lt
ᠬᠦᠮᠦᠵᠢᠯ ᠲᠠᠳᠬᠠᠯ
ᠬᠠᠢᠯᠠᠰᠤ ᠶᠢᠨ ᠠᠭᠤᠯᠠ ᠲᠤᠯᠤᠭᠠᠳ ᠤᠨ ᠨᠡᠷᠡᠢᠳᠦᠯ ᠤᠨ ᠲᠤᠬᠠᠢ
2016.05.12 ᠲᠣᠰ ᠥᠷᠲᠡᠭᠡᠨ ᠦ ᠨᠠᠢᠷᠠᠭᠤᠯᠤᠭᠴᠢ

     ᠬᠠᠢᠯᠠᠰᠤ ᠶᠢᠨ ᠠᠭᠤᠯᠠ ᠲᠤᠯᠤᠭᠠᠳ ᠤᠨ ᠨᠡᠷᠡᠢᠳᠦᠯ ᠤᠨ ᠲᠤᠬᠠᠢ

    ︱ ᠳ · ᠳᠠᠪᠰᠢᠯᠲᠤ

    ᠮᠣᠩᠭᠤᠯᠴᠤᠳ ᠡᠷᠲᠡ ᠤᠷᠢᠳᠤ ᠡᠴᠡ ᠪᠠᠨ ᠠᠭᠤᠯᠠ ᠪᠠᠨ ᠬᠠᠷᠠᠵᠤ ᠪᠠᠶᠠᠰᠤᠨ ᠤᠰᠤ ᠪᠠᠨ ᠲᠠᠭᠠᠵᠤ ᠬᠥᠮᠦᠨ ᠵᠢᠷᠭᠠᠨ᠎ᠠ ᠭᠡᠳᠡᠭ ᠪᠥᠭᠡᠳ ᠠᠭᠤᠯᠠ ᠤᠰᠤᠨ ᠤ ᠪᠠᠨ ᠨᠠᠪᠳᠠᠭ ᠱᠠᠪᠳᠠᠭ ᠲᠦ ᠰᠦᠰᠦᠭᠯᠡᠨ ᠵᠠᠯᠪᠠᠷᠢᠵᠤ ᠠᠩ ᠠᠮᠢᠲᠠᠨ ᠢ ᠨᠢ ᠠᠩᠨᠠᠵᠤ ᠣᠯᠤᠭᠰᠠᠨ ᠢᠶᠡᠨ 《 ᠮᠥᠩᠭᠦᠨ ᠣᠷᠤᠢᠲᠤ ᠠᠭᠤᠯᠠᠰ ᠤᠨ ᠬᠡᠰᠢᠭ ! 》 ᠭᠡᠵᠦ ᠤᠯᠠᠮᠵᠢᠯᠠᠨ ᠬᠡᠯᠡᠵᠦ ᠬᠢᠭᠰᠠᠭᠡᠷ ᠢᠷᠡᠭᠰᠡᠨ ᠴᠦ ᠣᠳᠤ ᠬᠠᠷᠢᠨ ᠠᠭᠤᠯᠠ ᠪᠡᠨ ᠢᠳᠡᠵᠦ ᠤᠰᠤ ᠪᠠᠨ ᠴᠦ ᠢᠳᠡᠵᠦ ᠵᠢᠷᠭᠠᠳᠠᠭ ᠬᠥᠮᠦᠰ ᠲᠠᠰᠤᠷᠡᠰᠢ ᠦᠭᠡᠢ ᠭᠠᠷᠳᠠᠭ ᠪᠣᠯᠵᠠᠢ ᠃ ᠠᠭᠤᠯᠠ ᠪᠠᠨ ᠬᠠᠷᠠᠵᠤ ᠵᠢᠷᠭᠠᠭᠰᠠᠳ ᠨᠢ ᠪᠠᠢᠭᠠᠯᠢ ᠶᠢᠨ ᠢᠶᠡᠨ ᠰᠠᠢᠬᠠᠨ ᠳᠤ ᠬᠠᠷᠠᠭ᠎ᠠ ᠪᠠᠶᠠᠰᠴᠦ ᠰᠡᠳᠭᠢᠯ ᠰᠠᠷᠬᠦᠨ ᠠᠭᠤᠯᠠ ᠣᠪᠤᠭᠠᠨ ᠤ ᠪᠠᠨ ᠵᠦᠭ ᠲᠦ ᠰᠠᠴᠦᠯᠢ ᠰᠡᠷᠵᠢᠮ ᠡᠷᠭᠦᠭᠡᠳ ᠂ ᠠᠭᠤᠯᠠ ᠣᠪᠤᠭᠠᠨ ᠳᠠᠭᠠᠨ ᠮᠥᠷᠭᠦᠵᠦ ᠮᠠᠯᠠᠭᠠᠢ ᠶᠢᠨ ᠤᠲᠤᠭ᠎ᠠ ᠰᠠᠷᠬᠦᠭᠡᠵᠤ ᠶᠠᠪᠤᠳᠠᠭ ᠰᠦᠵᠢᠷᠡᠬᠦᠨ ᠰᠠᠢᠬᠠᠨ ᠵᠠᠩ ᠵᠢᠷᠤᠮ ᠲᠠᠢ ᠪᠠᠢᠯ᠎ᠠ ᠃ ᠠᠭᠤᠯᠠ ᠪᠠᠨ ᠢᠳᠡᠵᠦ ᠵᠢᠷᠭᠠᠭᠰᠠᠳ ᠨᠢ ᠰᠡᠭᠦᠯ ᠤᠨ ᠦᠶ᠎ᠡ ᠶᠢᠨ ᠬᠥᠮᠦᠰ ᠪᠣᠯᠵᠠᠢ ᠃ ᠲᠡᠳᠡ ᠶᠠᠭᠤᠨ ᠳᠤ ᠤᠢᠷᠡᠳᠤᠪᠡᠯ ᠲᠡᠭᠦᠨ ᠢ ᠣᠯᠵᠤ ᠠᠪᠬᠤ ᠂ ᠡᠵᠡᠷᠭᠡᠮᠡᠢᠯᠡᠬᠦ ᠂ ᠬᠤᠮᠤᠬᠠᠢᠯᠠᠬᠤ ᠂ ᠢᠳᠡᠬᠦ ᠤᠤᠭᠤᠬᠤ ᠪᠡᠷ ᠬᠦᠰᠡᠯ ᠬᠦᠭᠡᠭᠡᠴᠠᠯᠳᠤᠯ ᠂ ᠵᠢᠷᠭᠠᠯ ᠴᠡᠩᠭᠡᠯ ᠢᠶᠡᠨ ᠪᠣᠯᠭᠠᠵᠤ ᠂ ᠦᠩᠬᠡᠷᠡᠭᠰᠠᠨ ᠤ ᠬᠢ ᠰᠢᠭ 《 ᠠᠭᠤᠯᠠᠨ ᠳᠤ ᠤᠢᠷ᠎ᠡ ᠨᠢ ᠲᠦᠯᠡᠭᠡ ᠠᠪᠴᠤ ᠂ ᠤᠰᠤᠨ ᠳᠤ ᠤᠢᠷ᠎ᠡ ᠨᠢ ᠵᠢᠭᠠᠰᠤ ᠢᠳᠡᠳᠡᠭ 》 ᠬᠥᠮᠦᠰ ᠨᠢᠭᠡᠨᠲᠡ ᠪᠢᠰᠢ ᠪᠣᠯᠵᠤ 《 ᠠᠭᠤᠯᠠᠨ ᠳᠤ ᠤᠢᠷᠡᠳᠤᠪᠡᠯ ᠠᠭᠤᠯᠠ ᠶᠢ ᠢᠳᠡᠵᠦ ᠂ ᠤᠰᠤᠨ ᠳᠤ ᠤᠢᠷᠡᠳᠤᠪᠡᠯ ᠤᠰᠤ ᠶᠢ ᠢᠳᠡᠳᠡᠭ 》 ᠬᠥᠮᠦᠰ ᠪᠣᠯᠴᠢᠬᠠᠭᠰᠠᠨ ᠢᠶᠡᠷ ᠬᠠᠢᠯᠠᠰᠤ ᠣᠷᠴᠢᠮ ᠤᠨ ᠠᠭᠤᠯᠠ ᠤᠰᠤ ᠶᠢ ᠦᠵᠡᠬᠦ ᠶᠢᠨ ᠲᠠᠮᠲᠤᠭ ᠦᠭᠡᠢ ᠪᠣᠯᠭᠠᠵᠤ ᠤᠷᠬᠢᠵᠠᠢ ᠃ ᠥᠪᠡᠷ ᠤᠨ ᠪᠡᠶ᠎ᠡ ᠠᠵᠢᠯ ᠠᠯᠪᠠᠨ ᠤ ᠴᠢᠯᠦᠭᠡ ᠪᠡᠷ ᠨᠤᠲᠤᠭ ᠪᠤᠴᠠᠬᠤ ᠪᠦᠷᠢ ᠂ ᠳᠡᠭᠡᠳᠦ ᠲᠤᠮᠳᠡᠳᠤ ᠳᠤ ᠪᠠᠢᠬᠤ ᠳᠠᠭᠠᠨ ᠬᠠᠨᠠᠭᠠᠷ ᠣᠷᠭᠢᠯ ᠳᠤ ᠨᠢ ᠮᠠᠴᠦᠨ ᠭᠠᠷᠴᠤ ᠡᠰᠠᠬᠦᠯ᠎ᠠ ᠡᠩᠭᠡᠷ ᠪᠡᠯ ᠢᠶᠡᠷ ᠨᠢ ᠤᠷᠭᠤᠭᠰᠠᠨ ᠬᠠᠢᠯᠠᠰᠤ ᠂ ᠢᠯᠠᠮ᠎ᠠ ᠶᠢᠨ ᠮᠣᠳᠤᠨ ᠤ ᠬᠢᠨᠢ ᠰᠠᠬᠦᠳᠡᠷ ᠲᠦ ᠰᠠᠭᠤᠭᠠᠳ ᠬᠢᠴᠢᠶᠡᠯ ᠢᠶᠡᠨ ᠲᠡᠪᠳᠡᠵᠤ ᠰᠢᠯᠦᠭ ᠤᠷᠤᠯᠳᠤᠨ ᠤᠩᠰᠢᠵᠤ ᠶᠠᠪᠤᠭᠰᠠᠨ ᠲᠤᠷᠡᠳᠬᠠᠯᠳᠤ ᠮᠦᠴᠠ ᠪᠠᠨ ᠰᠠᠨᠠᠵᠤ ᠰᠦᠷᠯᠢᠭ ᠰᠠᠢᠬᠠᠨ ᠠᠭᠤᠯᠠ ᠪᠠᠨ ᠨᠢᠭᠡ ᠰᠠᠢᠨ ᠬᠠᠷᠠᠵᠤ ᠠᠪᠤᠶ᠎ᠠ ᠭᠡᠬᠦ ᠳᠤ ᠯᠠ ᠲᠡᠳᠡᠭᠡᠷ ᠡᠪᠴᠢᠭᠦᠦ ᠪᠠᠨ ᠢᠷᠡᠭᠤᠯᠵᠤ ᠡᠯᠢᠭᠡ ᠵᠢᠷᠦᠬᠡ ᠪᠡᠨ ᠠᠭᠤᠳᠠᠯᠠᠭᠤᠯᠤᠭᠰᠠᠨ ᠭᠡᠮᠡᠷ ᠨᠢᠳᠦ ᠬᠠᠯᠲᠤᠷᠢᠮ᠎ᠠ ᠠᠭᠤᠯᠠᠨ ᠤ ᠦᠵᠡᠮᠵᠢ ᠪᠠᠢᠳᠠᠯ ᠦᠩᠬᠡᠷᠡᠬᠦᠯᠦᠭᠰᠠᠨ ᠲᠡᠷᠡ ᠪᠦᠬᠦᠨ ᠢ ᠮᠢᠨᠢ ᠬᠡᠰᠡᠭ ᠬᠡᠰᠡᠭ ᠢᠶᠡᠷ ᠪᠤᠯᠢᠶᠠᠨ ᠠᠪᠠᠴᠢᠬᠤ ᠶᠢ ᠶᠠᠭᠠᠬᠢᠨ᠎ᠠ ᠃ ᠣᠳᠤ ᠲᠥᠷᠦᠭᠰᠡᠨ ᠨᠤᠲᠤᠭ ᠮᠢᠨᠢ ᠮᠠᠰᠢ ᠶᠡᠬᠡ ᠬᠤᠪᠢᠷᠠᠭᠰᠠᠨ ᠨᠢ ᠢᠯᠡᠳᠲᠡ ᠬᠠᠷᠠᠭᠳᠠᠨ᠎ᠠ ᠃ ᠤᠤᠯ ᠤᠨ ᠵᠢᠵᠢᠭᠬᠡᠨ ᠰᠤᠮᠤ ᠮᠠᠨᠢ ᠬᠤᠳᠠ ᠪᠠᠯᠭᠠᠰᠤ ᠪᠣᠯᠤᠭᠠᠳ ᠵᠠᠰᠠᠮᠠᠯ ᠵᠠᠮ ᠳᠥᠷᠪᠡᠨ ᠵᠦᠭ ᠲᠦ ᠨᠡᠪᠲᠡᠷᠡᠨ ᠲᠡᠷᠭᠡ ᠤᠨᠤᠭ᠎ᠠ ᠣᠯᠠᠰᠢᠷᠠᠵᠤ ᠬᠠᠮᠢᠭᠠᠰᠢ ᠪᠠᠨ ᠴᠦ ᠰᠠᠭᠠᠳ ᠦᠭᠡᠢ ᠶᠠᠪᠤᠵᠤ ᠪᠠᠢᠨ᠎ᠠ ᠭᠡᠬᠦ ᠳᠤ ᠵᠠᠮ ᠤᠨ ᠬᠠᠵᠠᠭᠤ ᠪᠠᠷ ᠰᠠᠬᠦᠢᠨ ᠬᠠᠨᠠᠷᠠᠭᠰᠠᠨ ᠲᠥᠷᠦᠭᠰᠡᠨ ᠨᠤᠲᠤᠭ ᠤᠨ ᠮᠢᠨᠢ ᠰᠦᠷ ᠰᠦᠯᠳᠡ ᠪᠣᠯᠤᠭᠰᠠᠨ ᠠᠭᠤᠯᠠ ᠬᠠᠢᠷᠬᠠᠨ ᠢ ᠮᠢᠨᠢ ᠵᠠᠮ ᠵᠠᠰᠠᠬᠤ ᠂ ᠭᠡᠷ ᠪᠠᠷᠢᠯᠭ᠎ᠠ ᠂ ᠬᠡᠷᠡᠮ ᠬᠠᠰᠢᠶ᠎ᠠ ᠪᠠᠷᠢᠬᠤ ᠵᠡᠷᠭᠡ ᠳᠤ ᠬᠡᠷᠡᠭᠯᠡᠬᠦ ᠬᠡᠮᠡᠨ ᠬᠠᠢᠷ᠎ᠡ ᠨᠠᠢᠷ ᠦᠭᠡᠢ ) ᠲᠡᠷᠡ ᠮᠥᠷᠲᠡᠭᠡᠨ ᠪᠦᠷ ᠬᠥᠮᠦᠨ ᠤ ᠨᠢᠳᠦᠨ ᠳᠣᠣᠷᠠᠬᠢ ᠬᠠᠳᠠ ᠴᠢᠯᠠᠭᠤ ᠶᠢ ᠰᠢᠭᠤᠳ ᠠᠪᠤᠭᠰᠠᠨ ᠪᠥᠭᠡᠳ ᠡᠪᠳᠡᠭᠳᠡᠭᠰᠡᠨ ᠦᠭᠡᠢ ᠠᠭᠤᠯᠠ ᠭᠡᠵᠦ ᠪᠠᠢᠬᠤ ᠦᠭᠡᠢ ᠪᠣᠯᠵᠠᠢ ( ᠲᠡᠯᠪᠡᠴᠡᠨ ᠲᠠᠮᠲᠤᠭᠯᠠᠵᠤ ᠂ ᠡᠪᠳᠡᠨ ᠰᠦᠢᠳᠭᠡᠵᠤ ᠪᠠᠢᠬᠤ ᠶᠢ ᠨᠢ ᠬᠠᠷᠠᠬᠤ ᠪᠦᠷᠢ ᠵᠢᠷᠦᠬᠡ ᠶᠢ ᠵᠡᠭᠦᠦ ᠪᠡᠷ ᠰᠢᠪᠡᠵᠤ ᠵᠡᠭᠦᠳᠦᠨ ᠳᠤᠮᠳᠠ ᠬᠠᠷ᠎ᠠ ᠪᠠᠷ ᠳᠠᠷᠤᠭᠤᠯᠬᠤ ᠰᠢᠭ ᠰᠠᠨᠠᠭᠳᠠᠭᠰᠠᠨ ᠢᠶᠡᠷ ᠬᠣᠵᠢᠮ ᠦᠷ᠎ᠡ ᠬᠣᠢᠴᠢ ᠮᠠᠨᠢ ᠨᠤᠲᠤᠭ ᠤᠨ ᠠᠭᠤᠯᠠ ᠲᠤᠯᠤᠭᠠᠳ ᠤᠨ ᠢᠶᠡᠨ ᠨᠡᠷᠡᠢᠳᠦᠯ ᠢ ᠮᠡᠳᠡᠳᠡᠭ ᠴᠦ ᠶᠤᠮ ᠪᠣᠯ ︖ ᠭᠡᠵᠦ ᠰᠠᠨᠠᠭᠠᠰᠢᠷᠠᠨ ᠡᠨᠡ ᠬᠦ ᠲᠡᠮᠳᠡᠭᠯᠡᠯ ᠢ ᠪᠢᠴᠢᠪᠡᠢ ᠃

    ᠬᠠᠢᠯᠠᠰᠤ ᠨᠤᠲᠤᠭ ᠪᠣᠯ ᠨᠡᠷ᠎ᠡ ᠨᠢᠳᠡᠷ ᠲᠡᠭᠡᠨ ᠲᠠᠩᠴᠡᠭᠰᠠᠨ ᠬᠠᠢᠯᠠᠰᠤᠨ ᠮᠣᠳᠤ ᠠᠷᠪᠢᠨ ᠭᠠᠵᠠᠷ ᠪᠠᠢᠭᠰᠠᠨ ᠶᠤᠮ ᠃ ᠬᠠᠢᠯᠠᠰᠤ ᠡᠴᠡ ᠵᠡᠭᠦᠨᠰᠢ ᠬᠡᠷᠰᠠᠩ ᠰᠤᠮᠤᠨ ᠤ ᠤᠪᠤᠭ᠎ᠠ ᠰᠠᠴᠢᠢ ᠶᠢᠨ ᠠᠢᠯ ᠳᠤ ᠬᠦᠷᠳᠡᠯ᠎ᠡ ᠲᠦᠩ ᠬᠠᠷ᠎ᠠ ᠬᠠᠢᠯᠠᠰᠤᠨ ᠮᠣᠳᠤᠨ ᠰᠢᠭᠤᠢ ᠪᠠᠢᠭᠰᠠᠨ ᠢ 《 ᠨᠠᠭᠠᠬᠠᠨ ᠬᠠᠷ᠎ᠡ ᠮᠣᠳᠤ 》 ᠭᠡᠵᠦ ᠨᠡᠷᠡᠯᠡᠳᠡᠭ ᠪᠠᠢᠭᠰᠠᠨ ᠪᠥᠭᠡᠳ ᠠᠷᠤ ᠦᠵᠦᠮᠦᠴᠢᠨ ᠂ ᠪᠠᠷᠭᠤ ᠨᠤᠲᠤᠭ ᠤᠨ ᠬᠥᠮᠦᠰ ᠣᠩᠨᠢᠭᠤᠳ ᠭᠡᠪᠡᠯ ᠮᠡᠳᠡᠳᠡᠭ ᠦᠭᠡᠢ ᠂ ᠨᠠᠭᠠᠬᠠᠨ ᠬᠠᠷ᠎ᠠ ᠮᠣᠳᠤ ᠭᠡᠪᠡᠯ ᠰᠠᠢᠨ ᠮᠡᠳᠡᠳᠡᠭ ᠪᠠᠢᠭᠰᠠᠨ ᠭᠡᠵᠦ ᠨᠡᠰᠤᠳᠡᠳ ᠶᠠᠷᠢᠳᠠᠭ ᠪᠠᠢᠯ᠎ᠠ ᠃ ᠬᠠᠢᠯᠠᠰᠤ ᠶᠢᠨ ᠡᠷᠬᠢᠨ ᠲᠣᠭᠤᠷᠢᠨ ᠤ ᠠᠭᠤᠯᠠ ᠲᠤᠯᠤᠭᠠᠳ ᠢᠶᠡᠷ ᠬᠠᠢᠯᠠᠰᠤ ᠂ ᠬᠦᠢᠯᠠᠰᠤ ᠂ ᠢᠯᠠᠮ᠎ᠠ ᠂ ᠵᠢᠭᠳᠡ ᠂ ᠬᠡᠭᠡᠷ᠎ᠡ ᠶᠢᠨ ᠴᠢᠪᠠᠭ᠎ᠠ ᠂ ᠴᠢᠴᠢᠷᠭᠠᠨ᠎ᠠ ᠵᠡᠷᠭᠡ ᠮᠣᠳᠤᠳ ᠪᠠᠭᠰᠢᠷᠡᠨ ᠤᠷᠭᠤᠵᠤ ᠂ ᠮᠣᠳᠤᠳ ᠤᠨ ᠬᠢᠨᠢ ᠴᠢᠯᠦᠭᠡ ᠪᠡᠷ ᠬᠠᠷᠭᠠᠨ᠎ᠠ ᠂ ᠪᠤᠷᠭᠠᠰᠤ ᠂ ᠪᠤᠳᠡ ᠬᠥᠮᠦᠨ ᠴᠢᠨᠡᠭᠡ ᠯᠦᠭᠯᠦᠢᠨ ᠰᠦᠭᠯᠦᠢᠭᠰᠠᠨ ᠡᠪᠡᠰᠦ ᠪᠡᠯᠴᠢᠭᠡᠷ ᠰᠠᠢᠳᠡᠢ ᠭᠠᠵᠠᠷ ᠪᠠᠢᠭᠰᠠᠨ ᠭᠡᠳᠡᠭ ᠃ ᠲᠡᠷᠡᠴᠢᠯᠠᠨ ᠰᠢᠷ᠎ᠠ ᠮᠥᠷᠡᠨ ᠤ ᠬᠣᠶᠠᠷ ᠬᠥᠪᠡᠭᠡ ᠪᠡᠷ ᠢᠭᠴᠦ ᠰᠠᠬᠤᠯᠠᠭ ᠪᠣᠷᠤ ᠪᠤᠷᠭᠠᠰᠤ ᠮᠣᠷᠢᠲᠠᠢ ᠬᠥᠮᠦᠨ ᠣᠷᠤᠭᠠᠳ ᠦᠵᠡᠭᠳᠡᠮ᠎ᠡ ᠦᠭᠡᠢ ᠥᠨᠳᠦᠷ ᠪᠠᠢᠭᠰᠠᠨ ᠪᠥᠭᠡᠳ ᠭᠣᠣᠯ ᠤᠨ ᠤᠷᠳᠤ ᠡᠷᠬᠢᠨ ᠤ ᠪᠤᠷᠭᠠᠰᠤ ᠨᠢ ᠬᠠᠭᠤᠴᠢᠨ ᠬᠠᠢᠯᠠᠰᠤ ᠰᠤᠷᠭᠠᠭᠤᠯᠢ ᠶᠢᠨ ᠠᠷᠤ ᠳᠤ ᠣᠷᠤᠵᠤ ᠢᠷᠡᠳᠡᠯ᠎ᠡ ᠨᠠᠯ ᠳᠡᠭᠡᠨ ᠪᠠᠭᠰᠢᠷᠡᠨ ᠤᠷᠭᠤᠵᠤ ᠪᠠᠢᠭᠰᠠᠨ ᠢ ᠨᠢ ᠴᠢᠯᠦᠭᠡᠯᠡᠬᠦ ᠲᠡᠢᠨ ᠤ ᠦᠶ᠎ᠡ ᠳᠤ ᠨᠤᠲᠤᠭ ᠤᠨ ᠳᠡᠭᠡᠷᠡᠮ ᠬᠠᠨ ᠰᠠᠩᠵᠠᠢ 《 ᠭᠣᠣᠯ ᠤᠨ ᠲᠣᠬᠤᠢ ᠶᠢᠨ ᠪᠤᠷᠭᠠᠰᠤᠨ 》 ᠳᠤ ᠣᠷᠤᠵᠤ ᠨᠢᠭᠤᠭᠰᠠᠨ ᠳᠤ ᠵᠢᠪᠡᠷ ᠤᠨ ᠳᠡᠭᠡᠷ᠎ᠡ ᠡᠴᠡ ᠨᠢ ᠲᠦᠢᠮᠡᠷ ᠲᠠᠯᠪᠢᠵᠤ ᠠᠯᠠᠶ᠎ᠠ ᠭᠡᠳ ᠶᠡᠬᠡ ᠲᠦᠢᠮᠡᠷ ᠲᠠᠯᠪᠢᠭᠰᠠᠨ ᠴᠦ ᠠᠯᠠᠶ᠎ᠠ ᠭᠡᠰᠡᠨ ᠢᠶᠡᠨ ᠠᠯᠠᠵᠤ ᠴᠢᠳᠠᠭ᠎ᠠ ᠦᠭᠡᠢ ᠬᠠᠷᠢᠨ ᠠᠭᠤᠯᠠ ᠳᠠᠮᠵᠢᠨ ᠤᠷᠭᠤᠭᠰᠠᠨ ᠪᠣᠷᠤ ᠪᠤᠷᠭᠠᠰᠤ ᠶᠢ 《 ᠠᠯᠠᠵᠤ ᠣᠷᠬᠢᠭᠰᠠᠨ 》 ᠪᠡ ᠲᠡᠷᠡ ᠬᠦ ᠤᠯᠠᠩᠭᠠᠰᠤᠨ ᠲᠦᠷᠡᠯᠵᠡᠭᠰᠠᠨ ᠭᠠᠯ ᠳᠤ ᠭᠤᠷᠭᠤᠤᠯ ᠂ ᠲᠠᠤᠯᠠᠢ ᠂ ᠦᠨᠡᠭᠡ ᠵᠡᠷᠭᠡ ᠶᠢᠨ ᠠᠮᠢᠲᠠᠳ ᠰᠢᠲᠠᠵᠤ ᠦᠬᠦᠭᠰᠡᠨ ᠨᠢ ᠲᠡᠷᠭᠡ ᠪᠡᠷ ᠲᠡᠭᠡᠭᠡᠵᠦ ᠲᠡᠮᠡᠭᠡ ᠪᠡᠷ ᠠᠴᠢᠮ᠎ᠠ ᠲᠣᠭᠠᠯᠠᠰᠢ ᠦᠭᠡᠢ ᠠᠷᠪᠢᠨ ᠪᠠᠢᠯ᠎ᠠ ᠭᠡᠵᠦ ᠨᠤᠲᠤᠭ ᠤᠨ ᠪᠤᠭᠤᠷᠤᠯᠴᠤᠳ ᠬᠠᠭᠤᠴᠢᠯᠠᠳᠠᠭ ᠃ ᠮᠥᠨ ᠴᠦ ᠰᠢᠷ᠎ᠠ ᠮᠥᠷᠡᠨ ᠤ ᠬᠥᠪᠡᠭᠡ ᠪᠡᠷ ᠪᠣᠷᠤ ᠪᠤᠷᠭᠠᠰᠤ ᠳᠠᠬᠢᠵᠤ ᠤᠷᠭᠤᠭᠰᠠᠨ ᠨᠢ ᠮᠠᠯ ᠤᠨᠤᠭ᠎ᠠ ᠠᠩ ᠠᠮᠢᠲᠠᠨ ᠳᠤ ᠮᠤᠨᠳᠠᠭ ᠶᠡᠬᠡ ᠪᠡᠯᠴᠢᠭᠡᠷ ᠂ ᠨᠥᠮᠦᠷᠢ ᠬᠠᠯᠬᠠᠪᠴᠢ ᠪᠣᠯᠵᠤ ᠪᠠᠢᠭᠰᠠᠨ ᠢ ᠨᠢ 1990 ᠭᠡᠳ ᠤᠨ ᠡᠴᠡ ᠡᠬᠢᠯᠡᠭᠰᠡᠨ ( ᠬᠠᠢᠯᠠᠰᠤ ᠳᠤ ᠶᠡᠬᠡ ᠬᠡᠮᠵᠢᠶ᠎ᠡ ᠪᠡᠷ ᠨᠡᠭᠦᠳᠡᠯ ᠠᠷᠠᠳ ᠣᠷᠤᠵᠤ ᠰᠠᠭᠤᠭᠰᠠᠨ ) ᠲᠦᠯᠡᠰᠢ ᠠᠪᠬᠤ 《 ᠶᠡᠬᠡ ᠬᠥᠳᠡᠯᠭᠡᠭᠡᠨ 》  ᠤ ᠳᠤᠮᠳᠠ ᠬᠣᠮᠤᠬᠠᠢ ᠰᠠᠨᠠᠭᠠᠲᠠᠢ ᠬᠥᠮᠦᠰ ᠬᠤᠷᠴᠠ ᠰᠦᠬᠡ ᠬᠠᠳᠤᠭᠤᠷ ᠡᠷᠭᠢᠭᠦᠯᠦᠨ ᠦᠨᠳᠦᠰᠦ ᠪᠠᠷ ᠨᠢ ᠴᠠᠪᠴᠢᠵᠤ ᠠᠪᠤᠭᠰᠠᠨ ᠢᠶᠡᠷ ᠪᠤᠷᠭᠠᠰᠤ ᠪᠤᠳᠡ ᠳᠠᠬᠢᠵᠤ ᠤᠷᠭᠤᠵᠤ ᠴᠢᠳᠠᠯ ᠦᠭᠡᠢ ᠦᠨᠳᠦᠰᠦ ᠲᠠᠰᠤᠷᠡᠵᠤ ᠂ ᠲᠡᠷᠡᠴᠢᠯᠠᠨ ᠰᠢᠷ᠎ᠠ ᠮᠥᠷᠡᠨ ᠤ ᠨᠠᠭᠠᠨ᠎ᠠ ᠡᠷᠭᠢ ᠤᠨ ᠬᠢ ᠠᠪᠴᠤ ᠳᠠᠭᠤᠰᠭᠠᠭᠰᠠᠨ ᠢᠶᠡᠷ ᠪᠠᠷᠠᠬᠤ ᠦᠭᠡᠢ ᠴᠢᠨᠠᠳᠤ ᠡᠷᠭᠢ ᠶᠢᠨ ᠬᠢ ᠴᠦ ᠬᠣᠪᠬᠤ ᠠᠪᠤᠭᠰᠠᠨ ᠢᠶᠡᠷ ᠣᠳᠤ ᠮᠥᠷᠡᠨ ᠤ ᠬᠣᠶᠠᠷ ᠡᠷᠭᠢ ᠨᠢᠴᠦᠭᠦᠨ ᠲᠡᠩ ᠪᠣᠯᠵᠤ ᠬᠤᠪᠢᠷᠡᠵᠡᠢ ᠃

    1. ᠬᠠᠢᠯᠠᠰᠤ ᠣᠷᠴᠢᠮ ᠤᠨ ᠠᠭᠤᠯᠠ ᠲᠤᠯᠤᠭᠠᠳ ᠤᠨ ᠨᠡᠷᠡᠢᠳᠦᠯ

    ᠮᠣᠩᠭᠤᠯ ᠭᠠᠵᠠᠷ ᠤᠨ ᠮᠢᠨᠢ ᠠᠭᠤᠯᠠ ᠪᠦᠬᠦᠨ ᠨᠢ ᠨᠡᠷ᠎ᠡ ᠲᠠᠢ ᠂ ᠤᠰᠤ ᠪᠦᠬᠦᠨ ᠨᠢ ᠳᠣᠮᠤᠭ ᠲᠠᠢ ᠪᠠᠢᠳᠠᠭ ᠰᠠᠨ ᠃ ᠬᠠᠢᠯᠠᠰᠤ ᠶᠢᠨ ᠤᠷᠳᠤᠭᠤᠷ ᠬᠦᠨᠳᠡᠯᠢᠰᠤᠨ ᠲᠤᠭᠲᠠᠭᠰᠠᠨ ᠥᠷᠭᠡᠨ ᠢᠶᠡᠷ ᠢᠶᠡᠨ ᠪᠠᠷᠤᠭ 5 ︱ 6 ᠭᠠᠵᠠᠷ ᠣᠷᠴᠢᠮ ᠤᠨ ᠨᠡᠷᠢᠬᠠᠨ ᠲᠠᠯ᠎ᠠ ᠶᠢ ᠪᠦᠷᠢᠳᠤᠨ ᠲᠠᠯ᠎ᠠ ᠭᠡᠳᠡᠭ ᠃ ᠪᠦᠷᠢᠳᠤᠨ ᠲᠠᠯ᠎ᠠ ᠶᠢᠨ ᠳᠡᠭᠡᠷ᠎ᠡ ᠦᠵᠦᠭᠦᠷ ᠣᠷᠴᠢᠮ ᠪᠤᠶᠤ ᠪᠠᠶᠠᠩᠬᠤᠸᠡ ᠠᠢᠯ ᠤᠨ ᠳᠤᠮᠳᠠ ᠪᠠᠢᠭ᠎ᠠ ᠪᠠᠭᠠᠬᠠᠨ ᠪᠦᠮᠪᠤᠭᠡᠷ ᠲᠣᠯᠤᠭᠠᠢ ᠶᠢ ᠴᠠᠩᠰᠠᠢ ᠬᠤᠸᠡ ᠭᠡᠵᠦ ᠂ ᠲᠡᠭᠦᠨ ᠤ ᠵᠡᠭᠦᠨ ᠲᠡᠯ᠎ᠡ ᠳᠤ ᠪᠠᠢᠭ᠎ᠠ ᠪᠦᠮᠪᠤᠭᠡᠷ ᠲᠣᠯᠤᠭᠠᠢ ᠶᠢ ᠬᠤᠯᠪᠤᠭᠠᠯᠵᠢ ᠶᠢᠨ ᠬᠤᠸᠡ ᠭᠡᠳᠡᠭ ᠃ ᠳᠠᠯᠠᠭᠠᠳ ᠵᠢᠯ ᠤᠨ ᠡᠮᠤᠨᠡᠬᠢᠨ ᠪᠣᠯᠲᠠᠯ᠎ᠠ ᠡᠨᠡ ᠬᠦ ᠬᠣᠶᠠᠷ ᠬᠤᠸᠡ ᠶᠢᠨ ᠲᠣᠭᠤᠷᠢᠨ ᠳᠤ ᠠᠢᠯ ᠤᠨ ᠪᠡᠷ᠎ᠡ ᠦᠭᠡᠢ ᠪᠠᠢᠭᠰᠠᠨ ᠪᠥᠭᠡᠳ ᠪᠠᠷᠤᠭ 70 ᠵᠢᠯ ᠤᠨ ᠡᠮᠤᠨᠡᠬᠢᠨ ᠬᠤᠯᠪᠤᠭᠠᠯᠵᠢ ᠶᠢᠨ ᠬᠤᠸᠡ ᠶᠢᠨ ᠠᠷᠤ ᠳᠤ ᠭᠠᠭᠴᠠ ᠠᠢᠯ ᠢᠷᠡᠵᠦ ᠰᠠᠭᠤᠭᠰᠠᠨ ᠨᠢ ᠰᠠᠭᠰᠠᠭ ᠭᠡᠳᠡᠭ ᠨᠡᠰᠤᠳᠡᠨ ᠤ ᠬᠢ ᠪᠠᠢᠭᠰᠠᠨ ᠭᠡᠨ᠎ᠡ ᠯᠠᠢ ᠃ ᠤᠴᠢᠷ ᠨᠢ ᠰᠢᠷ᠎ᠠ ᠮᠥᠷᠡᠨ ᠦᠶᠡᠷᠯᠡᠨ ᠳᠣᠭᠰᠢᠷᠠᠭᠰᠠᠨ ᠦᠶ᠎ᠡ ᠳᠡᠭᠡᠨ ᠳᠣᠭᠰᠢᠨ ᠤᠰᠤ ᠡᠨᠡᠭᠦᠷ ᠲᠠᠭᠠᠷᠢᠨ ᠥᠩᠭᠡᠷᠡᠵᠦ ᠭᠠᠷᠴᠤ ᠪᠠᠢᠭᠰᠠᠨ ᠢᠶᠡᠷ ᠠᠢᠯ ᠰᠠᠭᠤᠬᠤ ᠶᠢᠨ ᠴᠦ ᠠᠷᠭ᠎ᠠ ᠦᠭᠡᠢ ᠪᠠᠢᠯ᠎ᠠ ᠃ ᠲᠡᠢᠨ ᠬᠦ ᠮᠠᠯ ᠰᠦᠷᠦᠭ ᠢᠷᠡᠢᠨ ᠪᠡᠯᠴᠢᠭᠰᠠᠨ ᠰᠠᠢᠨ ᠨᠤᠲᠤᠭ ᠭᠡᠵᠦ ᠶᠣᠰᠤᠲᠠᠢ ᠴᠦ ᠡᠨᠳᠡ ᠯᠠ ᠪᠠᠢᠭᠰᠠᠨ ᠪᠠᠢᠵᠠᠢ ᠃ ᠭᠡᠲᠡᠯ᠎ᠡ ᠴᠠᠭ ᠲᠥᠷᠦ ᠶᠢᠨ ᠤᠢᠮᠡᠬᠡᠨᠳᠤ ᠦᠶ᠎ᠡ ᠳᠤ 《 ᠶᠠᠭᠤ ᠲᠠᠢ ᠪᠡᠨ ᠬᠣᠯᠪᠤᠭᠠᠯᠠᠬᠤ ᠭᠡᠵᠦ ᠪᠠᠢᠭ᠎ᠠ ᠪᠤᠢ ︖ ᠲᠠᠷᠰᠯᠠᠬᠦᠦ ᠬᠠᠷ᠎ᠠ ᠡᠭᠦᠷ ᠪᠣᠯᠬᠤ ᠭᠡᠵᠦ ᠪᠠᠢᠨ᠎ᠠ ᠤᠤ ? 》 ᠭᠡᠳ ᠤᠤᠯ ᠨᠡᠷ᠎ᠡ ᠶᠢ ᠨᠢ ᠪᠠᠶᠠᠡᠬᠤᠸᠡ ( ᠪᠠᠶᠠᠩᠬᠤᠸᠡ ) ᠭᠡᠵᠦ ᠰᠣᠯᠢᠭᠰᠠᠨ ᠢᠶᠡᠷ ᠣᠳᠤ ᠡᠨᠡ ᠬᠦ ᠨᠡᠷ᠎ᠡ ᠰᠢᠩᠭᠡᠵᠦ ᠦᠯᠡᠳᠡᠭᠡᠳ ᠬᠣᠶᠠᠷ ᠬᠤᠸᠡ ᠶᠢᠨ ᠨᠡᠷ᠎ᠡ ᠮᠠᠷᠲᠠᠭᠳᠠᠭᠠᠳ 《ᠨᠠᠭᠠᠳᠤ ᠪᠤᠮᠪᠠᠭᠠᠷ ᠂ ᠴᠠᠭᠠᠳᠤ ᠪᠤᠮᠪᠠᠭᠠᠷ 》 ᠭᠡᠵᠦ ᠬᠤᠯᠠ ᠤᠢᠷ᠎ᠡ ᠶᠢᠨ ᠵᠠᠢ ᠪᠡᠷ ᠨᠢ ᠨᠡᠷᠡᠢᠳᠤᠬᠦ ᠪᠣᠯᠤᠭᠰᠠᠨ ᠪᠠᠢᠨ᠎ᠠ ᠃ ᠣᠳᠤ ᠶᠢᠨ ᠬᠠᠢᠯᠠᠰᠤ ᠣᠷᠤᠨ ᠤ ᠲᠧᠯᠸᠢᠰ ᠤᠨ ᠰᠤᠪᠠᠭ ᠳᠠᠮᠵᠢᠭᠤᠯᠬᠤ ᠰᠤᠪᠤᠷᠭ᠎ᠠ ᠪᠣᠰᠭᠠᠭᠰᠠᠨ ᠲᠡᠷᠡ ᠠᠭᠤᠯᠠ ᠶᠢ ᠬᠠᠷ᠎ᠠ ᠲᠣᠯᠤᠭᠠᠢ ᠭᠡᠳᠡᠭ ᠃ ᠲᠡᠭᠦᠨ ᠡᠴᠡ ᠬᠣᠢᠰᠢ ᠰᠤᠨᠤᠯᠵᠠᠭᠰᠠᠨ ᠬᠥᠲᠦᠯ ᠤᠨ ᠬᠠᠮᠤᠭ ᠪᠠᠷᠠᠭᠤᠨ ᠬᠣᠢᠲᠤ ᠦᠵᠦᠭᠦᠷ ᠤᠨ ᠰᠢᠷ᠎ᠠ ᠮᠥᠷᠡᠨ ᠳᠤ ᠮᠦᠷᠬᠦᠭᠰᠠᠨ ᠠᠭᠤᠯᠠ ᠶᠢ ᠰᠢᠷ᠎ᠠ ᠰᠦᠮᠡᠳᠤ ( ᠰᠦᠮ᠎ᠡ ᠲᠠᠢ ) ᠭᠡᠳᠡᠭ ᠃ ᠲᠡᠷᠡ ᠠᠭᠤᠯᠠ ᠶᠢᠨ ᠬᠠᠳᠠ ᠨᠢ ᠤᠯᠠᠪᠲᠤᠷ ᠰᠢᠷᠭᠠᠯ ᠥᠩᠭᠡ ᠲᠠᠢ ᠬᠠᠪᠳᠠᠭᠠᠯᠵᠢᠨ ᠴᠢᠯᠠᠭᠤ ᠶᠡᠬᠡ ᠭᠠᠷᠳᠠᠭ ᠪᠥᠭᠡᠳ ᠲᠡᠭᠳᠡᠷᠯᠡᠭᠰᠠᠨ ᠢᠨᠳᠡᠷ ᠰᠢᠭ ᠲᠦᠷᠪᠡᠯᠵᠢᠯᠡᠭᠰᠠᠨ ᠪᠠᠢᠳᠠᠯ ᠢ ᠨᠢ ᠬᠤᠯᠠ ᠡᠴᠡ ᠬᠠᠷᠠᠬᠤ ᠳᠤ ᠶᠠᠭ ᠯᠠ ᠰᠦᠮ᠎ᠡ ᠰᠢᠭ ᠵᠢᠷᠪᠢᠯᠵᠡᠨ ᠦᠵᠡᠭᠳᠡᠳᠡᠭ ᠪᠠᠢᠵᠠᠢ ᠃ ᠲᠡᠷᠡ ᠮᠥᠷᠲᠡᠭᠡᠨ ᠪᠠᠷᠤᠭ 100 ᠭᠠᠷᠤᠢ ᠵᠢᠯ ᠤᠨ ᠡᠮᠦᠨ᠎ᠡ ᠣᠩᠨᠢᠭᠤᠳ ᠬᠣᠰᠢᠭᠤᠨ ᠤ ᠰᠢᠷᠡᠭᠡᠳᠤ ᠭᠡᠭᠡᠨ ᠤᠯᠠᠭᠠᠨ ᠭᠡᠭᠡᠨ ( ᠪᠠᠰᠠ ᠲᠤᠭᠤᠨ ᠭᠡᠭᠡᠨ ᠭᠡᠵᠦ ᠬᠡᠯᠡᠵᠦ ᠪᠠᠢᠭ᠎ᠠ ᠨᠢ ᠪᠤᠢ ) ᠬᠣᠰᠢᠭᠤᠨ ᠤ ᠵᠡᠭᠦᠨ ᠬᠡᠰᠡᠭ ᠤᠨ ᠰᠦᠮ᠎ᠡ ᠤᠳ ᠢᠶᠡᠷ ᠲᠣᠭᠤᠷᠢᠬᠤ ᠪᠡᠷ ᠭᠠᠷᠤᠭᠠᠳ ᠬᠠᠯᠵᠠᠨ ᠠᠭᠤᠯᠠ ᠶᠢ ᠡᠩᠬᠡᠷᠯᠡᠵᠤ ᠣᠷᠤᠵᠤ ᠢᠷᠡᠬᠦ ᠳᠤ ᠨᠢ ᠭᠡᠨᠡᠳᠲᠡ ᠬᠡᠩᠭᠡᠷᠭᠡ ᠴᠠᠩ ᠤᠨ ᠲᠠᠭᠤᠨ ᠬᠠᠩᠭᠢᠨᠠᠵᠤ ᠴᠠᠩᠬᠢᠨᠠᠬᠤ ᠪᠡᠷ 《 ᠬᠦᠢ ︕ ᠪᠠᠢᠵᠠ ᠪᠠᠢᠵᠠ ︕ ᠲᠡᠷᠭᠡ ᠶᠢ ᠵᠣᠭᠰᠤᠭ᠎ᠠ ︕ ᠰᠤᠷ ᠵᠠᠯᠠᠵᠤ ᠪᠠᠢᠨ᠎ᠠ !》ᠭᠡᠳ ᠤᠨᠤᠭ᠎ᠠ ᠬᠥᠰᠭᠡ ᠶᠢ ᠵᠣᠭᠰᠤᠭᠠᠳ ᠲᠡᠷᠡ ᠲᠠᠭᠤᠨ ᠨᠠᠮᠵᠢᠭᠰᠠᠨ ᠤ ᠳᠠᠷᠠᠭ᠎ᠠ ᠰᠠᠶᠢ ᠲᠡᠷᠭᠡ ᠬᠦᠳᠡᠯᠬᠡᠵᠡᠢ ᠃ ᠤᠤᠯ ᠨᠢ ᠰᠦᠮ᠎ᠡ ᠶᠢᠨ ᠵᠠᠯᠠᠭᠤ ᠪᠠᠨᠳᠢ ᠨᠡᠷ ᠪᠠᠭᠰᠢ ᠯᠠᠮᠠ ᠶᠢᠨ ᠢᠶᠡᠨ ᠡᠵᠡᠭᠦᠢ ᠳᠤ ᠵᠠᠪᠳᠤᠵᠤ ᠰᠦᠮ᠎ᠡ ᠶᠢᠨ ᠭᠡᠩᠬᠡᠷᠭᠡ ᠴᠠᠩ ᠢ ᠬᠤᠯᠠᠭᠠᠢᠯᠠᠵᠤ ᠠᠪᠴᠤ ᠭᠠᠷᠤᠭᠠᠳ ᠰᠤᠷ ᠵᠠᠯᠠᠵᠤ ᠨᠠᠭᠠᠳᠴᠤ ᠪᠠᠢᠭᠰᠠᠨ ᠠᠵᠢ ᠃ ᠶᠡᠷᠦ ᠶᠢᠨ ᠦᠶ᠎ᠡ ᠳᠤ ᠰᠤᠷ ᠵᠠᠯᠠᠵᠤ ᠪᠠᠢᠬᠤ ᠳᠤ ᠶᠠᠮᠠᠷ ᠬᠥᠮᠦᠨ ᠭᠡᠳ ᠲᠤᠷ᠎ᠡ ᠪᠡᠷ ᠣᠷᠤᠵᠤ ᠪᠣᠯᠳᠠᠭ ᠦᠭᠡᠢ ᠬᠣᠷᠢᠭ᠎ᠠ ᠴᠡᠭᠡᠷ ᠲᠠᠢ ᠪᠥᠭᠡᠳ ᠣᠷᠤᠪᠠᠯ ᠳᠠᠭᠠᠷᠢᠭᠳᠠᠳᠠᠭ ᠪᠠᠢᠵᠠᠢ ᠃ ᠲᠡᠢᠨ ᠬᠦ ᠬᠢᠴᠢᠶᠡᠨ ᠰᠠᠷᠡᠮᠵᠢᠯᠡᠭᠰᠠᠨ ᠭᠡᠭᠡᠨᠳᠡᠨ ᠡᠴᠡ ᠪᠠᠨᠳᠢ ᠨᠡᠷ ᠤᠨ ᠰᠤᠷ ᠵᠠᠯᠠᠵᠤ ᠨᠠᠭᠠᠳᠤᠭᠰᠠᠨ ᠡᠨᠡ ᠬᠦ ᠭᠠᠵᠠᠷ ᠢ 《ᠰᠢᠷ᠎ᠠ ᠰᠦᠮᠡᠳᠤ ᠭᠡᠵᠦ ᠨᠡᠷᠡᠯᠡᠳᠤᠭᠡᠢ ! 》ᠭᠡᠵᠦ ᠵᠠᠬᠢᠭᠰᠠᠨ ᠢᠶᠡᠷ ᠲᠡᠭᠡᠵᠦ ᠨᠡᠷᠡᠯᠡᠭᠰᠠᠨ ᠴᠦ ᠣᠳᠣᠬᠠᠨ ᠮᠡᠳᠡᠳᠡᠭ ᠬᠥᠮᠦᠰ ᠨᠢ ᠪᠦᠷ ᠴᠥᠭᠡᠷᠡᠵᠡᠢ ᠃ ᠲᠡᠭᠡᠭᠡᠳ ᠪᠠᠰᠠ 1970 ᠭᠠᠳ ᠤᠨ ᠳᠤ ᠰᠢᠷ᠎ᠠ ᠮᠥᠷᠡᠨ ᠦᠶᠡᠷᠯᠡᠬᠦ ᠳᠤ ᠭᠣᠣᠯ ᠤᠨ ᠬᠠᠰᠢᠯᠭ᠎ᠠ ᠳᠠᠷᠤᠬᠤ ᠬᠡᠮᠡᠨ ᠡᠨᠡ ᠬᠦ ᠬᠠᠳᠠ ᠶᠢ ᠨᠡᠢᠳᠡᠮ ᠳᠤ ᠨᠢ ᠲᠡᠯᠪᠡᠴᠡᠵᠤ ᠠᠪᠤᠭᠰᠠᠨ ᠢᠶᠡᠷ ᠣᠳᠤ ᠬᠠᠳᠠᠨ ᠤ ᠳᠦᠷᠢ ᠪᠠᠢᠳᠠᠯ ᠪᠦᠷᠢᠮᠦᠰᠦᠨ ᠡᠪᠳᠡᠭᠳᠡᠵᠡᠢ ᠃ ᠰᠢᠷ᠎ᠠ ᠰᠦᠮᠡᠳᠤ ᠤᠷᠤᠢ ᠶᠢᠨ ᠠᠷᠤ ᠲᠡᠯ᠎ᠡ ᠳᠤ ᠶᠡᠬᠡ ᠬᠠᠪᠴᠢᠯ ᠲᠠᠢ ᠪᠥᠭᠡᠳ ᠳᠡᠭᠡᠷ᠎ᠡ ᠡᠴᠡ ᠳᠣᠷᠤᠭᠰᠢ ᠬᠠᠷᠠᠬᠤ ᠳᠤ ᠲᠣᠯᠤᠭᠠᠢ ᠡᠷᠭᠢᠵᠦ ᠨᠢᠳᠦ ᠡᠷᠢᠶᠡᠯᠵᠡᠳᠡᠭ ᠠᠭᠠᠳ ᠤᠪ ᠤᠯᠠᠢᠵᠤ ᠬᠠᠷᠠᠭᠳᠠᠳᠠᠭ ᠢᠶᠡᠷ ᠨᠢ 《ᠤᠯᠠᠭᠠᠨ ᠭᠤᠤ 》 ᠭᠡᠰᠡᠨ ᠪᠡ ᠲᠡᠭᠦᠨ ᠤ ᠲᠤᠲᠤᠷ᠎ᠡ ᠡᠯᠢᠶ᠎ᠡ ᠡᠷᠭᠢᠯᠳᠦᠨ ᠦᠨᠡᠭᠡ ᠱᠠᠷᠢᠰᠤ ᠡᠬᠦᠷᠯᠡᠵᠤ ᠪᠠᠢᠭᠰᠠᠨ ᠪᠠᠢᠪᠠ ᠃ ᠰᠢᠷ᠎ᠠ ᠰᠦᠮᠡᠳᠤ ᠶᠢᠨ ᠵᠡᠭᠦᠨ ᠲᠡᠯ᠎ᠡ ᠶᠢᠨ ᠥᠨᠳᠦᠷ ᠤᠷᠤᠢ ᠶᠢ 《ᠠᠭᠤᠢᠲᠤ 》 ᠭᠡᠳᠡᠭ ᠪᠡ ᠤᠷᠤᠭᠰᠢ ᠪᠡᠨ ᠬᠠᠨᠳᠤᠭᠰᠠᠨ ᠠᠷᠤ ᠳᠠᠭᠠᠨ ᠲᠦᠰᠢᠯᠬᠡ ᠲᠠᠢ ᠂ ᠬᠣᠶᠠᠷ ᠲᠠᠯ᠎ᠠ ᠳᠠᠭᠠᠨ ᠭᠠᠷ ᠲᠠᠯᠪᠢᠵᠤ ᠪᠣᠯᠬᠤ ᠲᠦᠰᠢᠬᠦᠷ ᠲᠠᠢ ᠠᠭᠤᠵᠢᠮᠬᠠᠨ ᠰᠠᠭᠤᠳᠠᠯ ᠮᠡᠲᠦ ᠬᠠᠳᠠ ᠪᠠᠢᠭᠰᠠᠨ ᠨᠢ ᠣᠳᠤ ᠬᠡᠢᠰᠤᠮᠠᠯ ᠮᠠᠩᠬᠠᠨ ᠳᠤ ᠳᠠᠷᠤᠭᠳᠠᠭᠠᠳ ᠳᠡᠮᠡᠢ ᠮᠡᠳᠡᠭᠳᠡᠬᠦ ᠦᠭᠡᠢ ᠪᠣᠯᠤᠭᠰᠠᠨ ᠪᠠᠢᠨ᠎ᠠ ᠃ ᠠᠭᠤᠢᠲᠤ ᠶᠢᠨ ᠵᠡᠭᠦᠨ ᠲᠡᠯ᠎ᠡ ᠳᠤ ᠪᠠᠢᠭ᠎ᠠ ᠲᠤᠰ ᠣᠷᠤᠨ ᠤ ᠬᠠᠮᠤᠭ ᠥᠨᠳᠦᠷ ᠣᠷᠭᠢᠯ ᠢ 《 ᠶᠡᠬᠡ ᠥᠨᠳᠦᠷ 》 ᠭᠡᠳᠡᠭ ᠃ 1978 ᠤᠨ ᠳᠤ ᠬᠠᠢᠯᠠᠰᠤ ᠲᠤᠮᠳᠡᠳᠤ ᠰᠤᠷᠭᠠᠭᠤᠯᠢ ᠶᠢᠨ ᠨᠢᠭᠡ ᠠᠩᠭᠢ ᠰᠤᠷᠤᠭᠴᠢᠳ ᠶᠡᠬᠡ ᠥᠨᠳᠦᠷ ᠳᠡᠭᠡᠷ᠎ᠡ ᠭᠠᠷᠴᠤ ᠮᠠᠤ ᠽᠧ ᠳ᠋ᠦᠩ ᠤᠨ ᠭᠤᠷᠪᠠᠨ ᠵᠣᠬᠢᠶᠠᠯ ᠤᠨ ᠨᠢᠭᠡ ᠬᠡᠮᠡᠭᠳᠡᠭᠰᠠᠨ 《 ᠲᠡᠨᠡᠭ ᠡᠪᠦᠭᠡᠨ ᠠᠭᠤᠯᠠ ᠶᠢ ᠨᠡᠬᠦᠯᠭᠡᠭᠰᠠᠨ ᠨᠢ 》 ᠬᠡᠮᠡᠬᠦ ᠵᠣᠬᠢᠶᠠᠯ ᠤᠨ ᠭᠠᠷᠴᠠᠭ ᠳᠥᠷᠪᠡᠨ ᠬᠢᠲᠠᠳ ᠦᠰᠦᠭ ᠢ ᠴᠢᠯᠠᠭᠤ ᠪᠡᠷ ᠥᠷᠦᠵᠦ ᠳᠡᠭᠡᠷ᠎ᠡ ᠨᠢ ᠴᠣᠬᠤᠢ ᠴᠢᠳᠭᠤᠵᠤ ᠲᠠᠯᠪᠢᠭᠰᠠᠨ ᠢᠶᠡᠷ ᠲᠡᠷᠡ ᠨᠢ ᠨᠡᠯᠢᠶᠡᠳ ᠬᠤᠯᠠ ᠡᠴᠡ ᠴᠡᠢᠷᠡᠨ ᠬᠠᠷᠠᠭᠳᠠᠳᠠᠭ ᠢᠶᠡᠷ ᠵᠠᠷᠢᠮ ᠬᠥᠮᠦᠰ ᠡᠨᠡ ᠠᠭᠤᠯᠠ ᠶᠢ 《ᠢᠦᠢ ᠬᠦᠩ ᠶᠢ ᠱᠠᠨ 》 ᠬᠡᠮᠡᠨ ᠨᠡᠷᠡᠢᠳᠦᠳᠡᠭ ᠪᠣᠯᠤᠭᠰᠠᠨ ᠪᠠᠢᠨ᠎ᠠ ᠃ ᠠᠭᠤᠢᠲᠤ ᠂ ᠶᠡᠬᠡ ᠥᠨᠳᠦᠷ ᠬᠣᠶᠠᠷ ᠤᠨ ᠬᠣᠭᠤᠷᠤᠨᠳᠤᠬᠢ ᠨᠠᠯᠠᠤ ᠬᠥᠲᠦᠯ ᠢ 《 ᠭᠡᠷᠡᠮᠳᠤ 》 ᠭᠡᠨ᠎ᠡ ᠃ ᠴᠢᠯᠠᠭᠤ ᠪᠡᠷ ᠪᠣᠰᠭᠠᠭᠰᠠᠨ ᠬᠡᠷᠡᠮ ᠮᠡᠲᠦ ᠬᠠᠳᠠ ᠲᠠᠢ ᠪᠣᠯᠬᠣᠷ ᠲᠡᠭᠡᠵᠦ ᠨᠡᠷᠡᠯᠡᠭᠰᠠᠨ ᠪᠠᠢᠨ᠎ᠠ ᠃ ᠬᠡᠷᠡᠮᠳᠤ ᠡᠴᠡ ᠳᠣᠲᠤᠭᠰᠢ ᠪᠡᠨ ᠨᠡᠯᠢᠶᠡᠳ ᠶᠡᠬᠡ ᠭᠤᠤ ᠲᠠᠢ ᠪᠠᠢᠭ᠎ᠠ ᠶᠢ ᠨᠢ 《 ᠬᠡᠷᠡᠮᠳᠤ ᠶᠢᠨ ᠭᠤᠤ 》 ᠭᠡᠳᠡᠭ ᠪᠡ ᠲᠡᠷᠡ ᠳᠤᠮᠳᠠ ᠡᠴᠡ ᠪᠠᠨ ᠪᠤᠯᠠᠭ ᠣᠷᠭᠢᠯᠤᠭᠠᠳ ᠡᠮᠦᠨᠡᠰᠢ ᠪᠠᠨ ᠠᠭᠤᠯᠠ ᠶᠢᠨ ᠬᠣᠷᠮᠤᠢ ᠤᠷᠢᠶᠡᠭᠠᠳ ᠤᠷᠤᠰᠴᠤ ᠪᠠᠢᠭᠰᠠᠨ ᠨᠢ ᠴᠢᠯᠠᠭᠤ ᠮᠣᠳᠤ ᠶᠢ ᠶᠡᠬᠡ ᠬᠦᠳᠡᠯᠭᠡᠭᠰᠠᠨ ᠢᠶᠡᠷ ᠰᠡᠭᠦᠯ ᠳᠤ ᠨᠢ ᠰᠢᠷᠬᠢᠵᠡᠢ ᠃ ᠶᠡᠬᠡ ᠥᠨᠳᠦᠷ ᠤᠨ ᠵᠡᠭᠦᠨ ᠬᠣᠢᠲᠤ ᠲᠡᠯ᠎ᠡ ᠳᠤ ᠪᠠᠢᠭ᠎ᠠ ᠤᠷᠤᠢ ᠶᠢ 《 ᠬᠦᠶᠦᠯᠬᠡᠷ 》 ᠬᠡᠮᠡᠵᠤ ᠂ ᠲᠡᠭᠦᠨ ᠡᠴᠡ ᠵᠡᠭᠦᠨ ᠲᠡᠯ᠎ᠡ ᠳᠤ ᠪᠠᠢᠭᠰᠠᠨ ᠬᠠᠳᠠ ᠲᠠᠢ ᠨᠠᠮᠬᠠᠨ ᠠᠭᠤᠯᠠ ᠶᠢ 《 ᠰᠢᠷᠭᠤᠭᠤᠯ ᠤᠨ ᠬᠠᠳᠠ 》 ᠭᠡᠵᠦ ᠂ ᠪᠠᠭᠠᠷᠢᠨ ᠬᠠᠯᠵᠠᠨ ᠠᠭᠤᠯᠠᠨ ᠳᠤ ᠪᠠᠢᠭᠰᠠᠨ 《 ᠰᠢᠷᠭᠤᠭᠤᠯ ᠤᠨ ᠬᠠᠳᠠ 》 ᠲᠡᠢ ᠬᠠᠷᠢᠴᠠᠭᠤᠯᠤᠭᠠᠳ 《 ᠪᠠᠭ᠎ᠠ ᠰᠢᠷᠭᠤᠭᠤᠯ 》 ᠭᠡᠵᠦ ᠨᠡᠷᠡᠢᠳᠤᠨ ᠰᠦᠰᠦᠭᠲᠡᠨ ᠨᠡᠷ ᠰᠢᠷ᠎ᠠ ᠮᠥᠷᠡᠨ ᠦᠶᠡᠷᠯᠡᠭᠰᠠᠨ ᠴᠠᠭ ᠲᠦ 《 ᠶᠡᠬᠡ ᠰᠢᠷᠭᠤᠭᠤᠯ 》 ᠳᠤ ᠬᠦᠷᠴᠦ ᠴᠢᠳᠠᠬᠤ ᠦᠭᠡᠢ ᠪᠣᠯ ᠨᠠᠭᠠᠳᠤ ᠲᠡᠯ᠎ᠡ ᠶᠢᠨ ᠪᠠᠭ᠎ᠠ ᠰᠢᠷᠭᠤᠭᠤᠯ ᠢᠶᠡᠷ ᠰᠢᠷᠭᠤᠵᠤ ᠨᠢᠭᠦᠯ ᠬᠢᠯᠢᠨᠴᠠ ᠪᠠᠨ ᠠᠷᠢᠯᠭᠠᠵᠤ ᠪᠠᠢᠭᠰᠠᠨ ᠢ ᠨᠢ ᠬᠣᠵᠢᠮ ᠨᠢ ᠬᠠᠳᠠ ᠴᠢᠯᠠᠭᠤ ᠠᠪᠤᠭᠰᠠᠳ ᠤᠨ ᠭᠠᠷ ᠲᠦ ᠪᠦᠷᠢᠮᠦᠰᠦᠨ ᠰᠦᠢᠳᠦᠭᠳᠡᠵᠡᠢ ᠃ ᠰᠢᠷ᠎ᠠ ᠮᠥᠷᠡᠨ ᠤ ᠤᠰᠤ ᠴᠦ ᠣᠳᠤ ᠶᠢᠨ ᠬᠢ ᠰᠢᠭ ᠠᠭᠤᠵᠢᠮ ᠶᠡᠬᠡ ᠬᠡᠪᠡᠯᠢ ᠲᠠᠢ ᠪᠠᠢᠭᠰᠠᠨ ᠪᠢᠰᠢ ᠃ ᠰᠠᠢᠨ ᠪᠢᠯᠠᠭᠤ ᠰᠢᠳᠡᠳᠡᠭ ᠬᠥᠮᠦᠨ ᠬᠠᠮᠤᠭ ᠨᠠᠷᠢᠨ ᠭᠠᠵᠠᠷ ᠢᠶᠡᠷ ᠨᠢ ᠰᠢᠳᠡᠪᠡᠯ ᠴᠢᠨᠠᠳᠤ ᠲᠠᠯ᠎ᠠ ᠳᠤ ᠨᠢ ᠭᠠᠷᠭᠠᠳᠠᠭ ᠪᠠᠢᠯ᠎ᠠ ᠭᠡᠯᠴᠡᠳᠡᠭ ᠃ ᠳᠠᠷᠤᠢ ᠮᠢᠨᠦ ᠶᠠᠷᠢᠵᠤ ᠪᠠᠢᠭ᠎ᠠ ᠡᠨᠡ ᠬᠡᠰᠡᠭ ᠭᠠᠵᠠᠷ ᠲᠦ ᠬᠠᠷᠢᠨ ᠤᠤᠯ ᠨᠢ ᠠᠷᠪᠠᠭᠠᠳ ᠰᠢᠬᠠᠮ ᠠᠢᠯ ᠰᠠᠭᠤᠵᠤ ᠪᠠᠢᠭᠰᠠᠨ ᠭᠡᠨ᠎ᠡ ᠃ ᠣᠳᠤ ᠲᠡᠭᠡᠬᠦ ᠳᠤ ᠮᠥᠷᠡᠨ ᠤ ᠤᠰᠤ ᠨᠠᠭᠠᠳᠤ ᠡᠷᠭᠢ ᠪᠠᠨ ᠢᠳᠡᠭᠰᠠᠭᠡᠷ ᠢᠳᠡᠭᠰᠠᠭᠡᠷ ᠬᠡᠪᠡᠯᠢ ᠨᠢ ᠪᠦᠷ ᠶᠡᠭᠡᠳᠦᠭᠰᠠᠨ ᠢᠶᠡᠷ ᠠᠢᠯ ᠤᠳ ᠴᠦ ᠰᠢᠬᠠᠭᠳᠠᠨ ᠭᠠᠷᠴᠤ 1978 ᠳᠤ ᠰᠢᠷ᠎ᠠ ᠮᠥᠷᠡᠨ ᠳᠡᠭᠡᠷ᠎ᠡ ᠪᠣᠰᠭᠠᠭᠰᠠᠨ ( ᠪᠦᠬᠦ ᠣᠩᠨᠢᠭᠤᠳ ᠬᠣᠰᠢᠭᠤᠨ ᠤ ᠠᠷᠠᠳ ᠭᠤᠷᠪᠠᠨ ᠵᠢᠯ ᠤᠨ ᠬᠦᠴᠦ ᠣᠷᠤᠭᠤᠯᠵᠠᠢ ) ᠬᠠᠢᠯᠠᠰᠤ ᠶᠢᠨ ᠶᠡᠬᠡ ᠬᠥᠭᠦᠷᠭᠡ ᠶᠢ ᠪᠠᠷᠢᠵᠤ ᠳᠠᠭᠤᠰᠭᠠᠬᠤ ᠳᠤ ᠬᠠᠢᠯᠠᠰᠤ ᠶᠢᠨ ᠠᠭᠤᠯᠠ ᠡᠴᠡ ᠪᠠᠷᠠᠭᠤᠨᠰᠢ ᠬᠠᠯᠵᠠᠨ ᠠᠭᠤᠯᠠ ᠬᠦᠷᠳᠡᠯ᠎ᠡ ᠂ ᠵᠡᠭᠦᠨᠰᠢ ᠪᠠᠨ ᠬᠠᠢᠯᠠᠰᠤ ᠶᠢᠨ ᠶᠡᠬᠡ ᠬᠥᠭᠦᠷᠭᠡ ᠬᠦᠷᠳᠡᠯ᠎ᠡ ᠪᠦᠷ ᠮᠤᠨᠳᠠᠭ ᠶᠡᠬᠡ ᠭᠣᠣᠯ ᠤᠨ ᠬᠠᠰᠢᠯᠭ᠎ᠠ ᠳᠠᠷᠤᠵᠤ ᠮᠥᠷᠡᠨ ᠤ ᠤᠰᠤ ᠶᠢ ᠣᠳᠤ ᠶᠢᠨ ᠬᠡᠪ ᠪᠠᠢᠳᠠᠯ ᠳᠤ ᠣᠷᠤᠭᠤᠯᠵᠠᠢ ᠃ ᠶᠡᠬᠡ ᠥᠨᠳᠦᠷ ᠤᠨ ᠪᠠᠷᠠᠭᠤᠨ ᠡᠮᠦᠨ᠎ᠡ ᠳᠣᠣᠷ᠎ᠠ ᠲᠡᠯ᠎ᠡ ᠳᠤ ᠪᠠᠢᠭ᠎ᠠ ᠪᠠᠭᠠᠬᠠᠨ ᠤᠷᠤᠢ ᠶᠢ 《 ᠪᠠᠷᠠᠭᠤᠨ ᠪᠤᠮᠪᠠᠭᠠᠷ 》 ᠭᠡᠵᠦ ᠵᠡᠭᠦᠨ ᠳᠣᠣᠷ᠎ᠠ ᠲᠠᠯ᠎ᠠ ᠳᠤ ᠪᠠᠢᠭ᠎ᠠ ᠪᠠᠭᠠᠬᠠᠨ ᠤᠷᠤᠢ ᠶᠢ ᠵᠡᠭᠦᠨ ᠪᠤᠮᠪᠠᠭᠠᠷ ᠭᠡᠳᠡᠭ ᠃ ᠶᠡᠬᠡ ᠥᠨᠳᠦᠷ ᠡᠴᠡ ᠤᠷᠤᠭᠰᠢ ᠪᠡᠨ ᠰᠤᠨᠤᠭᠰᠠᠨ ᠬᠣᠰᠢᠭᠤ ᠶᠢ 《 ᠭᠠᠷᠤᠳᠢ ᠶᠢᠨ ᠬᠣᠰᠢᠭᠤ 》 ᠭᠡᠵᠦ ᠂ ᠭᠠᠷᠤᠳᠢ ᠶᠢᠨ ᠬᠣᠰᠢᠭᠤᠨ ᠤ ᠪᠠᠷᠠᠭᠤᠨ ᠲᠠᠯ᠎ᠠ ᠪᠡᠷ ᠲᠦᠩ ᠬᠠᠷ᠎ᠠ ᠬᠠᠢᠯᠠᠰᠤ ᠲᠠᠢ ᠪᠠᠢᠭᠰᠠᠨ ᠭᠡᠳᠡᠭ ᠃ ᠪᠠᠷᠠᠭᠤᠨ ᠪᠤᠮᠪᠠᠭᠠᠷ ᠤᠨ ᠨᠠᠷᠠᠨ ᠡᠯᠢᠭᠡᠨ ᠲᠡᠯ᠎ᠡ ᠪᠡᠷ ᠡᠷᠲᠡ ᠤᠷᠢᠳᠤ ᠡᠴᠡ ᠣᠩᠭᠤᠨ ᠪᠤᠯᠠᠰᠢ ᠶᠡᠬᠡ ᠪᠠᠢᠭᠰᠠᠨ ᠭᠡᠳᠡᠭ ᠢ ᠬᠠᠢᠯᠠᠰᠤ ᠶᠢᠨ ᠰᠦᠮ᠎ᠡ ᠶᠢ ᠪᠠᠢᠭᠤᠯᠬᠤ ᠳᠤ ᠰᠢᠨᠵᠢᠬᠡᠴᠢ ᠡᠴᠡ 《 ᠬᠠᠢᠯᠠᠰᠤ ᠶᠢᠨ ᠰᠦᠮ᠎ᠡ ᠶᠢ ᠭᠠᠷᠤᠳᠢ ᠶᠢᠨ ᠬᠣᠰᠢᠭᠤᠨ ᠤ ᠪᠠᠷᠠᠭᠤᠨ ᠲᠡᠯ᠎ᠡ ᠳᠤ ᠪᠠᠢᠭᠤᠯᠪᠠᠯ ᠮᠢᠩᠭᠠᠨ ᠬᠤᠸᠠᠷᠠᠭ ᠲᠠᠢ ᠶᠡᠬᠡ ᠰᠦᠮ᠎ᠡ ᠪᠣᠯᠤᠨ᠎ᠠ ᠂ ᠭᠡᠪᠡᠴᠦ ᠲᠠᠢᠵᠢ ᠨᠡᠷ ᠤᠨ ᠦᠷ᠎ᠡ ᠲᠠᠰᠤᠷᠡᠨ᠎ᠠ 》 ᠭᠡᠰᠡᠨ ᠪᠣᠯᠬᠣᠷ ᠰᠦᠮ᠎ᠡ ᠶᠢ ᠬᠣᠰᠢᠭᠤᠨ ᠤ ᠵᠡᠭᠦᠨ ᠲᠡᠯ᠎ᠡ ᠳᠤ ᠪᠠᠢᠭᠤᠯᠵᠠᠢ ᠃ ᠲᠡᠭᠡᠭᠡᠳ ᠨᠦᠭᠴᠢᠭᠰᠠᠳ ᠤᠨ ᠣᠩᠭᠤᠨ ᠪᠤᠯᠠᠰᠢ ᠶᠢ ᠪᠦᠷ ᠪᠠᠷᠠᠭᠤᠨ ᠪᠤᠮᠪᠠᠭᠠᠷ ᠤᠨ ᠡᠩᠭᠡᠷ ᠲᠦ ᠲᠠᠯᠪᠢᠳᠠᠭ ᠪᠠᠢᠵᠠᠢ ᠃ ᠰᠡᠭᠦᠯ ᠳᠤ ᠨᠢ ᠲᠡᠷᠡ ᠣᠩᠭᠤᠨ ᠪᠤᠯᠠᠰᠢ ᠶᠢ ᠲᠡᠭᠰᠢᠯᠠᠵᠤ ᠠᠷᠤ ᠲᠠᠯ᠎ᠠ ᠳᠤ ᠨᠢ ᠬᠠᠢᠯᠠᠰᠤ ᠰᠤᠷᠭᠠᠭᠤᠯᠢ ᠂ ᠡᠮᠦᠨ᠎ᠡ ᠨᠢ ᠬᠠᠢᠯᠠᠰᠤ ᠶᠢᠨ ᠵᠠᠰᠠᠭ ᠤᠨ ᠣᠷᠳᠤᠨ ᠢ ᠪᠠᠢᠭᠤᠯᠤᠭᠰᠠᠨ ᠪᠢᠯᠡ ᠃ ᠬᠠᠢᠯᠠᠰᠤ ᠶᠢᠨ ᠰᠦᠮ᠎ᠡ ᠶᠢᠨ ᠠᠷᠤ ᠶᠢᠨ ᠠᠭᠤᠯᠠ ᠶᠢ ᠭᠠᠷᠤᠳᠢ ᠶᠢᠨ ᠲᠣᠯᠤᠭᠠᠢ ᠭᠡᠵᠦ ᠪᠠᠢᠭᠰᠠᠨ ᠃ ᠲᠡᠭᠦᠨ ᠡᠴᠡ ᠵᠡᠭᠦᠨᠰᠢ ᠰᠤᠨᠤᠯᠵᠠᠭᠰᠠᠨ ᠬᠥᠲᠦᠯ ᠢ 《 ᠪᠢᠯᠡᠬᠦᠳᠤ 》 ᠭᠡᠳᠡᠭ ᠪᠡ ᠡᠨᠡ ᠠᠭᠤᠯᠠᠨ ᠳᠡᠭᠡᠷ᠎ᠡ ᠨᠣᠭᠤᠪᠲᠤᠷ ᠥᠩᠭᠡ ᠶᠢᠨ ᠵᠥᠭᠡᠯᠡᠨ ᠴᠢᠯᠠᠭᠤ ᠭᠠᠷᠴᠤ ᠲᠡᠭᠦᠨ ᠢᠶᠡᠷ ᠨᠢ ᠨᠤᠲᠤᠭ ᠤᠨ ᠬᠥᠮᠦᠰ ᠪᠢᠯᠡᠭᠦᠦ ᠬᠢᠵᠦ ᠪᠠᠢᠭᠰᠠᠨ ᠢᠶᠡᠷ ᠲᠡᠭᠡᠵᠦ ᠨᠡᠷᠡᠯᠡᠭᠰᠠᠨ ᠪᠠᠢᠵᠠᠢ ᠃ ᠪᠢᠯᠡᠬᠦᠳᠤ ᠶᠢᠨ ᠶᠠᠭ ᠡᠮᠦᠨ᠎ᠡ ᠳᠣᠣᠷ᠎ᠠ ᠨᠢ ᠪᠠᠭᠠᠬᠠᠨ ᠬᠥᠲᠦᠯ ᠪᠠᠢᠳᠠᠭ ᠢ ᠨᠢ ᠣᠪᠤᠭᠠᠨ ᠬᠥᠲᠦᠯ ᠭᠡᠵᠦ ᠂ ᠲᠡᠨᠳᠡ ᠬᠠᠢᠯᠠᠰᠤ ᠶᠢᠨ ᠰᠦᠮ᠎ᠡ ᠶᠢᠨ 《 ᠶᠠᠷᠨᠠᠢ ᠤᠪᠤᠭ᠎ᠠ 》 ᠪᠠᠢᠭᠰᠠᠨ ᠪᠠᠢᠨ᠎ᠠ ᠃ ᠳᠠᠷᠤᠢ ᠣᠳᠤ ᠶᠢᠨ ᠤᠰᠤᠨ ᠠᠰᠢᠭᠯᠠᠯᠲᠠ ᠶᠢᠨ ᠲᠣᠪᠴᠢᠶᠠᠨ ᠤ ᠠᠷᠤ ᠲᠡᠯ᠎ᠡ ᠪᠤᠶᠤ ᠃ ᠮᠥᠨ ᠲᠡᠷᠡ ᠣᠷᠴᠢᠮ ᠢᠶᠡᠷ ᠶᠡᠬᠡ ᠬᠠᠢᠯᠠᠰᠤᠨ ᠮᠣᠳᠤ ᠲᠠᠢ ᠪᠠᠢᠭᠰᠠᠨ ᠪᠠ ᠲᠡᠷᠡ ᠨᠢ ᠭᠠᠷᠤᠳᠢ ᠶᠢᠨ ᠬᠣᠰᠢᠭᠤᠨ ᠤ ᠪᠠᠷᠠᠭᠤᠨ ᠲᠡᠯ᠎ᠡ ᠶᠢᠨ ᠬᠠᠢᠯᠠᠰᠤᠨ ᠮᠣᠳᠤ ᠲᠠᠢ ︱ ᠬᠠᠢᠯᠠᠰᠤ ᠶᠢᠨ ᠠᠭᠤᠯᠠᠨ ᠤ ᠰᠦᠷ ᠰᠦᠯᠳᠡ ᠪᠣᠯᠵᠤ ᠪᠠᠢᠭᠰᠠᠨ ᠬᠠᠨ ᠭᠠᠷᠤᠳᠢ ᠶᠢᠨ ᠵᠡᠭᠦᠨ ᠪᠠᠷᠠᠭᠤᠨ ᠵᠢᠭᠦᠷ ᠪᠣᠯᠵᠤ ᠪᠠᠢᠭᠰᠠᠨ ᠠᠵᠢ ᠃ ᠬᠠᠨ ᠭᠠᠷᠤᠳᠢ ᠲᠡᠪᠳᠡᠷᠢᠭᠰᠠᠨ ᠡᠢᠮᠦ ᠰᠠᠢᠬᠠᠨ ᠨᠤᠲᠤᠭ ᠢ ᠪᠡᠨ ᠬᠥᠮᠦᠰ ᠬᠠᠮᠠᠭᠠᠯᠠᠯᠲᠠ ᠳᠠᠭᠠᠨ ᠠᠪᠴᠤ ᠴᠢᠳᠠᠭ᠎ᠠ ᠦᠭᠡᠢ ᠃ ᠳᠠᠯᠠᠭᠠᠳ ᠤᠨ ᠳᠤ ᠪᠣᠯᠤᠭᠰᠠᠨ 《 ᠬᠥᠭᠦᠷᠭᠡ ᠪᠠᠢᠭᠤᠯᠬᠤ ᠶᠡᠬᠡ ᠬᠥᠳᠡᠯᠭᠡᠭᠡᠨ 》 ᠳᠤᠮᠳᠠ ᠬᠠᠢᠯᠠᠰᠤ ᠶᠢᠨ ᠠᠭᠤᠯᠠᠨ ᠪᠡ ᠪᠠᠭᠠᠷᠢᠨ ᠬᠠᠯᠵᠠᠨ ᠠᠭᠤᠯᠠᠨ ᠤ ᠵᠦᠢᠯ ᠤᠨ ᠮᠣᠳᠤ ᠲᠠᠢ ᠂ ᠵᠢᠮᠢᠰ ᠲᠠᠢ ᠂ ᠶᠡᠬᠡ ᠬᠠᠢᠯᠠᠰᠤ ᠲᠠᠢ ᠨᠢ ᠴᠥᠮ ᠢᠶᠡᠷ ᠨᠢ ᠰᠦᠢᠳᠭᠡᠵᠤ ᠣᠷᠬᠢᠭᠰᠠᠨ ᠪᠠᠢᠨ᠎ᠠ ᠃

    2. ᠤᠯᠠᠭᠠᠨ ᠰᠢᠷᠦᠢᠳᠤ

    ᠬᠠᠢᠯᠠᠰᠤ ᠶᠢᠨ ᠪᠦᠷᠢᠳᠤᠨ ᠲᠠᠯ᠎ᠠ ᠶᠢᠨ ᠡᠮᠦᠨ᠎ᠡ ᠬᠥᠪᠡᠭᠡᠨ ᠤ ᠠᠢᠯ ᠢ ᠬᠤᠸᠡᠬᠤᠰᠢᠭᠤ ᠠᠢᠯ ᠭᠡᠳᠡᠭ ᠃ ᠠᠢᠯ ᠤᠨ ᠤᠷᠳᠤ ᠲᠡᠯ᠎ᠡ ᠶᠢᠨ ᠭᠠᠵᠠᠷ ᠂ ᠡᠰᠠᠬᠦᠯ᠎ᠠ ᠮᠠᠩᠬᠠᠨ ᠲᠤᠲᠤᠷ᠎ᠡ ᠬᠡᠰᠡᠭ ᠬᠡᠰᠡᠭ ᠤᠯᠠᠭᠠᠨ ᠰᠢᠷᠤᠢ ᠭᠠᠷᠳᠠᠭ ᠢ ᠨᠢ 《 ᠮᠠᠩᠭᠤᠰ ᠤᠨ ᠴᠢᠰᠤ ᠳᠤᠰᠤᠯᠠᠭᠰᠠᠨ ᠭᠠᠵᠠᠷ 》 ᠭᠡᠳᠡᠭ ᠃ ᠶᠢᠷᠲᠢᠨᠴᠦ ᠶᠢ ᠡᠵᠡᠯᠡᠭᠴᠢ ᠭᠡᠰᠡᠷ ᠬᠠᠭᠠᠨ ᠠᠷᠵᠠᠭᠠᠷ ᠮᠠᠩᠭᠤᠰ ᠲᠠᠢ ᠠᠰᠢᠬᠠᠨ ᠰᠤᠮᠤᠨ ᠤ 《 ᠭᠡᠷ ᠴᠢᠯᠠᠭᠤ ᠬᠠᠳᠠ 》 ᠶᠢᠨ ᠲᠡᠨᠳᠡ ᠲᠤᠯᠤᠯᠳᠤᠵᠤ ᠬᠠᠷᠪᠤᠵᠤ ᠰᠢᠷᠬᠠᠲᠤᠭᠤᠯᠤᠭᠰᠠᠨ ᠳᠤ ᠮᠠᠩᠭᠤᠰ ᠠᠶᠤᠵᠤ ᠵᠡᠭᠦᠨ ᠬᠣᠢᠰᠢ ᠭᠠᠷᠴᠤ ᠳᠤᠲᠠᠭᠠᠬᠤ ᠳᠠᠭᠠᠨ ᠳᠤᠰᠤᠯᠠᠭᠤᠯᠤᠭᠰᠠᠨ ᠴᠢᠰᠤᠨ ᠡᠴᠡ ᠪᠤᠢ ᠪᠣᠯᠤᠭᠰᠠᠨ ᠭᠡᠨ᠎ᠡ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠥᠪᠦᠷ ᠮᠣᠩᠭᠤᠯ ᠥᠨᠳᠥᠰᠥᠲᠡᠨ ᠦ ᠰᠤᠷᠭᠠᠨ ᠬᠥᠮᠦᠵᠢᠯ ᠦᠨ ᠰᠦᠯᠵᠢᠶ᠎ᠡ ᠬᠡᠪᠯᠡᠯ ᠦᠨ ᠡᠷᠬᠡ ᠲᠡᠢ ᠃ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃