lt
ᠬᠦᠮᠦᠵᠢᠯ ᠲᠠᠳᠬᠠᠯ
ᠬᠠᠭᠤᠴᠢᠨ ᠮᠡᠳᠡᠭᠡ ᠄ ᠣᠩᠨᠢᠭᠤᠳ ᠬᠣᠰᠢᠭᠤᠨ ᠤᠪᠤᠭ᠎ᠠ ᠪᠠᠶᠠᠨ ᠥᠨᠳᠦᠷ ᠤᠪᠤᠭ᠎ᠠ ᠶᠢ ᠲᠠᠬᠢᠭᠰᠠᠨ ᠠᠨᠤ
2016.05.12 ᠲᠣᠰ ᠥᠷᠲᠡᠭᠡᠨ ᠦ ᠨᠠᠢᠷᠠᠭᠤᠯᠤᠭᠴᠢ

     ᠬᠠᠭᠤᠴᠢᠨ ᠮᠡᠳᠡᠭᠡ ᠄ ᠣᠩᠨᠢᠭᠤᠳ ᠬᠣᠰᠢᠭᠤᠨ ᠤᠪᠤᠭ᠎ᠠ ᠪᠠᠶᠠᠨ ᠥᠨᠳᠦᠷ ᠤᠪᠤᠭ᠎ᠠ ᠶᠢ ᠲᠠᠬᠢᠭᠰᠠᠨ ᠠᠨᠤ

    ︱ ᠳ · ᠳᠠᠪᠰᠢᠯᠲᠤ ᠪᠠᠭᠤᠯᠭᠠᠨ ᠰᠠᠢᠷᠡᠬᠦᠯᠪᠡ

    ( ᠣᠩᠨᠢᠭᠤᠳ ᠵᠡᠭᠦᠨ ᠬᠣᠰᠢᠭᠤᠨ ᠤ ᠲᠠᠨᠡᠭᠬᠦᠦ ᠶᠢᠨ ᠴᠢᠮᠡᠭᠡ )

3H_W@N)XBO@_9{KPW_K}628

    ᠬᠠᠭᠤᠴᠢᠨ ᠤᠯᠠᠷᠢᠯ ᠤᠨ ᠲᠠᠪᠤᠨ ᠰᠠᠷᠠᠢᠨ ᠬᠣᠷᠢᠨ ᠨᠢᠭᠡᠨ ᠤ ᠡᠳᠦᠷ ᠂ ᠲᠤᠰ ᠣᠩᠨᠢᠭᠤᠳ ᠵᠡᠭᠦᠨ ᠬᠣᠰᠢᠭᠤᠨ ᠤ ᠬᠣᠰᠢᠭᠤᠨ ᠤᠪᠤᠭ᠎ᠠ ᠪᠠᠶᠠᠨ ᠥᠨᠳᠦᠷ ᠢ ᠲᠠᠬᠢᠭᠰᠠᠨ ᠪᠤᠯᠠᠢ ᠃ ᠡᠨᠡ ᠬᠣᠰᠢᠭᠤᠨ ᠤ ᠰᠤᠷᠭᠠᠯ ᠬᠦᠮᠤᠵᠢᠬᠦᠯᠡᠯ ( ᠬᠦᠮᠤᠵᠢᠬᠦᠯᠤᠯ ) ᠤᠨ ᠰᠠᠯᠠᠭ᠎ᠠ ᠪᠠ ᠂ ᠮᠣᠩᠭᠤᠯ ᠠᠷᠠᠳ ᠤᠨ ᠠᠮᠢᠳᠤᠷᠠᠯ ᠢ ᠬᠥᠭᠵᠢᠭᠦᠯᠬᠦ ᠬᠤᠷᠠᠯ ᠡᠴᠡ ᠪᠠᠶᠠᠨ ᠬᠠᠨ ᠨᠤᠲᠤᠭ ᠤᠨ ᠳᠠᠷᠤᠭ᠎ᠠ ᠲᠤᠯᠢᠮᠠᠨ ᠲᠤᠰ ᠤᠪᠤᠭ᠎ᠠ ᠶᠢ ᠲᠠᠬᠢᠭᠤᠯᠬᠤᠶ᠎ᠠ ᠂ ᠠᠮᠢᠳᠤᠷᠠᠯ ᠢ ᠬᠥᠭᠵᠢᠭᠦᠯᠬᠦ ᠬᠤᠷᠠᠯ ᠡᠴᠡ ᠬᠣᠶᠠᠷ ᠲᠤᠰᠢᠶᠠᠯᠲᠠᠨ ᠢ ᠢᠯᠡᠭᠡᠵᠤ ᠤᠷᠤᠯᠴᠠᠪᠠᠢ ᠃ ᠲᠡᠷᠡ ᠡᠳᠦᠷ ᠪᠠᠬᠠᠨ ᠬᠠᠯᠠᠭᠤᠨ ᠪᠣᠯᠪᠠᠴᠤ ᠠᠮᠢᠰᠭᠤᠯ ᠠᠭᠠᠷ ᠲᠤᠩᠭᠠᠯᠠᠭ ᠭᠡᠭᠡᠨ ᠲᠤᠯᠠ ᠣᠷᠴᠢᠮ ᠤᠨ ᠬᠥᠮᠦᠨ ᠡᠴᠡ ᠭᠠᠳᠠᠨ᠎ᠠ ᠬᠤᠯᠠ ᠬᠣᠷᠢ ᠭᠤᠴᠢᠨ ᠭᠠᠵᠠᠷ ᠪᠤᠶᠤ ᠵᠢᠷᠡ ᠲᠠᠯᠠᠨ ᠭᠠᠵᠠᠷ ᠡᠴᠡ ᠤᠯᠠᠨ ᠮᠣᠷᠢᠲᠠᠨ ᠬᠥᠮᠦᠨ ᠬᠤᠷᠡᠵᠤ ᠪᠠᠷᠤᠭ ᠬᠣᠶᠠᠷ ᠵᠠᠭᠤᠨ ᠬᠥᠮᠦᠨ ᠴᠢᠭᠤᠯᠠᠵᠤ ( ᠴᠢᠭᠤᠯᠵᠤ ) ᠂ ᠶᠡᠬᠡᠲᠡ ᠦᠪᠡᠳᠡᠭᠰᠢ ᠲᠠᠬᠢᠪᠠᠢ ᠃ ᠡᠨᠡ ᠤᠪᠤᠭ᠎ᠠ ᠶᠢᠨ ᠨᠡᠷ᠎ᠡ ᠶᠢ ᠪᠤᠳᠤᠪᠠᠰᠤ ᠮᠠᠰᠢ ᠥᠨᠳᠦᠷ ᠭᠠᠵᠠᠷ ᠳᠡᠭᠡᠷ᠎ᠡ ᠪᠤᠢ ᠮᠡᠲᠦ ᠂ ᠴᠣᠬᠤᠮ ᠤᠳᠠᠭᠠᠨ ᠦᠵᠡᠪᠡᠰᠤ ᠲᠤᠰ ᠬᠣᠰᠢᠭᠤᠨ ᠤ ᠰᠢᠷ᠎ᠠ ᠲᠠᠯ᠎ᠠ ᠬᠡᠮᠡᠭᠴᠢ ᠶᠢᠨ ᠬᠢᠯᠢ ᠳᠤᠷ ᠮᠠᠩᠬᠠᠨ ᠳᠤᠮᠳᠠ ᠣᠷᠤᠰᠢᠭᠤᠯᠤᠨ ᠪᠠᠢᠭᠤᠯᠤᠭᠰᠠᠨ ᠠᠵᠠᠢ ᠃ ᠲᠠᠬᠢᠬᠤ ᠦᠶ᠎ᠡ ᠲᠡᠷᠢᠭᠦᠨ ᠳᠤᠷ ᠤᠪᠤᠭ᠎ᠠ ᠪᠠᠨ ᠰᠢᠨ᠎ᠡ ᠪᠤᠷᠭᠠᠰᠤ ᠪᠡᠷ ᠬᠦᠷᠢᠶᠡᠯᠡᠵᠦ ᠰᠢᠨᠡᠳᠭᠡᠭᠡᠳ ᠯᠠᠮᠠ ᠨᠡᠷ ᠨᠣᠮ ᠤᠩᠰᠢᠨ ᠂ ᠲᠠᠬᠢᠬᠤ ᠶᠢᠨ ᠡᠴᠦᠰ ᠲᠤᠷ ᠮᠣᠷᠢ ᠤᠷᠤᠯᠳᠤᠭᠴᠢᠳ ᠭᠦᠶᠦᠵᠦ ᠢᠷᠡᠭᠡᠳ ᠲᠡᠷᠢᠭᠦᠨ ᠳᠡᠳ᠋ ᠭᠤᠲᠠᠭᠠᠷ ᠵᠡᠷᠭᠡ ᠲᠠᠪᠤᠨ ᠲᠡᠷᠢᠬᠦᠲᠡᠨ ᠳᠤᠷ ᠴᠥᠮ ᠲᠠᠰ ᠳᠠᠷᠠᠭᠠᠯᠠᠨ ᠪᠡᠯᠭᠡ ( ᠪᠡᠯᠡᠭ ) ᠱᠠᠩᠨᠠᠵᠤ ᠦᠭᠬᠦᠶ᠎ᠡ ᠲᠡᠷᠢᠬᠦᠯᠡᠭᠡᠳ ᠮᠠᠰᠢ ᠪᠠᠶᠠᠷ ᠲᠠᠢ ᠮᠣᠷᠢ ᠪᠡᠨ ᠬᠦᠳᠦᠯᠡᠵᠤ ( ᠬᠦᠳᠦᠯᠵᠤ ) ᠠᠮᠤᠰᠬᠢᠬᠤᠢ ᠳᠤᠷ ᠂ ᠪᠤᠰᠤ ᠤᠷᠤᠯᠳᠤᠭᠰᠠᠳ ᠠᠷᠪᠠᠭᠠᠳ ᠬᠥᠮᠦᠨ ᠴᠥᠮ ᠤᠷᠠᠮ ( ᠤᠷᠮ᠎ᠠ )ᠦᠭᠡᠢ ᠵᠣᠷᠢᠭ ᠮᠠᠭᠤᠬᠠᠨ ᠶᠠᠪᠤᠯᠴᠠᠮᠤᠢ ᠃ ᠬᠥᠮᠦᠨ ᠤ ᠲᠡᠮᠡᠴᠡᠬᠦ ᠰᠡᠳᠭᠢᠯ ᠪᠡ ᠨᠢᠭᠤᠷ ᠲᠠᠯ᠎ᠠ ᠶᠢ ᠪᠤᠳᠤᠬᠤ ᠠᠨᠤ ᠦᠨᠡᠬᠡᠷ ᠤᠨ ᠶᠡᠬᠡ ᠪᠥᠭᠡᠳ ᠬᠦᠨᠳᠦ ᠪᠦᠯᠦᠭᠡ ᠃ ᠰᠡᠭᠦᠯ ᠳᠤᠷ ᠬᠤᠷᠠᠭᠰᠠᠨ ᠪᠦᠭᠦᠳᠡᠭᠡᠷ ᠢᠶᠡᠨ ᠪᠤᠳᠠᠭᠠᠯᠠᠵᠤ ᠬᠡᠳᠦᠨ ᠪᠦᠯᠦᠭ ᠰᠠᠭᠤᠵᠠᠭᠠᠨ ᠬᠢᠲᠤᠭ᠎ᠠ ᠪᠡᠷ ᠮᠢᠬ᠎ᠠ ᠮᠦᠴᠢᠯᠠᠵᠤ ᠢᠳᠡᠬᠦ ᠠᠨᠤ ᠮᠠᠰᠢ ᠢᠨᠢᠶᠡᠳᠦᠮ ᠲᠠᠢ ᠪᠤᠯᠠᠢ ᠃ ᠪᠤᠰᠤ ᠴᠢᠭᠤᠯᠤᠭᠰᠠᠨ ᠡᠷᠬᠡ ᠬᠤᠪᠢ ᠦᠭᠡᠢ ᠰᠢᠷᠡᠭᠡᠨ᠎ᠡ ᠡᠰᠡ ᠰᠠᠭᠤᠭᠴᠢᠳ ᠲᠤᠷ ᠴᠤ ᠴᠥᠮ ᠮᠢᠬ᠎ᠠ ᠶᠢᠨ ᠱᠤᠤᠷ ( ᠱᠣᠷᠤ ) ᠬᠡᠮᠡᠨ ᠨᠠᠷᠢᠬᠠᠨ ᠮᠣᠳᠤᠨ ᠳᠤᠷ ᠮᠢᠬ᠎ᠠ ᠬᠠᠳᠭᠤᠵᠤ ( ᠬᠠᠳᠭᠤᠵᠤ ) ᠨᠢᠭᠡ ᠨᠢᠭᠡᠨ ᠳᠤᠷ ᠲᠦᠪᠡᠭᠡᠬᠦ ( ᠣᠩᠨᠢᠭᠤᠳ ᠨᠤᠲᠤᠭ ᠤᠨ ᠠᠶᠠᠯᠭᠤᠨ ᠤ ᠦᠭᠡ ᠂ ᠲᠦᠭᠡᠭᠡᠬᠦ )  ᠶᠢᠨ ᠠᠶᠠᠳᠠᠯ᠎ᠠ ᠬᠥᠮᠦᠨ ᠠᠮᠠᠨ ᠤ ᠲᠤᠭ᠎ᠠᠶᠢ ᠠᠪᠤᠮᠤᠢ ᠃ ᠪᠤᠳᠠᠭ᠎ᠠ ᠢᠳᠡᠵᠦ ᠲᠡᠬᠦᠰᠦᠭᠡᠳ ᠬᠠᠮᠤᠭ ᠤᠨ ᠰᠡᠭᠦᠯ ᠳᠤᠷ ᠪᠥᠬᠡ ᠪᠠᠷᠢᠯᠳᠠᠪᠠᠢ ( ᠪᠠᠷᠢᠯᠳᠤᠪᠠᠢ )᠃ ᠨᠡᠢᠲᠡ ᠭᠤᠴᠢᠨ ᠬᠣᠶᠠᠷ ᠬᠥᠮᠦᠨ ᠬᠣᠶᠠᠷ ᠠᠩᠭᠢ ᠬᠤᠪᠢᠶᠠᠯᠴᠠᠨ ᠪᠠᠷᠢᠯᠳᠠᠭᠰᠠᠭᠠᠷ ( ᠪᠠᠷᠢᠯᠳᠤᠭᠰᠠᠭᠠᠷ ) ᠂ ᠰᠡᠭᠦᠯ ᠳᠤᠷ ᠳᠡᠭᠡᠳᠦ ᠨᠠᠢ᠍ᠮᠠᠨ ᠬᠥᠮᠦᠨ ᠳᠤᠷ ᠬᠦᠷᠦᠪᠡᠰᠤ ( ᠬᠦᠷᠪᠡᠰᠦ ) ᠮᠠᠰᠢ ᠦᠵᠡᠪᠤᠷᠢ ᠲᠠᠢ ᠪᠥᠭᠡᠳ ᠂ ᠠᠶᠤᠮᠰᠢᠭᠲᠠᠢ ᠪᠤᠯᠠᠢ ᠃ ᠦᠰᠦᠭᠯᠡᠴᠠᠵᠤ ( ᠢᠰᠬᠦᠯᠴᠡᠵᠤ ) ᠬᠠᠪᠰᠤᠷᠬᠤ ᠠᠨᠤ ᠲᠤᠩ ᠠᠶᠤᠮᠠᠷ᠎ᠠ ( ᠠᠶᠤᠮᠠᠷ ) ᠠᠵᠤᠭᠤ ᠃ ᠭᠡᠪᠡᠴᠦ ᠡᠭᠦᠪᠡᠷ ᠬᠠᠷᠢᠨ ᠮᠣᠩᠭᠤᠯ ᠬᠥᠮᠦᠨ ᠤ ᠪᠠᠭᠠᠲᠤᠷ ᠵᠣᠷᠢᠭ ᠴᠢᠩᠭ᠎ᠠ ᠬᠠᠲᠠᠭᠤ ᠶᠢ ᠮᠡᠳᠡᠵᠦ ᠴᠢᠳᠠᠮᠤᠢ ᠃

mmexport1467687817446

    ( ᠴᠢᠩ ᠤᠯᠤᠰ ᠤᠨ ᠰᠡᠬᠦᠯᠴᠢ ᠦᠶ᠎ᠡ ᠵᠢᠨ ᠤᠩᠨᠢᠭᠤᠳ ᠬᠤᠰᠢᠭᠤᠨ  ᠤ ᠭᠠᠵᠠᠷ  ᠤᠨ ᠵᠢᠷᠤᠭ )

    ᠡᠨᠡ ᠬᠦ ᠮᠡᠳᠡᠭᠡ ᠶᠠᠮᠠᠷ ᠴᠠᠭ ᠲᠤ ᠨᠡᠢᠲᠡᠯᠡᠭᠳᠡᠭᠰᠡᠨ ᠨᠢ ᠲᠣᠳᠤᠷᠬᠠᠢ ᠦᠭᠡᠢ ᠃ ᠬᠠᠷᠢᠨ ᠨᠤᠲᠤᠭ ᠤᠨ ᠨᠠᠢᠵᠠ ᠶᠢᠨ ᠴᠤᠭᠯᠠᠷᠠᠯ ᠰᠦᠯᠵᠢᠶᠠᠨ ᠳᠡᠭᠡᠷ᠎ᠡ ᠪᠠᠢᠭᠰᠠᠨ ᠢᠶᠡᠷ ᠨᠢ ᠲᠡᠷᠡ ᠬᠡᠪ ᠢᠶᠡᠷ ᠨᠢ ᠪᠠᠭᠤᠯᠭᠠᠵᠤ ᠂ ᠣᠳᠣᠬᠢ ᠮᠣᠩᠭᠤᠯ ᠦᠰᠦᠭ ᠤᠨ ᠵᠦᠪ ᠪᠢᠴᠢᠯᠭᠡ ᠲᠡᠢ ᠵᠥᠷᠢᠶ᠎ᠡ ᠲᠡᠢ ᠭᠠᠵᠠᠷ ᠢ ᠨᠢ ᠬᠠᠭᠠᠯᠲᠠ ᠳᠤ ᠵᠠᠰᠠᠵᠤ ᠨᠡᠢᠳᠡᠯᠡᠪᠡᠢ ᠃ ᠦᠵᠡᠬᠦ ᠮᠡᠷᠭᠡᠳ ᠭᠡᠭᠡᠨ ᠳᠤ ᠪᠡᠨ ᠲᠣᠯᠢᠳᠠᠮᠤ ︕ ᠮᠡᠳᠡᠵᠦ ᠤᠯᠬᠤ ᠵᠦᠢᠯ ᠭᠡᠪᠡᠯ ᠲᠤᠰ ᠮᠡᠳᠡᠭᠡᠨ ᠳᠤ ᠣᠩᠨᠢᠭᠤᠳ ᠵᠡᠭᠦᠨ ᠬᠣᠰᠢᠭᠤᠨ ᠤ ᠬᠣᠰᠢᠭᠤᠨ ᠤᠪᠤᠭ᠎ᠠ ᠪᠠᠶᠠᠨ ᠥᠨᠳᠦᠷ ᠣᠪᠤᠭᠠᠨ ᠤ ᠪᠠᠢᠷᠢ ᠪᠠᠢᠴᠠ ᠂ ᠲᠠᠬᠢᠯᠭ᠎ᠠ ᠬᠢᠵᠦ ᠪᠠᠢᠭᠰᠠᠨ ᠴᠠᠭ ᠬᠤᠭᠤᠴᠠᠭ᠎ᠠ ᠂ ᠲᠠᠬᠢᠯᠭ᠎ᠠ ᠶᠢᠨ ᠬᠡᠪᠴᠢᠶ᠎ᠡ ᠂ ᠲᠠᠬᠢᠯᠭ᠎ᠠ ᠳᠤ ᠣᠷᠤᠯᠴᠠᠳᠠᠭ ᠬᠥᠮᠦᠨ ᠤ ᠲᠣᠭᠠᠨ ᠪᠠᠢᠳᠠᠯ ᠂ ᠲᠠᠬᠢᠯᠭ᠎ᠠ ᠶᠢᠨ ᠶᠣᠰᠤᠯᠠᠯ ᠭᠣᠷᠢᠮ ᠂ ᠲᠠᠬᠢᠯᠭ᠎ᠠ ᠶᠢᠨ ᠳᠠᠭᠠᠤ ᠶᠠᠪᠤᠭᠳᠠᠳᠠᠭ ᠤᠷᠤᠯᠳᠤᠭᠠᠨ ᠤ ᠵᠠᠩ ᠪᠠᠢᠳᠠᠯ ᠪᠡ ᠮᠣᠩᠭᠤᠯ ᠬᠥᠮᠦᠨ ᠤ ᠴᠤᠭ ᠰᠦᠯᠳᠡ ᠂ ᠬᠦᠴᠦ ᠳᠣᠷᠪᠢᠲᠠᠢ ᠪᠠᠢᠳᠠᠯ ᠢ ᠮᠠᠭᠲᠠᠭᠰᠠᠨ ᠵᠡᠷᠭᠡ ᠤᠯᠠᠨ ᠲᠠᠯ᠎ᠠ ᠪᠠᠢᠨ᠎ᠠ ᠃ 2016. 7. 5

mmexport1467687824760
    ( ᠴᠢᠩ ᠤᠯᠤᠰ  ᠤᠨ ᠰᠡᠬᠦᠯᠴᠢ ᠵᠢᠨ ᠦᠶ᠎ᠡ ᠵᠢᠨ ᠤᠩᠨᠢᠭᠤᠳ ᠬᠤᠰᠢᠭᠤᠨ  ᠤ ᠭᠠᠵᠠᠷ  ᠤᠨ ᠵᠢᠷᠤᠭ )

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠥᠪᠦᠷ ᠮᠣᠩᠭᠤᠯ ᠥᠨᠳᠥᠰᠥᠲᠡᠨ ᠦ ᠰᠤᠷᠭᠠᠨ ᠬᠥᠮᠦᠵᠢᠯ ᠦᠨ ᠰᠦᠯᠵᠢᠶ᠎ᠡ ᠬᠡᠪᠯᠡᠯ ᠦᠨ ᠡᠷᠬᠡ ᠲᠡᠢ ᠃ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃