᠳᠤ ᠨᠠᠰᠤ ᠪᠠᠷᠠᠬᠤ ᠳᠤ᠂ ᠬᠦᠦ ᠯᠾᠠᠵᠠᠯᠨᠤᠷᠵᠢᠠ ᠰᠠᠭᠤᠷᠢᠨ ᠢ ᠨᠢ ᠵᠠᠯᠭᠠᠮᠵᠢᠯᠠᠵᠠᠢ᠃ ᠯᠾᠠᠵᠠᠯᠨᠤᠷᠵᠢᠠ ᠸᠠᠩ ᠵᠠᠪᠬᠠᠢ ᠵᠠᠢᠳᠠᠩ ᠶᠠᠪᠤᠵᠤ᠂ ᠵᠠᠷᠤᠳᠠᠰᠤ ᠡᠬᠡᠨᠡᠷ ᠲᠠᠢ ᠪᠠᠨ ᠭᠦᠯ ᠭᠠᠷ ᠲᠠᠢ ᠪᠣᠯᠤᠭᠰᠠᠨ ᠪᠥᠭᠡᠳ ᠨᠢᠭᠡ ᠤᠳᠠᠭ᠎ᠠ ᠡᠨᠡ ᠡᠬᠡᠨᠡᠷ ᠢ ᠳᠠᠭᠠᠭᠤᠯᠤᠨ ᠪᠡᠭᠡᠵᠢᠩ ᠬᠤᠳᠠ ᠪᠠᠷ ᠲᠣᠭᠤᠷᠢᠵᠤ ᠪᠠᠢᠵᠠᠢ᠃ ᠸᠠᠩ ᠢ ᠳᠠᠭᠠᠵᠤ ᠶᠠᠪᠤᠵᠤ ᠪᠠᠢᠭᠰᠠᠨ ᠳᠤᠭᠤᠭᠠᠴᠢ ᠹᠦᠵᠦᠷᠠᠩᠭ᠎ᠠ (ᠲᠡᠷᠡ ᠵᠠᠷᠤᠳᠠᠰᠤ ᠡᠬᠡᠨᠡᠷ ᠤᠨ ᠬᠠᠳᠠᠮ ᠳᠡᠭᠦᠦ ᠨᠢ ᠪᠠᠢᠵᠠᠢ) ᠪᠣᠣᠳᠤᠤ ᠪᠠᠷ ᠯᠾᠠᠵᠠᠯᠨᠤᠷᠵᠢᠠ ᠸᠠᠩ ᠢ ᠴᠠᠪᠴᠢᠨ ᠠᠯᠠᠭᠰᠠᠨ ᠡᠴᠡ ᠠᠤᠬᠠᠨ ᠤ ᠲᠡᠦᠬᠡᠨ ᠳᠡᠭᠡᠷ᠎ᠡ 《ᠪᠣᠣᠳᠤᠤ ᠸᠠᠩ》 ᠭᠡᠳᠡᠭ ᠪᠣᠯᠵᠠᠢ᠃ ᠪᠣᠣᠳᠤᠤ ᠸᠠᠩ ᠦᠷ᠎ᠡ ᠬᠡᠦᠬᠡᠳ ᠦᠭᠡᠢ ᠪᠣᠯᠬᠣᠷ ᠰᠠᠬᠠᠯᠲᠤ ᠸᠠᠩ ᠤᠨ ᠬᠣᠶᠠᠳᠤᠭᠠᠷ ᠳᠡᠭᠦᠦ᠂ ᠭᠤᠤᠷᠰᠦ ᠰᠦᠮ᠎ᠡ ᠶᠢᠨ ᠳ᠋ᠠ ᠯᠠᠮᠠ ᠪᠠᠢᠭᠰᠠᠨ ᠰᠢᠯᠤᠭᠤᠠ ᠰᠢᠳᠤᠷᠭᠤ᠂ ᠲᠥᠪ ᠭᠣᠣᠯᠴᠢ ᠭᠤᠮᠪᠤᠵᠠᠪ ᠢ ᠬᠠᠷ᠎ᠠ ᠪᠣᠯᠭᠠᠵᠤ᠂ ᠠᠤᠬᠠᠨ ᠬᠤᠰᠢᠭᠤᠠ ᠤ ᠠᠷᠪᠠᠨ ᠲᠠᠪᠤᠳᠤᠭᠠᠷ ᠵᠠᠰᠠᠭ ᠪᠣᠯᠭᠠᠭᠰᠠᠨ ᠢ ᠲᠡᠦᠬᠡᠨ ᠳᠡᠭᠡᠷ᠎ᠡ ᠠᠤᠬᠠᠨ ᠬᠤᠰᠢᠭᠤᠠ ᠤ ᠯᠠᠮᠠ ᠸᠠᠩ ᠭᠡᠳᠡᠭ ᠪᠠᠢᠨ᠎ᠠ᠃ ᠯᠠᠮᠠ ᠸᠠᠩ ᠭᠤᠮᠪᠤᠵᠠᠪ ᠤᠨ ᠵᠠᠰᠠᠭ ᠤᠨ ᠡᠷᠬᠡ ᠶᠢ ᠠᠳᠬᠤᠭᠰᠠᠠ ᠤ ᠪᠠᠨ ᠳᠠᠷᠠᠭ᠎ᠠ ᠪᠠᠭᠤᠯᠭᠠᠭᠰᠠᠨ ᠹᠦᠵᠢᠠ ᠬᠠᠲᠤᠨ ᠪᠣᠯ ᠪᠠᠷᠠᠭᠤᠨ ᠣᠩᠨᠢᠭᠤᠳ ᠬᠤᠰᠢᠭᠤᠠ ᠳᠤ ᠳᠦᠷᠭᠦᠮ ᠲᠠᠢ ᠮᠧᠩ ᠤᠪᠤᠭᠳᠠᠠ ᠪᠣᠯᠤᠨ᠎ᠠ᠃ ᠪᠦᠬᠦᠯᠢ ᠨᠡᠷ᠎ᠡ ᠨᠢ ᠬᠡᠨ ᠭᠡᠳᠡᠭ ᠢ ᠮᠡᠳᠡᠬᠦ ᠦᠭᠡᠢ᠂ ᠡᠨᠡ ᠹᠦᠵᠢᠠ ᠡᠴᠡ ᠨᠢᠭᠡ ᠬᠦᠦ᠂ ᠨᠢᠭᠡ ᠥᠬᠢᠨ ᠲᠠᠢ᠃ ᠬᠦᠦ ᠨᠢ ᠠᠤᠬᠠᠨ ᠬᠤᠰᠢᠭᠤᠠ ᠤ ᠬᠠᠮᠤᠭ ᠤᠨ ᠰᠡᠭᠦᠯᠴᠢ ᠶᠢᠨ ᠵᠠᠰᠠᠭ ᠸᠠᠩ ᠯᠾᠠᠵᠠᠯᠸᠠᠩᠴᠢᠠᠨᠤᠷᠪᠤ᠂ ᠥᠬᠢᠨ ᠨᠢ ᠠᠷᠠᠳ ᠤᠨ ᠳᠠᠭᠤᠤ ᠳᠤ ᠭᠠᠷᠳᠠᠭ 《ᠨᠤᠮᠤᠬᠠᠠ ᠵᠠᠩ ᠲᠠᠢ ᠨᠤᠭᠳᠵᠠᠶᠠᠭ᠎ᠠ》 ᠪᠣᠯᠤᠨ᠎ᠠ᠃

    ᠨᠤᠭᠳᠵᠠᠶᠠᠭ᠎ᠠ ᠶᠢᠨ ᠮᠣᠷᠳᠠᠵᠤ ᠣᠴᠢᠭᠰᠠᠨ ᠭᠠᠵᠠᠷ ᠬᠠᠮᠢᠭ᠎ᠠ ᠪᠣᠯ ︖

    ᠠᠷᠠᠳ ᠤᠨ ᠳᠠᠭᠤᠤ 《ᠨᠤᠭᠳᠵᠠᠶᠠᠭ᠎ᠠ》ᠳᠤ 《ᠨᠤᠮᠤᠬᠠᠠ ᠵᠠᠩ ᠲᠠᠢ ᠨᠤᠭᠳᠵᠠᠶᠠᠭ᠎ᠠ ᠨᠤᠲᠤᠭ ᠡᠴᠡ ᠪᠠᠨ ᠬᠤᠯᠠ ᠵᠠᠶᠠᠭᠠᠵᠠᠢ᠁》 ᠭᠡᠳᠡᠭ᠃ ᠨᠤᠭᠳᠵᠠᠶᠠᠭ᠎ᠠ ᠶᠢᠨ ᠮᠣᠷᠳᠠᠵᠤ ᠣᠴᠢᠭᠰᠠᠨ ᠭᠠᠵᠠᠷ ᠴᠣᠬᠤᠮ ᠬᠠᠮᠢᠭ᠎ᠠ ᠪᠣᠯ︖ ᠤᠭᠳᠵᠠᠶᠠᠭ᠎ᠠ ᠪᠠᠭᠠᠷᠢᠨ ᠵᠡᠭᠦᠨ ᠬᠤᠰᠢᠭᠤᠠ ᠤ ᠯᠢᠠᠳᠦᠢᠩ ᠤᠨ ᠠᠷᠤ ᠶᠢᠨ ᠲᠡᠮᠡᠭᠡᠨ ᠬᠦᠵᠦᠭᠦᠦ ᠶᠢᠨ ᠡᠮᠦᠨ᠎ᠡ ᠪᠠᠢᠭ᠎ᠠ ᠬᠤᠸᠠ ᠵᠢᠯᠠᠭ᠎ᠠ ᠭᠡᠳᠡᠭ ᠭᠠᠵᠠᠷ ᠲᠤ ᠬᠠᠷᠢ ᠳᠤ ᠮᠤᠷᠳᠠᠠ᠂ ᠨᠥᠬᠦᠷ ᠨᠢ ᠬᠠᠭᠤᠷᠮᠠᠭ ᠮᠠᠠᠵᠦ ᠶᠢᠨ ᠦᠶ᠎ᠡ ᠶᠢᠨ ᠪᠠᠭᠠᠷᠢᠨ ᠤ ᠳᠣᠯᠤᠳᠤᠭᠠᠷ ᠬᠣᠷᠢᠶ᠎ᠠ ᠶᠢᠨ ᠳᠠᠷᠤᠭ᠎ᠠ ᠪᠠᠢᠭᠰᠠᠨ ᠲᠠᠷᠢᠵᠠᠪ ᠪᠣᠯᠤᠨ᠎ᠠ᠃ ᠲᠡᠷᠡ ᠦᠶ᠎ᠡ ᠳᠤ ᠠᠤᠬᠠᠨ ᠡᠴᠡ ᠪᠠᠭᠠᠷᠢᠨ ᠳᠤ ᠭᠦᠷᠦᠨ᠎ᠠ ᠭᠡᠳᠡᠭ ᠤᠢᠷᠠᠬᠠᠠ ᠭᠠᠵᠠᠷ ᠤᠤ︖ ᠪᠤᠤ ᠰᠢ ᠨᠠᠰᠤᠲᠠᠨ ᠴᠠᠭ ᠦᠶ᠎ᠡ ᠶᠢ ᠠᠯᠤᠰᠯᠠᠨ ᠥᠩᠭᠡᠷᠡᠭᠰᠡᠨ ᠤᠨ ᠵᠢᠯ ᠤᠳ ᠲᠤ ᠲᠠᠬᠢᠨ ᠪᠤᠴᠠᠭᠰᠠᠨ ᠰᠢᠤᠬᠠᠨ ᠪᠣᠯᠤᠯ᠎ᠠ ︱ ︱

    《ᠨᠤᠭᠳᠵᠠᠶᠠᠭ᠎ᠠ》ᠭᠡᠬᠦ ᠳᠠᠭᠤᠤ ᠶᠢᠨ ᠲᠤᠬᠠᠢ ᠮᠠᠰᠢ ᠠᠷᠪᠢᠨ ᠮᠠᠷᠭᠤᠭᠠᠠ ᠪᠤᠯᠢᠶᠠᠯᠳᠤᠭᠠᠠ ᠭᠠᠷᠴᠤ ᠪᠠᠢᠭᠰᠠᠨ ᠢ ᠪᠢ ᠰᠣᠨᠢᠨ ᠰᠡᠳᠭᠦᠯ ᠡᠴᠡ ᠦᠵᠡᠵᠦ ᠪᠠᠢᠭᠰᠠᠨ᠃ ᠨᠤᠭᠳᠵᠠᠶᠠᠭ᠎ᠠ ᠪᠣᠯ ᠦᠨᠡᠨ ᠬᠥᠮᠦᠨ ᠤ ᠪᠣᠳᠠᠲᠤ ᠶᠠᠪᠤᠳᠠᠯ ᠢᠶᠠᠷ ᠰᠡᠳᠦᠪᠯᠡᠭᠰᠡᠡ ᠠᠷᠠᠳ ᠤᠨ ᠳᠠᠭᠤᠤ ᠭᠡᠳᠡᠭ ᠨᠢ ᠮᠠᠷᠭᠤᠰᠢ ᠦᠭᠡᠢ ᠪᠠᠲᠤᠲᠠᠢ ᠭᠡᠳᠡᠭ ᠢ ᠮᠢᠨᠦ ᠳᠡᠭᠡᠷ᠎ᠡ ᠶᠠᠷᠢᠭᠰᠠᠠ ᠠᠤᠬᠠᠨ ᠸᠠᠩ ᠤᠨ ᠦᠶ᠎ᠡ ᠵᠠᠯᠭᠠᠮᠵᠢ ᠶᠢᠨ ᠪᠣᠳᠠᠲᠤ ᠲᠡᠦᠬᠡ ᠡᠴᠡ ᠮᠡᠳᠡᠵᠦ ᠪᠣᠯᠤᠨ᠎ᠠ᠃ ᠣᠳᠤ ᠪᠢ ᠨᠤᠭᠳᠵᠠᠶᠠᠭ᠎ᠠ ᠶᠢᠨ ᠬᠤᠷᠢᠮ ᠳᠤ ᠣᠷᠤᠯᠴᠠᠭᠰᠠᠨ ᠥᠩᠭᠡᠷᠡᠯᠲᠡ ᠪᠠᠨ ᠶᠠᠷᠢᠶ᠎ᠠ ᠄ ᠲᠡᠷᠡ ᠵᠢᠯ ᠤᠨ ᠪᠢᠯᠢᠭ᠌ ᠤᠨ ᠤᠯᠠᠷᠢᠯ ᠤᠨ ᠬᠣᠶᠠᠷ ᠰᠠᠷ᠎ᠠ ᠶᠢᠨ ᠡᠬᠢᠨ ᠤ ᠦᠶ᠎ᠡ ᠶᠢᠨ ᠤᠴᠢᠷ ᠳ᠋ᠠ᠃ ᠪᠢ ᠪᠠᠭ᠎ᠠ ᠰᠤᠷᠭᠠᠭᠤᠯᠢ ᠶᠢᠨ ᠳᠥᠷᠪᠡᠳᠦᠭᠡᠷ ᠣᠨ ᠳᠤ ᠪᠢᠴᠢᠭ᠌ ᠦᠵᠡᠵᠦ ᠪᠠᠢᠭᠰᠠᠨ᠃ ᠮᠠᠠ ᠤ ᠰᠤᠷᠭᠠᠭᠤᠯᠢ ᠸᠠᠩ ᠤᠨ ᠤᠷᠳᠤᠠ ᠤ ᠬᠠᠵᠠᠭᠤ ᠳᠤ ᠪᠠᠢᠭᠰᠠᠨ᠃

    ᠲᠡᠷᠡ ᠨᠢ 1942 ᠣᠨ ᠤ ᠤᠴᠢᠷ ᠶᠤᠮ᠃ ᠴᠠᠭᠠᠨ ᠰᠠᠷ᠎ᠠ ᠥᠩᠭᠡᠷᠡᠵᠦ ᠰᠤᠷᠭᠠᠭᠤᠯᠢ ᠴᠤᠭᠯᠠᠭᠰᠠᠠ ᠦᠶ᠎ᠡ᠃ ᠪᠢᠳᠡ ᠬᠡᠳᠦᠬᠦᠯᠡ ᠰᠤᠷᠭᠠᠭᠤᠯᠢ ᠳᠠᠭᠠᠨ ᠬᠦᠷᠬᠦ ᠳᠤ᠂ ᠰᠤᠷᠭᠠᠭᠤᠯᠢ ᠶᠢᠨ ᠲᠣᠭᠤᠭᠠᠨ ᠭᠡᠷ ᠬᠣᠭᠤᠯᠠ ᠬᠢᠵᠦ ᠳᠡᠢᠯᠬᠦ ᠦᠭᠡᠢ ᠭᠡᠵᠦ ᠪᠠᠢᠯ᠎ᠠ᠃ ᠳᠤᠭᠤᠭᠠᠴᠢ ᠭᠠᠳᠠᠭᠰᠢ ᠭᠠᠷᠤᠭᠠᠳ ᠢᠷᠡᠵᠦ ᠠᠮᠵᠢᠭ᠎ᠠ ᠦᠭᠡᠢ᠂ ᠪᠠᠰᠠ ᠬᠡᠳᠦᠨ ᠡᠳᠦᠷ ᠪᠣᠯᠤᠨ᠎ᠠ ᠭᠡᠨ᠎ᠡ ᠭᠡᠵᠦ ᠠᠩᠭᠢ ᠶᠢᠨ ᠪᠠᠭᠰᠢ ᠮᠠᠨᠢ ᠬᠡᠯᠡᠵᠦ ᠥᠭᠭᠦᠭᠰᠡᠨ ᠢᠶᠠᠨ ᠨᠢᠭᠡ ᠠᠷᠭ᠎ᠠ ᠪᠣᠳᠤᠵᠤ ᠣᠯᠵᠠᠢ᠄ ᠸᠠᠩ ᠤᠨ ᠤᠷᠳᠤᠠ ᠳᠤ ᠬᠤᠷᠢᠮ ᠬᠢᠵᠦ ᠪᠠᠢᠭ᠎ᠠ ᠲᠤᠯᠠ ᠬᠤᠷᠢᠮ ᠳᠡᠭᠡᠷ᠎ᠡ ᠬᠡᠦᠬᠡᠳ ᠤᠳ ᠢ ᠭᠠᠷ ᠦᠵᠦᠭᠦᠷ ᠵᠠᠷᠤ ᠭᠡᠬᠦ ᠨᠡᠷ᠎ᠡ ᠪᠠᠷ ᠸᠠᠩ ᠤᠨ ᠤᠷᠳᠤᠠ ᠳᠤ ᠠᠪᠠᠴᠢᠶ᠎ᠠ᠂ ᠲᠡᠭᠡᠪᠡᠯ ᠢᠳᠡᠬᠦ ᠠᠰᠠᠭᠤᠳᠠᠯ ᠠᠮᠠᠷᠬᠠᠨ ᠰᠢᠳᠪᠦᠷᠢᠯᠡᠭᠳᠡᠨ᠎ᠠ ᠭᠡᠯ᠎ᠡ᠃

    ᠲᠡᠢᠨᠬᠦ ᠸᠠᠩ ᠤᠨ ᠤᠷᠳᠤᠠ ᠤ ᠪᠠᠭᠠᠷᠠᠩ ᠭᠡᠳᠡᠭ ᠬᠥᠮᠦᠨ ᠰᠤᠷᠤᠭᠴᠢᠳ ᠢ ᠬᠡᠳᠦᠨ ᠡᠳᠦᠷ ᠳᠠᠭᠠᠭᠤᠯᠵᠤ᠂ ᠠᠷᠰᠠᠷ ᠶᠠᠭᠤᠮ᠎ᠠ ᠬᠢᠯᠭᠡᠡ ᠬᠣᠭᠤᠯᠠ ᠢᠳᠡᠭᠦᠯᠦᠭᠰᠡᠡ ᠶᠤᠮ᠃ ᠡᠨᠡ ᠬᠤᠷᠢᠮ ᠨᠢ ᠶᠠᠭ ᠠᠤᠬᠠᠨ ᠸᠠᠩ ᠤᠨ ᠬᠡᠦᠬᠡᠨ ᠨᠤᠭᠳᠵᠠᠶᠠᠭ᠎ᠠ ᠶᠢ ᠮᠣᠷᠳᠠᠭᠤᠯᠬᠤ ᠬᠤᠷᠢᠮ ᠪᠠᠢᠯ᠎ᠠ᠃ ᠪᠣᠭᠲᠤᠯᠠᠬᠤ ᠬᠤᠷᠢᠮ ᠢᠶᠠᠨ ᠴᠠᠭᠠᠨ ᠰᠠᠷ᠎ᠠ ᠶᠢᠨ ᠡᠬᠢ ᠪᠠᠷ ᠲᠠᠯᠪᠢᠭᠰᠠᠨ ᠢᠶᠠᠨ ᠡᠳᠦᠭᠡ ᠶᠠᠭ ᠬᠡᠦᠬᠡᠨ ᠮᠣᠷᠳᠠᠭᠤᠯᠬᠤ ᠬᠤᠷᠢᠮ ᠢᠶᠠᠨ ᠬᠢᠵᠦ ᠪᠠᠢᠭ᠎ᠠ ᠠᠵᠢ᠃ ᠶᠠᠭᠠᠬᠢᠭᠠᠳ ᠴᠠᠭᠠᠨ ᠰᠠᠷ᠎ᠠ ᠪᠣᠭᠲᠤᠯᠠᠬᠤ ᠬᠤᠷᠢᠮ ᠬᠢᠵᠦ᠂ ᠬᠣᠶᠠᠷ ᠰᠠᠷ᠎ᠠ ᠳᠤ ᠬᠡᠦᠬᠡᠨ ᠮᠣᠷᠳᠠᠭᠤᠯᠬᠤ ᠬᠤᠷᠢᠮ ᠢᠶᠠᠨ ᠬᠢᠵᠦ ᠪᠠᠢᠨ᠎ᠠ ᠪᠤᠢ ᠭᠡᠪᠡᠯ᠂ ᠠᠤᠬᠠᠨ ᠨᠤᠲᠤᠭ ᠲᠤ ᠴᠠᠭᠠᠨ ᠰᠠᠷ᠎ᠠ ᠶᠡᠬᠡ ᠬᠤᠷᠢᠮ ᠲᠠᠯᠪᠢᠬᠤ ᠶᠢ ᠴᠡᠭᠡᠷᠯᠡᠳᠡᠭ᠃ ᠬᠤᠷᠢᠮ ᠨᠢ 7 ᠡᠳᠦᠷ ᠦᠷᠭᠦᠯᠵᠢᠯᠡᠵᠦ᠂ ᠬᠤᠷᠢᠮ ᠤᠨ ᠪᠡᠯᠡᠭ ᠤᠪᠤᠭ᠎ᠠ ᠳᠤᠪᠤᠭ᠎ᠠ ᠴᠤᠭᠯᠠᠵᠦ᠂ ᠦᠵᠡᠭᠰᠡᠡ ᠪᠣᠯᠭᠠᠨ ᠭᠠᠢᠬᠠᠵᠤ ᠪᠠᠢᠪᠠ᠃ ᠬᠦᠷᠭᠡᠨ ᠤ ᠲᠠᠯ᠎ᠠ ᠡᠴᠡ ᠶᠢᠰᠦ ᠶᠢᠰᠦ ᠨᠠᠶᠠᠠ ᠨᠢᠭᠡ ᠶᠢᠨ ᠪᠡᠯᠡᠭ (ᠵᠠᠷᠢᠮ ᠨᠢ ᠶᠢᠰᠦ ᠲᠠᠪᠤ ᠶᠢᠨ ᠪᠡᠯᠡᠭ ᠲᠠᠢ ᠢᠷᠡᠯ᠎ᠡ ᠭᠡᠳᠡᠭ) ᠲᠠᠢ ᠢᠷᠡᠭᠰᠡᠨ ᠪᠠᠢᠵᠠᠢ᠃ ᠲᠠᠷᠢᠵᠠᠪ ᠳᠥᠴᠢ ᠭᠠᠷᠤᠢ ᠨᠠᠰᠤ ᠲᠠᠢ᠂ ᠨᠤᠭᠳᠵᠠᠶᠠᠭ᠎ᠠ 29 ᠨᠠᠰᠤᠲᠠᠢ ᠪᠠᠢᠵᠠᠢ᠃ ᠬᠤᠷᠢᠮ ᠤᠨ ᠬᠢᠨᠢ ᠬᠡᠳᠦᠳᠦᠭᠡᠷ ᠡᠳᠦᠷ ᠢ ᠨᠢ ᠮᠠᠷᠲᠠᠵᠤ ᠪᠠᠢᠨ᠎ᠠ᠂ ᠸᠠᠩ ᠤᠨ ᠬᠣᠷᠢᠶ᠎ᠠ ᠳᠤ ᠲᠠᠷᠢᠵᠠᠪ ᠪᠠ ᠨᠤᠭᠳᠵᠠᠶᠠᠭ᠎ᠠ ᠪᠦᠷ ᠢᠯᠡ ᠪᠠᠷ ᠬᠠᠷ᠎ᠠ ᠲᠠᠮᠠᠬᠢ ᠲᠠᠲᠠᠵᠤ ᠪᠠᠢᠭᠰᠠᠨ᠃ ᠬᠠᠷ᠎ᠠ ᠲᠠᠮᠠᠬᠢ ᠲᠠᠲᠠᠬᠤ ᠨᠢ ᠲᠡᠷᠡ ᠦᠶ᠎ᠡ ᠶᠢᠨ ᠳᠡᠭᠡᠳᠦ ᠳᠠᠪᠬᠤᠷᠭᠠᠲᠠᠨ ᠤ ᠰᠣᠷᠲᠣᠭᠣ ᠭᠠᠷᠭᠠᠳᠠᠭ ᠨᠢᠭᠡ ᠵᠦᠢᠯ ᠤᠨ ᠳᠠᠳᠭᠠᠯ ᠪᠠᠢᠭᠰᠠᠨ ᠪᠣᠯᠤᠯᠲᠠᠢ᠃ ᠲᠠᠷᠢᠵᠠᠪ᠂ ᠨᠤᠭᠳᠵᠠᠶᠠᠭ᠎ᠠ ᠬᠣᠶᠠᠭᠤᠯᠠ ᠰᠤᠷᠤᠭᠴᠢᠳ ᠢ ᠦᠵᠡᠭᠡᠳ ᠲᠤᠬᠠᠢ ᠶᠢᠨ ᠦᠶ᠎ᠡ ᠶᠢᠨ ᠴᠠᠭᠠᠰᠤᠠ ᠵᠣᠭᠤᠰ (ᠬᠠᠭᠤᠷᠮᠠᠭ ᠮᠠᠠᠵᠦ ᠶᠢᠨ ᠴᠠᠭᠠᠰᠤᠠ ᠵᠣᠭᠤᠰ) ᠢ ᠬᠥᠮᠦᠨ ᠪᠦᠷᠢ ᠳᠤ 5 ᠲᠥᠭᠦᠷᠢᠭ ᠥᠭᠪᠡ᠃ 《ᠪᠢᠳᠡ ᠭᠡᠳᠦᠭᠦᠯᠠ ᠶᠢᠨ ᠬᠠᠭᠠᠷᠠᠲᠠᠯ᠎ᠠ ᠪᠠᠶᠠᠷᠯᠠᠭᠰᠠᠠ ᠢ ᠬᠡᠯᠡᠬᠦ ᠭᠠᠵᠠᠷ ᠦᠭᠡᠢ》ᠭᠡᠵᠦ ᠪᠤᠤ ᠰᠢ ᠨᠠᠰᠤᠲᠠᠨ ᠶᠠᠷᠢᠨ᠎ᠠ᠃

    ᠨᠤᠭᠤᠨᠵᠠᠶᠠᠭ᠎ᠠ ᠶᠠᠮᠠᠷᠬᠠᠨ ᠳᠦᠷᠢ ᠪᠠᠢᠳᠠᠯ ᠲᠠᠢ ᠪᠠᠢᠭᠰᠠᠨ ᠪᠤᠢ︖

    《ᠨᠤᠭᠤᠨᠵᠠᠶᠠᠭ᠎ᠠ》 ᠶᠢ ᠳᠠᠭᠤᠯᠠᠬᠤ ᠪᠦᠷᠢ ᠨᠤᠭᠤᠨᠵᠠᠶᠠᠭ᠎ᠠ ᠴᠣᠬᠤᠮ ᠶᠠᠮᠠᠷᠬᠠᠨ ᠳᠦᠷᠢ ᠪᠠᠢᠳᠠᠯ ᠲᠠᠢ ᠪᠤᠢ︖ ᠭᠡᠬᠦ ᠪᠣᠳᠤᠯ ᠡᠷᠬᠡ ᠦᠭᠡᠢ ᠪᠤᠳᠤᠭᠳᠠᠨ᠎ᠠ᠃     《ᠨᠤᠭᠳᠵᠠᠶᠠᠭ᠎ᠠ ᠦᠠᠳᠦᠷᠭᠡᠡ ᠰᠢᠭ ᠪᠡᠶ᠎ᠡ ᠲᠠᠢ᠂ ᠴᠠᠭᠠᠨ ᠭᠡᠭᠡᠭᠡᠡ ᠵᠢᠰᠦᠳᠠᠢ᠂ ᠳᠠᠪᠬᠤᠷ ᠨᠢᠳᠦ ᠲᠠᠢ᠂ ᠥᠩᠭᠡ ᠵᠢᠰᠦ ᠪᠡᠶ᠎ᠡ ᠪᠠᠢᠳᠠᠯ ᠲᠡᠭᠰᠢᠭᠡᠡ ᠰᠠᠢᠬᠠᠨ ᠳᠦᠷᠦᠭᠰᠡᠡ ᠬᠥᠮᠦᠨ᠃ ᠮᠠᠠ ᠳᠤ ᠵᠣᠭᠤᠰ ᠥᠭᠬᠦ ᠳᠡᠭᠡᠨ ᠢᠨᠢᠶᠡᠮᠰᠦᠭᠯᠡᠵᠦ ᠪᠠᠢᠭᠠᠳ ᠦᠭᠡ ᠶᠠᠷᠢᠵᠤ ᠪᠠᠢᠭᠰᠠᠨ ᠢ ᠨᠢ ᠴᠡᠭᠡᠵᠢᠯᠡᠵᠦ ᠪᠠᠢᠨ᠎ᠠ》ᠭᠡᠵᠦ ᠪᠤᠤ ᠰᠢ ᠨᠠᠰᠤᠲᠠᠨ ᠡᠷᠬᠢᠴᠡᠬᠦᠯᠦᠨ᠎ᠠ᠃ ᠨᠤᠭᠳᠵᠠᠶᠠᠭ᠎ᠠ ᠭᠡᠵᠦ ᠤᠶᠠᠬᠠᠠ ᠳᠦᠯᠭᠡᠡ ᠵᠠᠩ ᠪᠠᠢᠳᠠᠯ ᠲᠠᠢ ᠦᠵᠡᠰᠭᠦᠯᠡᠩ ᠰᠠᠢᠬᠠᠨ ᠬᠡᠦᠬᠡᠨ ᠪᠠᠢᠭᠰᠠᠨ ᠢᠶᠠᠷ ᠳᠠᠭᠤᠤ ᠳᠤ 《ᠨᠤᠮᠤᠬᠠᠠ ᠵᠠᠩ ᠲᠠᠢ ᠨᠤᠭᠳᠵᠠᠶᠠᠭ᠎ᠠ》 ᠭᠡᠵᠦ ᠲᠠᠭᠤᠯᠠᠭᠳᠠᠵᠦ ᠪᠠᠢᠳᠠᠭ ᠠᠵᠢ᠃ ᠡᠨᠡ ᠨᠢ ᠤᠤᠯ ᠳᠦᠷᠢ ᠲᠠᠢ ᠵᠣᠬᠢᠬᠤ ᠭᠡᠮᠵᠢᠶᠡᠡ ᠤ ᠬᠣᠯᠪᠤᠭ᠎ᠠ ᠲᠠᠢ᠃ ᠮᠦᠠ ᠰᠤᠷᠤᠭᠴᠢᠳ ᠲᠤ ᠵᠣᠭᠤᠰ ᠮᠥᠩᠭᠦ ᠳᠦᠭᠡᠭᠡᠠ ᠥᠭᠴᠦ ᠪᠤᠢ ᠡᠴᠡ ᠬᠢᠷᠢ ᠳᠡᠭᠡᠨ ᠦᠷᠦᠪᠴᠢ᠂ ᠡᠨᠡᠷᠢᠩᠭᠦᠢ ᠪᠠᠢᠭᠰᠠᠨ ᠨᠢ ᠭᠠᠳᠠᠷᠯᠠᠭᠳᠠᠨ᠎ᠠ᠃ ᠲᠡᠷᠡ ᠬᠠᠪᠢ ᠶᠢᠨ ᠬᠢᠨ ᠨᠤᠭᠳᠵᠠᠶᠠᠭ᠎ᠠ ᠶᠢ ︽ᠯᠢᠩᠽᠢ︾ ᠭᠡᠵᠦ ᠬᠢᠲᠠᠳ ᠨᠡᠷ᠎ᠡ ᠪᠠᠷ ᠨᠢ ᠳᠠᠭᠤᠳᠠᠵᠠᠭᠠᠳᠠᠭ᠃ ᠨᠤᠭᠳᠵᠠᠶᠠᠭ᠎ᠠ ᠶᠢ ᠬᠥᠮᠦᠰ ᠥᠩᠭᠡ ᠵᠢᠰᠦ᠂ ᠡᠷᠳᠡᠮ ᠮᠡᠳᠡᠯᠭᠡ ᠬᠤᠤᠰᠯᠠᠭᠰᠠᠠ ᠬᠥᠮᠦᠨ ᠭᠡᠵᠦ ᠶᠠᠷᠢᠳᠠᠭ᠃ ᠨᠤᠭᠳᠵᠠᠶᠠᠭ᠎ᠠ ᠪᠠᠭ᠎ᠠ ᠡᠴᠡ ᠪᠠᠨ ᠪᠢᠴᠢᠭ᠌ ᠨᠣᠮ ᠲᠠᠢ ᠣᠢᠷᠠᠲᠤᠨ ᠮᠣᠩᠭᠤᠯ ᠪᠢᠴᠢᠭ᠌ ᠢ ᠰᠠᠢᠨ ᠰᠤᠷᠤᠭᠰᠠᠠ ᠪᠠᠢᠵᠠᠢ᠃ ᠡᠵᠢ ᠨᠢ ᠮᠧᠩ ᠣᠪᠤᠭᠲᠤ ᠹᠦᠵᠢᠠ ᠪᠣᠯ ᠪᠢᠴᠢᠭ᠌ ᠨᠣᠮ ᠦᠵᠡᠵᠦ ᠵᠠᠰᠠᠭ ᠳᠦᠷᠦ ᠶᠢᠨ ᠶᠠᠪᠤᠳᠠᠯ ᠳᠤ ᠣᠷᠤᠯᠴᠠᠵᠤ ᠪᠠᠢᠭᠰᠠᠨ ᠬᠡᠴᠡᠭᠦᠦ ᠬᠥᠮᠦᠨ ᠪᠠᠢᠭᠰᠠᠨ ᠠᠵᠢ᠃ ᠯᠠᠮᠠ ᠸᠠᠩ ᠨᠠᠰᠤ ᠪᠠᠷᠠᠬᠤ ᠦᠶ᠎ᠡ ᠳᠤ᠂ ᠬᠦᠦ ᠨᠢ ᠠᠷᠪᠠᠨ ᠭᠤᠷᠪᠠᠳᠠᠢᠬᠠᠠ ᠪᠠᠢᠭᠰᠠᠨ ᠪᠣᠯᠬᠣᠷ ᠮᠧᠩ ᠣᠪᠤᠭᠲᠤ ᠹᠦᠵᠢᠠ ᠬᠣᠰᠢᠭᠤ ᠵᠠᠰᠠᠭ ᠤᠨ ᠡᠷᠬᠡ ᠶᠢ ᠬᠡᠳᠦᠨ ᠵᠢᠯ ᠪᠠᠷᠢᠭᠰᠠᠨ ᠪᠠᠢᠨ᠎ᠠ᠃ ᠸᠠᠩ ᠤᠨ ᠰᠠᠭᠤᠷᠢᠨ ᠢ ᠪᠤᠯᠢᠶᠠᠯᠳᠤᠭᠰᠠᠠ ᠡᠯᠳᠡᠪ ᠮᠥᠷᠭᠦᠯᠳᠦᠭᠡᠨ ᠬᠤᠤᠪᠢᠯᠳᠤᠭᠠᠠ ᠤ ᠳᠤᠮᠳᠠ ᠹᠦᠵᠢᠠ ᠬᠠᠲᠤᠨ ᠬᠣᠰᠢᠭᠤ ᠵᠠᠬᠢᠷᠤᠭᠴᠢ ᠶᠢᠨ ᠢᠶᠠᠨ ᠳᠡᠮᠵᠢᠯᠭᠡ ᠪᠠᠷ ᠬᠦᠦ ᠯᠾᠵᠠᠯᠸᠠᠩᠴᠢᠠᠨᠤᠷᠪᠤ ᠪᠠᠨ 1929 ᠣᠨ ᠳᠤ ᠬᠤᠰᠢᠭᠤᠠ ᠵᠠᠰᠠᠭ ᠨᠣᠶᠠᠨ ᠤ ᠰᠠᠭᠤᠷᠢᠨ ᠳᠤ ᠰᠠᠭᠤᠯᠭᠠᠭᠰᠠᠠ ᠶᠤᠮ᠃ ᠡᠨᠡ ᠪᠣᠯ ᠠᠤᠬᠠᠨ ᠬᠤᠰᠢᠭᠤᠠ ᠤ ᠬᠠᠮᠤᠭ ᠤᠨ ᠰᠡᠭᠦᠯᠴᠢ ᠶᠢᠨ ᠵᠠᠰᠠᠭ ᠸᠠᠩ᠂ ᠬᠥᠮᠦᠰ ᠪᠠᠰᠠ ᠯᠾᠠ᠊᠊ ᠸᠠᠩ ᠭᠡᠵᠦ ᠲᠠᠭᠤᠳᠠᠭ᠃ ᠯᠾᠠ᠊᠊ ᠸᠠᠩ ᠡᠷᠳᠡᠡ ᠤ ᠨᠣᠮ ᠪᠢᠴᠢᠭ᠌ ᠤᠩᠰᠢᠬᠤ ᠳᠤᠷᠠᠲᠠᠢ᠂ ᠡᠷᠳᠡᠮᠳᠡᠡ ᠮᠡᠷᠭᠡᠳ ᠢ ᠪᠢᠰᠢᠷᠡᠳᠡᠭ᠃ ᠲᠡᠭᠦᠨ ᠤ ᠰᠠᠢᠨ ᠠᠬ᠎ᠠ ᠳᠡᠭᠦᠦ ᠶᠢᠨ ᠳᠣᠲᠤᠷ᠎ᠠ ᠬᠠᠷᠠᠴᠢᠨ ᠪᠠᠷᠠᠭᠤᠨ ᠭᠠᠷᠤᠨ ᠬᠤᠰᠢᠭᠤᠠ ᠤ ᠴᠤᠢᠵᠢ (ᠯᠢ ᠬᠤᠸᠠ ᠲᠢᠩ)ᠵᠡᠷᠭᠡ ᠡᠷᠲᠡ ᠰᠡᠭᠡᠭᠡᠷᠡᠭᠰᠡᠡ ᠬᠥᠮᠦᠰ ᠪᠠᠢᠵᠠᠢ᠃ ᠨᠤᠭᠳᠵᠠᠶᠠᠭ᠎ᠠ ᠴᠦ ᠡᠨᠡ ᠬᠠᠷᠢᠴᠠᠭ᠎ᠠ ᠪᠠᠷ ᠳᠡᠮᠵᠢᠨ ᠬᠠᠷᠠᠴᠢᠨ ᠪᠠᠷᠠᠭᠤᠨ ᠭᠠᠷᠤᠨ ᠬᠤᠰᠢᠭᠤᠠ ᠤ ᠪᠢᠴᠢᠭ᠌ ᠤᠨ ᠬᠥᠮᠦᠰ ᠲᠠᠢ ᠬᠠᠷᠢᠯᠴᠠᠳᠠᠭ ᠪᠠᠢᠯ᠎ᠠ᠃ ᠨᠤᠭᠳᠵᠠᠶᠠᠭ᠎ᠠ ᠪᠠᠭᠠᠷᠢᠨ ᠳᠤ ᠮᠣᠷᠳᠠᠬᠤ ᠳᠠᠭᠠᠨ ᠥᠪᠡᠷ ᠤᠨ ᠤᠩᠰᠢᠬᠤ ᠳᠤᠷᠠᠲᠠᠢ ᠮᠠᠰᠢ ᠠᠷᠪᠢᠨ ᠨᠣᠮ ᠪᠢᠴᠢᠭ᠌ ᠢᠶᠠᠨ ᠠᠪᠴᠤ ᠶᠠᠪᠤᠯ᠎ᠠ ᠭᠡᠳᠡᠭ᠃ ᠬᠣᠵᠢᠮ ᠨᠢ ᠲᠡᠷᠡ ᠬᠠᠪᠢ ᠶᠢᠨ ᠬᠥᠮᠦᠰ ᠡᠴᠡ ᠰᠣᠨᠤᠰᠬᠤ ᠳᠤ᠂ ᠨᠤᠭᠳᠵᠠᠶᠠᠭ᠎ᠠ ᠭᠦᠠ ᠤᠷᠳᠤᠠ ᠤ ᠭᠡᠭᠡ ᠶᠢᠨ ᠳᠡᠭᠡᠷᠡᠩᠭᠦᠢ ᠵᠠᠩ ᠦᠭᠡᠢ᠂ ᠳᠦᠯᠭᠡᠡ ᠳᠠᠷᠤᠤ ᠵᠠᠩ ᠲᠠᠢ᠂ ᠵᠠᠷᠤᠴᠠ ᠳᠠᠭᠠᠯᠲᠠ ᠳᠠᠭᠠᠨ ᠡᠶᠡᠯᠰᠡᠭ ᠬᠠᠨᠳᠤᠳᠠᠭ ᠵᠠᠩ ᠰᠠᠢᠲᠠᠢ ᠬᠥᠮᠦᠨ ᠪᠠᠢᠭᠰᠠᠨ ᠠᠵᠢ᠃ ᠪᠠᠭᠠᠷᠢᠨ ᠳᠤ ᠮᠣᠷᠳᠠᠵᠤ ᠣᠴᠢᠭᠰᠠᠨ ᠤ ᠪᠠᠨ ᠳᠠᠷᠠᠭ᠎ᠠ ᠴᠦ ᠲᠡᠨᠳᠡᠬᠢ ᠶᠢᠨ ᠵᠠᠷᠤᠭᠳᠠᠵᠦ ᠪᠠᠷᠢᠭᠳᠠᠵᠦ ᠪᠠᠢᠭ᠎ᠠ ᠬᠥᠮᠦᠰ ᠲᠡᠭᠡᠨ ᠳᠤᠩ ᠰᠠᠢᠨ ᠬᠠᠠᠳᠤᠵᠦ᠂ ᠨᠤᠲᠤᠭ ᠢᠶᠠᠨ ᠰᠠᠨᠠᠠ ᠮᠦᠷᠦᠭᠡᠳᠦᠵᠦ ᠪᠠᠢᠭ᠎ᠠ ᠰᠡᠳᠭᠢᠯᠭᠡ ᠪᠠᠨ ᠬᠤᠪᠢᠶᠠᠯᠴᠠᠳᠠᠭ ᠪᠠᠢᠵᠠᠢ᠃ ᠨᠤᠭᠳᠵᠠᠶᠠᠭ᠎ᠠ 29 ᠨᠠᠰᠤ ᠭᠦᠷᠳᠡᠯ᠎ᠠ ᠪᠠᠨ ᠬᠠᠷᠢ ᠳᠤ ᠮᠣᠷᠳᠠᠭ᠎ᠠ ᠦᠭᠡᠢ ᠪᠠᠢᠭᠰᠠᠨ ᠨᠢ ᠨᠢᠭᠡ ᠨᠢ ᠡᠭᠦᠳᠡ ᠡᠷᠦᠬᠡ ᠲᠡᠩᠴᠡᠬᠦ ᠠᠢᠯ ᠤᠨ ᠲᠣᠭᠤᠭᠳᠠᠮᠠᠷ ᠵᠠᠯᠠᠭᠤᠴᠤᠳ ᠬᠠᠷᠭᠤᠭᠰᠠᠠ ᠦᠭᠡᠢ᠂ ᠨᠥᠭᠦᠭᠡ ᠨᠢ ᠨᠤᠭᠳᠵᠠᠶᠠᠭ᠎ᠠ ᠵᠠᠯᠠᠭᠤ ᠪᠠᠭ᠎ᠠ ᠡᠴᠡ ᠪᠠᠨ ᠠᠭᠤᠰᠭᠢᠨ ᠰᠦᠷᠢᠶ᠎ᠠ ᠡᠪᠡᠳᠴᠢᠨ ᠣᠯᠵᠤ᠂ ᠡᠪᠡᠳᠴᠢᠨ ᠤ ᠰᠢᠯᠲᠠᠭ ᠢᠶᠠᠷ ᠬᠠᠷᠢ ᠳᠤ ᠮᠤᠷᠳᠠᠭᠠᠳᠤᠢ ᠪᠠᠢᠵᠠᠢ᠃

    ᠨᠤᠭᠤᠨᠵᠠᠶᠠᠭ᠎ᠠ ᠶᠢᠨ ᠨᠥᠬᠦᠷ ᠲᠠᠷᠢᠵᠠᠪ ᠶᠠᠮᠠᠷᠰᠢᠦ ᠬᠥᠮᠦᠨ ᠪᠠᠢᠪᠠ ︖

ᠰᠠᠢᠬᠠᠨ ᠵᠢᠰᠦ ᠲᠠᠢ᠂ ᠰᠠᠢᠬᠠᠨ ᠵᠠᠩ ᠲᠠᠢ ᠨᠤᠭᠤᠨᠵᠠᠶᠠᠭ᠎ᠠ ᠭᠡᠳᠡᠭ ᠬᠥᠮᠦᠨ ᠦᠨᠡᠨᠬᠦ ᠪᠠᠢᠭᠰᠠᠨ ᠪᠣᠯ᠂ ᠲᠡᠭᠦᠨ ᠤ 《ᠨᠤᠲᠤᠭ ᠡᠴᠡ ᠪᠠᠨ ᠬᠤᠯᠠ ᠵᠠᠶᠠᠭᠠᠵᠤ ᠪᠠᠢᠭᠠᠳ》ᠮᠣᠷᠳᠠᠵᠤ ᠣᠴᠢᠭᠰᠠᠨ ᠨᠥᠬᠦᠷ ᠨᠢ ᠶᠠᠮᠠᠷᠰᠢᠦ ᠬᠥᠮᠦᠨ ᠪᠠᠢᠭᠰᠠᠨ ᠪᠣᠯ︖ ᠪᠤᠤ ᠰᠢ ᠨᠠᠰᠤᠲᠠᠨ ᠤ ᠪᠣᠳᠤᠯᠭᠠᠨ ᠳᠤ᠂ ᠲᠠᠷᠪᠠ ᠯᠠᠮᠠ᠂ ᠲᠠᠷᠢᠵᠠᠪ ᠬᠤᠢᠷᠶᠠᠠ ᠳᠠᠷᠤᠭ᠎ᠠ ᠭᠡᠪᠡᠯ ᠵᠤᠤ ᠤᠳᠠ ᠶᠢᠨ ᠮᠣᠩᠭᠤᠯᠴᠤᠳ ᠪᠠᠷᠤᠭ ᠮᠡᠳᠡᠬᠦ ᠦᠭᠡᠢ ᠬᠥᠮᠦᠨ ᠴᠥᠭᠡᠨ᠃ ᠲᠡᠷᠡ ᠦᠶ᠎ᠡ ᠶᠢᠨ ᠨᠡᠷᠡᠲᠡᠢ ᠪᠠᠶᠠᠨ᠃ ᠲᠠᠷᠢᠵᠠᠪ ᠤᠨ ᠣᠭ ᠨᠤᠲᠤᠭ ᠪᠣᠯ ᠣᠳᠤ ᠶᠢᠨ ᠣᠩᠨᠢᠭᠤᠳ ᠬᠤᠰᠢᠭᠤᠠ ᠤ ᠠᠰᠢᠬᠠᠠ ᠰᠤᠮᠤ ᠶᠢᠨ ᠳ᠋ᠠ ᠢᠩᠽᠢ ᠠᠢᠯ᠃ ᠲᠠᠷᠢᠵᠠᠪ ᠠᠪᠤ ᠪᠠᠨ ᠲᠠᠭᠠᠭᠠᠳ ᠵᠡᠭᠦᠨ ᠪᠠᠭᠠᠷᠢᠨ ᠳᠤ ᠨᠡᠭᠦᠵᠦ ᠣᠴᠢᠭᠠᠳ ᠶᠡᠬᠡ ᠪᠠᠶᠠᠵᠢᠨ ᠬᠣᠵᠢᠮ ᠨᠢ ᠳᠡᠭᠡᠷᠡᠮ ᠤᠨ ᠳᠦᠷᠦᠭᠦᠦ ᠪᠣᠯᠵᠠᠢ᠃ ᠲᠡᠳᠡᠨ ᠤ ᠠᠮᠢᠳᠤᠷᠠᠵᠤ ᠪᠠᠢᠭᠰᠠᠨ ᠬᠤᠸᠠ ᠵᠢᠯᠠᠭ᠎ᠠ ᠭᠡᠵᠦ ᠯᠢᠠᠳᠦᠢᠩ ᠡᠴᠡ ᠬᠣᠢᠰᠢ ᠭᠤᠴᠢᠭᠠᠳ ᠭᠠᠵᠠᠷ ᠤᠨ ᠵᠠᠢᠲᠠᠢ᠂ ᠲᠠᠪᠤᠰᠤᠠ ᠠᠶᠠᠨ ᠳᠤ ᠶᠠᠪᠤᠵᠤ ᠪᠠᠢᠭᠰᠠᠨ ᠨᠤᠲᠤᠭ ᠤᠨ ᠬᠥᠮᠦᠰ ᠪᠦᠷ ᠮᠡᠳᠡᠨ᠎ᠡ᠃ ᠬᠠᠭᠤᠷᠮᠠᠭ ᠮᠠᠠᠵᠦ ᠶᠢᠨ ᠬᠢᠨ ᠮᠣᠩᠭᠤᠯ ᠨᠤᠲᠤᠭ ᠤᠨ ᠰᠠᠢᠨ ᠡᠷᠡᠴᠦᠳ᠂ ᠳᠡᠭᠡᠷᠡᠮ ᠤᠨ ᠳᠦᠷᠦᠭᠦᠦ ᠶᠢ ᠴᠡᠷᠢᠭ ᠲᠤ ᠪᠠᠨ ᠣᠷᠤᠭᠤᠯᠵᠤ ᠠᠪᠬᠤ ᠦᠶ᠎ᠡ ᠳᠤ᠂ ᠲᠠᠷᠢᠵᠠᠪ ᠵᠡᠭᠦᠨ ᠪᠠᠭᠠᠷᠢᠨ ᠤ ᠭᠤᠷᠪᠠᠳᠤᠭᠠᠷ ᠬᠣᠷᠢᠶ᠎ᠠ ᠶᠢᠨ ᠳᠠᠷᠤᠭ᠎ᠠ ᠪᠣᠯᠵᠤ᠂ ᠳᠠᠷᠠᠭ᠎ᠠ ᠨᠢ ᠯᠢᠠᠰᠢ ᠳᠤ ᠰᠢᠯᠵᠢᠵᠦ᠂ ᠳᠣᠯᠤᠳᠤᠭᠠᠷ ᠬᠣᠷᠢᠶ᠎ᠠ ᠶᠢᠨ ᠳᠠᠷᠤᠭ᠎ᠠ ᠪᠣᠯᠤᠭᠰᠠᠨ ᠪᠠᠢᠨ᠎ᠠ᠃ ᠲᠠᠷᠢᠵᠠᠪ ᠵᠡᠭᠦᠨ ᠪᠠᠭᠠᠷᠢᠨ ᠤ ᠴᠢᠩᠵᠤᠷᠢᠭᠳᠤ (ᠾᠧ ᠽᠢ ᠵᠠᠩ) ᠲᠠᠢ ᠵᠥᠷᠢᠴᠡᠯ ᠲᠠᠢ ᠪᠣᠯᠤᠭᠠᠳ ᠺᠠᠢᠯᠦ ᠳᠤ ᠳᠤᠳᠠᠭᠠᠠ ᠣᠴᠢᠵᠤ ᠯᠢ ᠱᠧᠦ ᠰᠢᠨ ᠤ ᠳᠣᠣᠷ᠎ᠠ ᠴᠡᠷᠢᠭ ᠤᠨ ᠨᠣᠶᠠᠨ ᠪᠣᠯᠵᠤ ᠪᠠᠢᠭᠰᠠᠨ ᠭᠡᠳᠡᠭ᠃ ᠴᠢᠯᠦᠭᠡᠯᠡᠬᠦ ᠲᠡᠢᠨ ᠤ ᠰᠡᠭᠦᠯᠴᠢ ᠶᠢᠨ ᠦᠶ᠎ᠡ ᠳᠤ᠂ ᠲᠠᠷᠢᠵᠠᠪ ᠨᠤᠲᠤᠭ ᠤᠨ ᠳᠡᠭᠡᠷᠡᠮ ᠤᠨ ᠬᠡᠳᠦᠨ ᠳᠦᠷᠦᠭᠦᠦ ᠲᠠᠢ ᠬᠠᠮᠲᠤ ᠠᠯᠠᠱᠠ ᠠᠢᠮᠠᠭ ᠲᠤ ᠳᠤᠳᠠᠭᠠᠠ ᠬᠦᠷᠴᠦ᠂ ᠳ᠋ᠧ ᠸᠠᠩ (ᠲᠡᠮᠴᠦᠭᠳᠤᠩᠷᠤᠪ)ᠤᠨ ᠴᠡᠷᠢᠭ ᠲᠤ ᠣᠷᠤᠭᠰᠠᠨ ᠪᠠᠢᠨ᠎ᠠ᠃ 1950 ᠣᠨ ᠤ ᠡᠬᠢ ᠪᠠᠷ ᠨᠠᠢ᠍ᠮᠠᠨ ᠵᠠᠮ ᠤᠨ ᠴᠡᠷᠢᠭ ᠲᠤ ᠪᠠᠭᠤᠠ ᠥᠭᠴᠦ᠂ ᠬᠤᠪᠢᠰᠭᠠᠯ ᠤᠨ ᠵᠠᠮ ᠢ ᠰᠤᠩᠭᠤᠭᠰᠠᠠ ᠪᠠᠢᠨ᠎ᠠ᠃ ᠲᠠᠷᠢᠵᠠᠪ ᠨᠤᠭᠳᠵᠠᠶᠠᠭ᠎ᠠ ᠲᠠᠢ ᠬᠤᠷᠢᠮᠯᠠᠬᠤ ᠡᠴᠡ ᠡᠮᠦᠨ᠎ᠡ ᠬᠣᠶᠠᠷ ᠤᠳᠠᠭ᠎ᠠ ᠬᠤᠷᠢᠮᠯᠠᠵᠤ ᠦᠩᠭᠡᠷᠡᠭᠰᠡᠡ ᠭᠡᠳᠡᠭ᠃

    《ᠨᠤᠭᠳᠵᠠᠶᠠᠭ᠎ᠠ》 ᠶᠢᠨ ᠦᠭᠡ ᠠᠶ᠎ᠠ ᠠᠯᠢ ᠦᠶ᠎ᠡ ᠳᠤ ᠵᠤᠬᠢᠶᠠᠭᠳᠠᠭᠰᠠᠠ ᠪᠣ ᠢ︖

    ᠨᠤᠭᠳᠵᠠᠶᠠᠭ᠎ᠠ ᠪᠠᠭᠠᠷᠢᠨ ᠳᠤ ᠮᠤᠷᠳᠠᠭᠰᠠᠠ ᠤ ᠳᠠᠷᠠᠭ᠎ᠠ ᠠᠭᠤᠰᠭᠢᠨ ᠡᠪᠡᠳᠴᠢᠨ ᠨᠢ ᠠᠬᠠᠳᠠᠵᠦ᠂ ᠵᠢᠯ ᠰᠢᠬᠠᠮ ᠪᠣᠯᠤᠭᠠᠳ ᠡᠪᠡᠳᠴᠢᠨ ᠨᠢ ᠢᠯᠠᠷᠢᠰᠢᠭᠰᠠᠨ ᠦᠭᠡᠢ ᠦᠩᠭᠡᠷᠡᠭᠰᠡᠡ ᠪᠠᠢᠨ᠎ᠠ᠃ ᠲᠡᠷᠡ ᠦᠶ᠎ᠡ ᠳᠤ ᠲᠠᠷᠢᠵᠠᠪ ᠤᠨ ᠭᠡᠷ ᠲᠤ ᠪᠢᠶᠠᠠᠳᠠ ᠪᠠ ᠭᠡᠵᠢᠭᠡᠳᠦ ᠭᠡᠳᠡᠭ ᠬᠤᠴᠢ ᠨᠡᠷ᠎ᠡ ᠲᠠᠢ ᠬᠣᠶᠠᠷ ᠠᠳᠤᠭᠤᠴᠢᠨ ᠪᠠᠢᠵᠠᠢ᠃ ᠦᠨᠡᠨ ᠨᠡᠷ᠎ᠡ ᠶᠢ ᠨᠢ ᠮᠡᠳᠡᠬᠦ ᠦᠭᠡᠢ᠂ ᠪᠢᠶᠠᠠᠳᠠ ᠭᠡᠳᠡᠭ ᠨᠢ ᠬᠠᠪᠲᠠᠭᠠᠢ ᠲᠣᠯᠤᠭᠠᠢ ᠲᠠᠢ ᠠᠳᠤᠭᠤᠴᠢᠨ ᠢᠶᠠᠨ ᠱᠤᠭᠯᠠᠠ ᠲᠠᠭᠤᠳᠠᠭᠰᠠᠠ ᠨᠡᠷ᠎ᠡ᠂ ᠭᠡᠵᠢᠭᠡᠳᠦ ᠭᠡᠳᠡᠭ ᠨᠢ ᠬᠠᠭᠤᠴᠢᠨ ᠶᠣᠰᠤᠭᠠᠷ ᠭᠡᠵᠢᠭᠡ ᠬᠥᠷᠦᠵᠦ ᠪᠠᠢᠭᠰᠠᠨ ᠠᠳᠤᠭᠤᠴᠢᠨ ᠬᠥᠮᠦᠨ ᠪᠣᠯᠤᠯᠲᠠᠢ᠃ ᠡᠨᠡ ᠬᠣᠶᠠᠭᠤᠯᠠ ᠨᠤᠭᠳᠵᠠᠶᠠᠭ᠎ᠠ ᠶᠢᠨ ᠳᠦᠷᠭᠦᠮ ᠢᠶᠠᠨ ᠰᠠᠨᠠᠠ ᠮᠦᠷᠦᠭᠡᠳᠦᠭᠰᠡᠡ ᠵᠣᠪᠠᠭᠤᠷᠢᠲᠤ ᠰᠡᠳᠭᠢᠯ ᠢ ᠳᠤᠩ ᠣᠢᠯᠠᠭᠠᠳᠠᠭ ᠪᠣᠯᠬᠣᠷ 《ᠨᠤᠭᠳᠵᠠᠶᠠᠭ᠎ᠠ》 ᠭᠡᠰᠡᠨ ᠠᠷᠠᠳ ᠤᠨ ᠳᠠᠭᠤᠤ ᠵᠤᠬᠢᠶᠠᠯ᠎ᠠ ᠭᠡᠳᠡᠭ᠃ ᠳᠠᠭᠤᠤ ᠳᠠᠬᠢ 《ᠯᠤᠤᠬ᠎ᠠ ᠶᠢᠨ ᠭᠣᠣᠯ ᠤᠨ ᠭᠦᠪᠡᠭᠡ ᠪᠠᠷ ᠨᠣᠭᠲᠤ ᠪᠠᠨ ᠴᠢᠷᠦᠭᠰᠡᠡ ᠮᠣᠷᠢ᠁》 ᠭᠡᠳᠡᠭ ᠨᠢ ᠦᠨᠡᠨ ᠶᠠᠪᠤᠳᠠᠯ ᠡᠴᠡ ᠰᠡᠳᠦᠪ ᠲᠠᠢ᠃ ᠳᠡᠭᠡᠷ᠎ᠡ ᠶᠠᠷᠢᠭᠰᠠᠠ ᠤᠷᠤᠬ ᠤᠨ ᠲᠠᠯ᠎ᠠ ᠶᠢᠨ ᠶᠢᠰᠦ ᠶᠢᠰᠦ ᠶᠢᠨ ᠪᠡᠯᠡᠭ ᠲᠤ ᠢᠷᠡᠭᠰᠡᠨ ᠮᠣᠷᠢᠳ ᠤᠨ ᠳᠣᠲᠤᠷ᠎ᠠ ᠡᠴᠡ ᠬᠠᠮᠤᠭ ᠤᠨ ᠰᠠᠢᠨ ᠢ ᠨᠢ ᠰᠣᠩᠭᠤᠵᠤ᠂ ᠨᠤᠭᠳᠵᠠᠶᠠᠭ᠎ᠠ ᠶᠢᠨ ᠳᠦᠷᠭᠦᠮ ᠤᠨ ᠬᠢᠨ ᠨᠢ ᠲᠡᠭᠦᠨ ᠤ ᠨᠠᠭᠠᠴᠤ ᠠᠪᠤ ᠮᠧᠩ ᠣᠪᠤᠭᠲᠤ ᠳᠤ ᠪᠡᠯᠡᠭᠯᠡᠭᠰᠡᠡ ᠪᠠᠢᠨ᠎ᠠ᠃ ᠵᠠᠷᠢᠮ ᠨᠢ ᠬᠡᠭᠡᠷ ᠮᠣᠷᠢ ᠭᠡᠬᠦ ᠶᠤᠮ᠂ ᠵᠠᠷᠢᠮ ᠨᠢ ᠬᠤᠯᠠ ᠮᠣᠷᠢ ᠭᠡᠳᠡᠭ ᠶᠤᠮ᠃ ᠳᠠᠷᠠᠭ᠎ᠠ ᠵᠢᠯ ᠤᠨ ᠬᠢᠨᠢ ᠬᠠᠪᠤᠷ ᠨᠣᠭᠤᠭ᠎ᠠ ᠭᠠᠷᠬᠤ ᠦᠶ᠎ᠡ ᠪᠠᠷ ᠡᠨᠡ ᠮᠣᠷᠢ ᠪᠡᠯᠴᠢᠭᠡᠷ ᠢᠶᠠᠨ ᠰᠠᠨᠠᠠ ᠢᠵᠢᠯᠢ ᠪᠠᠨ ᠡᠷᠢᠵᠦ᠂ ᠮᠧᠩ ᠣᠪᠤᠭᠲᠤ ᠶᠢᠨ ᠭᠦᠷᠢᠶᠡᠡ ᠡᠴᠡ ᠴᠤᠯᠪᠤᠭᠤᠷ ᠢᠶᠠᠨ ᠲᠠᠰᠤᠳᠠᠠ ᠬᠡᠳᠦᠨ ᠬᠤᠰᠢᠭᠤᠠ ᠤ ᠪᠡᠯᠴᠢᠭᠡᠷ ᠳᠡᠮᠵᠢᠨ ᠴᠤᠯᠪᠤᠭᠤᠷ ᠢᠶᠠᠨ ᠴᠢᠷᠦᠭᠰᠡᠭᠡᠷ ᠬᠤᠸᠠ ᠵᠢᠯᠠᠭ᠎ᠠ ᠶᠢᠨ ᠪᠡᠯᠴᠢᠭᠡᠷ ᠲᠡᠭᠡᠨ ᠪᠤᠴᠠᠵᠤ ᠢᠷᠡᠭᠰᠡᠨ ᠪᠠᠢᠵᠠᠢ᠃ ᠶᠠᠭ ᠡᠢᠮᠦ ᠡᠴᠡ ᠮᠣᠷᠢ ᠬᠢᠭᠡᠳ ᠨᠤᠭᠳᠵᠠᠶᠠᠭ᠎ᠠ ᠶᠢᠨ ᠨᠤᠲᠤᠭ ᠢᠶᠠᠨ ᠰᠠᠨᠠᠭᠰᠠᠨ ᠰᠡᠳᠭᠢᠯ ᠢ ᠬᠣᠯᠪᠤᠵᠤ᠂ ᠡᠢᠠ ᠬᠦ ᠵᠤᠬᠢᠶᠠᠭᠰᠠᠠ ᠠᠵᠢ᠃ ᠲᠤᠰ ᠳᠠᠭᠤᠤ ᠶᠢᠨ ᠠᠶ᠎ᠠ ᠪᠣᠯ ᠡᠷᠲᠡ ᠦᠶ᠎ᠡ ᠡᠴᠡ ᠠᠷᠠᠳ ᠤᠨ ᠳᠤᠮᠳᠠ ᠤᠯᠠᠮᠵᠢᠯᠠᠭᠳᠠᠵᠤ ᠪᠠᠢᠭᠰᠠᠨ᠃ ᠠᠷᠠᠳ ᠤᠨ ᠳᠠᠭᠤᠤ ᠶᠢᠨ ᠠᠶ᠎ᠠ ᠭᠡᠳᠡᠭ ᠴᠢᠨᠢ ᠦᠶ᠎ᠡ ᠳᠡᠮᠵᠢᠨ ᠤᠯᠠᠮᠵᠢᠯᠠᠭᠳᠠᠵᠤ᠂ ᠠᠷᠠᠳ ᠤᠨ ᠳᠤᠮᠳᠠ ᠠᠶᠠᠠᠳᠠᠭᠠᠠ ᠪᠤᠯᠪᠠᠰᠤᠷᠠᠭᠳᠠᠵᠦ᠂ ᠭᠡᠪᠰᠢᠠ ᠵᠦᠭᠰᠢᠷᠡᠵᠦ᠂ ᠰᠢᠯᠢᠳᠡᠭ ᠠᠷᠠᠳ ᠤᠨ ᠳᠠᠭᠤᠤ ᠪᠣᠯᠤᠭᠠᠳ ᠦᠶ᠎ᠡ ᠳᠡᠮᠵᠢᠨ ᠲᠠᠭᠤᠯᠠᠭᠳᠠᠳᠠᠭ᠃ 《ᠨᠤᠭᠳᠵᠠᠶᠠᠭ᠎ᠠ》 ᠶᠢᠨ ᠠᠶ᠎ᠠ ᠴᠦ ᠡᠢᠮᠦ ᠪᠠᠢᠬᠤ ᠶᠣᠰᠤᠲᠠᠢ᠃

    《ᠨᠤᠭᠳᠵᠠᠶᠠᠭ᠎ᠠ ᠪᠣᠯ ᠠᠤᠬᠠᠨ ᠬᠤᠰᠢᠭᠤᠠ ᠤ ᠬᠠᠮᠤᠭ ᠤᠨ ᠰᠡᠭᠦᠯᠴᠢ ᠶᠢᠨ ᠸᠠᠩ ︱ ᠯᠾᠠᠵᠠᠯᠸᠠᠩᠴᠢᠠᠨᠤᠷᠪᠤ ᠶᠢᠨ ᠬᠡᠦᠬᠡᠨ ᠳᠡᠭᠦᠦ ᠨᠤᠭᠳᠵᠠᠶᠠᠭ᠎ᠠ ᠶᠢᠨ ᠤᠷᠤᠭ ᠬᠤᠷᠢᠮ ᠤᠨ ᠤᠴᠢᠷ ᠢᠶᠠᠷ ᠰᠡᠳᠦᠪᠯᠡᠭᠰᠡᠡ ᠠᠷᠠᠳ ᠤᠨ ᠳᠠᠭᠤᠤ ᠪᠣᠯᠬᠤ ᠨᠢ ᠮᠠᠷᠭᠤᠰᠢ ᠦᠭᠡᠢ ᠦᠨᠡᠨ ᠤᠴᠢᠷ ᠶᠤᠮ᠃ ᠠᠤᠬᠠᠨ ᠪᠠᠭᠠᠷᠢᠨ ᠤ ᠬᠤᠭᠤᠷᠳᠳᠤᠬᠢ ᠤᠷᠤᠭ ᠬᠤᠷᠢᠮ ᠤᠨ ᠤᠴᠢᠷ ᠢᠶᠠᠷ ᠰᠡᠳᠦᠪᠯᠡᠭᠰᠡᠡ ᠪᠣᠯᠬᠣᠷ ᠵᠤᠤ ᠤᠳᠠ ᠠᠷᠠᠳ ᠤᠨ ᠳᠠᠭᠤᠤ ᠯᠠ ᠭᠡᠵᠦ ᠪᠢ ᠪᠣᠳᠤᠳᠠᠭ᠃ ᠬᠠᠷᠢᠨ ᠠᠷᠠᠳ ᠤᠨ ᠳᠠᠭᠤᠤ ᠶᠢ ᠴᠢᠨᠦᠬᠢ ᠮᠢᠨᠤᠬᠢ ᠭᠡᠵᠦ ᠥᠮᠴᠢᠷᠬᠡᠵᠦ ᠪᠤᠯᠢᠶᠠᠯᠳᠤᠭᠰᠠᠠ ᠤ ᠬᠡᠷᠡᠭ ᠦᠭᠡᠢ᠂ ᠬᠠᠮᠠᠭᠠᠯᠠᠵᠤ ᠬᠥᠭᠵᠢᠭᠦᠯᠵᠦ ᠶᠠᠪᠤᠵᠤ ᠯᠠ ᠴᠢᠳᠠᠪᠠᠯ ᠬᠠᠮᠤᠭ ᠤᠨ ᠰᠠᠢᠨ ᠤᠴᠢᠷ》 ᠭᠡᠵᠦ ᠪᠤᠤ ᠰᠢ ᠨᠠᠰᠤᠲᠠᠨ ᠦᠵᠡᠯ ᠪᠣᠳᠤᠯ ᠢᠶᠠᠨ ᠰᠢᠭᠤᠳ ᠳᠡᠯᠭᠡᠵᠦ ᠪᠠᠢᠯ᠎ᠠ᠃

    ᠲᠤᠰ ᠳᠠᠭᠤᠤ ᠶᠢᠨ ᠦᠭᠡ ᠣᠯᠠᠨ ᠬᠤᠪᠢᠯᠪᠤᠷᠢ ᠲᠠᠢ ᠭᠡᠳᠡᠭ᠃ ᠵᠢᠱᠢᠶᠡᠯᠡᠪᠡᠯ᠂ ᠬᠣᠷᠴᠢᠨ ᠳᠤ 《ᠨᠤᠨ ᠮᠥᠷᠡᠨ ᠤ ᠬᠥᠪᠡᠭᠡᠨ ᠳᠡᠭᠡᠷ᠎ᠡ ᠨᠣᠭᠲᠤ ᠪᠠᠨ ᠴᠢᠷᠦᠭᠰᠡᠡ ᠮᠣᠷᠢ ᠡ᠂ ᠨᠤᠮᠤᠬᠠᠠ ᠵᠠᠩ ᠲᠠᠢ ᠨᠤᠭᠳᠵᠠᠶᠠᠭ᠎ᠠ ᠨᠤᠲᠤᠭ ᠡᠴᠡ ᠪᠠᠨ ᠬᠤᠯᠠ ᠮᠣᠷᠳᠠᠵᠠᠢ᠁》 ᠭᠡᠵᠦ ᠳᠠᠭᠤᠯᠠᠵᠤ ᠪᠠᠢᠬᠤ ᠳᠤ᠂ ᠰᠢᠨᠵᠢᠶᠠᠩ᠂ ᠠᠯᠠᠱᠠ ᠪᠠᠷ 《ᠬᠠᠷ᠎ᠠ ᠭᠣᠣᠯ ᠤᠨ ᠭᠦᠪᠡᠭᠡ ᠪᠠᠷ ᠬᠠᠵᠠᠭᠠᠷ ᠢᠶᠠᠨ ᠴᠢᠷᠦᠭᠰᠡᠡ ᠮᠣᠷᠢ ᠡ᠂ ᠬᠠᠢᠷᠠᠬᠠᠠ ᠵᠠᠩ ᠲᠠᠢ ᠨᠤᠭᠳᠵᠠᠶᠠᠭ᠎ᠠ ᠬᠢᠵᠠᠭᠠᠷ ᠤᠨ ᠬᠤᠯᠠ ᠵᠠᠶᠠᠭᠠᠵᠠᠢ᠁》 ᠭᠡᠵᠦ ᠳᠠᠭᠤᠯᠠᠵᠤ ᠪᠠᠢᠨ᠎ᠠ᠃ ᠳᠠᠭᠤᠤ ᠳᠤ ᠬᠠᠢᠴᠢᠩ ᠭᠣᠣᠯ ᠭᠡᠵᠦ ᠭᠠᠷᠳᠠᠭ᠃ ᠪᠤᠤ ᠰᠢ ᠨᠠᠰᠤᠲᠠᠨ ᠠᠢᠮᠠᠭ ᠤᠨ ᠣᠢ ᠰᠢᠭᠤᠢ ᠶᠢᠨ ᠳᠤᠪᠴᠢᠶᠡᠡ ᠳᠠᠷᠤᠭ᠎ᠠ ᠪᠠᠷ ᠠᠵᠢᠯᠯᠠᠵᠤ ᠪᠠᠢᠬᠤ ᠳᠠᠭᠠᠨ ᠪᠠᠭᠠᠷᠢᠨ ᠪᠠᠷᠠᠭᠤᠨ ᠬᠤᠰᠢᠭᠤᠠ ᠤ ᠰᠤᠪᠤᠷᠭ᠎ᠠ ᠰᠤᠮᠤᠠ ᠳᠤ ᠬᠦᠷᠦᠭᠡᠳ ᠲᠡᠡᠳᠡ ᠬᠠᠢᠴᠢᠩ ᠭᠣᠣᠯ ᠭᠡᠵᠦ ᠪᠠᠢᠬᠤ ᠶᠢ ᠮᠡᠳᠡᠵᠠᠢ᠃ ᠲᠡᠭᠡᠭᠡᠳ ᠬᠥᠮᠦᠰ ᠡᠴᠡ ᠠᠰᠠᠭᠤᠵᠤ ᠰᠤᠷᠪᠤᠯᠵᠢᠯᠠᠬᠤ ᠳᠤ᠂ ᠬᠠᠢᠴᠢᠩ ᠭᠣᠣᠯ ᠭᠡᠳᠡᠭ ᠨᠢ ᠴᠤᠯᠪᠤᠭᠤᠷ ᠢᠶᠠᠨ ᠴᠢᠷᠴᠦ᠂ ᠨᠤᠲᠤᠭ ᠲᠠᠭᠠᠨ ᠲᠡᠮᠡᠦᠯᠦᠨ ᠬᠠᠷᠢᠭᠰᠠᠠ ᠬᠥᠭᠡᠷᠦᠬᠦᠢ ᠲᠡᠷᠡ ᠮᠣᠷᠢᠨ ᠤ ᠪᠡᠯᠴᠢᠭᠡᠷ ᠢ ᠤᠮᠳᠠᠯᠠᠠ ᠤᠷᠤᠰᠳᠠᠭ ᠭᠣᠣᠯ ᠭᠡᠵᠦ ᠰᠣᠨᠤᠰᠴᠠᠢ᠃ ᠬᠠᠢᠴᠢᠩ ᠭᠣᠣᠯ ᠤᠨ ᠬᠠᠢᠴᠢᠩ ᠨᠢ ᠰᠢᠪᠠᠭᠤᠠ ᠤ ᠨᠡᠷ᠎ᠡ ᠡᠴᠡ ᠢᠷᠡᠯᠲᠡ ᠲᠠᠢ ᠭᠡᠵᠦ ᠬᠡᠯᠡᠵᠦ ᠪᠠᠢᠭᠰᠠᠨ᠃

    《ᠨᠤᠭᠳᠵᠠᠶᠠᠭ᠎ᠠ》 ᠶᠢ ᠪᠠᠰᠠ ᠬᠣᠶᠠᠷ ᠪᠠᠳᠠᠭ ᠢᠶᠠᠷ ᠳᠠᠭᠤᠯᠠᠬᠤ᠂ ᠳᠥᠷᠪᠡᠨ ᠪᠠᠳᠠᠭ ᠢᠶᠠᠷ ᠳᠠᠭᠤᠯᠠᠬᠤ᠂ ᠣᠯᠠᠨ ᠪᠠᠳᠠᠭ ᠢᠶᠠᠷ ᠳᠠᠭᠤᠯᠠᠬᠤ ᠭᠡᠵᠦ ᠭᠠᠵᠠᠷ ᠭᠠᠵᠠᠷ ᠤᠨ ᠬᠢ ᠠᠳᠠᠯᠢ ᠪᠤᠰᠤ ᠪᠠᠷ ᠳᠠᠭᠤᠯᠠᠵᠤ ᠪᠠᠢᠨ᠎ᠠ᠃ ᠣᠩᠨᠢᠭᠤᠳ ᠤᠨ ᠡᠮᠦᠨ᠎ᠡ ᠪᠡᠶ᠎ᠡ᠂ ᠠᠤᠬᠠᠨ᠂ ᠨᠠᠢ᠍ᠮᠠᠨ ᠬᠣᠰᠢᠭᠤ ᠪᠠᠷ ᠬᠤᠷᠢᠮ ᠬᠤᠷᠠᠯ ᠳᠡᠭᠡᠷ᠎ᠡ 《ᠯᠤᠤᠬ᠎ᠠ ᠶᠢᠨ ᠭᠣᠣᠯ ᠤᠨ ᠭᠦᠪᠡᠭᠡ ᠪᠠᠷ ᠨᠣᠭᠲᠤ ᠪᠠᠨ ᠴᠢᠷᠦᠭᠰᠡᠡ ᠮᠣᠷᠢ ᠡ᠂ ᠨᠤᠮᠤᠬᠠᠠ ᠵᠠᠩ ᠲᠠᠢ ᠨᠤᠭᠳᠵᠠᠶᠠᠭ᠎ᠠ ᠨᠤᠲᠤᠭ ᠡᠴᠡ ᠪᠠᠨ ᠬᠤᠯᠠ ᠵᠠᠶᠠᠭᠠᠵᠠᠢ᠂ ᠳ᠋ᠠ ᠭᠤᠸᠠ ᠨᠣᠭᠤᠭ᠎ᠠ ᠲᠠᠷᠢᠬᠤ ᠦᠭᠡᠢ᠂ ᠳᠠᠯᠠᠩ ᠲᠠᠢ ᠲᠠᠷᠢᠶ᠎ᠠ ᠲᠠᠷᠢᠬᠤ ᠦᠭᠡᠢ᠂ ᠳᠡᠪᠰᠢᠨ ᠳᠡᠪᠰᠢᠨ ᠰᠢᠮᠡᠭᠦᠯᠡᠷ ᠮᠥᠮᠦ ᠶᠢᠨ ᠰᠦ ᠶᠢᠨ ᠠᠮᠲᠠ ᠡ᠂ ᠰᠢᠭᠤᠸᠠ ᠨᠣᠭᠤᠭ᠎ᠠ ᠲᠠᠷᠢᠬᠤ ᠦᠭᠡᠢ᠂ ᠰᠢᠰᠢ ᠶᠢᠨ ᠲᠠᠷᠢᠶ᠎ᠠ ᠲᠠᠷᠢᠬᠤ ᠦᠭᠡᠢ᠂ ᠰᠢᠮᠡᠡ ᠰᠢᠮᠡᠡ ᠮᠦᠮᠦᠭᠦᠯᠡᠷ ᠮᠥᠮᠦ ᠶᠢᠨ ᠰᠦ ᠶᠢᠨ ᠠᠮᠲᠠ ᠡ》 ᠭᠡᠳᠡᠭ ᠪᠠᠳᠠᠭ ᠤᠳ ᠨᠢ ᠲᠠᠭᠤᠯᠠᠭᠳᠠᠵᠦ ᠪᠠᠢᠨ᠎ᠠ᠃ ᠭᠦᠷᠬᠢᠷᠡᠡ ᠤᠷᠤᠰᠬᠤ ᠯᠤᠤᠬ᠎ᠠ ᠶᠢᠨ ᠭᠣᠣᠯ ᠬᠣᠶᠠᠷ ᠬᠥᠪᠡᠭᠡᠨ ᠤ ᠪᠠᠨ ᠭᠠᠵᠠᠷ ᠨᠤᠲᠤᠭ ᠢ ᠲᠣᠰᠤ ᠲᠠᠭᠠᠭᠠᠭᠰᠠᠠ ᠦᠩ ᠰᠢᠮᠡᠯᠢᠭ ᠳᠤᠷᠭᠠᠠ ᠬᠥᠷᠦᠰᠦ ᠪᠣᠯᠭᠠᠨ ᠪᠤᠢᠵᠢᠭᠤᠯᠤᠭᠰᠠᠠ ᠶᠤᠮ᠃ ᠥᠩᠭᠡ ᠶᠢᠨ ᠴᠡᠴᠡᠭ ᠮᠢᠷᠠᠯᠵᠠᠠ ᠳᠡᠯᠭᠡᠷᠡᠵᠦ᠂ ᠤᠰᠤᠨ ᠤ ᠰᠢᠪᠠᠭᠤᠳ ᠭᠠᠩᠭᠠᠨᠠᠯᠳᠤᠨ ᠳᠤᠩᠭᠤᠳᠤᠯᠴᠠᠭᠰᠠᠠ ᠲᠡᠷᠡ ᠳᠡᠭᠡᠷ᠎ᠡ ᠴᠠᠭ ᠲᠤ ᠤᠶᠠᠬᠠᠠ ᠵᠠᠩ ᠲᠠᠢ ᠣᠯᠠᠨ ᠰᠠᠢᠬᠠᠨ ᠬᠡᠦᠬᠡᠨ ᠨᠦᠭᠦᠳ ᠬᠥᠮᠦᠵᠢᠯ ᠪᠣᠯᠪᠠᠰᠤᠷᠠᠯ ᠲᠠᠢ ᠥᠰᠴᠦ᠂ ᠣᠯᠠᠨ ᠤ ᠪᠠᠨ ᠳᠤᠮᠳᠠ ᠳᠤᠷᠠᠰᠭᠠᠯ ᠲᠠᠢ ᠦᠯᠢᠭᠡᠷ ᠲᠠᠢ ᠶᠠᠪᠤᠭᠰᠠᠨ ᠪᠣᠯᠬᠣᠷ 《ᠨᠤᠭᠳᠵᠠᠶᠠᠭ᠎ᠠ》 ᠮᠡᠲᠦ ᠶᠢᠨ ᠰᠠᠢᠬᠠᠨ ᠬᠡᠦᠬᠡᠨ ᠤ ᠳᠠᠭᠤᠤ ᠨᠤᠭᠤᠳ ᠮᠣᠩᠭᠤᠯ ᠨᠤᠲᠤᠭ ᠢᠶᠠᠷ ᠶᠡᠭᠡᠪᠠᠷ ᠳᠠᠷᠬᠠᠨ ᠲᠡᠯᠭᠡᠷᠡᠵᠠᠢ᠃ ᠠᠷᠠᠳ ᠤᠨ ᠳᠠᠭᠤᠤ 《ᠨᠤᠭᠳᠵᠠᠶᠠᠭ᠎ᠠ》 ᠳᠠᠬᠢ ᠨᠤᠭᠳᠵᠠᠶᠠᠭ᠎ᠠ ᠲᠠᠢ ᠠᠭᠤᠯᠵᠠᠵᠤ ᠤᠴᠠᠷᠠᠵᠤ ᠪᠠᠢᠭᠰᠠᠨ ᠬᠥᠮᠦᠨ ᠡᠴᠡ ᠥᠭᠡᠷ᠎ᠡ ᠥᠨᠦᠳᠦᠷ ᠪᠢᠳᠡᠡ ᠳᠤ ᠣᠯᠳᠠᠬᠤ ᠰᠦᠪᠡᠭᠴᠢ ᠣᠯᠠᠨ ᠪᠠᠢᠬᠤ ᠦᠭᠡᠢ᠂ ᠡᠨᠡ ᠦᠯᠢᠭᠡᠷ ᠡᠴᠡ ᠠᠷᠠᠳ ᠤᠨ ᠳᠠᠭᠤᠤ ᠶᠠᠭᠠᠬᠢᠵᠤ ᠮᠡᠨᠳᠦᠯᠡᠳᠡᠭ ᠢ ᠵᠠᠬ᠎ᠠ ᠵᠤᠭ᠎ᠠ ᠡᠴᠡ ᠨᠢ ᠴᠦ ᠭᠡᠰᠡᠨ ᠣᠢᠯᠠᠭᠠᠬᠤ ᠪᠣᠯᠲᠤᠭᠠᠢ᠃

    ᠬᠠᠮᠢᠶ᠎ᠠ ᠪᠦᠬᠦᠢ ᠬᠣᠯᠪᠤᠭᠠᠰᠤ ᠄ ᠪᠤᠤ ᠰᠢ ᠨᠠᠰᠤᠲᠠᠨ 1929 ᠣᠨ ᠳᠤ ᠣᠳᠤ ᠶᠢᠨ ᠣᠩᠨᠢᠭᠤᠳ ᠬᠤᠰᠢᠭᠤᠠ ᠤ ᠭᠤᠤᠷᠰᠤ ᠶᠢᠨ ᠠᠢᠯ ᠳᠤ ᠳᠦᠷᠦᠪᠡ᠃ ᠭᠤᠤᠷᠰᠤ ᠨᠢ ᠲᠤᠬᠠᠢ ᠶᠢᠨ ᠦᠶ᠎ᠡ ᠳᠤ ᠠᠤᠬᠠᠨ ᠬᠤᠰᠢᠭᠤᠠ ᠳᠤ ᠬᠠᠷᠢᠶᠠᠯᠠᠭᠳᠠᠵᠦ ᠪᠠᠢᠵᠠᠢ᠃ 1947 ᠣᠨ ᠤ 5 ᠰᠠᠷ᠎ᠠ ᠳᠤ ᠠᠵᠢᠯᠯᠠᠬᠤ ᠠᠩᠭᠢ ᠶᠢᠨ ᠪᠤᠤ ᠴᠢᠦᠢ ᠵᠠᠩ ︵ᠪᠤᠤ ᠨᠤᠲᠤᠭ ᠤᠨ ᠳᠠᠷᠤᠭ᠎ᠠ︶ ᠭᠤᠤᠷᠰᠤ ᠶᠢᠨ ᠠᠢᠯ ᠳᠤ ᠢᠷᠡᠭᠡᠳ ᠪᠤᠤ ᠰᠢ ᠶᠢ ᠠᠵᠢᠯᠯᠠᠬᠤ ᠠᠩᠭᠢ ᠶᠢᠨ ᠭᠡᠰᠢᠭᠦᠠ ᠢᠶᠠᠷ ᠡᠯᠰᠡᠭᠰᠡᠡ ᠪᠠᠢᠵᠠᠢ᠃

    ᠠᠵᠢᠯᠯᠠᠬᠤ ᠳᠤᠭᠤᠢᠯᠠᠩ ᠳᠤ ᠡᠯᠰᠡᠭᠳᠡᠭᠰᠡᠡ ᠤ ᠳᠠᠷᠠᠭ᠎ᠠ ᠠᠵᠢᠯ ᠤᠨ ᠠᠮᠵᠢᠯᠲᠠ ᠰᠠᠢᠨ ᠭᠡᠳ ᠲᠡᠭᠦᠨ ᠢ ᠳᠤᠭᠤᠢᠯᠠᠩ ᠤᠨ ᠳᠠᠷᠤᠭ᠎ᠠ ᠪᠠᠷ ᠰᠣᠩᠭᠤᠪᠠ᠃ ᠲᠤᠬᠠᠢ ᠶᠢᠨ ᠦᠶ᠎ᠡ ᠳᠤ ᠠᠵᠢᠯᠯᠠᠬᠤ ᠳᠤᠭᠤᠢᠯᠠᠩ ᠤᠨ ᠭᠣᠣᠯ ᠡᠭᠦᠷᠭᠡ ᠨᠢ ᠪᠣᠯ ᠡᠷᠦᠬᠡ ᠳᠠᠷᠠᠭᠠᠯᠠᠨ ᠬᠥᠮᠦᠨ ᠠᠮᠠ ᠪᠠ ᠮᠠᠯ ᠲᠠᠷᠢᠶ᠎ᠠ ᠶᠢ ᠲᠠᠩᠰᠠᠯᠠᠠ ᠪᠦᠷᠢᠳᠭᠡᠬᠦ ᠠᠵᠢᠯ ᠪᠣᠯᠤᠨ᠎ᠠ᠃ ᠢᠳᠠᠭᠤᠠ ᠭᠤᠤ ᠶᠢᠨ ᠭᠠᠵᠠᠷ ᠤᠨ ᠡᠵᠡᠨ ᠤ ᠬᠦᠷᠢᠶ᠎ᠡ ᠶᠢ ᠣᠩᠨᠢᠭᠤᠳ ᠬᠤᠰᠢᠭᠤᠠ ᠤ ᠵᠡᠭᠦᠨ ᠬᠣᠷᠢᠶ᠎ᠠ ᠪᠣᠯᠭᠠᠭᠰᠠᠨ ᠪᠠᠢᠨ᠎ᠠ᠃ ᠪᠤᠤ ᠰᠢ ᠲᠡᠷᠡ ᠦᠶ᠎ᠡ ᠡᠴᠡ ᠡᠬᠢᠯᠡᠨ ᠯᠤᠤ ᠹᠦ ︵ᠤᠳᠠᠠᠳᠤᠬᠤᠢ︶ ᠨᠤᠲᠤᠭ ᠤᠨ ᠵᠢᠩᠬᠢᠨᠢ ᠺᠠᠲᠷ ᠪᠣᠯᠵᠤ᠂ 1948 ᠣᠨ ᠤ 1 ᠰᠠᠷ᠎ᠠ ᠡᠴᠡ ᠪᠠᠶᠠᠬᠠᠠ ᠨᠤᠲᠤᠭ ᠤᠨ ᠳᠣᠲᠤᠭᠠᠳᠤ ᠶᠢ ᠬᠠᠮᠠᠭᠠᠯᠠᠬᠤ ᠲᠤᠰᠠᠯᠠᠭᠴᠢ ᠪᠣᠯᠵᠤ᠂ 1949 ᠣᠨ ᠤ 1 ᠰᠠᠷ᠎ᠠ ᠳᠤ ᠬᠤᠰᠢᠭᠤᠠ ᠳᠤ ᠠᠵᠢᠯ ᠰᠢᠯᠵᠢᠪᠡ᠃ ᠲᠤᠬᠠᠢ ᠶᠢᠨ ᠦᠶ᠎ᠡ ᠳᠤ ᠤᠯᠠᠭᠠᠨᠬᠠᠳᠠ ᠰᠢᠶᠡᠡ ᠡᠴᠡ ᠬᠠᠷ᠎ᠠ ᠲᠣᠬᠤᠢ ᠶᠢᠨ ᠨᠢᠭᠡ ᠬᠡᠰᠡᠭ ᠭᠠᠵᠠᠷ ᠢ ᠣᠩᠨᠢᠭᠤᠳ ᠬᠤᠰᠢᠭᠤᠠ ᠳᠤ ᠵᠢᠭᠡᠯᠡᠭᠦᠯᠦᠠ ᠭᠡᠷᠡᠭᠯᠡᠭᠦᠯᠵᠦ᠂ ᠪᠤᠤ ᠰᠢ ᠶᠢ ᠪᠠᠢᠴᠠᠭᠠᠨ ᠰᠤᠳᠤᠯᠬᠤ ᠳᠤᠭᠤᠢᠯᠠᠩ ᠤᠨ ᠳᠠᠷᠤᠭ᠎ᠠ ᠪᠠᠷ ᠳᠤᠮᠢᠯᠠᠵᠠᠢ᠃ 1950 ᠣᠨ ᠳᠤ ᠪᠤᠤ ᠰᠢ ᠯᠤᠤ ᠹᠦ (ᠤᠳᠠᠠᠳᠤᠬᠤᠢ) ᠨᠤᠲᠤᠭ ᠤᠨ ᠳᠠᠷᠤᠭ᠎ᠠ ᠪᠠᠷ ᠠᠵᠢᠯᠯᠠᠪᠠ᠃ ᠲᠤᠰ ᠵᠢᠯ ᠨᠢ ᠿᠸ ᠾᠧ (ᠪᠠᠰᠠ ᠬᠠᠯᠠᠭᠤᠨ ᠭᠣᠣᠯ ᠭᠡᠳᠡᠭ)ᠮᠤᠵᠢ ᠶᠢᠨ ᠨᠠᠮ ᠤᠨ ᠰᠤᠷᠭᠠᠭᠤᠯᠢ ᠳᠤ ᠬᠠᠭᠠᠰ ᠵᠢᠯ ᠰᠤᠷᠤᠯᠴᠠᠪᠠ᠃ 1952 ᠣᠨ ᠡᠴᠡ ᠪᠤᠤ ᠰᠢ ᠤᠷᠢᠳ ᠬᠣᠵᠢᠳ ᠣᠩᠨᠢᠭᠤᠳ ᠬᠤᠰᠢᠭᠤᠠ ᠤ ᠤᠬᠠᠭᠤᠯᠬᠤ ᠬᠡᠯᠲᠡᠰ ᠤᠨ ᠳᠠᠷᠤᠭ᠎ᠠ᠂ ᠬᠤᠰᠢᠭᠤᠠ ᠳᠠᠷᠤᠭ᠎ᠠ᠂ ᠵᠤᠤ ᠤᠳᠠ ᠠᠢᠮᠠᠭ ᠤᠨ ᠠᠷᠠᠳ ᠤᠨ ᠶᠠᠪᠤᠳᠠᠯ ᠤᠨ ᠳᠤᠪᠴᠢᠶ᠎ᠠ ᠶᠢᠨ ᠳᠠᠷᠤᠭ᠎ᠠ᠂ ᠤᠯᠠᠭᠠᠨᠬᠠᠳᠠ ᠶᠢᠨ ᠨᠤᠤᠰᠤᠠ ᠨᠡᠬᠡᠮᠡᠯ ᠤᠨ ᠦᠢᠯᠡᠳᠪᠦᠷᠢ ᠶᠢᠨ ᠳᠠᠷᠤᠭ᠎ᠠ᠂ ᠤᠯᠠᠭᠠᠨᠬᠠᠳᠠ ᠬᠤᠳᠠ ᠶᠢᠨ ᠣᠢ ᠰᠢᠭᠤᠢ ᠶᠢᠨ ᠳᠤᠪᠴᠢᠶᠡᠡ ᠳᠠᠷᠤᠭ᠎ᠠ᠂ ᠬᠤᠳᠠ ᠶᠢᠨ ᠨᠠᠮ ᠤᠨ ᠬᠣᠷᠢᠶ᠎ᠠ ᠶᠢᠨ ᠪᠠᠢᠩᠭᠤ ᠶᠢᠨ ᠭᠡᠰᠢᠭᠦᠠ᠂ ᠰᠠᠬᠢᠯᠭ᠎ᠠ ᠪᠠᠲᠤ ᠪᠠᠢᠴᠠᠭᠠᠬᠤ ᠬᠣᠷᠢᠶ᠎ᠠ ᠶᠢᠨ ᠱᠦᠵᠢ ᠪᠣᠯᠵᠠᠢ᠃

    《ᠰᠣᠶᠤᠯ ᠤᠨ ᠶᠡᠬᠡ ᠬᠤᠪᠢᠰᠭᠠᠯ》 ᠤᠨ ᠵᠢᠯ ᠢᠶᠠᠷ ᠬᠠᠯᠠ ᠵᠣᠪᠠᠯᠠᠩ ᠢ ᠬᠠᠰᠢᠷᠠᠳᠠᠯ᠎ᠠ ᠠᠮᠰᠠᠵᠤ ᠶᠠᠪᠤᠭᠰᠠᠨ᠃ ᠳᠦᠷᠦ ᠶᠢᠨ ᠪᠣᠳᠤᠯᠭ᠎ᠠ ᠶᠢ ᠨᠠᠢᠳᠠᠪᠤᠷᠢᠵᠢᠭᠤᠯᠤᠭᠰᠠᠠ ᠤ ᠳᠠᠷᠠᠭ᠎ᠠ ᠪᠤᠤ ᠰᠢ ᠤᠯᠠᠭᠠᠨᠬᠠᠳᠠ ᠶᠢᠨ ᠨᠤᠤᠰᠤᠠ ᠨᠡᠬᠡᠮᠡᠯ ᠤᠨ ᠦᠢᠯᠡᠳᠪᠦᠷᠢ ᠶᠢᠨ ᠳᠠᠷᠤᠭ᠎ᠠ ᠪᠠᠷ ᠳᠤᠮᠢᠯᠠᠭᠳᠠᠵᠦ ᠠᠵᠢᠯᠯᠠᠵᠠᠢ᠃ ᠡᠳᠦᠭᠡ ᠲᠢᠩᠬᠢᠮ ᠤᠨ ᠲᠡᠰ ᠤᠨ ᠠᠬᠠᠮᠠᠳ ᠺᠠᠲᠷ ᠤᠨ ᠬᠤᠪᠢ ᠪᠠᠷ ᠠᠵᠢᠯ ᠡᠴᠡ ᠪᠠᠨ ᠠᠮᠠᠷᠠᠭᠠᠳ ᠪᠤᠢ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠥᠪᠦᠷ ᠮᠣᠩᠭᠤᠯ ᠥᠨᠳᠥᠰᠥᠲᠡᠨ ᠦ ᠰᠤᠷᠭᠠᠨ ᠬᠥᠮᠦᠵᠢᠯ ᠦᠨ ᠰᠦᠯᠵᠢᠶ᠎ᠡ ᠬᠡᠪᠯᠡᠯ ᠦᠨ ᠡᠷᠬᠡ ᠲᠡᠢ ᠃ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃