lt
ᠬᠦᠮᠦᠵᠢᠯ ᠲᠠᠳᠬᠠᠯ
ᠤᠩᠨ᠋ᠢ᠍ᠭᠤᠳ ᠤᠨ ᠯᠤᠤᠰ ᠲᠠᠭ᠍ᠢᠬᠤ ᠵᠠᠩᠰᠢ᠍ᠯ
2016.05.12 ᠲᠣᠰ ᠥᠷᠲᠡᠭᠡᠨ ᠦ ᠨᠠᠢᠷᠠᠭᠤᠯᠤᠭᠴᠢ

     ᠤᠩᠨ᠋ᠢ᠍ᠭᠤᠳ ᠤᠨ ᠯᠤᠤᠰ ᠲᠠᠭ᠍ᠢᠬᠤ ᠵᠠᠩᠰᠢ᠍ᠯ

psb

    ᠨᠠᠮᠲᠠᠢᠰᠦ᠋ᠷᠥᠩ

    ᠯᠤᠤᠰ ᠲᠠᠭ᠍ᠢᠬᠤ ᠳᠤ ᠭᠣᠣᠯ ᠭᠣᠷᠤᠬ᠎ᠠ ᠪᠤᠯᠤᠨ ᠨᠠᠭᠤᠷ ᠪᠤᠯᠠᠭ ᠤᠨ ᠳᠡᠷᠭ᠍ᠡᠳ᠋ᠡ ᠲᠠᠭ᠍ᠢᠳ᠋ᠠᠭ ᠪᠣᠯᠬᠣᠷ ᠯᠤᠤᠰ ᠲᠠᠭ᠍ᠢᠵᠤ ᠪᠠᠢᠬᠤ ᠶᠢ ᠵᠠᠷᠢ᠍ᠮ ᠭᠠᠵᠠᠷ ᠤᠨ ᠭᠢᠨ ᠭᠣᠣᠯ ᠭᠣᠷᠤᠬ᠎ᠠ ᠂ ᠨᠠᠭᠤᠷ ᠪᠤᠯᠠᠭ ᠳᠠᠭ᠍ᠢᠵᠤ ᠪᠠᠢᠨ᠎ᠠ ᠭᠡᠳ᠋ᠡᠭ᠌ ᠃ ᠯᠤᠤᠰ ᠢ ᠲᠠᠭ᠍ᠢᠬᠤ ᠳᠤ ᠯᠤᠤᠰ ᠤᠨ ᠰᠡᠷᠢ᠍ᠵᠤ ᠲᠣᠯᠤᠭᠠᠢ ᠪᠠᠨ ᠦᠨᠳ᠋ᠦᠢᠭ᠍ᠰᠡᠨ ᠡᠳ᠋ᠦᠷ ᠆ ᠪᠢᠯᠢ᠍ᠭ᠌ ᠤᠨ ᠤᠯᠠᠷᠢ᠍ᠯ ᠤᠨ ᠬᠣᠶᠠᠷ ᠰᠠᠷ᠎ᠠ ᠶᠢᠨ ᠰᠢ᠍ᠨ᠎ᠡ ᠶᠢᠨ ᠬᠣᠶᠠᠷ ᠡᠴᠡ ᠡᠭ᠍ᠢᠯᠡᠨ ᠯᠤᠤᠰ ᠤᠨ ᠢᠴᠡᠭ᠍ᠡᠯᠡᠭᠦ ᠆ᠪᠢᠯᠢ᠍ᠭ᠌ ᠤᠨ ᠤᠯᠠᠷᠢ᠍ᠯ ᠤᠨ ᠠᠷᠪᠠᠨ ᠰᠠᠷ᠎ᠠ ᠳᠤ ᠯᠤᠤᠰ ᠤᠨ ᠤᠰᠤᠨ ᠳᠤ ᠪᠠᠭᠤᠭᠰᠠᠨ ᠡᠳ᠋ᠦᠷ ᠤᠨ ᠬᠤᠭᠤᠷᠤᠨᠳ᠋ᠤ ᠲᠠᠭ᠍ᠢᠳ᠋ᠠᠭ ᠃ ᠯᠤᠤᠰ ᠶᠢ ᠵᠠᠷᠢ᠍ᠮ ᠭᠠᠵᠠᠷ ᠲᠦ ᠯᠤᠤ ᠶᠢᠨ ᠬᠠᠭᠠᠨ ᠭᠡᠵᠦ ᠭᠡᠯᠡᠳ᠋ᠡᠭ᠌ ᠃ ᠪᠤᠳ᠋ᠠᠳ᠋ᠠᠢ ᠯᠤᠤᠰ ᠲᠠᠭ᠍ᠢᠬᠤ ᠡᠳ᠋ᠦᠷ ᠢ ᠯᠤᠤᠰ ᠤᠨ ᠪᠠᠭᠤᠯᠳ᠋ᠠ ᠶᠢᠨ ᠡᠳ᠋ᠦᠷ ᠪᠠ ᠤᠰᠤᠨ ᠤ ᠰᠠᠭᠤᠳ᠋ᠠᠯ ᠡᠳ᠋ᠦᠷ ᠢ ᠰᠣᠩᠭᠤᠵᠤ ᠳᠠᠭ᠍ᠢᠪᠠᠯ ᠰᠠᠢᠨ ᠃ ᠪᠠᠷᠰ ᠡᠳ᠋ᠦᠷ ᠲᠠᠭ᠍ᠢᠬᠤ ᠦᠭ᠍ᠡᠢ ᠃ ᠯᠤᠤᠰ ᠳᠠᠭ᠍ᠢᠬᠤ ᠳᠤ ᠤᠪᠤᠭ᠎ᠠ ᠪᠣᠰᠭᠠᠬᠤ ᠦᠭ᠍ᠡᠢ ᠪᠠᠷ ᠳᠠᠭ᠍ᠢᠬᠤ ᠪᠠ ᠤᠪᠤᠭ᠎ᠠ ᠪᠣᠰᠭᠠᠵᠤ ᠳᠠᠭ᠍ᠢᠬᠤ ᠭᠡᠵᠦ ᠬᠣᠶᠠᠷ ᠵᠦ᠋ᠢ᠍ᠯ ᠢᠶᠡᠷ ᠳᠠᠭ᠍ᠢᠳ᠋ᠠᠭ ᠃

    ᠨᠢ᠍ᠭ᠍ᠡ ᠂ ᠯᠤᠤᠰ ᠲᠠᠭ᠍ᠢᠬᠤ ᠪᠡᠯᠡᠳᠭ᠍ᠡᠯ ᠬᠢᠬᠦ

    1 ᠂ ᠯᠤᠤᠰ ᠢ ᠴᠠᠭᠠᠨ ᠢᠳ᠋ᠡᠭ᠍ᠡᠨ ᠢᠶᠡᠷ ᠲᠠᠭ᠍ᠢᠨ᠎ᠠ ᠃ ᠡᠢᠮᠦ ᠡᠴᠡ ᠬᠤᠷᠤᠳ ᠂ ᠰᠦ᠋ ᠂ ᠠᠢᠷᠠᠭ ᠂ ᠪᠠᠰᠢ᠍ᠯᠠᠭ ᠂ ᠡᠭ᠍ᠡᠵᠡᠭ᠍ᠡᠢ ᠂ ᠴᠡᠭ᠍ᠡ ᠡᠴᠡ ᠪᠡᠯᠡᠳᠭ᠍ᠡᠨ᠎ᠡ ᠃ ᠴᠠᠭᠠᠨ ᠢᠮᠠᠭᠠᠨ ᠰᠦ᠋ ᠂ ᠬᠤᠸᠠᠭᠴᠢ ᠦᠨ᠋ᠢ᠍ᠶ᠎ᠡ ᠶᠢᠨ ᠰᠦ᠋ ᠪᠤᠶᠤ ᠤᠯᠠᠭᠴᠢ ᠦᠨ᠋ᠢ᠍ᠶ᠎ᠡ ᠶᠢᠨ ᠰᠦ᠋  ᠶᠢ 6 ᠵᠢᠩ ᠢᠯᠡᠭᠦᠦ ᠪᠡᠯᠡᠳᠭ᠍ᠡᠨ᠎ᠡ ᠃

    2 ᠂ ᠯᠠᠮ᠎ᠠ ᠨᠠᠷ ᠪᠠᠷ ᠤᠩᠰᠢ᠍ᠭᠤᠯᠬᠤ ᠨᠣᠮ ᠰᠤᠳ᠋ᠤᠷ ᠡᠴᠡ 《 ᠬᠠᠨ ᠭᠠᠵᠠᠷ ᠤᠰᠤᠨ ᠤ ᠰᠠᠩ ᠤᠷᠤᠰᠢ᠍ᠪᠠᠢ 》 ᠂《 ᠤᠷᠢ᠍ᠳ᠋ᠦ ᠶᠢᠨ ᠡᠵᠡᠨ ᠨᠡᠩ ᠶᠡᠭ᠍ᠡ ᠴᠠᠭᠠᠨ ᠠᠪᠤ ᠶᠢᠨ
ᠰᠠᠩ ᠤᠷᠤᠰᠢ᠍ᠪᠠᠢ》 ᠂《 ᠨᠡᠩ ᠶᠡᠭ᠍ᠡ ᠬᠤᠷᠮᠤᠰᠳ᠋ᠠ ᠲᠡᠭᠷᠢ ᠶᠢᠨ ᠨᠠᠢ᠍ᠮᠠᠨ ᠠᠢᠮᠠᠭ ᠤᠨ ᠲᠠᠭ᠍ᠢᠬᠤ ᠰᠤᠳ᠋ᠤᠷ ᠤᠷᠤᠰᠢ᠍ᠪᠠᠢ 》 ᠂ 《ᠰᠠᠪᠳ᠋ᠠᠭ ᠰᠡᠷᠵᠢ᠍ᠮ ᠤᠷᠤᠰᠢ᠍ᠪᠠᠢ 》 ᠂ 《 ᠸᠴᠠᠷᠪᠠᠨ᠋ᠢ ᠶᠢᠨ ᠰᠠᠩ ᠤᠷᠤᠰᠢ᠍ᠪᠠᠢ 》 ᠂ 《ᠤᠰᠤᠨ ᠪᠢᠯᠢ᠍ᠭ᠌ ᠯᠤᠤᠰᠳ᠋ᠤ ᠶᠢᠨ ᠰᠠᠩ ᠤᠷᠤᠰᠢ᠍ᠪᠠᠢ 》 ᠵᠡᠷᠭ᠍ᠡ ᠨᠣᠮ ᠡᠴᠡ ᠨᠢ᠍ᠭ᠍ᠡ ᠶᠢ ᠰᠣᠩᠭᠤᠵᠤ ᠯᠠᠮᠠ ᠪᠠᠷ ᠤᠩᠰᠢ᠍ᠭᠤᠯᠤᠨ᠎ᠠ ᠃

    3 ᠂ ᠲᠠᠪᠤᠨ ᠲᠠᠷᠢ᠍ᠶ᠎ᠠ ᠶᠢᠨ ᠦᠷ᠎ᠡ ᠶᠢ ᠪᠡᠯᠡᠳᠭ᠍ᠡᠨ᠎ᠡ ᠃ ( ᠠᠷᠪᠠᠢ ᠂ ᠳᠤᠳ᠋ᠤᠷᠭ᠎ᠠ ᠂ ᠴᠠᠭᠠᠨ ᠲᠠᠷᠢ᠍ᠶ᠎ᠡ ᠂ ᠬᠠᠷ᠎ᠠ ᠲᠠᠷᠢ᠍ᠶ᠎ᠠ ᠂ ᠰᠢ᠍ᠰᠢ ᠂ ᠪᠤᠷᠴᠠᠭ ᠵᠡᠷᠭ᠍ᠡ ᠡᠴᠡ ᠪᠡᠯᠡᠳᠭ᠍ᠡᠨ᠎ᠡ ᠃ )

    4 ᠂ ᠠᠯᠳ᠋ᠠ ᠂ ᠮᠦ᠋ᠩᠭᠦ ᠂ ᠵᠡᠰ ᠂ ᠱᠢ᠍ᠷᠦ ᠂ ᠰᠤᠪᠤᠳ ᠂ ᠲᠠᠨ᠎ᠠ ᠂ ᠬᠠᠰ ᠵᠡᠷᠭ᠍ᠡ ᠡᠷᠳ᠋ᠡᠨ᠋ᠢ ᠶᠢᠨ ᠵᠦ᠋ᠢ᠍ᠯ ᠡᠴᠡ ᠪᠡᠯᠡᠳᠭ᠍ᠡᠨ᠎ᠡ ᠃

    5 ᠂ ᠳ᠋ᠤᠷᠤᠮ ᠪᠡᠯᠡᠳᠭ᠍ᠡᠨ᠎ᠡ ᠃ ᠯᠠᠮᠠ ᠨᠠᠷ ᠨᠢ ᠬᠠᠢᠰᠤᠲᠠᠢ ᠪᠤᠴᠠᠯᠭᠠᠭᠰᠠᠨ ᠨᠢ᠍ᠭ᠍ᠡ ᠠᠶᠠᠭ᠎ᠠ ᠤᠰᠤᠨ ᠳᠤ ᠨᠢ᠍ᠭ᠍ᠡ ᠬᠠᠪᠠᠯᠭ᠎ᠠ ᠰᠢ᠍ᠷ᠎ᠠ ᠲᠣᠰᠤ ᠬᠤᠯᠢ᠍ᠵᠤ ᠂ ᠳᠡᠭ᠍ᠡᠷ᠎ᠡ ᠨᠢ ᠨᠢ᠍ᠭ᠍ᠡ ᠪᠢᠳ᠋ᠡᠭᠦᠦ ᠲᠦ᠋ᠭᠦᠭ᠍ᠡᠢ ᠭᠤᠯᠢ᠍ᠷ ᠬᠢᠵᠦ ᠂ ᠭᠤᠷᠪᠠᠨ ᠮᠢ᠍ᠨ᠋ᠦ᠋ᠲ ᠬᠠᠭᠤᠷᠴᠤ ᠠᠪᠤᠭᠠᠳ ᠂ ᠬᠠᠭᠤᠷᠠᠭᠰᠠᠨ ᠭᠤᠯᠢ᠍ᠷ ᠢ᠍ᠶᠠᠷ ᠢᠶᠡᠨ ᠳᠡᠭ᠍ᠡᠳ᠋ᠦ ᠳᠤ ᠯᠤᠤᠰ ᠶᠢᠨ ᠳ᠋ᠤᠷᠤᠮ ᠂ ᠳᠤᠮᠳ᠋ᠠᠳ᠋ᠤ ᠳᠤ ᠰᠠᠪᠳ᠋ᠠᠭ ᠤᠨ ᠳ᠋ᠤᠷᠤᠮ ᠵᠠᠰᠠᠵᠤ ᠪᠡᠯᠡᠳᠭ᠍ᠡᠨ᠎ᠡ ᠃ ᠡᠭᠦᠨ ᠲᠡᠢ ᠬᠠᠮᠳ᠋ᠤ ᠨᠤᠳ᠋ᠤᠭ ᠢᠳ᠋ᠡᠭᠦ ᠳᠤ ᠪᠡᠯᠡᠳᠭ᠍ᠡᠵᠤ ᠳᠤᠰᠤᠨ ᠪᠤᠭᠤᠷᠰᠤᠭ ᠪᠠ ᠰᠡᠷᠵᠢ᠍ᠮ ᠡᠷᠭᠦᠬᠦ ᠳᠤ ᠭᠡᠷᠡᠭ᠍ᠯᠡᠭᠦ ᠰᠠᠭᠠᠯᠢ ᠶᠢᠨ ᠠᠷᠢ᠍ᠭ᠍ᠢ ᠶᠢ ᠪᠡᠯᠡᠳᠭ᠍ᠡᠨ᠎ᠡ ᠃

    6 ᠂ ᠱᠠᠭ᠎ᠠ ᠂ ᠦᠷᠡᠯ ᠪᠡᠯᠡᠳᠭ᠍ᠡᠨ᠎ᠡ ᠃ ᠡᠷᠳ᠋ᠡ ᠦᠶ᠎ᠡ ᠳᠤ108 ᠱᠠᠭ᠎ᠠ ᠪᠤᠯᠤᠨ1000 ᠦᠷᠡᠯ ᠪᠡᠯᠡᠳᠭ᠍ᠡᠵᠤ ᠪᠠᠢᠵᠠᠢ ᠭᠡᠨ᠎ᠡ ᠃ ᠤᠳ᠋ᠤ ᠴᠤ ᠭᠡᠰᠡᠨ28 ᠱᠠᠭ᠎ᠠ ᠂108 ᠦᠷᠡᠯ ᠪᠡᠯᠡᠳᠭ᠍ᠡᠭᠦ ᠭᠡᠷᠡᠭ᠍ᠲᠠᠢ ᠃ ᠭᠣᠣᠯ ᠭᠣᠷᠤᠬ᠎ᠠ ᠂ ᠨᠠᠭᠤᠷ ᠪᠤᠯᠠᠭ ᠲᠦ ᠯᠤᠤᠰ ᠳᠠᠭ᠍ᠢᠬᠤ ᠳᠤ ᠣᠷᠤᠯᠴᠠᠭᠰᠠᠨ ᠬᠥᠮᠦᠨ ᠪᠦᠬᠦᠨ ᠲᠤᠯᠤᠭᠠᠨ ᠦᠩᠭ᠍ᠡ ᠶᠢᠨ ᠤᠳ᠋ᠠᠰᠤ ᠪᠠᠷ ᠵᠠᠯᠮ᠎ᠠ ᠬᠢᠵᠦ ᠂ ᠬᠠᠳ᠋ᠠᠭ ᠂ ᠴᠠᠭᠠᠨ ᠴᠤᠭᠳ᠋ᠤᠷ ᠂ ᠴᠠᠭᠠᠨ ᠪᠦᠰ ᠵᠡᠷᠭ᠍ᠡ ᠶᠢ ᠭᠣᠣᠯ ᠭᠣᠷᠤᠬ᠎ᠠ ᠂ ᠨᠠᠭᠤᠷ ᠪᠤᠯᠠᠭ ᠤᠨ ᠡᠭ᠍ᠢᠨ ᠤ ᠮᠤᠳ᠋ᠤ ᠪᠤᠶᠤ ᠤᠪᠤᠭ᠎ᠠ ᠳᠠᠭᠠᠨ ᠪᠠᠨ ᠣᠶᠤᠬᠤ ᠪᠠᠷ ᠪᠡᠯᠡᠳᠭ᠍ᠡᠨ᠎ᠡ ᠃

    7 ᠂ ᠰᠠᠩ ᠪᠤᠶᠤ ᠰᠦ᠋ᠷ ᠤᠨ ᠭᠡᠷᠡᠭ᠍ᠯᠡᠭ᠍ᠡᠨ ᠤ ᠡᠳ᠋ ᠢ ᠪᠡᠯᠡᠳᠭ᠍ᠡᠨ᠎ᠡ ᠃ ᠲᠠᠯᠬ᠎ᠠ ᠂ ᠰᠢ᠍ᠷ᠎ᠠ ᠲᠣᠰᠤ ᠂ ᠠᠷᠴᠠ ᠂ ᠴᠠᠢ ᠂ ᠰᠢ᠍ᠭ᠍ᠢᠷ ᠂ ᠪᠤᠭᠤᠷᠰᠤᠭ ᠂ ᠪᠢᠰᠢ᠍ᠯᠠᠭ ᠂ ᠡᠭ᠍ᠡᠵᠢ᠍ᠭ᠍ᠡᠢ ᠂ ᠠᠷᠢ᠍ᠭ᠍ᠢ ᠵᠡᠷᠭ᠍ᠡ ᠢᠳ᠋ᠡᠭ᠍ᠡᠨ ᠪᠠ ᠠᠷᠭᠠᠯ ᠲᠦ᠋ᠯᠡᠭ᠍ᠡ ᠪᠡᠯᠡᠳᠭ᠍ᠡᠨ᠎ᠡ ᠃

    8 ᠂ ᠭᠣᠣᠯ ᠭᠣᠷᠤᠬ᠎ᠠ ᠂ ᠨᠠᠭᠤᠷ ᠪᠤᠯᠠᠭ ᠳᠡᠭ᠍ᠡᠷ᠎ᠡ ᠤᠴᠢ᠍ᠬᠤ ᠲᠡᠷᠭ᠍ᠡ ᠤᠨ᠋ᠤᠭ᠎ᠠ ᠂ ᠭᠡᠤᠭ᠍ᠡᠨ ᠰᠠᠪᠳ᠋ᠠᠭ ᠪᠠᠶᠠᠰᠭᠠᠬᠤ ᠠᠶ᠎ᠠ ᠳᠠᠭᠤᠤ ᠂ ᠠᠨᠳ᠋ᠠᠢ ᠪᠦᠵᠢ᠍ᠭ᠍ᠯᠡᠭᠦ ᠡᠷᠡᠭ᠍ᠲᠠᠢ ᠡᠮᠡᠭ᠍ᠳ᠋ᠠᠢ ᠪᠦᠵᠢ᠍ᠭᠴᠢ᠍ᠨ ᠨᠡᠯᠢ᠍ᠶᠡᠳ ᠬᠥᠮᠦᠨ ᠢ ᠪᠡᠯᠡᠳᠭ᠍ᠡᠨ᠎ᠡ ᠃

    9 ᠂ ᠭᠣᠣᠯ ᠭᠣᠷᠤᠬ᠎ᠠ ᠂ ᠨᠠᠭᠤᠷ ᠪᠤᠯᠠᠭ ᠤᠨ ᠡᠭ᠍ᠢᠨ ᠳᠤ ᠤᠷᠭᠤᠭ᠎ᠠ ᠮᠤᠳ᠋ᠤ ᠦᠭ᠍ᠡᠢ ᠪᠣᠯ ᠰᠢ᠍ᠨ᠎ᠡ ᠪᠠᠷ ᠰᠢ᠍ᠯᠵᠢ᠍ᠭᠦᠯᠵᠤ ᠵᠠᠢᠯᠠᠬᠤ ᠲᠣᠮᠤ ᠰᠢ᠍ᠭ᠌ ᠨᠠᠷᠠᠰᠤ ᠂ ᠤᠯᠢ᠍ᠶᠠᠰᠤ ᠂ ᠬᠤᠰᠤ ᠵᠡᠷᠭ᠍ᠡ ᠤᠷᠭᠤᠭ᠎ᠠ ᠮᠤᠳ᠋ᠤ ᠪᠡᠯᠡᠳᠭ᠍ᠡᠨ᠎ᠡ ᠃ ᠨᠢ᠍ᠭ᠍ᠡᠨᠳ᠋ᠡ ᠰᠡᠷᠭᠦᠭ᠍ᠡᠨ ᠵᠠᠰᠠᠭᠰᠠᠨ ᠣᠪᠤᠭᠠᠨ ᠳᠤ ᠪᠣᠯ ᠬᠤᠰᠤ ᠮᠤᠳ᠋ᠤ ᠪᠠ ᠬᠤᠯᠤᠰᠤ ᠡᠪᠡᠰᠦ ᠡᠴᠡ ᠪᠡᠯᠡᠳᠭ᠍ᠡᠨ᠎ᠡ ᠃

    10 ᠂ ᠬᠦᠷᠵᠡ ᠂ ᠵᠡᠭ᠍ᠡᠳ᠋ᠤᠤ ᠂ ᠰᠦ᠋ᠭ᠍ᠡ ᠵᠡᠷᠭ᠍ᠡ ᠪᠤᠰᠤᠳ ᠭᠡᠷᠡᠭ᠍ᠰᠡᠯ ᠢ ᠪᠡᠯᠡᠳᠭ᠍ᠡᠨ᠎ᠡ ᠃ ᠴᠢ᠍ᠯᠠᠭᠤ ᠵᠡᠷᠭ᠍ᠡ ᠪᠠᠷ ᠳᠠᠭ᠍ᠢᠯᠭ᠎ᠠ ᠶᠢᠨ ᠰᠢ᠍ᠷᠡᠭ᠍ᠡ ᠪᠡᠯᠡᠳᠭ᠍ᠡᠵᠤ ᠲᠠᠯᠪᠢᠨ᠎ᠠ ᠃

    11 ᠂ ᠮᠣᠩᠭᠤᠯ ᠢᠶᠡᠷ 《ᠯᠤᠤᠰ ᠳᠠᠭ᠍ᠢᠬᠤ ᠢᠷᠤᠭ᠍ᠡᠯ ᠤᠨ ᠰᠠᠩ 》 ᠵᠤᠭ᠍ᠢᠶᠠᠵᠤ ᠂ ᠲᠤᠰᠭᠠᠢ ᠢᠷᠤᠭ᠍ᠡᠯᠴᠢ ᠳᠤᠭ᠍ᠢᠷᠠᠭᠤᠯᠤᠨ᠎ᠠ ᠃

    12 ᠂ ᠦᠩᠭ᠍ᠡ ᠪᠦᠷᠢ ᠶᠢᠨ ᠴᠠᠭᠠᠰᠤ ᠪᠠᠷ ᠯᠤᠤ ᠪᠤᠯᠤᠨ ᠣᠩᠭᠤᠴᠠ ᠬᠠᠢᠴᠢ᠍ᠯᠠᠨ ᠬᠢᠵᠦ ᠂ ᠭᠣᠣᠯ ᠭᠣᠷᠤᠬ᠎ᠠ ᠂ ᠨᠠᠭᠤᠷ ᠪᠤᠯᠠᠭ ᠤᠨ ᠤᠰᠤᠨ ᠳᠡᠭ᠍ᠡᠷ᠎ᠡ ᠬᠥᠪᠪᠦᠭᠦᠯᠬᠦ ᠪᠠᠷ ᠪᠡᠯᠡᠳᠭ᠍ᠡᠨ᠎ᠡ ᠃
    ᠤᠪᠤᠭ᠎ᠠ ᠪᠣᠰᠭᠠᠵᠤ ᠯᠤᠤᠰ ᠳᠠᠭ᠍ᠢᠬᠤ ᠳᠠᠭᠠᠨ ᠳᠠᠭ᠍ᠢᠬᠤ ᠭᠡᠵᠦ ᠪᠠᠢᠭ᠎ᠠ ᠭᠠᠵᠠᠷ ᠲᠦ ᠪᠠᠨ ᠤᠪᠤᠭ᠎ᠠ ᠪᠣᠰᠭᠠᠵᠤ ᠂ ᠤᠪᠤᠭ᠎ᠠ ᠶᠢᠨ ᠳᠣᠣᠷ᠎ᠠ ᠪᠠᠨ ᠲᠠᠪᠤᠨ ᠲᠠᠷᠢ᠍ᠶ᠎ᠠ ᠶᠢᠨ ᠦᠷ᠎ᠡ ᠪᠤᠯᠤᠨ ᠲᠤᠯᠤᠭᠠᠨ ᠡᠷᠳ᠋ᠡᠨ᠋ᠢ ᠶᠢᠨ ᠵᠦ᠋ᠢ᠍ᠯ ᠢᠶᠡᠷ ᠱᠦ᠋ᠩᠰᠢ᠍ᠭ᠌ ᠳᠠᠷᠤᠳ᠋ᠠᠭ ᠃ ᠵᠠᠷᠢ᠍ᠮ ᠨᠢ ᠡᠪᠡᠷ ᠲᠡᠢ ᠮᠣᠭᠠᠢ ᠶᠢᠨ ᠡᠪᠡᠷ ᠢᠶᠡᠷ ᠱᠦ᠋ᠩᠰᠢ᠍ᠭ᠌ ᠳᠠᠷᠤᠳ᠋ᠠᠭ ᠃ ᠤᠪᠤᠭ᠎ᠠ ᠶᠢ ᠴᠠᠭᠠᠨ ᠢᠳ᠋ᠡᠭ᠍ᠡᠨ ᠢᠶᠡᠷ ᠲᠠᠭ᠍ᠢᠳ᠋ᠠᠭ ᠃ ᠪᠤᠰᠤᠳ ᠵᠦ᠋ᠢ᠍ᠯ ᠨᠢ ᠤᠪᠤᠭ᠎ᠠ ᠪᠣᠰᠭᠠᠬᠤ ᠦᠭ᠍ᠡᠢ ᠪᠠᠷ ᠯᠤᠤᠰ ᠳᠠᠭ᠍ᠢᠬᠤ ᠲᠡᠢ ᠠᠳ᠋ᠠᠯᠢ ᠪᠠᠢᠳ᠋ᠠᠭ ᠃

    ᠬᠣᠶᠠᠷ ᠂ ᠯᠤᠤᠰ ᠳᠠᠭ᠍ᠢᠬᠤ ᠶᠠᠪᠤᠴᠠ

    1᠂ ᠯᠠᠮᠠ ᠨᠠᠷ ᠭᠣᠣᠯ ᠭᠣᠷᠤᠬ᠎ᠠ ᠂ ᠪᠤᠯᠠᠭ ᠂ ᠨᠠᠭᠤᠷ ᠂ ᠴᠦ᠋ᠭᠦᠷᠡᠮ ᠵᠡᠷᠭ᠍ᠡ ᠯᠤᠤᠰ ᠳᠠᠭ᠍ᠢᠬᠤ ᠭᠠᠵᠠᠷ ᠤᠨ ᠢᠶᠡᠨ ᠳᠡᠭ᠍ᠡᠷ᠎ᠡ ᠡᠭ᠍ᠢᠨ ᠳᠤ ᠬᠦᠷᠴᠦ ᠰᠠᠩ ᠬᠦᠵᠢ ᠲᠠᠯᠪᠢᠵᠤ ᠰᠦ᠋ᠷ ᠢᠶᠡᠨ ᠭᠡᠢᠮᠤᠷᠢ᠍ᠯᠠᠨ᠎ᠠ ᠃ ᠳᠠᠭ᠍ᠢᠬᠤ ᠭᠠᠵᠠᠷ ᠤᠨ ᠢᠶᠡᠨ ᠪᠠᠷᠠᠭᠤᠨ ᠬᠤᠢᠳ᠋ᠤ ᠲᠠᠯ᠎ᠠ ᠶᠢ ᠰᠣᠩᠭᠤᠵᠤ ᠂ ᠢᠰᠡᠭ᠍ᠡᠢ ᠰᠢ᠍ᠷᠳ᠋ᠡᠭ᠌ ᠳᠡᠪᠢᠰᠴᠤ ᠂ ᠯᠠᠮᠠ ᠨᠠᠷ ᠬᠣᠶᠠᠷ ᠭᠠᠷᠯᠠᠨ ᠰᠠᠭᠤᠵᠤ ᠰᠤᠳ᠋ᠤᠷ ᠢᠶᠡᠨ ᠳᠡᠯᠭ᠍ᠡᠵᠤ ᠵᠠᠯᠪᠢᠷᠠᠵᠤ ᠳᠠᠭᠠᠳᠭᠠᠨ᠎ᠠ ᠃

    2 ᠂ ᠯᠠᠮᠠ ᠨᠠᠷ ᠨᠣᠮ ᠰᠤᠳ᠋ᠤᠷ ᠢᠶᠡᠨ ᠳᠡᠯᠭ᠍ᠡᠵᠤ ᠯᠠᠩᠭ᠎ᠠ ( ᠯᠠᠩ ) ᠬᠠᠢᠷᠠᠯᠠᠨ᠎ᠠ ᠃ ᠯᠤᠤᠰ ᠳᠠᠭ᠍ᠢᠬᠤ ᠪᠠᠷ ᠢᠷᠡᠭᠰᠡᠨ ᠬᠥᠮᠦᠰ ᠪᠡᠯᠡᠳᠭ᠍ᠡᠵᠤ ᠠᠪᠴᠢ᠍ᠷᠠᠭᠰᠠᠨ ᠵᠠᠢᠯᠠᠬᠤ ᠭᠡᠰᠡᠨ ᠮᠤᠳ᠋ᠤ ᠪᠠᠨ ᠪᠤᠯᠠᠭ ( ᠨᠠᠭᠤᠷ ᠂ ᠴᠦ᠋ᠭᠦᠷᠡᠮ ) ᠤᠨ ᠳᠡᠭ᠍ᠡᠷ᠎ᠡ ᠡᠭ᠍ᠢ ᠪᠠᠷ ᠵᠠᠢᠯᠠᠨ᠎ᠠ ᠃ ᠤᠭ ᠳ᠋ᠤᠨ᠋ᠢ ᠤᠷᠭᠤᠭ᠎ᠠ ᠮᠤᠳ᠋ᠤ ᠪᠠᠢᠪᠠᠯ ᠮᠤᠳ᠋ᠤ ᠵᠠᠢᠯᠠᠬᠤ ᠦᠭ᠍ᠡᠢ ᠴᠤ ᠪᠣᠯᠤᠨ᠎ᠠ ᠃ ᠯᠤᠤᠰ ᠳᠠᠭ᠍ᠢᠬᠤ ᠭᠠᠵᠠᠷ ᠪᠤᠯᠤᠨ ᠨᠠᠭᠤᠷ ᠂ ᠴᠦ᠋ᠭᠦᠷᠡᠮ ᠂ ᠪᠤᠯᠠᠭ ᠳᠤᠳ᠋ᠤᠷᠠᠭ᠍ᠢ ᠪᠤᠵᠠᠷ ᠪᠤᠷᠳ᠋ᠤᠭ ᠶᠠᠭᠤᠮ᠎ᠠ ᠶᠢ ᠴᠡᠪᠡᠷᠯᠡᠵᠦ ᠬᠠᠶᠠᠨ᠎ᠠ ᠃ ᠬᠡᠷᠪᠡ ᠳᠠᠭ᠍ᠢᠬᠤ ᠭᠠᠵᠠᠷ ᠤᠨ ᠪᠤᠯᠠᠭ ᠨᠢ ᠰᠢ᠍ᠷᠭ᠍ᠢᠭ᠍ᠰᠡᠨ ᠪᠣᠯ ᠨᠢ᠍ᠳ᠋ᠦ ᠶᠢ ᠨᠢ ᠪᠠᠬᠠᠨ ᠨᠡᠭ᠍ᠡᠭ᠍ᠡᠵᠤ ᠴᠠᠪᠡᠷᠯᠠᠵᠤ ᠪᠣᠯᠤᠨ᠎ᠠ ᠂ ᠪᠤᠯᠠᠭ ᠤᠨ ᠨᠢ᠍ᠳ᠋ᠦᠨ ᠳᠤ ᠫᠤᠤ ᠲᠠᠯᠪᠢᠵᠤ ᠳᠡᠯᠪᠡᠴᠢ᠍ᠭᠦ ᠶᠢ ᠡᠷᠡᠰ ᠴᠡᠭ᠍ᠡᠷᠯᠡᠨ᠎ᠡ ᠃

    3 ᠂ ᠯᠤᠤᠰ ᠳᠠᠭ᠍ᠢᠬᠤ ᠪᠠᠷ ᠢᠷᠡᠭᠰᠡᠨ ᠬᠥᠮᠦᠰ ᠪᠦᠭᠦᠳ᠋ᠡᠭ᠍ᠡᠷ ᠭᠦᠳ᠋ᠡᠯᠦᠯᠴᠡᠵᠤ ᠂ ᠤᠪᠤᠭ᠎ᠠ ᠪᠤᠶᠤ ᠭᠣᠣᠯ ᠭᠣᠷᠤᠬ᠎ᠠ ᠂ ᠨᠠᠭᠤᠷ ᠪᠤᠯᠠᠭ ᠂ ᠴᠦ᠋ᠭᠦᠷᠡᠮ ᠤᠨ ᠳᠡᠭ᠍ᠡᠷ᠎ᠡ ᠡᠭ᠍ᠢᠨ ᠳ᠋ᠡᠭ᠍ᠢ ᠤᠷᠭᠤᠭ᠎ᠠ ᠮᠤᠳ᠋ᠤ ᠪᠤᠯᠤᠨ ᠰᠢ᠍ᠨ᠎ᠡ ᠵᠠᠢᠯᠠᠭᠰᠡᠨ ᠮᠤᠳ᠋ᠤᠨ ᠤ ᠨᠠᠮᠠᠭ᠎ᠠ ᠰᠠᠯᠠᠭ᠎ᠠ ᠳᠡᠭ᠍ᠡᠷ᠎ᠡ ᠪᠠᠨ ᠪᠡᠯᠡᠳᠭ᠍ᠡᠵᠤ ᠠᠪᠴᠢ᠍ᠷᠠᠭᠰᠠᠨ ᠵᠠᠯᠮ᠎ᠠ ᠂ ᠴᠠᠭᠠᠨ ᠬᠠᠳ᠋ᠠᠭ ᠂ ᠴᠠᠭᠠᠨ ᠪᠦᠰ ᠂ ᠲᠤᠯᠤᠭᠠᠨ ᠦᠩᠭ᠍ᠡ ᠶᠢᠨ ᠤᠳ᠋ᠠᠰᠤ ᠪᠠᠨ ᠡᠯᠭᠦᠵᠦ ᠤᠶᠠᠵᠤ ᠂ ᠨᠠᠭᠤᠷ ᠪᠤᠯᠠᠭ ᠤᠨ ᠤᠰᠤ ᠡᠭᠦᠷᠢ᠍ᠳ᠋ᠡ ᠠᠷᠢ᠍ᠭᠤᠨ ᠲᠤᠩᠭᠠᠯᠠᠭ ᠂ ᠡᠭ᠍ᠡ ᠪᠠᠢᠭᠠᠯᠢ ᠦᠨ᠋ᠢ ᠮᠦ᠋ᠩᠭ᠍ᠡ ᠭᠦᠭ᠍ᠡᠷᠡᠵᠤ ᠨᠣᠭᠤᠭᠠᠷᠠᠨ ᠂ ᠯᠤᠤᠰ ᠤᠨ ᠬᠠᠭᠠᠨ ᠪᠠᠶᠠᠰᠤᠨ ᠢᠪᠡᠭ᠍ᠡᠭᠦ ᠶᠢ ᠵᠠᠯᠪᠢᠷᠠᠵᠤ ᠳᠠᠭᠠᠳᠭᠠᠨ᠎ᠠ ᠃

    4 ᠂ ᠯᠠᠮᠠ ᠨᠠᠷ ᠨᠣᠮ ᠤᠩᠰᠢ᠍ᠵᠤ ᠡᠭ᠍ᠢᠯᠡᠨ᠎ᠡ ᠃ ᠯᠠᠮᠠ ᠨᠠᠷ ᠤᠷᠢ᠍ᠳ᠋ᠠᠪᠡᠷ ᠪᠡᠯᠡᠳᠭ᠍ᠡᠵᠤ ᠲᠠᠯᠪᠢᠭᠰᠠᠨ ᠳᠠᠭ᠍ᠢᠯᠭ᠎ᠠ ᠶᠢᠨ ᠳᠠᠢᠵᠠ ᠪᠤᠶᠤ ᠴᠢ᠍ᠯᠠᠭᠤᠨ ᠰᠢ᠍ᠷᠡᠭ᠍ᠡᠨ ᠳᠡᠭ᠍ᠡᠷ᠎ᠡ ᠵᠤᠯᠠ ᠪᠠᠨ ᠠᠰᠠᠭᠠᠵᠤ ᠂ ᠳ᠋ᠤᠷᠤᠮ ᠢᠶᠡᠨ ᠳᠠᠯᠪᠢᠨ ᠂ ᠯᠤᠤᠰ ᠢᠶᠡᠨ ᠲᠠᠭ᠍ᠢᠵᠤ ᠵᠠᠯᠪᠢᠷᠠᠨ᠎ᠠ ᠃

    5 ᠂ ᠯᠠᠮᠠ ᠨᠠᠷ ᠯᠠᠩ ᠬᠠᠢᠷᠠᠯᠠᠨ᠎ᠠ ᠃ ᠡᠭᠦᠨ ᠤ ᠳᠠᠷᠠᠭ᠎ᠠ ᠯᠤᠤᠰ ᠳᠠᠭ᠍ᠢᠬᠤ ᠳᠤ ᠣᠷᠤᠯᠴᠠᠭᠰᠠᠨ ᠬᠥᠮᠦᠰ ᠰᠠᠴᠤᠯᠢ ᠶᠢᠨ ᠢᠳ᠋ᠡᠭ᠍ᠡᠨ ᠡᠴᠡ ᠬᠠᠪᠠᠯᠭ᠎ᠠ ᠪᠠᠷ ᠠᠪᠴᠤ ᠪᠤᠯᠠᠭ ( ᠨᠠᠭᠤᠷ ᠂ ᠴᠦ᠋ᠭᠦᠷᠡᠮ ) ᠤᠨ ᠤᠰᠤᠨ ᠳᠤ ᠰᠠᠴᠤᠯᠢ ᠡᠷᠭᠦᠨ᠎ᠡ ᠃ ᠪᠡᠯᠡᠳᠭ᠍ᠡᠭ᠍ᠰᠡᠨ ᠦᠷᠢ᠍ᠯ ᠂ ᠱᠠᠭ᠎ᠠ ᠂ ᠱᠢ᠍ᠷᠦ ᠂ ᠰᠤᠪᠤᠳ ᠂ ᠠᠯᠳ᠋ᠠ ᠂ ᠮᠦ᠋ᠩᠭᠦ ᠂ ᠲᠠᠨ᠎ᠠ ᠂ ᠬᠠᠰ ᠂ ᠳᠤᠪᠴᠢ ᠂ ᠪᠣᠯᠵᠤᠭ᠎ᠠ ᠵᠡᠷᠭ᠍ᠡ ᠪᠠᠨ ᠤᠰᠤᠨ ᠳᠤ ᠡᠷᠭᠦᠵᠦ ᠬᠠᠮᠤᠭ ᠠᠮᠢ᠍ᠳ᠋ᠠᠨ ᠭᠤᠤᠯᠳ᠋ᠠᠨ ᠡᠩᠭ᠍ᠡ ᠠᠮᠤᠭᠤᠯᠠᠩ ᠪᠠᠢᠬᠤ ᠶᠢ ᠳᠠᠭᠠᠳᠭᠠᠨ ᠵᠠᠯᠪᠢᠷᠠᠨ᠎ᠠ ᠃

    6 ᠂ ᠢᠷᠦᠭ᠍ᠡᠯᠴᠢ 《 ᠯᠤᠤᠰ ᠳᠠᠭ᠍ᠢᠬᠤ ᠢᠷᠤᠭ᠍ᠡᠯ ᠤᠨ ᠰᠠᠩ 》 ᠢ ᠮᠣᠩᠭᠤᠯ ᠢᠶᠡᠷ ᠤᠩᠰᠢ᠍ᠨ᠎ᠠ ᠃ ᠡᠨ᠋ᠡ ᠦᠶ᠎ᠡ ᠳᠤ ᠪᠡᠯᠡᠳᠭ᠍ᠡᠵᠤ ᠠᠪᠴᠢ᠍ᠷᠠᠭᠰᠠᠨ ᠴᠠᠭᠠᠰᠤ ᠪᠠᠷ ᠭᠢᠭ᠍ᠰᠡᠨ ᠯᠤᠤ ᠪᠠᠨ ᠤᠰᠤᠨ ᠳᠤᠳ᠋ᠤᠷ᠎ᠠ ᠳᠡᠭ᠍ᠳ᠋ᠡᠭ᠍ᠡᠨ ᠶᠠᠪᠤᠭᠤᠯᠵᠤ ᠂ ᠤᠯᠠᠨ ᠢ᠍ᠶᠠᠷ ᠢᠶᠡᠨ ᠰᠠᠴᠤᠯᠢ ᠡᠷᠭᠦᠵᠡᠭ᠍ᠡᠨ ᠂ ᠯᠤᠤᠰ ᠤᠨ ᠬᠠᠭᠠᠨ ᠬᠤᠷ᠎ᠠ ᠶᠢᠨ ᠰᠢ᠍ᠮ᠎ᠡ ᠦᠷᠦᠰᠢ᠍ᠶᠡᠵᠤ ᠡᠯᠪᠡᠭ ᠬᠤᠷᠢ᠍ᠶᠠᠯᠳ᠋ᠠ ᠶᠢ ᠣᠯᠭᠤᠬᠤ ᠪᠤᠯᠳ᠋ᠤᠭᠠᠢ ᠭᠡᠵᠦ ᠵᠠᠯᠪᠢᠷᠢ᠍ᠵᠤ ᠂ ᠯᠤᠤ ᠳᠠᠭᠠᠨ ᠮᠦ᠋ᠷᠭᠦᠨ᠎ᠡ ᠃

    7 ᠂ ᠳᠠᠷᠠᠭ᠎ᠠ ᠨᠢ ᠪᠦᠭᠦᠳ᠋ᠡᠭ᠍ᠡᠷ ᠢᠶᠡᠨ ᠰᠠᠭᠤᠵᠠᠭᠠᠵᠤ ᠂ ᠯᠤᠤᠰ ᠳᠠᠭ᠍ᠢᠬᠤ ᠳᠤ ᠠᠪᠴᠢ᠍ᠷᠠᠭᠰᠠᠨ ᠴᠠᠢ ᠂ ᠢᠳ᠋ᠡᠭ᠍ᠡᠨ ᠤᠮᠳ᠋ᠠᠭᠠᠨ ᠡᠴᠡ ᠪᠠᠨ ᠰᠠᠴᠤᠯᠢ ᠡᠷᠭᠦᠨ ᠤᠤᠭᠤᠵᠠᠭᠠᠵᠤ ᠂ ᠯᠤᠤᠰ ᠤᠨ ᠬᠠᠭᠠᠨ ᠲᠡᠢ ᠰᠡᠳᠭ᠍ᠢᠯ ᠢᠶᠡᠨ ᠨᠢ᠍ᠭ᠍ᠡᠳᠭ᠍ᠡᠵᠤ ᠪᠠᠢᠬᠤ ᠪᠠᠨ ᠢᠯᠡᠳᠭ᠍ᠡᠨ᠎ᠡ ᠃

    8 ᠂ ᠭᠡᠤᠭ᠍ᠡᠨ ᠰᠠᠪᠳ᠋ᠠᠭ ᠪᠠᠶᠠᠰᠬᠤ ᠠᠶ᠎ᠠ ᠳᠠᠭᠤᠤ ᠡᠷᠭᠦᠵᠦ ᠂ ᠠᠨᠳ᠋ᠠᠢ ᠪᠦᠵᠢ᠍ᠭ᠌ ᠪᠦᠵᠢ᠍ᠭ᠍ᠯᠡᠨ᠎ᠡ ᠃

    9 ᠂ ᠯᠤᠤᠰ ᠳᠠᠭ᠍ᠢᠭᠰᠠᠨ ᠠᠢᠯ ᠳᠤ ᠤᠴᠢ᠍ᠵᠤ ᠨᠠᠢᠷ ᠬᠢᠨ᠎ᠡ ᠃ ᠤᠯᠠᠨ ᠢ᠍ᠶᠠᠷ ᠢᠶᠡᠨ 《 ᠭᠡᠮ ᠡᠪᠡᠳᠴᠢ᠍ᠨ ᠡᠴᠡ ᠠᠷᠢ᠍ᠯᠵᠤ ᠂ ᠭᠡᠰᠢ᠍ᠭ᠌ ᠪᠤᠶᠠᠨ ᠳᠡᠯᠭ᠍ᠡᠷᠡᠭᠦ ᠪᠤᠯᠳ᠋ᠤᠭᠠᠢ ! 》 ᠭᠡᠵᠦ ᠬᠤᠷᠤᠢᠯᠠᠨ᠎ᠠ ᠃

    10 ᠂ ᠯᠤᠤᠰ ᠢ ᠳᠠᠭ᠍ᠢᠵᠤ ᠪᠠᠷᠠᠭᠰᠠᠨ ᠤ ᠰᠡᠭᠦᠯᠡᠷ ᠲᠤᠬᠠᠢ ᠶᠢᠨ ᠲᠠᠯᠠᠪᠠᠢ ᠪᠠᠨ ᠴᠡᠪᠡᠷᠯᠡᠨ ᠠᠷᠢ᠍ᠯᠭᠠᠵᠤ ᠂ ᠤᠷᠴᠢ᠍ᠨ ᠲᠤᠭᠤᠷᠢ᠍ᠨ ᠤ ᠡᠷᠡᠭᠦᠯ ᠬᠠᠮᠠᠭᠠᠯᠠᠯ ᠢ ᠬᠠᠮᠠᠭᠠᠯᠠᠨ᠎ᠠ ᠃

    ᠭᠤᠷᠪᠠ ᠂ ᠯᠤᠤᠰ ᠳᠠᠭ᠍ᠢᠬᠤ ᠴᠡᠭ᠍ᠡᠷ

    1 ᠂ ᠯᠤᠤᠰ ᠳᠠᠭ᠍ᠢᠭᠰᠠᠨ ᠡᠳ᠋ᠦᠷ ᠯᠤᠤᠰ ᠳᠠᠭ᠍ᠢᠭᠰᠠᠨ ᠭᠠᠵᠠᠷ ᠤᠨ ᠪᠤᠯᠠᠭ ᠂ ᠭᠣᠷᠤᠬ᠎ᠠ ᠂ ᠭᠣᠣᠯ ᠂ ᠨᠠᠭᠤᠷ ᠂ ᠴᠦ᠋ᠭᠦᠷᠡᠮ ᠢ ᠭᠦᠨᠳ᠋ᠡᠯᠡᠨ ᠢᠶᠡᠷ ᠭᠠᠳ᠋ᠤᠯᠠᠬᠤ ᠶᠢ ᠴᠡᠭ᠍ᠡᠷᠯᠡᠨ᠎ᠡ ᠃

    2 ᠂ ᠤᠰᠤᠨ ᠰᠠᠭᠤᠳ᠋ᠠᠯ ᠲᠡᠢ ᠬᠥᠮᠦᠨ ᠯᠤᠤᠰ ᠳᠠᠭ᠍ᠢᠬᠤ ᠳᠤ ᠣᠷᠤᠯᠴᠠᠬᠤ ᠶᠢ ᠴᠡᠭ᠍ᠡᠷᠯᠡᠨ᠎ᠡ ᠃

    3 ᠂ ᠬᠣᠭ ᠨᠣᠪᠰᠢ ᠬᠠᠶᠠᠵᠤ ᠯᠤᠤᠰ ᠳᠠᠭ᠍ᠢᠭᠰᠠᠨ ᠭᠠᠵᠠᠷ ᠤᠨ ᠤᠰᠤ ᠶᠢ ᠪᠤᠵᠢ᠍ᠷᠯᠠᠬᠤ ᠪᠠ ᠤᠷᠴᠢ᠍ᠨ ᠲᠤᠭᠤᠷᠢ᠍ᠨ ᠢ ᠪᠤᠭ᠍ᠢᠷᠳ᠋ᠠᠭᠤᠯᠬᠤ ᠶᠢ ᠴᠡᠭ᠍ᠡᠷᠯᠡᠨ᠎ᠡ ᠃ ᠭᠣᠣᠯ ᠭᠣᠷᠤᠬ᠎ᠠ ᠂ ᠨᠠᠭᠤᠷ ᠴᠦ᠋ᠭᠦᠷᠦᠮ ᠂ ᠪᠤᠯᠠᠭ ᠤᠨ ᠤᠰᠤᠨ ᠪᠤᠯᠤᠨ ᠭᠦᠭ᠍ᠡᠷᠭ᠍ᠡ ᠳᠡᠭ᠍ᠡᠷ᠎ᠡ ᠰᠢ᠍ᠭ᠍ᠡᠵᠤ ᠪᠠᠭᠠᠬᠤ ᠪᠠ ᠪᠤᠵᠠᠷ ᠤᠰᠤ ᠣᠷᠤᠭᠤᠯᠬᠤ ᠶᠢ ᠴᠡᠭ᠍ᠡᠷᠯᠡᠨ᠎ᠡ ᠃

    4 ᠂ ᠯᠤᠤᠰ ᠢ ᠦᠳ᠋ᠡ ᠶᠢᠨ ᠡᠮᠦᠨ᠎ᠡ ᠳᠠᠭ᠍ᠢᠨ᠎ᠠ ᠃ ᠦᠳ᠋ᠡ ᠶᠢᠨ ᠬᠣᠢᠨ᠎ᠠ ᠳᠠᠭ᠍ᠢᠬᠤ ᠶᠢ ᠴᠡᠭ᠍ᠡᠷᠯᠡᠨ᠎ᠡ ᠃

    5 ᠂ ᠬᠠᠷ᠎ᠠ ᠠᠷᠢ᠍ᠭ᠍ᠢ ᠂ ᠤᠯᠠᠭᠠᠨ ᠮᠢ᠍ᠬ᠎ᠠ ᠠᠪᠴᠤ ᠤᠴᠢ᠍ᠬᠤ ᠶᠢ ᠴᠡᠭ᠍ᠡᠷᠯᠡᠨ᠎ᠡ ᠃ ᠴᠠᠭᠠᠨ ᠢᠶᠡᠷ ᠳᠠᠭ᠍ᠢᠨ᠎ᠠ ᠃

    6 ᠂ ᠰᠠᠴᠤᠯᠢ ᠳᠤ ᠡᠷᠭᠦᠭᠰᠡᠨ ᠶᠠᠭᠤᠮ᠎ᠠ ᠪᠠᠨ ᠠᠪᠴᠤ ᠢᠳ᠋ᠡᠵᠤ ᠪᠣᠯᠬᠤ ᠦᠭ᠍ᠡᠢ ᠃ ᠳᠠᠭ᠍ᠢᠯ ᠳᠤ ᠲᠠᠯᠪᠢᠭᠰᠠᠨ ᠢᠳ᠋ᠡᠭ᠍ᠡᠨ ᠡᠴᠡ ᠠᠳ᠋ᠢ᠍ᠰ ᠭᠡᠵᠦ ᠠᠪᠴᠤ ᠪᠣᠯᠤᠨ᠎ᠠ ᠃

    7 ᠂ ᠨᠠᠷᠠ ᠮᠠᠨᠳ᠋ᠤᠬᠤ ᠵᠦ᠋ᠭ᠌ ᠬᠠᠨᠳ᠋ᠤᠭᠰᠠᠨ ᠪᠤᠯᠠᠭ ᠤᠰᠤ ᠶᠢ ᠳᠠᠭ᠍ᠢᠨ᠎ᠠ ᠃ ᠨᠠᠷᠠ ᠤᠨ᠋ᠠᠬᠤ ᠵᠦ᠋ᠭ᠌ ᠬᠠᠨᠳ᠋ᠤᠭᠰᠠᠨ ᠪᠤᠯᠠᠭ ᠤᠰᠤ ᠶᠢᠨ ᠳᠡᠷᠭ᠍ᠡᠳ᠋ᠡ ᠯᠤᠤᠰ ᠳᠠᠭ᠍ᠢᠬᠤ ᠶᠢ ᠴᠡᠭ᠍ᠡᠷᠯᠡᠨ᠎ᠡ ᠃

    8 ᠂ ᠡᠮᠡᠭ᠍ᠲᠠᠢ ᠬᠥᠮᠦᠨ ᠭᠡᠳ᠋ᠦᠢ ᠤᠯᠠᠨ ᠤᠴᠢ᠍ᠪᠠᠯ ᠳᠡᠳ᠋ᠦᠢ ᠰᠠᠢᠨ ᠭᠡᠵᠦ ᠦᠵᠡᠳ᠋ᠡᠭ᠌ ᠃ ᠭᠡᠪᠡᠴᠦ ᠵᠢᠷᠦᠮᠰᠦᠨ ᠡᠮᠡᠭ᠍ᠲᠠᠢ ᠬᠥᠮᠦᠨ ᠤ ᠣᠷᠤᠯᠴᠠᠬᠤ ᠶᠢ ᠴᠡᠭ᠍ᠡᠷᠯᠡᠨ᠎ᠡ ᠃

    9 ᠂ ᠯᠤᠤᠰ ᠳᠠᠭ᠍ᠢᠬᠤ ᠳᠤ ᠵᠠᠢᠯᠠᠭᠰᠠᠨ ᠮᠤᠳ᠋ᠤ ᠪᠤᠯᠤᠨ ᠰᠡᠳ᠋ᠡᠷᠯᠡᠭ᠍ᠰᠡᠨ ᠮᠤᠳ᠋ᠤ ᠶᠢ ᠤᠭᠳ᠋ᠤᠯᠠᠵᠤ ᠬᠤᠭᠤᠯᠠᠬᠤ ᠶᠢ ᠴᠡᠭ᠍ᠡᠷᠯᠡᠨ᠎ᠡ ᠃

    10 ᠂ ᠯᠤᠤᠰ ᠳᠠᠭ᠍ᠢᠭᠰᠠᠨ ᠭᠠᠵᠠᠷ ᠲᠦ ᠭᠡᠷ ᠪᠠᠷᠢ᠍ᠯᠭ᠎ᠠ ᠪᠠᠷᠢ᠍ᠬᠤ ᠂ ᠮᠠᠢᠬᠠᠨ ᠭᠦᠰᠡᠭ᠍ᠡ ᠪᠣᠰᠭᠠᠵᠤ ᠪᠠᠭᠤᠳ᠋ᠠᠯᠠᠬᠤ ᠶᠢ ᠴᠡᠭ᠍ᠡᠷᠯᠡᠨ᠎ᠡ ᠃ ᠬᠠᠵᠠᠭᠤ ᠬᠠᠪᠢ ᠪᠠᠷ ᠨᠢ ᠪᠠᠭᠤᠳ᠋ᠠᠯᠠᠵᠤ ᠪᠣᠯᠤᠨ᠎ᠠ ᠃

    11 ᠂ ᠯᠤᠤᠰ ᠳᠠᠭ᠍ᠢᠬᠤ ᠦᠶ᠎ᠡ ᠳᠤ ᠫᠤᠤ ᠳᠤᠤᠭᠠᠷᠭᠠᠬᠤ ᠪᠠ ᠫᠤᠤᠵᠢ᠍ᠩ ᠲᠠᠯᠪᠢᠬᠤ ᠶᠢ ᠴᠡᠭ᠍ᠡᠷᠯᠡᠨ᠎ᠡ ᠃ ᠯᠤᠤᠰ ᠠᠶᠤᠭᠠᠳ ᠳᠠᠭ᠍ᠢᠯᠭ᠎ᠠ ᠳᠤ ᠢᠷᠡᠬᠦ ᠦᠭ᠍ᠡᠢ ᠪᠤᠯᠴᠢ᠍ᠬᠠᠨ᠎ᠠ ᠃

    12 ᠂ ᠯᠤᠤᠰ ᠳᠠᠭ᠍ᠢᠭᠰᠠᠨ ᠭᠠᠵᠠᠷ ᠤᠨ ᠤᠷᠴᠢ᠍ᠨ ᠲᠤᠭᠤᠷᠢ᠍ᠨ ᠤ ᠡᠪᠡᠰᠦ ᠮᠤᠳ᠋ᠤ ᠶᠢ ᠰᠦ᠋ᠢ᠍ᠳᠭ᠍ᠡᠭᠦ ᠪᠠ ᠠᠮᠢ᠍ᠳ᠋ᠠᠨ ᠠᠷᠢ᠍ᠶᠠᠳ᠋ᠠᠨ ᠢ ᠠᠯᠠᠬᠤ ᠂ ᠵᠢᠭᠠᠰᠤ ᠵᠢᠷᠠᠭᠠᠬᠠᠢ ᠶᠢ ᠠᠯᠠᠵᠤ ᠭᠦᠨ᠋ᠦᠭ᠍ᠡᠭᠦ ᠶᠢ ᠲᠠᠰᠤ ᠴᠡᠭ᠍ᠡᠷᠯᠡᠨ᠎ᠡ ᠃

    ᠲᠡᠭ᠍ᠡᠷᠡᠭ᠍ᠢ ᠴᠢ᠍ᠭ᠍ᠡᠷᠯᠡᠯ ᠤᠳ ᠢ ᠴᠡᠭ᠍ᠡᠷᠯᠡᠭᠦ ᠦᠭ᠍ᠡᠢ ᠪᠣᠯ ᠯᠤᠤᠰ ᠠᠭᠤᠷᠯᠠᠵᠤ ᠂ ᠭᠠᠮᠰᠢ᠍ᠭ ᠪᠣᠯᠤᠨ᠎ᠠ ᠂ ᠬᠥᠮᠦᠨ ᠡᠪᠡᠳᠴᠢ᠍ᠯᠡᠨ᠎ᠡ ᠭᠡᠳ᠋ᠡᠭ᠌ ᠃

    ᠲᠦ᠋ᠷᠪᠡ ᠂ ᠯᠤᠤᠰ ᠳᠠᠭ᠍ᠢᠬᠤ ᠢᠷᠤᠭ᠍ᠡᠯ ᠤᠨ ᠰᠠᠩ
ᠵᠧ ︕
ᠡᠩᠭ᠍ᠡ ᠠᠮᠤᠭᠤᠯᠠᠩ ᠪᠤᠯᠳ᠋ᠤᠭᠠᠢ ︕
ᠪᠤᠭᠤ ᠤᠨ ᠬᠣᠶᠠᠷ ᠡᠪᠡᠷ ᠲᠠᠢ
ᠪᠤᠬᠠᠨ ᠬᠣᠶᠠᠷ ᠴᠢ᠍ᠭ᠍ᠢ ᠲᠠᠢ
ᠲᠠᠤᠯᠠᠢ ᠶᠢᠨ ᠬᠣᠶᠠᠷ ᠨᠢ᠍ᠳ᠋ᠦ ᠲᠠᠢ
ᠲᠡᠮᠡᠭ᠍ᠡ ᠠᠳ᠋ᠠᠯᠢ ᠲᠣᠯᠤᠭᠠᠢ ᠲᠠᠢ
ᠮᠣᠭᠠᠢ ᠠᠳ᠋ᠠᠯᠢ ᠬᠦᠵᠦᠭᠦᠦ ᠲᠠᠢ
ᠬᠠᠪ ᠵᠢᠭᠠᠰᠤᠨ ᠭᠡᠳ᠋ᠡᠰᠦ ᠲᠡᠢ
ᠪᠦᠷᠭᠦᠳ ᠤᠨ ᠲᠦ᠋ᠷᠪᠡᠨ ᠰᠠᠪᠠᠷ ᠲᠠᠢ
ᠪᠠᠷᠰ ᠤᠨ ᠲᠦ᠋ᠷᠪᠡᠨ ᠠᠯᠠᠭ᠎ᠠ ᠲᠠᠢ
ᠵᠢᠭᠠᠰᠤ ᠠᠳ᠋ᠠᠯᠢ ᠬᠠᠢᠷᠰᠤ ᠲᠠᠢ
ᠨᠠᠢ᠍ᠮᠠᠨ ᠮᠢ᠍ᠩᠭᠠᠨ ᠨᠠᠰᠤ ᠲᠠᠢ
ᠯᠤᠤᠰ ᠤᠨ ᠡᠵᠡᠨ ᠴᠣᠯᠠ ᠲᠠᠢ
ᠵᠡᠭᠦᠨ ᠳᠠᠯᠠᠢ ᠳᠤ ᠨᠤᠳ᠋ᠤᠭᠯᠠᠵᠤ
ᠶᠢ᠍ᠰᠦᠨ ᠲᠡᠭᠷᠢ ᠲᠦ ᠲᠡᠭᠦᠯᠡᠭ᠍ᠰᠡᠨ
ᠥᠯᠵᠡᠢ ᠬᠤᠳ᠋ᠤᠭ ᠢ ᠪᠡᠯᠭ᠍ᠡᠳ᠋ᠡᠭ᠍ᠰᠡᠨ
ᠠᠪᠤᠷᠭᠤ ᠯᠤᠤ ᠲᠠᠨ ᠢ ᠪᠠᠨ
ᠠᠷᠠᠳ ᠤᠯᠠᠨ ᠪᠦᠭᠦᠳ᠋ᠡᠭ᠍ᠡᠷ ᠢ᠍ᠶᠠᠨ
ᠲᠣᠲ᠋ᠧᠮ ᠪᠣᠯᠭᠠᠨ ᠰᠢ᠍ᠳ᠋ᠦᠵᠦ
ᠦᠨ᠋ᠦᠳ᠋ᠦᠷ ᠳᠠᠭ᠍ᠢᠵᠤ ᠪᠠᠢᠨ᠎ᠠ ︕
ᠠᠮᠲᠠᠳ᠋ᠤ ᠢᠳ᠋ᠡᠭ᠍ᠡᠨ ᠢᠶᠡᠷ ᠬᠤᠷᠤᠢᠯᠠᠨ ᠳᠠᠯᠠᠯᠵᠤ
ᠠᠷᠠᠳ ᠢᠷᠭ᠍ᠡᠳ ᠴᠢᠨᠢ ᠤᠷᠢ᠍ᠵᠤ ᠵᠠᠯᠠᠵᠤ ᠪᠠᠢᠨ᠎ᠠ ᠃
ᠰᠢ᠍ᠷᠠᠮᠦ᠋ᠷᠡᠨ ᠭᠣᠣᠯ ᠤᠨ ᠰᠢ᠍ᠷ᠎ᠠ ᠯᠤᠤ ᠡᠨᠳ᠋ᠡ ᠮᠤᠷᠢ᠍ᠯᠠᠨ ᠢᠷᠡᠵᠦ ᠰᠠᠭᠠᠳ᠋ᠤᠭᠠᠷᠠᠢ ︕
ᠯᠤᠤᠬ᠎ᠠ ᠶᠢᠨ ᠭᠣᠣᠯ ᠤᠨ ᠴᠠᠭᠠᠨ ᠯᠤᠤ ᠡᠨᠳ᠋ᠡ ᠮᠤᠷᠢ᠍ᠯᠠᠨ ᠢᠷᠡᠵᠦ ᠰᠠᠭᠠᠳ᠋ᠤᠭᠠᠷᠠᠢ ︕
ᠡᠩᠭ᠍ᠡᠯᠠᠢ ᠠᠭᠤᠯᠠ ᠶᠢᠨ ᠭᠡᠪᠳ᠋ᠡᠭ᠍ᠡ ᠯᠤᠤ ᠡᠨᠳ᠋ᠡ ᠮᠤᠷᠢ᠍ᠯᠠᠨ ᠢᠷᠡᠵᠦ ᠰᠠᠭᠠᠳ᠋ᠤᠭᠠᠷᠠᠢ ︕
ᠬᠠᠢᠯᠠᠰᠤ ᠶᠢᠨ ᠠᠭᠤᠯᠠ ᠶᠢᠨ ᠴᠠᠭᠠᠷᠢ᠍ᠭᠯᠠᠭᠰᠠᠨ ᠯᠤᠤ ᠡᠨᠳ᠋ᠡ ᠮᠤᠷᠢ᠍ᠯᠠᠨ ᠢᠷᠡᠵᠦ ᠰᠠᠭᠠᠳ᠋ᠤᠭᠠᠷᠠᠢ ︕
ᠬᠤᠷᠠᠬᠤ ᠣᠷᠤᠨ ᠤ ᠲᠦ᠋ᠷᠪᠡᠨ ᠯᠤᠤ ᠡᠨᠳ᠋ᠡ ᠮᠤᠷᠢ᠍ᠯᠠᠨ ᠢᠷᠡᠵᠦ ᠰᠠᠭᠠᠳ᠋ᠤᠭᠠᠷᠠᠢ ︕
ᠣᠩᠭᠤᠨ ᠠᠭᠤᠯᠠ ᠶᠢᠨ ᠠᠪᠤᠷᠭᠤ ᠯᠤᠤ ᠡᠨᠳ᠋ᠡ ᠮᠤᠷᠢ᠍ᠯᠠᠨ ᠢᠷᠡᠵᠦ ᠰᠠᠭᠠᠳ᠋ᠤᠭᠠᠷᠠᠢ ︕
ᠭᠤᠤᠷᠰᠤ ᠶᠢᠨ ᠠᠭᠤᠯᠠ ᠶᠢᠨ ᠭᠡᠪᠳ᠋ᠡᠭ᠍ᠡ ᠯᠤᠤ ᠡᠨᠳ᠋ᠡ ᠮᠤᠷᠢ᠍ᠯᠠᠨ ᠢᠷᠡᠵᠦ ᠰᠠᠭᠠᠳ᠋ᠤᠭᠠᠷᠠᠢ ︕
ᠤᠯᠠᠭᠠᠨ ᠮᠠᠩᠬ᠎ᠠ ᠶᠢᠨ ᠤᠯᠠᠭᠠᠨ ᠯᠤᠤ ᠡᠨᠳ᠋ᠡ ᠮᠤᠷᠢ᠍ᠯᠠᠨᠢᠷᠡᠵᠤ ᠰᠠᠭᠠᠳ᠋ᠤᠭᠠᠷᠠᠢ ︕
ᠪᠠᠶᠠᠨ ᠲᠡᠯᠭ᠍ᠡᠷ ᠤᠨ ᠭᠡᠪᠳ᠋ᠡᠭ᠍ᠡ ᠯᠤᠤ ᠡᠨᠳ᠋ᠡ ᠮᠤᠷᠢ᠍ᠯᠠᠨ ᠢᠷᠡᠵᠦ ᠰᠠᠭᠠᠳ᠋ᠤᠭᠠᠷᠠᠢ ︕
ᠪᠠᠷᠠᠭᠤᠨ ᠣᠷᠤᠨ ᠤ ᠤᠯᠠᠨ ᠯᠤᠤ ᠡᠨᠳ᠋ᠡ ᠮᠤᠷᠢ᠍ᠯᠠᠨ ᠢᠷᠡᠵᠦ ᠰᠠᠭᠠᠳ᠋ᠤᠭᠠᠷᠠᠢ ︕
ᠰᠠᠴᠢ᠍ᠨᠲᠠᠯ᠎ᠠ ᠶᠢᠨ ᠨᠤᠮᠢ᠍ᠨ ᠬᠠᠰ ᠯᠤᠤ ᠡᠨᠳ᠋ᠡ ᠮᠤᠷᠢ᠍ᠯᠠᠨ ᠢᠷᠡᠵᠦ ᠰᠠᠭᠠᠳ᠋ᠤᠭᠠᠷᠠᠢ ︕
ᠢᠮᠠᠭᠠᠳ᠋ᠤ ᠶᠢᠨ ᠠᠭᠤᠯᠠ ᠶᠢᠨ ᠰᠢ᠍ᠷ᠎ᠠ ᠬᠠᠰ ᠯᠤᠤ ᠡᠨᠳ᠋ᠡ ᠮᠤᠷᠢ᠍ᠯᠠᠨ ᠢᠷᠡᠵᠦ ᠰᠠᠭᠠᠳ᠋ᠤᠭᠠᠷᠠᠢ ︕
ᠠᠴᠠᠳ᠋ᠤ ᠠᠭᠤᠯᠠ ᠶᠢᠨ ᠯᠤᠤᠰ ᠤᠨ ᠭᠡᠤᠭ᠍ᠡᠨ ᠡᠨᠳ᠋ᠡ ᠮᠤᠷᠢ᠍ᠯᠠᠨ ᠢᠷᠡᠵᠦ ᠰᠠᠭᠠᠳ᠋ᠤᠭᠠᠷᠠᠢ ︕
ᠷᠠᠰᠢ᠍ᠶᠠᠨ ᠪᠤᠯᠠᠭ ᠤᠨ ᠯᠤᠤᠰ ᠤᠨ ᠭᠡᠤᠭ᠍ᠡᠨ ᠡᠨᠳ᠋ᠡ ᠮᠤᠷᠢ᠍ᠯᠠᠨ ᠢᠷᠡᠵᠦ ᠰᠠᠭᠠᠳ᠋ᠤᠭᠠᠷᠠᠢ ︕
ᠭᠡᠳ᠋ᠡᠷᠡᠭ᠌ ᠱᠣᠷᠤᠩ ᠤᠨ ᠯᠤᠤᠰ ᠤᠨ ᠭᠡᠤᠭ᠍ᠡᠨ ᠡᠨᠳ᠋ᠡ ᠮᠤᠷᠢ᠍ᠯᠠᠨ ᠢᠷᠡᠵᠦ ᠰᠠᠭᠠᠳ᠋ᠤᠭᠠᠷᠠᠢ ︕
ᠴᠡᠭ᠍ᠡᠨ ᠨᠠᠭᠤᠷ ᠤᠨ ᠭᠦᠮᠪᠢᠷ᠎ᠠ ᠮᠠᠲᠠᠷ ᠡᠨᠳ᠋ᠡ ᠮᠤᠷᠢ᠍ᠯᠠᠨ ᠢᠷᠡᠵᠦ ᠰᠠᠭᠠᠳ᠋ᠤᠭᠠᠷᠠᠢ ︕
ᠡᠷᠭ᠍ᠢᠨ ᠲᠤᠭᠤᠷᠢ᠍ᠨ ᠤ ᠯᠤᠤᠰ ᠤᠨ ᠡᠵᠡᠳ ᠡᠨᠳ᠋ᠡ ᠴᠤᠭᠯᠠᠷᠠᠨ ᠢᠷᠡᠵᠦ ᠰᠠᠭᠠᠳ᠋ᠤᠭᠠᠷᠠᠢ ︕
ᠡᠯᠳ᠋ᠡᠪ ᠵᠦ᠋ᠢ᠍ᠯ ᠤᠨ ᠠᠮᠳ᠋ᠠᠳ᠋ᠤ ᠢᠳ᠋ᠡᠭ᠍ᠡᠨ ᠢᠶᠡᠷ ᠳᠠᠯᠠᠯᠤᠨ ᠤᠷᠢ᠍ᠵᠤ ᠪᠠᠢᠨ᠎ᠠ ︕
︵ ᠤᠯᠠᠨ ᠢ᠍ᠶᠠᠷ ᠢᠶᠡᠨ ᠲᠠᠪᠤᠨ ᠲᠠᠷᠢ᠍ᠶ᠎ᠠ ᠶᠢᠨ ᠦᠷ᠎ᠡ ᠪᠤᠯᠤᠨ ᠳᠠᠭ᠍ᠢᠯᠭ᠎ᠠ ᠶᠢᠨ ᠴᠠᠭᠠᠨ ᠢᠳ᠋ᠡᠭ᠍ᠡᠨ ᠢᠶᠡᠨ ᠭᠣᠣᠯ ᠭᠣᠷᠤᠬ᠎ᠠ ᠂ ᠨᠠᠭᠤᠷ ᠪᠤᠯᠠᠭ ᠲᠦ ᠰᠠᠴᠤᠯᠢ ᠡᠷᠭᠦᠨ᠎ᠡ ᠃ ︶
ᠤᠮ ᠠ ᠬᠣᠩ ᠂ ᠤᠮ ᠠ ᠬᠣᠩ ︕
ᠤᠮ ᠠ ᠬᠣᠩ ᠂ ᠤᠮ ᠠ ᠬᠣᠩ ︕
ᠤᠯᠠᠨ ᠭᠦᠳ᠋ᠡᠯᠦᠯᠴᠡᠵᠤ ᠯᠤᠤᠰ ᠲᠠᠭ᠍ᠢᠭᠰᠠᠨ ᠢᠶᠡᠷ
ᠤᠯᠠᠭᠠᠨ ᠭᠠᠩ ᠡᠴᠦᠰᠯᠡᠵᠤ ᠂
ᠤᠰᠤᠨ ᠭᠠᠮᠰᠢ᠍ᠭ ᠵᠠᠢᠯᠠᠵᠤ ᠂
ᠴᠠᠭ ᠤᠨ ᠬᠤᠷ᠎ᠠ ᠪᠠᠭᠤᠵᠤ ᠂
ᠴᠠᠭᠠᠨ ᠮᠦ᠋ᠨᠳ᠋ᠦᠷ ᠠᠷᠢ᠍ᠯᠵᠤ ᠂
ᠴᠠᠰᠤ ᠵᠤᠳ ᠪᠠᠭᠠᠰᠴᠤ ᠂
ᠰᠠᠯᠭ᠍ᠢᠨ ᠭᠠᠮᠰᠢ᠍ᠭ ᠦᠭ᠍ᠡᠢ ᠪᠣᠯᠵᠤ ᠂
ᠬᠢᠷᠠᠭᠤ ᠶᠢᠨ ᠭᠠᠮᠰᠢ᠍ᠭ ᠡᠴᠡ ᠭᠡᠯᠳ᠋ᠦᠷᠢ᠍ᠵᠤ ᠂
ᠬᠣᠷᠤᠬᠠᠢ ᠶᠢᠨ ᠭᠠᠮᠰᠢ᠍ᠭ ᠤᠰᠠᠳᠴᠤ ᠂
ᠬᠣᠣᠷᠯᠠᠭᠴᠢ ᠳᠠᠢᠰᠤᠨ ᠰᠦ᠋ᠨ᠋ᠦᠵᠤ ᠂
ᠦᠷᠭ᠍ᠡᠨ ᠤᠯᠠᠨ ᠦᠭ᠍ᠯᠢ᠍ᠭᠴᠢ᠍ᠳ ᠲᠦ
ᠦᠨ᠋ᠡᠨ ᠵᠢᠷᠭᠠᠯ ᠢᠷᠡᠬᠦ ᠪᠤᠯᠳ᠋ᠤᠭᠠᠢ ︕
ᠤᠮ ᠠ ᠬᠣᠩ ᠂ ᠤᠮ ᠠ ᠬᠣᠩ ︕
ᠤᠮ ᠠ ᠬᠣᠩ ᠂ ᠤᠮ ᠠ ᠬᠣᠩ ︕
ᠯᠤᠤᠰ ᠢ ᠳᠠᠭ᠍ᠢᠭᠰᠠᠨ ᠤ ᠠᠴᠢ ᠪᠠᠷ
ᠮᠠᠩᠬᠠᠨ ᠳᠤ ᠮᠤᠳ᠋ᠤ ᠪᠤᠷᠭᠠᠰᠤ ᠭᠦᠭ᠍ᠡᠷᠡᠵᠤ ᠂
ᠲᠠᠯ᠎ᠠ ᠳᠤ ᠡᠪᠡᠰᠦ ᠬᠤᠯᠤᠰᠤ ᠨᠣᠭᠤᠭᠠᠷᠠᠵᠤ ᠂
ᠬᠥ᠋ᠨᠳ᠋ᠡᠢ ᠵᠦ ᠪᠠᠷ ᠠᠯᠳ᠋ᠠᠨ ᠲᠠᠷᠢ᠍ᠶ᠎ᠠ ᠬᠠᠯᠢ᠍ᠭᠤᠷᠠᠵᠤ ᠂
ᠭᠦᠳ᠋ᠡᠭ᠍ᠡ ᠭᠠᠳ᠋ᠠᠭ᠎ᠠ ᠦᠭ᠍ᠡᠢ ᠦᠢ᠍ᠯᠡᠳᠪᠦᠷᠢ ᠭᠦᠭᠵᠢ᠍ᠵᠤ ᠂
ᠬᠠᠰᠢ᠍ᠶᠠᠨ ᠳᠤᠳ᠋ᠤᠷ᠎ᠠ ᠦᠭ᠍ᠡᠷ ᠬᠤᠨ᠋ᠢ ᠲᠦ᠋ᠭᠦᠷᠴᠦ ᠂
ᠨᠠᠭᠤᠷ ᠭᠣᠣᠯ ᠢᠶᠡᠷ ᠵᠢᠭᠠᠰᠤ ᠵᠢᠷᠠᠭᠠᠬᠠᠢ ᠱᠤᠩᠪᠠᠯᠳ᠋ᠤᠵᠤ ᠂
ᠠᠭᠤᠯᠠ ᠪᠣᠯᠭᠠᠨ ᠢᠶᠡᠷ ᠨᠠᠷᠠᠰᠤ ᠮᠠᠢᠯᠠᠰᠤ ᠪᠦᠷᠭᠦᠵᠤ ᠂
ᠬᠤᠳ᠋ᠠ ᠪᠠᠯᠭᠠᠰᠤ ᠪᠠᠷ ᠠᠰᠠᠷ ᠲᠠᠭᠳ᠋ᠤ ᠰᠦ᠋ᠨᠳ᠋ᠡᠷᠯᠡᠵᠦ᠂
ᠵᠠᠮ ᠬᠠᠷᠢ᠍ᠯᠴᠠᠭ᠎ᠠ ᠲᠦ᠋ᠷᠪᠡᠨ ᠵᠦ᠋ᠭ᠌ ᠲᠦ ᠨᠠᠪᠳ᠋ᠡᠷᠡᠵᠤ ᠂
ᠠᠷᠠᠯᠵᠢ᠍ᠶ᠎ᠠ ᠬᠤᠳ᠋ᠠᠯᠳ᠋ᠤᠭ᠎ᠠ ᠦᠷᠨ᠋ᠢ᠍ᠨ ᠭᠦᠭᠵᠢ᠍ᠵᠤ ᠂
ᠠᠳ᠋ᠤᠭᠤ ᠮᠠᠯ ᠠᠳ᠋ᠠᠷ ᠲᠦ᠋ᠭᠦᠷᠡᠩ ᠂
ᠠᠮᠤ ᠪᠤᠳ᠋ᠠᠭ᠎ᠠ ᠭᠦᠮᠦᠷᠭ᠍ᠡ ᠲᠦ᠋ᠭᠦᠷᠡᠩ ᠂
ᠡᠳ᠋ ᠭᠦᠷᠦᠩᠭ᠍ᠡ ᠡᠯᠪᠡᠭ ᠲᠡᠯᠪᠡᠭ᠌
ᠡᠷᠭ᠍ᠡᠨ ᠠᠷᠠᠳ ᠡᠷᠡᠭᠦᠯ ᠴᠠᠭ᠍ᠢᠷᠠᠭ ᠂
ᠡᠩ ᠶᠢ᠍ᠷᠳ᠋ᠢ᠍ᠨᠴᠤ ᠡᠶ᠎ᠡ ᠵᠤᠭ᠍ᠢᠴᠠᠩᠭᠤᠢ ᠂
ᠡᠯ᠎ᠡ ᠦᠢ᠍ᠯᠡᠰ ᠭᠦᠭᠵᠢ᠍ᠯ ᠪᠠᠳ᠋ᠠᠷᠠᠩᠭᠤᠢ ᠪᠣᠯᠵᠤ ᠂
ᠤᠨ ᠤᠨ ᠦᠭ᠍ᠡᠳ᠋ᠡ ᠡᠰᠡᠷᠡᠭ ᠂
ᠥᠯᠵᠡᠢ ᠬᠤᠳ᠋ᠤᠭ ᠮᠦ᠋ᠩᠭ᠍ᠡ ᠤᠷᠤᠰᠢ᠍ᠬᠤ ᠪᠤᠯᠳ᠋ᠤᠭᠠᠢ ︕
ᠲᠦ᠋ᠷᠦ ᠭᠦᠷᠦᠨ ᠡᠩᠭ᠍ᠡ ᠲᠠᠢᠪᠤᠩ ᠂
ᠲᠦᠮᠡᠨ ᠠᠷᠠᠳ ᠪᠠᠶᠠᠨ ᠴᠢ᠍ᠨ᠋ᠡᠭ᠍ᠡᠯᠢ᠍ᠭ᠌ ᠂
ᠦᠨᠳ᠋ᠦᠰᠦᠳ᠋ᠡᠨ ᠪᠦᠬᠦᠨ ᠡᠷᠭ᠍ᠡ ᠲᠡᠭᠰᠢ
ᠦᠨ᠋ᠢ᠍ᠷ ᠵᠢᠷᠭᠠᠯ ᠲᠡᠢ ᠠᠮᠢ᠍ᠳ᠋ᠤᠷᠠᠬᠤ ᠪᠤᠯᠳ᠋ᠤᠭᠠᠢ ︕
ᠤᠳ᠋ᠤᠮ ᠰᠠᠢᠲᠠᠢ ᠪᠦᠭ᠍ᠡᠴᠤᠳ ᠤᠯᠠᠰᠢ᠍ᠷᠠᠬᠤ ᠪᠤᠯᠳ᠋ᠤᠭᠠᠢ ︕
ᠤᠷᠠᠨ ᠮᠡᠷᠭ᠍ᠡᠨ ᠪᠡᠷᠢ᠍ᠶᠡᠳ ᠤᠯᠠᠰᠢ᠍ᠷᠠᠬᠤ ᠪᠤᠯᠳ᠋ᠤᠭᠠᠢ ︕
ᠤᠬᠠᠭᠠᠨ ᠰᠡᠴᠡᠨ ᠦᠷ᠎ᠡ ᠬᠡᠦᠬᠡᠳ ᠤᠯᠠᠰᠢ᠍ᠷᠠᠬᠤ ᠪᠤᠯᠳ᠋ᠤᠭᠠᠢ ︕
ᠤᠷᠭᠤᠭ᠎ᠠ ᠵᠢᠷᠤᠭ᠎ᠠ ᠮᠤᠷᠢ᠍ᠳ ᠤᠯᠠᠰᠢ᠍ᠷᠠᠬᠤ ᠪᠤᠯᠳ᠋ᠤᠭᠠᠢ ︕
ᠬᠠᠷᠪᠤᠯᠳ᠋ᠠ ᠰᠠᠢᠲᠠᠢ ᠰᠤᠷᠴᠢ᠍ᠳ ᠤᠯᠠᠰᠢ᠍ᠷᠠᠬᠤ ᠪᠤᠯᠳ᠋ᠤᠭᠠᠢ ︕
ᠰᠤᠷᠤᠯᠭ᠎ᠠ ᠰᠠᠢᠲᠠᠢ ᠪᠠᠭᠠᠴᠤᠳ ᠤᠯᠠᠰᠢ᠍ᠷᠠᠬᠤ ᠪᠤᠯᠳ᠋ᠤᠭᠠᠢ ︕
ᠡᠷᠳ᠋ᠡᠮᠳ᠋ᠡᠨ ᠮᠡᠷᠭ᠍ᠡᠳ ᠤᠯᠠᠰᠢ᠍ᠷᠠᠬᠤ ᠪᠤᠯᠳ᠋ᠤᠭᠠᠢ ︕
ᠡᠳ᠋ ᠪᠠᠶᠠᠯᠢ᠍ᠭ ᠠᠷᠪᠢᠵᠢ᠍ᠬᠤ ᠪᠤᠯᠳ᠋ᠤᠭᠠᠢ ︕
ᠠᠳ᠋ᠤᠭᠤ ᠮᠠᠯ ᠤᠨ ᠪᠤᠶᠠᠨ ᠭᠡᠰᠢ᠍ᠭ᠌ ᠲᠤᠭᠳ᠋ᠠᠬᠤ ᠪᠤᠯᠳ᠋ᠤᠭᠠᠢ ︕
ᠠᠮᠤ ᠲᠠᠷᠢ᠍ᠶᠠᠨ ᠤ ᠡᠯᠪᠡᠭ ᠬᠤᠷᠢ᠍ᠶᠠᠯᠳ᠋ᠠ ᠶᠢ ᠤᠯᠬᠤ ᠪᠤᠯᠳ᠋ᠤᠭᠠᠢ ︕
ᠠᠵᠤ ᠦᠢ᠍ᠯᠡᠳᠪᠦᠷᠢ ᠲᠦ᠋ᠷᠭ᠍ᠡᠨ ᠭᠦᠭᠵᠢ᠍ᠭᠦ ᠪᠤᠯᠳ᠋ᠤᠭᠠᠢ ︕
ᠠᠷᠠᠳ ᠤᠨ ᠠᠮᠢ᠍ᠳ᠋ᠤᠷᠠᠯ ᠤᠯᠠᠮ ᠠᠮᠤᠷ ᠲᠠᠢᠪᠤᠩ ᠪᠤᠯᠳ᠋ᠤᠭᠠᠢ ︕
ᠤᠮ ᠠ ᠬᠣᠩ ᠂ ᠤᠮ ᠠ ᠬᠣᠩ ︕
ᠤᠮ ᠠ ᠬᠣᠩ ᠂ ᠤᠮ ᠠ ᠬᠣᠩ ︕
ᠰᠠᠩ ᠲᠠᠯᠪᠢᠵᠤ ᠂ ᠳᠠᠭ᠍ᠢᠯᠭ᠎ᠠ ᠶᠢᠨ ᠢᠷᠦᠭ᠍ᠡᠯ ᠢ ᠤᠩᠰᠢ᠍ᠵᠤ ᠪᠠᠷᠠᠮᠠᠭᠴᠠ ᠤᠪᠤᠭ᠎ᠠ ᠪᠣᠰᠭᠠᠵᠤ ᠯᠤᠤᠰ ᠳᠠᠭ᠍ᠢᠭᠰᠠᠨ ᠪᠣᠯ ᠳᠠᠭ᠍ᠢᠯᠭ᠎ᠠ ᠶᠢᠨ ᠳᠠᠭᠠᠮᠠᠯ ᠨᠢ ᠳᠠᠯᠠᠯᠭ᠎ᠠ ᠠᠪᠬᠤ ᠦᠭ᠍ᠡ ᠬᠡᠯᠡᠵᠦ ᠂ ᠤᠪᠤᠭ᠎ᠠ ᠪᠠᠨ ᠨᠠᠷᠠᠨ ᠵᠦ᠋ᠪ ᠢᠶᠡᠷ ᠭᠤᠷᠪᠠᠨ ᠡᠷᠭ᠍ᠢᠨ ᠴᠠᠭᠠᠨ ᠪᠢᠯᠠᠩ ᠡᠷᠭᠦᠨ ᠣᠪᠤᠭᠠᠨ ᠳᠠᠯᠠᠯᠭ᠎ᠠ ᠠᠪᠳ᠋ᠠᠭ ᠃

ᠲᠠᠪᠤ ᠂ ᠲᠠᠯᠠᠯᠭ᠎ᠠ ᠠᠪᠬᠤ ᠦᠭ᠍ᠡ
ᠳᠠᠭᠠᠭᠠᠮᠠᠯ ᠄ ᠤᠸᠮ ᠰᠠᠢᠨ ᠠᠮᠤᠭᠤᠯᠠᠩ ᠪᠤᠯᠳ᠋ᠤᠭᠠᠢ ︕
ᠡᠴᠢ᠍ᠭ᠍ᠡ ᠲᠡᠭᠷᠢ ᠡᠭ᠍ᠡ ᠭᠠᠵᠠᠷ
ᠯᠤᠤᠰ ᠤᠨ ᠬᠠᠭᠠᠨ ᠤ ᠠᠪᠤᠷᠠᠯ ᠢᠶᠡᠷ
ᠡᠭ᠍ᠡ ᠨᠤᠳ᠋ᠤᠭ ᠮᠢᠨᠢ ᠪᠠᠶᠠᠵᠢ᠍ᠨ ᠴᠡᠴᠡᠭ᠍ᠯᠡᠵᠤ
ᠡᠪ ᠬᠠᠮᠳ᠋ᠤ ᠨᠠᠮ ᠤᠨ ᠤᠳ᠋ᠤᠷᠢ᠍ᠳ᠋ᠤᠯᠭ᠎ᠠ ᠪᠠᠷ
ᠡᠯ᠎ᠡ ᠦᠨᠳ᠋ᠦᠰᠦᠳ᠋ᠡᠨ ᠪᠦᠯᠭᠦᠮᠳ᠋ᠡᠨ ᠨᠢ᠍ᠡᠡᠳ᠋ᠠᠷᠠᠭᠰᠠᠨ
ᠡᠶ᠎ᠡ ᠵᠤᠭ᠍ᠢᠴᠠᠯᠳ᠋ᠤ ᠰᠢ᠍ᠨ᠎ᠡ ᠤᠩᠨ᠋ᠢ᠍ᠭᠤᠳ ᠮᠢᠨᠢ
ᠨᠡᠩ ᠲᠦ᠋ᠷᠭ᠍ᠡᠨ ᠭᠦᠭᠵᠢ᠍ᠭᠦ ᠪᠤᠯᠳ᠋ᠤᠭᠠᠢ ︕
ᠬᠤᠷᠤᠢ ᠂ ᠬᠤᠷᠤᠢ ᠂ ᠬᠤᠷᠤᠢ ︕
ᠤᠯᠠᠨ ᠄ ᠬᠤᠷᠤᠢ ᠂ ᠬᠤᠷᠤᠢ ᠂ ᠬᠤᠷᠤᠢ ︕
ᠳᠠᠭᠠᠭᠠᠮᠠᠯ ᠄ ᠯᠤᠤᠰ ᠤᠨ ᠡᠵᠡᠨ ᠤ ᠰᠣᠶᠤᠷᠬᠠᠯ ᠢᠶᠡᠷ
ᠪᠣᠷᠤᠭᠠᠨ ᠤᠰᠤ ᠲᠡᠭ᠍ᠰᠢ᠍ᠷᠡᠵᠤ
ᠲᠠᠪᠤᠨ ᠲᠠᠷᠢ᠍ᠶ᠎ᠠ ᠡᠯᠪᠡᠭ ᠬᠤᠷᠢ᠍ᠶᠠᠵᠤ
ᠳᠠᠶᠠᠭᠠᠷ ᠤᠯᠠᠨ ᠢ ᠢᠪᠡᠭ᠍ᠡᠭᠦ ᠪᠤᠯᠳ᠋ᠤᠭᠠᠢ ︕
ᠬᠤᠷᠤᠢ ᠂ ᠬᠤᠷᠤᠢ ᠬᠤᠷᠤᠢ ︕
ᠤᠯᠠᠨ ᠄ ᠬᠤᠷᠤᠢ ᠂ ᠬᠤᠷᠤᠢ ᠬᠤᠷᠤᠢ ︕
ᠳᠠᠭᠠᠭᠠᠮᠠᠯ ᠄ ᠯᠤᠤᠰ ᠤᠨ ᠡᠵᠡᠨ ᠤ ᠦᠷᠦᠰᠢ᠍ᠶᠡᠯ ᠢᠶᠡᠷ
ᠬᠤᠷ᠎ᠠ ᠲᠤᠨ᠋ᠤᠳ᠋ᠠᠰᠤ ᠲᠡᠭ᠍ᠰᠢ᠍ᠷᠡᠵᠤ
ᠡᠪᠡᠰᠦ ᠪᠡᠯᠴᠢ᠍ᠭ᠍ᠡᠷ ᠦᠩᠭ᠍ᠡᠰᠢ᠍ᠵᠤ
ᠲᠠᠪᠤᠨ ᠬᠤᠰᠢ᠍ᠭᠤ ᠮᠠᠯ ᠦᠨ᠋ᠢ᠍ᠷ ᠥᠰᠬᠦ ᠪᠤᠯᠳ᠋ᠤᠭᠠᠢ ︕
ᠬᠤᠷᠤᠢ ᠂ ᠬᠤᠷᠤᠢ ᠂ ᠬᠤᠷᠤᠢ ︕
ᠤᠯᠠᠨ ᠄ ᠬᠤᠷᠤᠢ ᠂ ᠬᠤᠷᠤᠢ ᠂ ᠬᠤᠷᠤᠢ ︕
ᠳᠠᠭᠠᠭᠠᠮᠠᠯ ᠄ ᠯᠤᠤᠰ ᠲᠠᠭ᠍ᠢᠭᠰᠠᠨ ᠤ ᠰᠠᠢᠨ ᠢᠶᠡᠷ
ᠬᠤᠷ᠎ᠠ ᠶᠢᠨ ᠰᠢ᠍ᠮ᠎ᠡ ᠬᠠᠢᠷᠠᠯᠠᠵᠤ
ᠠᠭᠤᠯᠠ ᠤᠰᠤ ᠨᠣᠭᠤᠭᠠᠷᠠᠨ
ᠠᠮᠢ ᠠᠬᠤᠢ ᠰᠠᠢᠵᠢ᠍ᠷᠠᠬᠤ ᠪᠤᠯᠳ᠋ᠤᠭᠠᠢ ︕
ᠬᠤᠷᠤᠢ ᠂ ᠬᠤᠷᠤᠢ ᠂ ᠬᠤᠷᠤᠢ ︕
ᠤᠯᠠᠨ ᠄ ᠬᠤᠷᠤᠢ ᠂ ᠬᠤᠷᠤᠢ ᠂ ᠬᠤᠷᠤᠢ ︕
ᠳᠠᠭᠠᠭᠠᠮᠠᠯ ᠄ ᠯᠤᠤᠰ ᠤᠨ ᠡᠵᠡᠨ ᠤ ᠰᠠᠢᠨ ᠢᠶᠡᠷ
ᠭᠣᠣᠯ ᠮᠥ᠋ᠷᠡᠨ ᠪᠣᠯᠭᠠᠨ ᠬᠠᠰᠢ᠍ᠯᠭ᠎ᠠ ᠪᠤᠭᠤᠯᠳ᠋ᠠ ᠲᠡᠢ
ᠨᠠᠭᠤᠷ ᠴᠦ᠋ᠭᠦᠷᠡᠮ ᠪᠣᠯᠭᠠᠨ ᠵᠢᠭᠠᠰᠤᠨ ᠭᠠᠷᠤᠯᠳ᠋ᠠ ᠲᠡᠢ ᠪᠣᠯᠵᠤ
ᠤᠰᠤᠨ ᠠᠰᠢ᠍ᠭᠯᠠᠯᠳ᠋ᠠ ᠤᠯᠠᠮ ᠭᠦᠭᠵᠢ᠍ᠭᠦ ᠪᠤᠯᠳ᠋ᠤᠭᠠᠢ ︕
ᠬᠤᠷᠤᠢ ᠂ ᠬᠤᠷᠤᠢ ᠂ ᠬᠤᠷᠤᠢ ︕
ᠤᠯᠠᠨ ᠄ ᠬᠤᠷᠤᠢ ᠂ ᠬᠤᠷᠤᠢ ᠂ ᠬᠤᠷᠤᠢ ︕
ᠳᠠᠭᠠᠭᠠᠮᠠᠯ ᠄ ᠯᠤᠤᠰ ᠤᠨ ᠡᠵᠡᠨ ᠤ ᠰᠠᠢᠨ ᠢᠶᠡᠷ
ᠡᠳ᠋ ᠤᠨ ᠡᠵᠡᠳ ᠪᠠᠶᠠᠰᠴᠤ
ᠦᠢ᠍ᠯᠡᠳᠪᠦᠷᠢ ᠠᠭᠤᠷᠬᠠᠢ ᠶᠢᠨ ᠭᠠᠷᠤᠯᠳ᠋ᠠ ᠨᠠᠮᠡᠭ᠍ᠳ᠋ᠡᠵᠤ
ᠡᠳ᠋ ᠤᠨ ᠵᠠᠰᠠᠭ ᠤᠨ ᠣᠷᠤᠯᠭ᠎ᠠ ᠨᠡᠮᠡᠭ᠍ᠳ᠋ᠡᠭᠦ ᠪᠤᠯᠳ᠋ᠤᠭᠠᠢ ︕
ᠬᠤᠷᠤᠢ ᠂ ᠬᠤᠷᠤᠢ ᠂ ᠬᠤᠷᠤᠢ ︕
ᠤᠯᠠᠨ ᠄ ᠬᠤᠷᠤᠢ ᠂ ᠬᠤᠷᠤᠢ ᠂ ᠬᠤᠷᠤᠢ ︕
ᠳᠠᠭᠠᠭᠠᠮᠠᠯ ᠄ ᠯᠤᠤᠰ ᠤᠨ ᠡᠵᠡᠨ ᠤ ᠰᠠᠢᠨ ᠢᠶᠡᠷ
ᠠᠷᠠᠯᠵᠢ᠍ᠶ᠎ᠠ ᠬᠤᠳ᠋ᠠᠯᠳ᠋ᠤᠭ᠎ᠠ ᠭᠦᠭᠵᠢ᠍ᠶᠡᠨᠲᠠᠢ ᠪᠣᠯᠵᠤ
ᠠᠰᠢ᠍ᠭ ᠣᠷᠤᠯᠭ᠎ᠠ ᠨᠡᠮᠡᠭ᠍ᠳ᠋ᠡᠨ
ᠠᠷᠠᠳ ᠤᠨ ᠠᠮᠢ᠍ᠳ᠋ᠤᠷᠠᠯ ᠰᠠᠢᠵᠢ᠍ᠷᠠᠬᠤ ᠪᠤᠯᠳ᠋ᠤᠭᠠᠢ ︕
ᠬᠤᠷᠤᠢ ᠂ ᠬᠤᠷᠤᠢ ᠂ ᠬᠤᠷᠤᠢ ︕
ᠤᠯᠠᠨ ᠄ ᠬᠤᠷᠤᠢ ᠬᠤᠷᠤᠢ ᠂ ᠬᠤᠷᠤᠢ ︕
ᠳᠠᠭᠠᠭᠠᠮᠠᠯ ᠄ ᠯᠤᠤᠰ ᠤᠨ ᠡᠵᠡᠨ ᠤ ᠰᠠᠢᠨ ᠢᠶᠡᠷ
ᠵᠠᠮ ᠬᠠᠷᠢ᠍ᠯᠴᠠᠭ᠎ᠠ ᠲᠦ᠋ᠭᠦᠮ ᠪᠣᠯᠵᠤ
ᠠᠶᠠᠨ ᠲᠡᠭ᠍ᠡᠭ᠍ᠡᠪᠦᠷᠢ ᠭᠦᠭᠵᠢ᠍ᠶᠡᠨᠲᠠᠢ ᠪᠣᠯᠵᠤ
ᠠᠷᠠᠳ ᠤᠨ ᠣᠷᠤᠯᠭ᠎ᠠ ᠨᠡᠮᠡᠭ᠍ᠳ᠋ᠡᠭᠦ ᠪᠤᠯᠳ᠋ᠤᠭᠠᠢ ︕
ᠬᠤᠷᠤᠢ ᠂ ᠬᠤᠷᠤᠢ ᠂ ᠬᠤᠷᠤᠢ ︕
ᠤᠯᠠᠨ ᠄ ᠬᠤᠷᠤᠢ ᠂ ᠬᠤᠷᠤᠢ ᠂ ᠬᠤᠷᠤᠢ ︕
ᠳᠠᠭᠠᠭᠠᠮᠠᠯ ᠄ ᠯᠤᠤᠰ ᠤᠨ ᠡᠵᠡᠨ ᠤ ᠰᠠᠢᠨ ᠢᠶᠡᠷ
ᠬᠤᠳ᠋ᠠ ᠶᠢᠨ ᠪᠦᠳ᠋ᠦᠭ᠍ᠡᠨ ᠪᠠᠢᠭᠤᠯᠤᠯᠳ᠋ᠠ ᠲᠦ᠋ᠷᠭ᠍ᠡᠳᠴᠤ
ᠵᠡᠭ᠍ᠡᠯᠢ ᠭᠤᠳ᠋ᠤᠮᠵᠢ ᠰᠠᠷᠠᠭᠤᠯ ᠠᠭᠤᠳ᠋ᠠᠮ
ᠠᠰᠠᠷ ᠲᠠᠭᠳ᠋ᠤ ᠰᠦ᠋ᠷᠯᠢ᠍ᠭ᠌ ᠰᠠᠢᠬᠠᠨ
ᠬᠤᠳ᠋ᠠ ᠶᠢᠨ ᠦᠵᠡᠮᠵᠢ ᠭᠣᠴᠤ ᠰᠠᠢᠨ ᠪᠤᠯᠳ᠋ᠤᠭᠠᠢ ︕
ᠬᠤᠷᠤᠢ ᠂ ᠬᠤᠷᠤᠢ ᠂ ᠬᠤᠷᠤᠢ ︕
ᠤᠯᠠᠨ ᠄ ᠬᠤᠷᠤᠢ ᠂ ᠬᠤᠷᠤᠢ ᠂ ᠬᠤᠷᠤᠢ ︕
ᠳᠠᠭᠠᠭᠠᠮᠠᠯ ᠄ ᠯᠤᠤᠰ ᠤᠨ ᠡᠵᠡᠨ ᠤ ᠰᠠᠢᠨ ᠢᠶᠡᠷ
ᠦᠰᠦᠭ ᠪᠢᠴᠢ᠍ᠭ᠌ ᠢᠶᠡᠷ ᠤᠯᠠᠮ ᠭᠡᠭ᠍ᠡᠷᠡᠵᠤ
ᠰᠤᠳ᠋ᠤᠨ ᠪᠠᠭᠠᠴᠤᠳ ᠤᠯᠠᠰᠢ᠍ᠷᠠᠵᠤ
ᠰᠤᠷᠭᠠᠨ ᠭᠦᠮᠦᠵᠢ᠍ᠯ ᠭᠦᠭᠵᠢ᠍ᠭᠦ ᠪᠤᠯᠳ᠋ᠤᠭᠠᠢ ︕
ᠬᠤᠷᠤᠢ ᠂ ᠬᠤᠷᠤᠢ ᠂ ᠬᠤᠷᠤᠢ ︕
ᠤᠯᠠᠨ ᠄ ᠬᠤᠷᠤᠢ ᠂ ᠬᠤᠷᠤᠢ ᠂ ᠬᠤᠷᠤᠢ ︕
ᠳᠠᠭᠠᠭᠠᠮᠠᠯ ᠄ ᠯᠤᠤᠰ ᠤᠨ ᠡᠵᠡᠨ ᠤ ᠰᠠᠢᠨ ᠢᠶᠡᠷ
ᠰᠣᠶᠤᠯ ᠲᠠᠮᠢ᠍ᠷ ᠤᠯᠠᠮ ᠭᠦᠭᠵᠢ᠍ᠵᠤ
ᠰᠤᠳ᠋ᠤᠨᠡᠷᠳ᠋ᠡᠮᠳ᠋ᠡᠨ ᠤᠯᠠᠰᠢ᠍ᠷᠠᠵᠤ
ᠦᠩᠭ᠍ᠡ ᠶᠢᠨ ᠴᠡᠴᠡᠭ ᠲᠡᠯᠭ᠍ᠡᠷᠡᠭᠦ ᠪᠤᠯᠳ᠋ᠤᠭᠠᠢ ︕
ᠬᠤᠷᠤᠢ ᠂ ᠬᠤᠷᠤᠢ ᠂ ᠬᠤᠷᠤᠢ ︕
ᠤᠯᠠᠨ ᠄ ᠬᠤᠷᠤᠢ ᠂ ᠬᠤᠷᠤᠢ ᠂ ᠬᠤᠷᠤᠢ ︕
ᠳᠠᠭᠠᠭᠠᠮᠠᠯ ᠄ ᠯᠤᠤᠰ ᠤᠨ ᠡᠵᠡᠨ ᠤ ᠰᠠᠢᠨ ᠢᠶᠡᠷ
ᠡᠮ ᠡᠮᠨ᠋ᠡᠯᠭ᠍ᠡ ᠶᠢᠨ ᠦᠢ᠍ᠯᠡᠰ ᠭᠦᠭᠵᠢ᠍ᠵᠤ
ᠡᠪᠡᠳᠴᠢ᠍ᠨ ᠡᠮᠵᠡᠭ ᠠᠷᠢ᠍ᠯᠵᠤ
ᠦᠭ᠍ᠯᠢ᠍ᠭ᠍ᠡ ᠶᠢᠨ ᠡᠵᠡᠳ ᠪᠦᠬᠦᠨ ᠤᠷᠳ᠋ᠤ ᠨᠠᠰᠤᠯᠠᠬᠤ ᠪᠤᠯᠳ᠋ᠤᠭᠠᠢ ︕
ᠬᠤᠷᠤᠢ ᠂ ᠬᠤᠷᠤᠢ ᠂ ᠬᠤᠷᠤᠢ ︕
ᠤᠯᠠᠨ ᠄ ᠬᠤᠷᠤᠢ ᠂ ᠬᠤᠷᠤᠢ ᠂ ᠬᠤᠷᠤᠢ ︕
ᠳᠠᠭᠠᠭᠠᠮᠠᠯ ᠄ ᠯᠤᠤᠰ ᠤᠨ ᠡᠵᠡᠨ ᠤ ᠰᠠᠢᠨ ᠢᠶᠡᠷ
ᠬᠥᠮᠦᠨ ᠠᠷᠠᠳ ᠨᠢ ᠰᠡᠴᠡᠨ ᠰᠡᠷᠭᠦᠯᠡᠩ ᠪᠣᠯᠵᠤ
ᠰᠢ᠍ᠨ᠎ᠡ ᠡᠭᠦᠳ᠋ᠦᠯᠳ᠋ᠡ ᠨᠡᠩ ᠤᠯᠠᠰᠢ᠍ᠷᠠᠵᠤ
ᠰᠢ᠍ᠨᠵᠢ᠍ᠯᠡᠭᠦ ᠮᠡᠷᠭ᠍ᠡᠵᠢ᠍ᠯ ᠶᠡᠭ᠍ᠡᠪᠡᠷ ᠭᠦᠭᠵᠢ᠍ᠭᠦ ᠪᠤᠯᠳ᠋ᠤᠭᠠᠢ ︕
ᠬᠤᠷᠤᠢ ᠂ ᠬᠤᠷᠤᠢ ᠂ ᠬᠤᠷᠤᠢ ︕
ᠤᠯᠠᠨ ᠄ ᠬᠤᠷᠤᠢ ᠂ ᠬᠤᠷᠤᠢ ᠂ ᠬᠤᠷᠤᠢ ︕
ᠳᠠᠭᠠᠭᠠᠮᠠᠯ ᠄ ᠯᠤᠤᠰ ᠤᠨ ᠡᠵᠡᠨ ᠤ ᠰᠠᠢᠨ ᠢᠶᠡᠷ
ᠬᠤᠳ᠋ᠤᠭ ᠭᠡᠰᠢ᠍ᠭ᠌ ᠡᠭᠦᠳ᠋ᠡ ᠪᠣᠯᠭᠠᠨ ᠳᠤ ᠰᠠᠭᠠᠳ᠋ᠠᠵᠤ
ᠬᠤᠳ᠋ᠠᠯᠠ ᠪᠤᠶᠠᠨ ᠡᠷᠤᠭ᠍ᠡ ᠪᠣᠯᠭᠠᠨ ᠳᠤ ᠪᠠᠭᠤᠵᠤ
ᠡᠳ᠋ ᠭᠦᠷᠦᠩᠭ᠍ᠡ ᠡᠯᠪᠡᠭ ᠲᠡᠯᠪᠡᠭ᠌ ᠪᠤᠯᠳ᠋ᠤᠭᠠᠢ ︕
ᠡᠷᠤᠭ᠍ᠡ ᠭᠡᠷ ᠡᠶ᠎ᠡ ᠪᠦᠯᠭᠦᠮᠳ᠋ᠡᠯ ᠲᠡᠢ ᠪᠤᠯᠳ᠋ᠤᠭᠠᠢ ︕
ᠡᠨ᠋ᠡ ᠪᠡᠶ᠎ᠡ ᠡᠷᠡᠭᠦᠯ ᠴᠠᠭ᠍ᠢᠷᠠᠭ ᠪᠤᠯᠳ᠋ᠤᠭᠠᠢ ︕
ᠡᠭ᠍ᠡ ᠨᠤᠳ᠋ᠤᠭ ᠪᠠᠶᠠᠨ ᠴᠢ᠍ᠨ᠋ᠡᠭ᠍ᠡᠯᠢ᠍ᠭ᠌ ᠪᠤᠯᠳ᠋ᠤᠭᠠᠢ ︕
ᠬᠤᠷᠤᠢ ᠂ ᠬᠤᠷᠤᠢ ᠂ ᠬᠤᠷᠤᠢ ︕
ᠤᠯᠠᠨ ᠄ ᠬᠤᠷᠤᠢ ᠂ ᠬᠤᠷᠤᠢ ᠂ ᠬᠤᠷᠤᠢ ︕

    2016 ᠤᠨ ᠤ 5 ᠰᠠᠷ᠎ᠠ ᠶᠢ᠍ᠨ16 ᠤ ᠡᠳ᠋ᠦᠷ ᠃
ᠬᠠᠶᠢᠭ ᠄ 024500 ᠤᠯᠠᠭᠠᠨᠬᠠᠳ᠋ᠠ ᠬᠤᠳ᠋ᠠ ᠶᠢᠨ ᠤᠩᠨ᠋ᠢ᠍ᠭᠤᠳ ᠬᠤᠰᠢ᠍ᠭᠤᠨ ᠤ ᠢᠳ᠋ᠡᠭ᠍ᠡᠮᠵᠢ ᠶᠢᠨ ᠬᠤᠯᠪᠤᠭᠠᠳ᠋ᠤ ᠬᠤᠷᠰᠢ᠍ᠶ᠎ᠠ ᠶᠢᠨ ᠠᠬᠠᠮᠠᠳ ᠺᠠᠲᠷ

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠥᠪᠦᠷ ᠮᠣᠩᠭᠤᠯ ᠥᠨᠳᠥᠰᠥᠲᠡᠨ ᠦ ᠰᠤᠷᠭᠠᠨ ᠬᠥᠮᠦᠵᠢᠯ ᠦᠨ ᠰᠦᠯᠵᠢᠶ᠎ᠡ ᠬᠡᠪᠯᠡᠯ ᠦᠨ ᠡᠷᠬᠡ ᠲᠡᠢ ᠃ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃