lt
ᠬᠦᠮᠦᠵᠢᠯ ᠲᠠᠳᠬᠠᠯ
ᠭᠦᠪᠡᠭᠡ ᠶᠢᠨ ᠠᠢᠯ ᠭᠠᠴᠠᠭ᠎ᠠ ᠳᠠᠬᠢ ᠨᠠᠷᠠᠨ ᠰᠠᠬᠢᠭᠤᠰᠤ ᠶᠢ ᠲᠠᠬᠢᠬᠤ ᠲᠥᠰᠦᠯ
2016.05.12 ᠲᠣᠰ ᠥᠷᠲᠡᠭᠡᠨ ᠦ ᠨᠠᠢᠷᠠᠭᠤᠯᠤᠭᠴᠢ

     ᠭᠦᠪᠡᠭᠡ ᠶᠢᠨ ᠠᠢᠯ ᠭᠠᠴᠠᠭ᠎ᠠ ᠳᠠᠬᠢ ᠨᠠᠷᠠᠨ ᠰᠠᠬᠢᠭᠤᠰᠤ ᠶᠢ ᠲᠠᠬᠢᠬᠤ ᠲᠥᠰᠦᠯ

            ᠨᠠᠮᠲᠠᠢᠰᠦᠷᠦᠩ

    ᠣᠩᠨᠢᠭᠤᠳ ᠬᠣᠰᠢᠭᠤᠨ ᠤ ᠪᠤᠷᠤᠬᠤᠳᠠ ᠪᠠᠯᠭᠠᠰᠤ ᠶᠢᠨ ᠭᠦᠪᠡᠭᠡ ᠶᠢᠨ ᠠᠢᠯ ᠤᠨ ᠤᠩᠬᠢ ᠶᠢᠨ ᠠᠭᠤᠯᠠ ᠶᠢᠨ ᠪᠠᠷᠠᠭᠤᠨ ᠡᠮᠦᠨ᠎ᠡ ᠳᠣᠣᠷ᠎ᠠ ᠨᠢᠭᠡ 《 ᠨᠠᠷᠠᠨ ᠰᠠᠬᠢᠭᠤᠰᠤ ᠶᠢᠨ ᠬᠠᠳᠠᠨ ᠵᠢᠷᠤᠭ 》 ᠪᠠᠢᠳᠠᠭ ᠂ ᠡᠨᠡ ᠪᠣᠯ ᠡᠷᠲᠡᠨ ᠤ ᠡᠳ᠋ ᠥᠷᠯᠦᠭ ᠤᠨ ᠭᠤᠤᠯᠳᠠᠯᠠᠭ᠎ᠠ ᠲᠠᠢ ᠬᠠᠮᠠᠭᠠᠯᠠᠬᠤ ᠲᠥᠷᠦᠯ ᠵᠦᠢᠯ ᠤᠨ ᠨᠢᠭᠡᠨ ᠮᠥᠨ ᠃ 6000 ᠵᠢᠯ ᠤᠨ ᠡᠮᠦᠨ᠎ᠡ ᠂ ᠮᠠᠨ ᠤ ᠡᠪᠦᠭᠡ ᠳᠡᠭᠡᠳᠦᠰ ᠡᠨᠳᠡ ᠨᠠᠷᠠᠨ ᠰᠠᠬᠢᠭᠤᠰᠤ ᠶᠢ ᠳᠠᠬᠢᠵᠤ ᠪᠠᠢᠭᠰᠠᠨ ᠠᠵᠠᠢ ᠃ ᠡᠨᠡ ᠨᠢ ᠮᠥᠨ ᠴᠤ ᠪᠥᠬᠡ ᠶᠢᠨ ᠱᠠᠰᠢᠨᠲᠠᠨ ᠤ ᠱᠠᠰᠢᠨ ᠤ ᠬᠥᠳᠡᠯᠭᠡᠭᠡᠨ ᠬᠢᠵᠦ ᠪᠠᠢᠭᠰᠠᠨ ᠲᠠᠯᠠᠪᠤᠷ ᠶᠤᠮ ᠃ ᠡᠢᠮᠦ ᠡᠴᠡ ᠡᠨᠡ ᠬᠠᠳᠠᠨ ᠵᠢᠷᠤᠭ ᠨᠢ ᠮᠠᠰᠢ ᠶᠡᠬᠡ ᠰᠤᠳᠤᠯᠭᠠᠨ ᠤ ᠦᠨ᠎ᠡ ᠥᠷᠲᠡᠭ ᠪᠠ ᠬᠡᠷᠡᠭᠯᠡᠭᠡᠨ ᠤ ᠦᠨ᠎ᠡ ᠥᠷᠲᠡᠭ ᠲᠠᠢ ᠶᠤᠮ ᠃

    ᠲᠦᠮᠡᠨ ᠪᠣᠳᠠᠰ ᠦᠰᠦᠨ ᠪᠣᠢᠵᠢᠬᠤ ᠳᠤ ᠨᠠᠷᠠᠨ ᠤ ᠭᠡᠷᠡᠯ ᠢ ᠲᠦᠰᠢᠭᠯᠡᠨ᠎ᠡ ᠃ ᠨᠠᠷᠠ ᠪᠣᠯ ᠬᠥᠮᠦᠨ ᠲᠥᠷᠦᠯᠬᠢᠲᠡᠨ ᠳᠤ ᠭᠡᠷᠡᠯ ᠭᠡᠭᠡ ᠶᠢ ᠠᠪᠴᠢᠷᠠᠵᠤ ᠥᠭᠭᠦᠭᠰᠡᠨ ᠶᠤᠮ ᠃ ᠡᠢᠮᠦ ᠪᠣᠯᠬᠣᠷ ᠳᠡᠯᠡᠬᠡᠢ ᠶᠢᠨ ᠡᠯ᠎ᠡ ᠦᠨᠳᠦᠰᠦᠲᠡᠨ ᠤ ᠠᠷᠠᠳ ᠲᠦᠮᠡᠨ ᠳᠤ ᠪᠠᠷᠤᠭ ᠪᠦᠷ ᠯᠡ ᠨᠠᠷᠠ ᠶᠢ ᠰᠦᠰᠦᠭᠯᠡᠨ ᠳᠠᠬᠢᠵᠤ ᠰᠢᠲᠦᠵᠦ ᠪᠠᠢᠭᠰᠠᠨ ᠵᠠᠩ ᠵᠠᠩᠰᠢᠯ ᠤᠨ ᠲᠡᠦᠬᠡ ᠲᠠᠢ ᠪᠠᠢᠭᠰᠠᠨ ᠶᠤᠮ ᠃ ᠮᠠᠨ ᠤ ᠤᠯᠤᠰ ᠤᠨ ᠲᠡᠦᠬᠡᠨ ᠳᠡᠭᠡᠷ᠎ᠡ ᠶᠢᠨ ᠬᠥᠮᠦᠨ ᠥᠷᠯᠦᠭᠡ ᠤᠷᠤᠢ ᠬᠣᠶᠠᠷ ᠴᠠᠭ ᠢᠶᠠᠷ ᠨᠠᠷᠠ ᠶᠢ ᠳᠠᠬᠢᠵᠤ ᠪᠠᠢᠯ᠎ᠠ ᠭᠡᠳᠡᠭ ᠃ ᠾᠦᠩᠨᠤ ᠶᠢᠨ ᠡᠵᠡᠨ ᠴᠠᠨ ᠢᠦᠢ ᠥᠷᠯᠦᠭᠡ ᠪᠣᠯᠭᠠᠨ ᠭᠠᠳᠠᠨ᠎ᠠ ᠭᠠᠷᠴᠤ ᠨᠠᠷᠠ ᠮᠠᠨᠳᠤᠬᠤ ᠶᠢ ᠤᠭᠲᠤᠨ ᠠᠪᠬᠤ ᠲᠠᠭᠢᠯᠠᠭ᠎ᠠ ᠶᠢᠨ ᠶᠣᠰᠤᠯᠠᠯ ᠶᠠᠪᠤᠭᠤᠯᠳᠠᠭ ᠭᠡᠨ᠎ᠡ ᠃ ᠮᠠᠨ ᠤ ᠣᠩᠨᠢᠭᠤᠳ ᠬᠣᠰᠢᠭᠤᠨ ᠳᠤ ᠤᠩᠬᠢ ᠶᠢᠨ ᠠᠭᠤᠯᠠ ᠪᠤᠯᠤᠨ ᠵᠠᠷᠠᠭ᠎ᠠ ᠶᠢᠨ ᠠᠭᠤᠯᠠᠨ ᠳᠤ 《 ᠨᠠᠷᠠᠨ ᠰᠠᠬᠢᠭᠤᠰᠤ ᠶᠢᠨ ᠬᠠᠳᠠᠨ ᠵᠢᠷᠤᠭ 》 ᠪᠠᠢᠳᠠᠭ ᠃ ᠡᠭᠦᠨ ᠡᠴᠡ ᠪᠢᠳᠡ ᠂ ᠲᠡᠦᠬᠡᠨ ᠳᠡᠭᠡᠷ᠎ᠡ ᠮᠠᠨ ᠤ ᠡᠨᠳᠡᠬᠢ ᠡᠪᠦᠭᠡ ᠳᠡᠭᠡᠳᠦᠰ ᠡᠨᠳᠡ ᠨᠠᠷᠠᠨ ᠰᠠᠬᠢᠭᠤᠰᠤ ᠶᠢ ᠰᠢᠳᠦᠨ ᠳᠠᠬᠢᠵᠤ ᠪᠠᠢᠯ᠎ᠠ ᠭᠡᠳᠡᠭ ᠢ ᠮᠡᠳᠡᠵᠦ ᠪᠣᠯᠤᠨ᠎ᠠ ᠃ ᠣᠳᠤ ᠮᠠᠨ ᠤ ᠣᠩᠨᠢᠭᠤᠳ ᠬᠣᠰᠢᠭᠤᠨ ᠤ ᠬᠥᠳᠡᠭᠡ ᠲᠣᠰᠭᠤᠨ ᠳᠤ ᠨᠠᠷᠠ ᠭᠬᠢᠷᠲᠦᠬᠦ ᠪᠠ ᠰᠠᠷᠠ ᠭᠬᠢᠷᠲᠦᠬᠦ ᠦᠶ᠎ᠡ ᠳᠤ ᠮᠠᠯᠴᠢᠨ ᠲᠠᠷᠢᠶᠠᠴᠢᠳ ᠪᠠᠰᠠ ᠭᠠᠤᠯᠢᠨ ᠲᠦᠩᠫᠦᠨ ᠤ ᠢᠷᠤᠭᠠᠯ ᠢ ᠲᠣᠭᠰᠢᠵᠤ 《 ᠷᠠᠬᠤ ᠨᠠᠷᠠ ᠰᠠᠷᠠ ᠶᠢ ᠢᠳᠡᠬᠦ 》 ᠶᠢ ᠰᠡᠷᠭᠡᠢᠯᠡᠵᠦ ᠪᠠᠢᠨ᠎ᠠ ᠭᠡᠵᠦ ᠳᠣᠮ ᠳᠣᠬᠢᠶ᠎ᠠ ᠬᠢᠳᠡᠭ ᠡᠷᠲᠡᠨ ᠤ ᠵᠠᠩ ᠵᠠᠩᠰᠢᠯ ᠢᠶᠠᠨ ᠪᠠᠷᠢᠮᠲᠠᠯᠠᠵᠤ ᠪᠠᠢᠳᠠᠭ ᠃ ᠮᠠᠯᠵᠢᠬᠤ ᠣᠷᠤᠨ ᠤ ᠮᠣᠩᠭᠤᠯᠴᠤᠳ ᠪᠠᠰᠠ ᠨᠠᠷᠠ ᠭᠠᠷᠬᠤ ᠦᠶ᠎ᠡ ᠳᠤ ᠨᠠᠷᠠᠨ ᠳᠤ ᠰ ᠰᠦ᠋ ᠶᠢᠨ ᠰᠠᠴᠤᠯᠢ ᠡᠷᠭᠦᠵᠦ ᠂ ᠨᠠᠷᠠ ᠶᠢ ᠤᠭᠲᠤᠨ ᠠᠪᠴᠤ ᠪᠠᠢᠬᠤ ᠰᠡᠳᠭᠢᠯᠭᠡ ᠪᠠᠨ ᠢᠯᠡᠳᠭᠡᠵᠦ ᠪᠠᠢᠳᠠᠭ ᠃

    ᠨᠠᠷᠠ ᠶᠢ ᠲᠠᠬᠢᠬᠤ ᠶᠣᠰᠤᠯᠠᠯ ᠢ ᠡᠳᠦᠷ ᠪᠣᠯᠭᠠᠨ ᠤ ᠥᠷᠯᠦᠭᠡ ᠤᠷᠤᠢ ᠶᠠᠪᠤᠭᠳᠠᠭᠤᠯᠬᠤ ᠡᠴᠡ ᠭᠠᠳᠠᠨ᠎ᠠ ᠪᠠᠰᠠ ᠪᠢᠯᠢᠭ᠌ ᠤᠨ ᠤᠯᠠᠷᠢᠯ ᠤᠨ ᠵᠢᠷᠭᠤᠭᠠᠨ ᠰᠠᠷ᠎ᠠ ᠶᠢᠨ ᠠᠷᠪᠠ ᠶᠢᠰᠦᠨ ᠤ ᠨᠠᠷᠠᠨ ᠰᠠᠬᠢᠭᠤᠰᠤ ᠤᠨ ᠮᠡᠨᠳᠦᠯᠡᠭᠰᠡᠨ ᠡᠳᠦᠷ ᠢ ᠲᠣᠬᠢᠶᠠᠯᠳᠤᠭᠤᠯᠤᠨ ᠲᠠᠬᠢᠳᠠᠭ ᠪᠠᠢᠵᠠᠢ ᠃ ᠡᠨᠡ ᠡᠳᠦᠷ ᠤᠨ ᠨᠠᠷᠠ ᠭᠠᠷᠬᠤ ᠡᠴᠡ ᠡᠮᠦᠨ᠎ᠡ ᠃ ᠬᠥᠮᠦᠰ ᠨᠠᠷᠠᠨ ᠰᠠᠬᠢᠭᠤᠰᠤ ᠶᠢᠨ ᠬᠠᠲᠠᠨ ᠵᠢᠷᠤᠭ ᠤᠨ ᠳᠡᠷᠭᠡᠳᠡ ᠴᠤᠭᠯᠠᠷᠠᠵᠤ ᠨᠠᠷᠠ ᠶᠢ ᠳᠠᠬᠢᠵᠤ ᠂ ᠬᠤᠷ᠎ᠠ ᠪᠣᠷᠤᠭᠠᠨ ᠲᠡᠭᠰᠢᠷᠡᠵᠤ ᠂ ᠰᠠᠯᠬᠢᠨ ᠭᠠᠮᠰᠢᠭ ᠠᠷᠢᠯᠤᠨ ᠂ ᠲᠠᠪᠤᠨ ᠬᠣᠰᠢᠭᠤ ᠮᠠᠯ ᠥᠨᠢᠷ ᠥᠰᠴᠦ ᠂ ᠲᠠᠪᠤᠨ ᠲᠠᠷᠢᠶ᠎ᠠ ᠡᠯᠪᠡᠭ ᠬᠤᠷᠢᠶᠠᠯᠲᠠ ᠣᠯᠵᠤ ᠂ ᠡᠪᠡᠳᠴᠢᠨ ᠵᠣᠪᠠᠯᠠᠩ ᠠᠷᠢᠯᠤᠨ ᠂ ᠤᠯᠤᠰ ᠭᠡᠷ ᠲᠠᠢᠪᠤᠩ ᠂ ᠬᠥᠮᠦᠨ ᠠᠷᠠᠳ ᠠᠮᠤᠭᠤᠯᠠᠩ ᠪᠠᠢᠬᠤ ᠶᠢ ᠳᠠᠭᠠᠳᠭᠠᠨ ᠵᠠᠯᠪᠢᠷᠠᠵᠤ ᠂ ᠬᠠᠮᠲᠤᠪᠠᠷ ᠢᠶᠠᠨ ᠲᠡᠷᠡ ᠡᠳᠦᠷ ᠨᠠᠷᠠᠨ ᠪᠣᠣᠪᠤ ᠬᠠᠭᠠᠷᠢᠵᠤ ᠢᠳᠡᠳᠡᠭ ᠪᠠᠢᠵᠠᠢ ᠃

    ᠨᠢᠭᠡ ᠂ ᠨᠠᠷᠠ ᠲᠠᠬᠢᠬᠤ ᠪᠡᠯᠡᠳᠭᠡᠯ ᠠᠵᠢᠯ ᠤᠳ ᠢ ᠬᠢᠨ᠎ᠡ

    1 ᠂ ᠨᠠᠷᠠᠨ ᠰᠠᠬᠢᠭᠤᠰᠤ ᠶᠢᠨ ᠬᠠᠳᠠᠨ ᠵᠢᠷᠤᠭ ᠤᠨ ᠣᠷᠴᠢᠨ ᠲᠣᠭᠤᠷᠢᠨ ᠤ ᠡᠷᠡᠭᠦᠯ ᠬᠠᠮᠠᠭᠠᠯᠠᠯ ᠢ ᠰᠠᠢᠲᠤᠷ ᠬᠢᠨ᠎ᠡ ᠃ ᠬᠠᠳᠠᠨ ᠵᠢᠷᠤᠭ ᠪᠠᠨ ᠵᠦᠯᠭᠦᠵᠤ ᠠᠷᠴᠢᠨ ᠬᠦᠵᠢ ᠪᠠᠷ ᠠᠷᠢᠭᠤᠯᠠᠵᠤ ᠂ ᠳᠡᠭᠡᠷ᠎ᠡ ᠨᠢ ᠰᠢᠷ᠎ᠠ ᠂ ᠬᠥᠬᠡ ᠥᠩᠭᠡ ᠶᠢᠨ ᠬᠠᠳᠠᠭ ᠵᠡᠭᠦᠯᠭᠡᠵᠤ ᠴᠢᠮᠡᠨ᠎ᠡ ᠃

    2 ᠂ ᠨᠠᠷᠠᠨ ᠰᠠᠬᠢᠭᠤᠰᠤ ᠶᠢᠨ ᠬᠠᠳᠠᠨ ᠵᠢᠷᠤᠭ ᠤᠨ ᠡᠮᠦᠨ᠎ᠡ ᠲᠠᠯ᠎ᠠ ᠳᠤ ᠲᠠᠬᠢᠯᠭ᠎ᠠ ᠶᠢᠨ ᠰᠢᠷᠡᠭᠡ ᠵᠠᠰᠠᠵᠤ ᠂ ᠳᠡᠭᠡᠷ᠎ᠡ ᠨᠢ ᠲᠠᠬᠢᠯᠭ᠎ᠠ ᠶᠢᠨ ᠶᠠᠭᠤᠮ᠎ᠠ ᠪᠠᠨ ᠲᠦᠭᠦᠷᠡᠳᠡᠯ᠎ᠡ ᠲᠠᠯᠪᠢᠨ᠎ᠠ ᠃ ᠲᠠᠬᠢᠯᠭ᠎ᠠ ᠶᠢᠨ ᠶᠠᠭᠤᠮ᠎ᠠ ᠳᠤ ᠴᠠᠭᠠᠨ ᠭᠤᠯᠢᠷ ᠢᠶᠠᠷ ᠬᠠᠭᠠᠷᠢᠭᠰᠠᠨ ᠨᠠᠷᠠᠨ ᠪᠣᠣᠪᠤ ᠂ ᠰᠦ᠋ ᠴᠠᠭ᠎ᠠ ᠶᠢᠨ ᠵᠦᠢᠯ ᠂ ᠠᠯᠢᠮ᠎ᠠ ᠵᠢᠮᠢᠰ ᠤᠨ ᠵᠦᠢᠯ ᠢ ᠲᠠᠯᠪᠢᠨ᠎ᠠ ᠃

    3 ᠂ ᠲᠠᠬᠢᠯᠭ᠎ᠠ ᠶᠢᠨ ᠰᠢᠷᠡᠭᠡ ᠶᠢᠨ ᠡᠮᠦᠨ᠎ᠡ ᠲᠠᠯ᠎ᠠ ᠳᠤ ᠱᠠᠩᠯᠦ ᠪᠤᠶᠤ ᠬᠣᠪᠤᠩ ᠲᠠᠯᠪᠢᠵᠤ ᠂ ᠳᠣᠲᠤᠷ᠎ᠠ ᠨᠢ ᠬᠦᠵᠢ ᠂ ᠠᠷᠴᠠ ᠂ ᠭᠦᠭᠦᠯ ᠵᠡᠷᠭᠡ ᠶᠢ ᠤᠩᠭᠠᠰᠬᠠᠨ ᠰᠠᠩ ᠲᠠᠯᠪᠢᠨ᠎ᠠ ᠃

    ᠬᠣᠶᠠᠷ ᠂ ᠨᠠᠷᠠᠨ ᠰᠠᠬᠢᠭᠤᠰᠤ ᠶᠢ ᠲᠠᠬᠢᠬᠤ ᠠᠯᠬᠤᠮ ᠳᠠᠷᠠᠭ᠎ᠠ

    1 ᠂ ᠨᠠᠷᠠᠨ ᠰᠠᠬᠢᠭᠤᠰᠤ ᠶᠢᠨ ᠬᠠᠳᠠᠨ ᠵᠢᠷᠤᠭ ᠤᠨ ᠢᠷᠡᠯᠲᠡ ᠶᠢᠨ ᠲᠤᠬᠠᠢ ᠲᠠᠨᠢᠯᠴᠠᠭᠤᠯᠭ᠎ᠠ ᠬᠢᠵᠦ ᠂ ᠡᠭᠦᠨ ᠢ ᠬᠠᠮᠠᠭᠠᠯᠠᠨ ᠠᠰᠢᠭᠯᠠᠬᠤ ᠶᠢᠨ ᠠᠴᠢ ᠬᠣᠯᠪᠤᠭᠳᠠᠯ ᠤᠨ ᠲᠤᠬᠠᠢ ᠶᠠᠷᠢᠶ᠎ᠠ ᠲᠠᠯᠪᠢᠨ᠎ᠠ ᠃

    2 ᠂ ᠭᠠᠴᠠᠭ᠎ᠠ ᠶᠢᠨ ᠵᠥᠪᠯᠡᠯ ᠤᠨ 《ᠨᠠᠷᠠᠨ ᠰᠠᠬᠢᠭᠤᠰᠤ ᠶᠢᠨ ᠬᠠᠳᠠᠨ ᠵᠢᠷᠤᠭ ᠢ ᠬᠠᠮᠠᠭᠠᠯᠠᠨ ᠠᠰᠢᠭᠯᠠᠬᠤ ᠲᠤᠬᠠᠢ ᠲᠣᠭᠲᠠᠭᠠᠯ 》 ᠢ ᠨᠡᠢᠳᠡᠯᠡᠨ᠎ᠡ ᠃

    3 ᠂ ᠢᠷᠦᠭᠡᠯᠴᠢ ᠡᠴᠡ ᠨᠠᠷᠠᠨ ᠰᠠᠬᠢᠭᠤᠰᠤ ᠶᠢᠨ ᠢᠷᠦᠭᠡᠯ ᠮᠠᠭᠲᠠᠭᠠᠯ ᠢ ᠤᠩᠰᠢᠵᠤ ᠂ ᠤᠯᠠᠨ ᠢᠶᠠᠷ ᠢᠶᠠᠨ ᠨᠠᠷᠠᠨ ᠰᠠᠬᠢᠭᠤᠰᠤ ᠶᠢᠨ ᠬᠠᠳᠠᠨ ᠵᠢᠷᠤᠭ ᠲᠤ ᠮᠥᠷᠭᠦᠵᠦ ᠵᠠᠯᠪᠢᠷᠠᠨ ᠳᠠᠭᠠᠳᠭᠠᠨ᠎ᠠ ᠃

    ᠨᠠᠷᠠᠨ ᠰᠠᠬᠢᠭᠤᠰᠤ ᠶᠢᠨ ᠢᠷᠦᠭᠡᠯ ᠮᠠᠭᠲᠠᠭᠠᠯ
ᠵᠧ !
    ᠤᠸᠮ ᠰᠠᠢᠨ ᠠᠮᠤᠭᠤᠯᠠᠩ ᠪᠣᠯᠲᠤᠭᠠᠢ     !
    ᠨᠠᠷᠠᠨ ᠰᠠᠬᠢᠭᠤᠰᠤ ᠥᠷᠦᠰᠢᠶᠡᠨ ᠲᠤᠰᠠᠯᠠᠬᠤ ᠪᠣᠯᠲᠤᠭᠠᠢ !
    ᠤᠷᠢᠬᠠᠨ ᠳᠤᠯᠠᠭᠠᠨ ᠭᠡᠭᠡᠨ ᠭᠡᠷᠡᠯ ᠳᠣᠷᠤᠨ᠎ᠠ ᠡᠴᠡ ᠰᠠᠴᠤᠷᠠᠨ ᠮᠠᠨᠳᠤᠵᠤ
ᠮᠠᠨ ᠤ ᠭᠡᠷᠡᠰᠡᠭᠡ ᠪᠤᠯᠤᠨ ᠰᠠᠬᠢᠭᠤᠰᠤᠨ ᠭᠠᠯᠪᠠᠷᠠᠭᠴᠠ ᠮᠣᠳᠤ ᠶᠢ ᠭᠡᠷᠡᠯᠲᠦᠭᠦᠯᠪᠡ ᠃
ᠠᠷᠢᠭᠤᠨ ᠴᠠᠭᠠᠨ ᠰᠠᠷᠠ ᠲᠠᠢ ᠰᠥᠨᠢ ᠲᠡᠭᠷᠢ ᠭᠡᠭᠡᠷᠡᠬᠦ ᠦᠶ᠎ᠡ ᠪᠠᠷ
    ᠠᠭᠲᠠ ᠮᠣᠷᠢ ᠶᠢ ᠬᠥᠩᠭᠡᠨ ᠲᠦᠰᠢᠭᠰᠡᠭᠡᠷ ᠨᠠᠰᠢ ᠪᠠᠨ ᠢᠨᠢᠶᠡᠮᠰᠦᠭᠯᠡᠨ ᠢᠷᠡᠯ᠎ᠡ ᠃
ᠠᠪᠤᠷᠭᠤ ᠤᠰᠤᠨ ᠬᠦᠷᠳᠦ ᠶᠢ ᠬᠦᠯᠦᠭᠯᠡᠨ ᠠᠶᠤᠩᠭ᠎ᠠ ᠶᠢᠨ ᠲᠠᠭᠤᠨ ᠢ ᠵᠢᠭᠡᠯᠡᠭᠰᠡᠭᠡᠷ
ᠡᠭᠦᠯᠡ ᠭᠦᠯᠦᠭᠯᠡᠨ ᠬᠥᠪᠪᠦᠨ ᠳᠡᠭᠳᠡᠭᠰᠡᠭᠡᠷ ᠮᠠᠨ ᠤ ᠡᠨᠳᠡ ᠢᠷᠡᠯ᠎ᠡ ᠃
ᠰᠡᠳᠭᠢᠯ ᠰᠠᠨᠠᠭᠠᠨ ᠳᠠᠭᠠᠨ ᠳᠤᠷᠠᠰᠤᠨ ᠡᠩ ᠮᠠᠩ ᠭᠡᠭᠰᠡᠭᠡᠷ
ᠰᠠᠨᠠᠭ᠎ᠠ ᠠᠯᠳᠠᠭᠰᠠᠭᠠᠷ ᠪᠢ ᠤᠭᠳᠤᠷᠭᠤᠢ ᠳᠤ ᠨᠢᠰᠤᠨ ᠭᠠᠷᠴᠤ ᠪᠢᠯᠡ ᠃
ᠲᠠᠭᠤᠨ ᠪᠤᠯᠤᠨ ᠥᠩᠭᠡ ᠶᠢᠨ ᠰᠠᠢᠬᠠᠨ ᠨᠢ ᠨᠠᠳᠠ ᠶᠢ ᠨᠢᠭᠡᠮᠦᠰᠦᠨ ᠪᠠᠶᠠᠰᠬᠠᠪᠠᠢ ᠂
ᠲᠣᠭᠤᠷᠢᠨ ᠦᠵᠡᠭᠴᠢᠳ ᠡᠨᠡᠬᠦ ᠦᠵᠡᠮᠵᠢ ᠳᠤ ᠠᠮᠤᠷᠵᠢᠨ ᠮᠠᠷᠲᠠᠰᠢ ᠦᠭᠡᠢ ᠃
ᠶᠠᠲᠤᠭ᠎ᠠ ᠶᠢᠨ ᠬᠥᠪᠴᠢ ᠶᠢ ᠴᠢᠩᠭᠠᠯᠠᠵᠤ ᠲᠣᠮᠤ ᠬᠡᠩᠭᠡᠷᠭᠡ ᠶᠢ ᠳᠡᠯᠡᠳᠦᠨ ᠪᠠᠢᠵᠤ
ᠵᠦᠩ ᠶᠢ ᠪᠠᠨ ᠬᠦᠴᠦᠯᠡᠨ ᠴᠣᠬᠢᠵᠤ ᠵᠦᠩ ᠤᠨ ᠲᠤᠯᠭᠠᠭᠤᠷᠢ ᠶᠢ ᠭᠤᠢᠪᠠᠯᠵᠢᠨ ᠬᠥᠳᠡᠯᠭᠡᠪᠡ ᠃
ᠭᠤᠤᠷᠰᠤᠨ ᠪᠢᠰᠭᠢᠭᠦᠷ ᠢ ᠬᠥᠭᠵᠢᠮᠳᠡᠨ ᠪᠠᠭᠴᠠ ᠪᠢᠰᠭᠢᠭᠦᠷ ᠢ ᠪᠠᠰᠠ ᠦᠯᠢᠶᠡᠨ
ᠲᠡᠷᠡ ᠭᠤᠸ᠎ᠠ ᠰᠠᠢᠬᠠᠨ ᠯᠠᠢᠴᠠᠩ ᠤᠨ ᠪᠥᠭᠡᠯᠡᠬᠦ ᠶᠢ ᠪᠤᠳᠤᠵᠤ ᠣᠯᠤᠯ᠎ᠠ ᠃
ᠰᠣᠯᠤᠩᠭᠠᠨ ᠰᠢᠪᠠᠭᠤ ᠰᠢᠭ ᠬᠥᠩᠭᠡᠬᠡᠨ ᠲᠡᠷᠪᠡᠵᠤ ᠨᠢᠰᠴᠦ ᠪᠦᠵᠢᠨ
ᠰᠢᠯᠦᠭ ᠲᠠᠭᠤᠨ ᠤ ᠠᠶ᠎ᠠ ᠶᠢ ᠲᠠᠭᠠᠵᠤ ᠬᠠᠮᠲᠤᠪᠠᠷ ᠪᠠᠶᠠᠰᠤᠨ ᠪᠦᠵᠢᠭᠯᠡᠶ᠎ᠡ ᠃
ᠠᠶᠠᠯᠭᠤ ᠠᠢᠵᠠᠮ ᠢ ᠨᠡᠢᠯᠡᠭᠦᠯᠦᠨ ᠠᠯᠬᠤᠭ᠎ᠠ ᠲᠠᠭᠠᠷᠠᠭᠤᠯᠵᠤ ᠡᠶ᠎ᠡ ᠵᠤᠭᠢᠴᠠᠭᠤᠯᠠᠨ
ᠤᠯᠠᠨ ᠰᠠᠬᠢᠭᠤᠯᠰᠤᠨ ᠲᠡᠭᠷᠢ ᠤᠨ ᠳᠠᠯᠳᠠ ᠨᠠᠷᠠ ᠶᠢ ᠬᠠᠯᠬᠠᠯᠠᠵᠤ ᠢᠷᠡᠵᠡᠭᠡᠯ᠎ᠡ ᠃
ᠬᠥᠬᠡ ᠡᠭᠦᠯᠡ ᠪᠠᠷ ᠬᠤᠪᠴᠠᠰᠤ ᠪᠣᠯᠭᠠᠨ ᠰᠤᠯᠤᠩᠭᠠᠴᠢᠷ ᠢᠶᠠᠷ ᠬᠣᠷᠮᠤᠢᠪᠴᠢ ᠬᠢᠵᠦ
ᠨᠤᠮᠤ ᠲᠡᠯᠢᠨ ᠰᠤᠮᠤ ᠣᠨᠢᠯᠠᠨ ᠬᠣᠪᠳᠤᠭ ᠷᠠᠬᠤ ᠶᠢ ᠬᠠᠷᠪᠤᠨᠠᠮ ᠃
ᠪᠢ ᠲᠡᠭᠷᠢ ᠶᠢᠨ ᠨᠤᠮᠤ ᠶᠢ ᠠᠳᠭᠤᠨ ᠭᠠᠢ ᠭᠠᠮᠰᠢᠭ ᠢ ᠬᠣᠷᠢᠭᠯᠠᠨ
ᠠᠯᠳᠠᠨ ᠭᠠᠳᠠᠰᠤ ᠳᠤ ᠭᠠᠪᠢᠷ᠎ᠠ ᠶᠢᠨ ᠠᠮᠲᠠᠲᠤ ᠰᠠᠷᠬᠤᠳ ᠢ ᠬᠡᠮᠨᠡᠯ᠎ᠡ ᠃
ᠴᠤᠯᠪᠤᠭᠤᠷ ᠢᠶᠠᠨ ᠬᠥᠩᠭᠡᠬᠡᠨ ᠲᠠᠲᠠᠵᠤ ᠥᠨᠳᠦᠷ ᠤᠭᠳᠤᠷᠭᠤᠢ ᠳᠤ ᠬᠠᠯᠢᠨ ᠨᠢᠰᠴᠦ
ᠲᠦᠨᠢᠷ ᠬᠠᠷᠠᠩᠭᠤᠢ ᠰᠥᠨᠢ ᠶᠢ ᠲᠤᠭᠤᠯᠠᠵᠤ ᠲᠤᠷᠤᠨ᠎ᠡ ᠵᠦᠭ ᠢ ᠴᠢᠭᠯᠡᠯ᠎ᠡ ᠃
ᠵᠧ !
ᠡᠩᠬᠡ ᠠᠮᠤᠭᠤᠯᠠᠩ ᠪᠣᠯᠲᠤᠭᠠᠢ !
ᠨᠠᠷᠠᠨ ᠰᠠᠬᠢᠭᠤᠰᠤ ᠥᠷᠦᠰᠢᠶᠡᠨ ᠲᠤᠰᠠᠯᠠᠬᠤ ᠪᠣᠯᠲᠤᠭᠠᠢ !
ᠬᠤᠷᠤᠢ ᠂ ᠬᠤᠷᠤᠢ ᠂ ᠬᠤᠷᠤᠢ !
ᠢᠷᠦᠭᠡᠯᠴᠢ ᠄ ᠮᠠᠨ ᠢ ᠥᠷᠦᠰᠢᠶᠡᠨ ᠰᠠᠯᠬᠢ ᠬᠤᠷ᠎ᠠ ᠲᠡᠭᠰᠢ ᠪᠣᠯᠭᠠᠲᠤᠭᠠᠢ ︕
ᠤᠯᠠᠨ ᠄ ᠬᠤᠷᠤᠢ ᠂ ᠬᠤᠷᠤᠢ ᠂ ᠬᠤᠷᠤᠢ ︕
ᠢᠷᠦᠭᠡᠯᠴᠢ ᠄ ᠮᠠᠨ ᠢ ᠥᠷᠦᠰᠢᠶᠡᠨ ᠲᠠᠪᠤᠨ ᠲᠠᠷᠢᠶ᠎ᠠ ᠶᠢ ᠡᠯᠪᠡᠭ ᠬᠤᠷᠢᠶᠠᠯᠲᠠ ᠤᠯᠬᠤ ᠪᠣᠯᠭᠠᠰᠤᠭᠠᠢ ︕
ᠤᠯᠠᠨ ᠄ ᠬᠤᠷᠤᠢ ᠂ ᠬᠤᠷᠤᠢ ᠂ ᠬᠤᠷᠤᠢ ︕
ᠢᠷᠦᠭᠡᠯᠴᠢ ᠄ ᠮᠠᠨ ᠶᠢᠨ ᠥᠷᠦᠰᠢᠶᠡᠨ ᠲᠠᠪᠤᠨ ᠬᠣᠰᠢᠭᠤ ᠮᠠᠯ ᠢ ᠥᠨᠢᠷ ᠥᠰᠬᠦ ᠪᠣᠯᠭᠠᠰᠤᠭᠠᠢ ︕
ᠤᠯᠠᠨ ᠄ ᠬᠤᠷᠤᠢ ᠂ ᠬᠤᠷᠤᠢ ᠂ ᠬᠤᠷᠤᠢ ︕
ᠢᠷᠦᠭᠡᠯᠴᠢ ᠄ ᠮᠠᠨ ᠢ ᠥᠷᠦᠰᠢᠶᠡᠨ ᠠᠵᠤ ᠠᠬᠤᠢ ᠶᠢ ᠬᠥᠭᠵᠢᠭᠦᠯᠵᠦ ᠂ ᠠᠷᠠᠳ ᠲᠦᠮᠡᠨ ᠢ ᠪᠠᠶᠠᠨ ᠴᠢᠨᠡᠭᠡᠯᠢᠭ ᠪᠣᠯᠭᠠᠰᠤᠭᠠᠢ ︕
ᠤᠯᠠᠨ ᠄ ᠬᠤᠷᠤᠢ ᠂ ᠬᠤᠷᠤᠢ ᠂ ᠬᠤᠷᠤᠢ ︕
ᠢᠷᠦᠭᠡᠯᠴᠢ ᠄ ᠤᠯᠤᠰ ᠭᠡᠷ ᠠᠮᠤᠷ ᠲᠠᠢᠪᠤᠩ ᠂ ᠠᠷᠠᠳ ᠲᠦᠮᠡᠨ ᠢ ᠠᠮᠤᠷ ᠮᠡᠨᠳᠦ ᠪᠣᠯᠭᠠᠰᠤᠭᠠᠢ ︕
ᠤᠯᠠᠨ ᠄ ᠬᠤᠷᠤᠢ ᠂ ᠬᠤᠷᠤᠢ ᠂ ᠬᠤᠷᠤᠢ ︕

ᠭᠤᠷᠪᠠ ᠂ ᠲᠠᠬᠢᠯᠭ᠎ᠠ ᠶᠢᠨ ᠳᠠᠷᠠᠭ᠎ᠠ ᠨᠠᠭᠠᠳᠤᠮ ᠤᠨ ᠬᠤᠷᠠᠯ ᠨᠡᠭᠡᠭᠡᠵᠤ ᠂ ᠨᠤᠲᠤᠭ ᠤᠨ ᠭᠠᠷᠤᠯᠲᠠ ᠢᠶᠠᠨ ᠳᠡᠯᠭᠡᠨ ᠦᠵᠡᠭᠦᠯᠵᠦ ᠂ ᠪᠣᠳᠠᠰ ᠤᠨ ᠰᠣᠯᠢᠯᠴᠠᠭ᠎ᠠ ᠬᠢᠨ᠎ᠡ ᠃

    ᠲᠣᠳᠤᠷᠬᠠᠢᠯᠠᠯ ᠄ ᠲᠤᠰ ᠲᠥᠰᠦᠯ ᠢ ᠣᠩᠨᠢᠭᠤᠳ ᠤᠨ ᠰᠢᠷᠠᠲᠠᠯ᠎ᠠ ᠶᠢᠨ ᠵᠠᠷᠠᠭ᠎ᠠ ᠶᠢᠨ ᠠᠭᠤᠯᠠᠨ ᠤ ᠨᠠᠷᠠᠨ ᠰᠠᠬᠢᠭᠤᠰᠤ ᠵᠡᠷᠭᠡ ᠨᠠᠷᠠ ᠶᠢ ᠲᠠᠬᠢᠬᠤ ᠳᠤ ᠪᠦᠷ ᠬᠡᠷᠡᠭᠯᠡᠵᠦ ᠪᠣᠯᠤᠨ᠎ᠠ ᠃ ᠨᠠᠷᠠ ᠶᠢ ᠲᠠᠬᠢᠬᠤ ᠪᠣᠯ ᠡᠷᠲᠡᠨ ᠤ ᠰᠠᠮᠠᠨ ᠪᠥᠬᠡ ᠶᠢᠨ ᠰᠢᠲᠦᠯᠭᠡ ᠶᠢᠨ ᠵᠠᠩᠰᠢᠯ ᠪᠣᠯᠤᠨ᠎ᠠ ᠃ ᠮᠠᠨ ᠤ ᠤᠯᠤᠰ ᠤᠨ ᠠᠯᠳᠠᠷᠲᠤ ᠮᠣᠩᠭᠤᠯ ᠬᠡᠯᠡᠨ ᠵᠦᠢ ᠪᠤᠯᠤᠨ ᠮᠣᠩᠭᠤᠯ ᠵᠠᠩ ᠦᠢᠯᠡ ᠶᠢᠨ ᠡᠷᠳᠡᠮᠲᠡᠨ ᠲᠤᠭᠤᠷᠴᠠᠭ ᠲᠠᠢᠵᠢ ᠪᠣᠷᠵᠢᠭᠢᠨ ᠪᠦᠷᠢᠨᠲᠡᠭᠦᠰ ᠭᠤᠸᠠᠢ ᠶᠢᠨ ᠨᠠᠢᠳᠠᠯᠭ᠎ᠠ ᠪᠠᠷ ᠡᠨᠡ ᠲᠥᠰᠦᠯ ᠢ ᠪᠢᠴᠢᠭᠰᠡᠨ ᠢᠶᠠᠨ ᠡᠨᠳᠡ ᠲᠡᠮᠳᠡᠭᠯᠡᠶ᠎ᠡ ᠃

        ᠬᠠᠶᠢ᠍ᠭ: 024500 ᠤᠯᠠᠭᠠᠨᠬᠠᠳᠠ ᠬᠤᠳᠠ ᠵᠢᠨ ᠤᠩᠨᠢᠭᠤᠳ ᠬᠤᠰᠢᠭᠤᠨ  ᠤ ᠬᠦᠳᠡᠬᠡ ᠲᠤᠰᠬᠤᠨ  ᠤ ᠢᠳᠡᠬᠡᠮᠵᠢ ᠵᠢᠨ ᠬᠤᠯᠪᠤᠭᠠᠳᠤ ᠬᠤᠷᠰᠢᠶ᠎ᠠ ᠂ ᠠᠵᠢᠯ ᠡᠴᠠ  ᠪᠠᠨ ᠠᠮᠠᠷᠠᠭᠰᠠᠨ ᠺᠠᠳ᠋ᠷ

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠥᠪᠦᠷ ᠮᠣᠩᠭᠤᠯ ᠥᠨᠳᠥᠰᠥᠲᠡᠨ ᠦ ᠰᠤᠷᠭᠠᠨ ᠬᠥᠮᠦᠵᠢᠯ ᠦᠨ ᠰᠦᠯᠵᠢᠶ᠎ᠡ ᠬᠡᠪᠯᠡᠯ ᠦᠨ ᠡᠷᠬᠡ ᠲᠡᠢ ᠃ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃